ᠣᠢ ᠵᠢᠮᠢᠰ᠎ᠢᠶᠠᠷ ᠦᠭᠡᠳᠡᠯᠡᠭ᠌ᠰᠡᠨ ᠠᠮᠢᠳᠣᠷᠠᠯ
2020-10-09 10:13:21
ᠵᠣᠬᠢᠶᠠᠭ᠍ᠴᠢ᠄
ᠬᠡᠱᠢᠭ᠌ᠪᠦᠶᠠᠨ
ᠣᠩᠱᠢᠭ᠍ᠰᠠᠨ ᠣᠳᠠᠭ᠎ᠠ᠄
★★★☆☆

9 ᠰᠠᠷ᠎ᠠ᠎ᠶ᠋ᠢᠨ 20 ᠎ᠤ ᠡᠳᠦᠷ᠂ 《ᠡᠨᠡ ᠬᠡᠰᠡᠭ ᠵᠢᠮᠢᠰ᠎ᠤᠨ ᠬᠦᠷᠢᠶᠡᠯᠡᠩ 1000 ᠭᠠᠷᠤᠶ ᠮᠥ᠍ ᠪᠠᠢᠨ᠎ᠠ᠂ ᠵᠢᠯ᠎ᠤᠨ ᠴᠡᠪᠡᠷ ᠣᠷᠣᠯᠭ᠎ᠠ 10 ᠲᠦᠮᠡᠨ ᠲᠥᠭᠦᠷᠢᠭ᠎ᠢ ᠲᠡᠪᠠᠵᠥ᠍᠂ ᠭᠤᠣᠯᠳᠠᠭᠤ ᠭᠦᠢᠯᠡᠰᠦ᠂ ᠠᠯᠢᠮ᠎ᠠ᠂ ᠠᠯᠮᠤᠷᠠᠳ᠂ ᠤᠯᠠᠭᠠᠨ ᠭᠦᠢᠯᠡᠰᠦ᠎ᠶ᠋ᠢᠨ ᠮᠣᠳᠣ ᠪᠠ ᠪᠠᠭ᠍ᠪᠠᠭᠠᠢ ᠴᠡᠴᠡᠭ᠂ ᠬᠤᠨᠴᠢᠷ ᠵᠡᠷᠬᠡ ᠡᠪᠡᠰᠦᠨ ᠡᠮ ᠲᠠᠷᠢᠵᠥ᠍ ᠪᠠᠢᠨ᠎ᠠ》 ᠬᠡᠵᠥ᠍ ᠲᠦᠴᠢᠦᠸᠠᠨ ᠱᠢᠶᠠᠨ᠎ᠤ ᠲᠦᠴᠢᠦᠸᠠᠨ ᠪᠠᠯᠭᠠᠰᠤᠨ᠎ᠤ ᠳ᠋ᠦᠩᠹᠦ᠋ ᠲᠣᠰᠭᠤᠨ᠎ᠤ ᠹᠦ᠋ ᠯᠦ᠍ ᠭᠧᠦ ᠠᠮᠢ ᠠᠬᠤᠶ᠎ᠶ᠋ᠢᠨ ᠬᠡᠷ ᠪᠦᠯᠢ᠎ᠶ᠋ᠢᠨ ᠲᠠᠷᠢᠶᠠᠯᠠᠩ᠎ᠤᠨ ᠲᠠᠯᠠᠪᠠᠶ᠎ᠶ᠋ᠢᠨ ᠡᠵᠡᠨ ᠵᠢᠶᠤᠤ ᠴᠤᠸᠠᠨ ᠭᠧᠩ ᠲᠠᠨᠢᠯᠴᠠᠭᠤᠯᠤᠨ᠎ᠠ᠃ ᠲᠤᠰ ᠬᠡᠷ ᠪᠦᠯᠢ᠎ᠶ᠋ᠢᠨ ᠲᠠᠷᠢᠶᠠᠯᠠᠩ᠎ᠤᠨ ᠲᠠᠯᠠᠪᠠᠶ 2017 ᠣᠨ᠎ᠳᠤ ᠪᠠᠢᠭᠤᠯᠤᠭ᠍ᠳᠠᠪᠠ᠃ ᠭᠤᠤᠯᠳᠠᠭᠤ ᠵᠢᠮᠢᠰ᠎ᠤᠨ ᠮᠣᠳᠣ᠂ ᠡᠪᠡᠰᠤᠠ ᠡᠮ ᠳᠠᠷᠢᠬᠤ᠂ ᠮᠣᠳᠣᠨ ᠴᠢᠬᠢ ᠪᠤᠢᠵᠢᠭᠤᠯᠬᠤ᠂ ᠲᠠᠷᠢᠶᠠᠴᠢᠨ ᠠᠢᠯ᠎ᠤᠨ ᠵᠤᠭᠤᠭ᠎ᠤᠨ ᠦᠷᠦᠬᠡ ᠡᠷᠬᠢᠯᠡᠬᠦ᠌᠎ᠪᠠᠷ ᠭᠤᠤᠯᠯᠠᠭᠤᠯᠵᠥ᠍ ᠪᠠᠢᠨ᠎ᠠ᠃

ᠤᠢ᠍ᠢᠷ᠎ᠠ᠎ᠶ᠋ᠢᠨ ᠵᠢᠯ᠎ᠳᠤ᠂ ᠲᠤᠰ ᠱᠢᠶᠠᠨ 《ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠲᠠ ᠮᠥᠩᠭᠦᠨ ᠠᠭᠤᠯᠠ ᠮᠦᠠ》 ᠭᠡᠬᠦ᠌ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠴᠢᠷᠮᠠᠢᠨ ᠦᠢᠯᠡᠳᠦᠯᠭᠡᠵᠢᠭᠦᠯᠵᠦ᠍᠂ ᠤᠯᠤᠰ᠎ᠤᠨ ᠣᠶ ᠱᠢᠭᠤᠶ᠎ᠶ᠋ᠢᠨ ᠭᠤᠤᠯᠳᠠᠯᠭ᠎ᠠ᠎ᠲᠠᠢ ᠲᠥᠷᠥᠯ ᠵᠦ᠍ᠶᠯ᠎ᠲᠠᠢ ᠤᠶᠠᠯᠳᠤᠭᠤᠯᠵᠦ᠍ ᠤᠢ᠍ᠢᠵᠢᠭᠤᠯᠬᠤ ᠪᠠ ᠠᠮᠢ ᠠᠬᠤᠶ᠎ᠶ᠋ᠢ ᠰᠠᠷᠬᠦᠬᠡᠡ ᠵᠠᠰᠠᠬᠤ᠎ᠶ᠋ᠢᠨ ᠲᠣᠭᠤᠷᠢᠨ᠎ᠳᠤ ᠠᠮᠢ ᠠᠬᠤᠶ᠎ᠶ᠋ᠢᠨ ᠪᠣᠯᠪᠠᠰᠤᠠ᠎ᠤ ᠪᠠᠢᠭᠤᠯᠤᠯᠲᠠ᠎ᠶ᠋ᠢ ᠴᠢᠩᠭᠠᠳᠭᠠᠵᠦ᠍᠂ ᠠᠵᠤ ᠠᠬᠤᠶ᠎ᠶ᠋ᠢᠨ ᠣᠶ ᠱᠢᠭᠤᠶ᠎ᠶ᠋ᠢᠨ ᠠᠵᠤ ᠦᠶᠯᠡᠰ᠎ᠢ ᠶᠡᠬᠡᠪᠡᠷ ᠬᠥᠭ᠌ᠵᠢᠭᠦᠯᠵᠡᠢ᠃ ᠣᠲᠣ ᠲᠤᠰ ᠱᠢᠶᠠᠨ 9.75 ᠲᠦᠮᠡᠨ ᠮᠥ᠍ ᠵᠢᠮᠢᠰ᠎ᠤᠨ ᠮᠣᠳᠣᠨ᠎ᠤ ᠠᠵᠤ ᠠᠬᠤᠶ᠎ᠶ᠋ᠢᠨ ᠣᠶ᠎ᠲᠠᠢ ᠪᠤᠯᠵᠥ᠍᠂ 5 ᠮᠥ᠎ᠠᠴᠠ ᠳᠡᠭᠡᠭ᠌ᠰᠢ ᠵᠢᠮᠢᠰ᠎ᠤᠨ ᠬᠦᠷᠢᠶᠡᠯᠡᠩ 645 ᠪᠣᠶ᠃

ᠱᠦᠶᠴᠢᠤᠸᠠᠨ ᠪᠠᠯᠭᠠᠰᠤᠨ᠎ᠤ ᠾᠧᠹᠡ ᠲᠣᠰᠭᠤᠨ᠎ᠤ ᠲᠡᠭ᠌ᠰᠢ ᠲᠠᠷᠳᠠᠩ ᠲᠣᠰᠭᠤᠨ᠎ᠤ ᠵᠠᠮ᠂ ᠢᠬ᠍ᠴᠤ ᠰᠠᠬᠤᠯᠢᠭ ᠤᠢ ᠮᠣᠳᠣ᠂ ᠦᠡᠭ᠌ᠬᠡ ᠪᠤᠯᠢᠶᠠᠯᠳᠤᠨ ᠲᠡᠯᠬᠡᠷᠡᠭ᠌ᠰᠡᠨ ᠵᠦᠢᠯ᠎ᠤᠨ ᠴᠡᠴᠡᠭᠡᠰ ᠵᠢᠷᠤᠭ ᠬᠡᠮᠡᠷ ᠨᠢᠳᠦᠨ ᠡᠮᠦᠨ᠎ᠠ ᠲᠡᠯᠬᠡᠭ᠌ᠳᠡᠨ᠎ᠠ᠃ ᠡᠨᠡ᠎ᠨᠢ ᠲᠤᠰ ᠱᠢᠶᠠᠠ 《ᠣᠢ ᠱᠢᠭᠤᠶ᠎ᠶ᠋ᠢᠨ ᠵᠢᠵᠢᠭ ᠪᠠᠯᠭᠠᠰᠤ》 ᠎ᠶ᠋ᠢᠨ ᠲᠥᠷᠥᠯ ᠵᠦᠢᠯ᠎ᠢ ᠬᠡᠷᠡᠭ᠌ᠵᠢᠭᠦᠯᠦᠭ᠌ᠰᠡᠨ᠎ᠢᠶᠠᠷ᠂ ᠡᠨᠡ ᠬᠦ᠌ ᠵᠢᠵᠢᠭ ᠲᠣᠰᠭᠤᠨ ᠤᠯᠠᠮ ᠤᠷᠤᠱᠢᠨ ᠰᠠᠭᠤᠷᠢᠱᠢᠬᠤ᠎ᠳᠤ ᠲᠠᠭᠠᠯᠠᠮᠵᠢᠲᠠᠢ ᠪᠣᠯᠵᠠᠢ᠃ ᠲᠤᠰ ᠱᠢᠶᠠᠨ 《ᠠᠮᠢ ᠠᠬᠤᠶ᠎ᠪᠠᠷ ᠱᠢᠶᠠᠨ᠎ᠢᠶᠠᠨ ᠴᠤᠬ᠍ᠴᠠᠯᠠᠵᠦ᠍᠂ ᠪᠣᠬᠢᠷᠲᠤᠯ ᠦᠭᠡᠢ ᠬᠥᠭ᠌ᠵᠢᠭᠦᠯᠦᠨ ᠮᠠᠨᠳᠤᠭᠤᠯᠬᠤ》 ᠬᠥᠭ᠌ᠵᠢᠯᠲᠡ᠎ᠶ᠋ᠢᠨ ᠪᠠᠢᠯᠳᠤᠬᠤ ᠪᠣᠳᠣᠯᠭ᠎ᠠ᠎ᠶ᠋ᠢ ᠪᠠᠷᠢᠮᠲᠠᠯᠠᠵᠤ᠂ ᠪᠣᠬᠢᠷᠲᠤᠯ ᠦᠭᠡᠢ ᠠᠮᠢ ᠠᠬᠤᠢ᠎ᠶ᠋ᠢ ᠭᠤᠣᠯᠯᠠᠭ᠍ᠴᠢ ᠦᠷᠢᠰᠦᠯᠳᠦᠬᠦ᠌ ᠬᠦᠴᠦᠨ ᠪᠣᠯᠭᠠᠨ᠂ ᠬᠤᠳᠠ ᠬᠥᠳᠡᠭᠡ᠎ᠶ᠋ᠢᠨ ᠨᠣᠭᠤᠭᠠᠷᠠᠭᠤᠯᠤᠯᠲᠠ᠎ᠶ᠋ᠢᠨ ᠠᠵᠢᠯ᠎ᠢ ᠪᠦᠬᠦ᠌ ᠲᠠᠯ᠎ᠠ᠎ᠪᠠᠷ ᠠᠬᠢᠭᠤᠯᠵᠠᠢ᠃ ᠡᠨᠡ ᠵᠢᠯ ᠨᠠᠢᠳᠠ 6.7 ᠲᠦᠮᠡᠨ ᠮᠥ᠍ ᠮᠤᠳᠤ ᠣᠢᠵᠢᠭᠤᠯᠵᠤ᠂ ᠠᠯᠪᠠᠨ ᠵᠢᠷᠤᠮ᠎ᠤᠨ ᠲᠡᠷᠢᠬ᠍ᠰᠠᠠ ᠮᠣᠳᠣ 40 ᠲᠦᠮᠡᠨ ᠰᠠᠭᠤᠷᠢ ᠪᠠᠢᠵᠤ᠂ 3.5 ᠲᠦᠮᠡᠨ ᠬᠦᠮᠦᠨ ᠨᠤᠭᠤᠭᠠᠷᠠᠭᠤᠯᠤᠯᠳᠠ᠎ᠶ᠋ᠢᠨ ᠠᠵᠢᠯᠯᠠᠭ᠎ᠠ᠎ᠳᠤ ᠤᠷᠤᠯᠴᠠᠵᠠᠢ᠃

《ᠪᠢ ᠲᠤᠰ ᠰᠠᠭᠤᠷᠢᠨ᠎ᠳᠤ ᠬᠠᠪᠤᠷ ᠮᠣᠳᠣ ᠲᠠᠷᠢᠵᠤ᠂ ᠨᠠᠮᠤᠷ ᠵᠢᠮᠢᠰ ᠲᠡᠭᠦᠵᠦ᠍᠂ ᠵᠢᠯ᠎ᠳᠤ 5000 ᠭᠠᠷᠤᠢ ᠲᠥᠭᠦᠷᠢᠭ᠎ᠤᠨ ᠤᠷᠤᠯᠭ᠎ᠠ ᠣᠯᠵᠤ ᠪᠠᠢᠨ᠎ᠠ》 ᠬᠡᠵᠥ᠍ ᠵᠦᠩ ᠱᠢᠨ ᠣᠶ ᠱᠢᠭᠤᠶ᠎ᠶ᠋ᠢᠨ ᠪᠡᠯᠡ ᠣᠷᠣᠭᠤᠯᠤᠯᠲᠠ᠎ᠶ᠋ᠢᠨ ᠡᠵᠡᠩᠨᠡᠯᠲᠡ᠎ᠶ᠋ᠢᠨ ᠬᠢᠵᠠᠭᠠᠷᠲᠤ ᠺᠣᠮᠫᠠᠨᠢ᠎ᠶ᠋ᠢᠨ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ᠎ᠶ᠋ᠢᠨ ᠰᠠᠭᠤᠷᠢᠨ᠎ᠳᠤ ᠪᠤᠯᠪᠠᠰᠤᠷᠠᠭ᠍ᠰᠠᠨ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ ᠲᠡᠬᠦᠵᠥ᠍ ᠪᠠᠢᠬ᠍ᠰᠠᠠ ᠵᠠᠩ ᠱᠢᠶᠣᠣ ᠢᠦᠶ ᠶᠠᠷᠢᠨ᠎ᠠ᠃ ᠵᠠᠩ ᠱᠢᠶᠣᠣ ᠢᠦᠶ ᠪᠤᠯ ᠱᠦᠶᠴᠢᠤᠸᠠᠨ ᠪᠠᠯᠭᠠᠰᠤᠨ᠎ᠤ ᠱᠧᠩ ᠵᠢᠦ ᠲᠣᠰᠭᠤᠨ᠎ᠤ ᠳᠠᠩᠰᠠᠯᠠᠵᠦ᠍ ᠺᠠᠷᠲᠯᠠᠬ᠍ᠰᠠᠨ ᠶᠠᠳᠠᠭᠤ ᠬᠦᠴᠢᠷᠳᠡᠯᠲᠡᠶ ᠡᠷᠦᠬᠡ ᠪᠤᠯᠤᠨ᠎ᠠ᠂ ᠲᠡᠷᠡ ᠨᠢᠳᠤᠨᠤᠨ᠎ᠠᠴᠠ ᠲᠤᠰ ᠰᠠᠭᠤᠷᠢᠨ᠎ᠳᠤ ᠢᠷᠡᠭᠡᠳ ᠬᠥᠯᠥᠰᠥᠨ ᠠᠵᠢᠯ ᠬᠢᠵᠤ᠂ ᠲᠤᠭ᠍ᠳᠠᠭ᠍ᠰᠠᠠ ᠤᠷᠤᠯᠭ᠎ᠠ᠎ᠲᠠᠢ ᠪᠤᠯᠤᠭᠠᠳ ᠶᠠᠳᠠᠭᠤ᠎ᠠᠴᠠ᠎ᠪᠠᠨ ᠠᠩᠬᠢᠵᠢᠷᠠᠵᠥ᠍᠂ ᠡᠨᠡ ᠠᠵᠢᠯ᠎ᠳᠠᠭᠠᠨ ᠮᠠᠰᠢ ᠰᠡᠳᠭᠢᠯ ᠬᠠᠨᠤᠮᠵᠢᠲᠠᠢ ᠪᠠᠢᠨ᠎ᠠ᠃

ᠦᠢᠷ᠎ᠡ᠎ᠶ᠋ᠢᠨ ᠵᠢᠯ᠎ᠠᠴᠠ᠂ ᠲᠤᠰ ᠱᠢᠶᠠᠨ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ ᠲᠠᠷᠢᠬᠤ᠎ᠶ᠋ᠢ ᠣᠳᠣ ᠦᠶ᠎ᠡ᠎ᠶ᠋ᠢᠨ ᠲᠠᠷᠢᠶᠠᠯᠠᠩ ᠪᠣᠯᠤᠨ ᠪᠣᠬᠢᠷᠲᠤᠯ ᠦᠭᠡᠶ ᠠᠮᠢ ᠠᠬᠤᠶ᠎ᠶ᠋ᠢᠨ ᠠᠵᠤ ᠦᠶᠯᠡᠰ᠎ᠢ ᠬᠥᠭ᠌ᠵᠢᠭᠦᠯᠬᠦ᠌ ᠭᠤᠤᠯ ᠱᠢᠪᠲᠤᠯᠤᠯᠲᠠ᠎ᠶ᠋ᠢᠨ ᠴᠢᠭ᠌ᠯᠡᠯ ᠪᠣᠯᠭᠠᠵᠤ᠂ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ᠎ᠶ᠋ᠢᠨ ᠮᠤᠳᠤ᠎ᠶ᠋ᠢ ᠬᠤᠪᠠᠭ᠍ᠠᠶ ᠠᠭᠤᠯᠠ ᠬᠤᠵᠢᠬᠢᠷ ᠲᠠᠯ᠎ᠠ᠎ᠳᠤ ᠵᠠᠢᠯᠠᠭᠠᠳ ᠠᠮᠢ ᠠᠬᠤᠢ᠎ᠶ᠋ᠢᠨ ᠦᠷ᠎ᠡ ᠠᠱᠢᠭ ᠪᠣᠯᠤᠨ ᠠᠵᠤ ᠠᠬᠤᠢ᠎ᠶ᠋ᠢᠨ ᠦᠷ᠎ᠡ ᠠᠱᠢᠭ ᠤᠯᠵᠥ᠍ ᠪᠠᠢᠨ᠎ᠠ᠃ 《ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ᠎ᠶ᠋ᠢ ᠪᠠᠳᠤᠯᠠᠭ᠎ᠠ᠎ᠲᠠᠢ ᠲᠠᠷᠢᠶᠠᠯᠠᠩ᠎ᠤᠨ ᠵᠦᠢᠯ ᠬᠡᠵᠦ᠍ ᠬᠡᠯᠡᠳᠡᠭ᠂ ᠨᠠᠪᠴᠢ᠎ᠪᠠᠷ᠎ᠨᠢ ᠴᠠᠢ ᠬᠢᠵᠦ᠍᠂ ᠵᠢᠮᠢᠰ᠎ᠢ ᠡᠮ᠎ᠳᠤ ᠬᠡᠷᠡᠭ᠌ᠯᠡᠨ᠎ᠠ᠂ ᠲᠡᠤᠯᠠᠢ᠎ᠶ᠋ᠢᠨ ᠪᠦᠬᠡᠷ᠎ᠠ᠎ᠪᠠᠷ ᠪᠠᠰᠠ ᠠᠵᠤ ᠦᠢᠯᠡᠳᠪᠦᠷᠢ᠎ᠳᠤ ᠬᠡᠷᠡᠭ᠌ᠯᠡᠬᠦ᠌ ᠲᠤᠰᠤ ᠪᠠ ᠢᠳᠡᠱᠢᠨ ᠲᠤᠰᠤ ᠱᠢᠬᠠᠵᠥ᠍ ᠪᠤᠯᠤᠨ᠎ᠠ᠃ ᠴᠡᠴᠡᠭ᠎ᠨᠢ ᠴᠦ᠍ ᠮᠠᠰᠢ ᠭᠤᠶᠣ᠂ ᠬᠠᠪᠤᠷ ᠳᠡᠯᠭᠡᠷᠡᠭ᠌ᠰᠡᠬᠡᠷ ᠵᠢᠭᠤᠯᠴᠢᠯᠠᠬ᠍ᠰᠠᠳ᠎ᠤᠨ ᠪᠠᠭ᠍ᠠᠷᠠᠯ᠎ᠢ ᠶᠡᠭᠡ᠎ᠪᠠᠷ ᠲᠡᠳᠠᠳᠠᠭ》 ᠬᠡᠵᠥ᠍ ᠲᠤᠰ ᠺᠣᠮᠫᠠᠨᠢ᠎ᠶ᠋ᠢᠨ ᠳᠡᠳ᠋ ᠶᠡᠷᠦᠩᠬᠡᠶ ᠳᠠᠭᠠᠭᠠᠮᠠᠯ ᠰᠥ ᠬᠠᠶ ᠯᠢ ᠲᠠᠨᠢᠯᠴᠠᠭᠤᠯᠤᠨ᠎ᠠ᠃

ᠲᠤᠰ ᠱᠢᠶᠠᠨ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ ᠲᠠᠷᠢᠬᠤ᠎ᠶ᠋ᠢ ᠠᠷᠠᠳ᠎ᠢ ᠪᠠᠶᠠᠵᠢᠭᠤᠯᠬᠤ ᠢᠠᠵᠧᠨᠧᠷᠢᠩ ᠪᠤᠯᠭᠠᠠ᠂ ᠠᠵᠤ ᠦᠢᠯᠡᠰ᠎ᠤᠨ ᠬᠡᠯᠬᠢᠶ᠎ᠡ᠎ᠶ᠋ᠢ ᠤᠯᠠᠮ ᠨᠢᠭᠡ ᠠᠯᠬᠤᠮ ᠤᠷᠲᠤᠳᠭᠠᠬᠤ᠎ᠶ᠋ᠢᠨ ᠲᠥᠯᠥᠭᠡ ᠯᠢᠶᠣᠤᠨᠢᠩ ᠮᠤᠵᠢ᠎ᠶ᠋ᠢᠨ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ᠎ᠶ᠋ᠢᠨ ᠠᠵᠤ ᠦᠶᠯᠡᠰ᠎ᠤᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠎ᠲᠠᠢ ᠬᠠᠮᠳᠤᠷᠠᠯᠴᠠᠨ᠂ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ᠎ᠶ᠋ᠢᠨ 3 ᠰᠠᠭᠤᠷᠢᠨ᠎ᠢᠶᠠᠨ ᠡᠵᠡᠩᠨᠡᠬᠦ᠌᠎ᠶ᠋ᠢᠨ ᠵᠡᠷᠬᠡᠪᠠᠷ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ᠎ᠶ᠋ᠢᠨ ᠱᠢᠯᠢᠳᠡᠭ ᠦᠷ᠎ᠡ᠎ᠶ᠋ᠢ ᠰᠤᠳᠤᠯᠤᠨ ᠨᠡᠭᠡᠭᠡᠵᠤ᠂ ᠣᠳᠣ ᠲᠤᠰ ᠱᠢᠶᠠᠨ᠎ᠳᠤ 10 ᠲᠦᠮᠡ ᠭᠠᠷᠤᠶ ᠮᠦ᠍ ᠱᠢᠯᠢᠳᠡᠭ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ᠎ᠶ᠋ᠢ ᠲᠠᠷᠢᠵᠦ᠍ ᠳᠡᠯᠭᠡᠷᠡᠭᠦᠯᠦᠬᠡᠳ ᠪᠤᠢ᠃ 《ᠡᠨᠡ ᠵᠢᠯ᠎ᠤᠨ ᠬᠤᠷᠢᠶᠠᠯᠳᠠ ᠵᠢᠱ᠌ᠢᠯᠲᠡ᠎ᠪᠠᠷ 1 ᠲᠦᠮᠡᠨ ᠵᠢᠩ᠎ᠢ ᠲᠡᠪᠠᠨ᠎ᠠ᠂ ᠲᠤᠬᠠᠶ᠎ᠶ᠋ᠢᠨ ᠭᠠᠵᠠᠷ᠎ᠤᠨ ᠲᠠᠷᠢᠶᠠᠴᠢᠳ ᠪᠤᠯᠤᠠ ᠲᠠᠩᠰᠠᠯᠠᠵᠦ᠍ ᠺᠠᠷᠳ᠋ᠯᠠᠬ᠍ᠰᠠᠨ 100 ᠭᠠᠷᠤᠶ ᠶᠠᠳᠠᠭᠤ ᠬᠦᠴᠢᠷᠳᠡᠯᠲᠡᠶ ᠬᠦᠮᠦᠨ᠎ᠤ ᠤᠷᠤᠯᠭ᠎ᠠ᠎ᠶ᠋ᠢ ᠨᠡᠮᠡᠭ᠌ᠳᠡᠬᠦᠯᠤᠨ᠎ᠠ᠃ ᠳᠠᠷᠠᠭ᠎ᠠ ᠠᠯᠬᠤᠮ᠎ᠳᠤ᠂ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ ᠲᠠᠷᠢᠬᠤ ᠲᠠᠯᠠᠪᠠᠶ᠎ᠶ᠋ᠢ ᠥᠷᠭᠡᠳᠭᠡᠵᠦ᠍᠂ ᠠᠵᠤ ᠦᠢᠯᠡᠰ᠎ᠤᠨ ᠬᠡᠯᠬᠢᠶ᠎ᠡ᠎ᠪᠠᠨ ᠤᠷᠳᠤᠳᠭᠠᠠ᠂ ᠬᠡᠬᠡᠷ᠎ᠠ᠎ᠶ᠋ᠢᠨ ᠲᠠᠤᠯᠠᠢ᠎ᠶ᠋ᠢᠨ ᠪᠦᠬᠡᠷ᠎ᠠ᠎ᠶ᠋ᠢᠨ ᠠᠮᠢ ᠠᠬᠤᠶ᠂ ᠠᠵᠤ ᠠᠬᠤᠶ᠂ ᠨᠡᠢᠭᠡᠮ᠎ᠤᠨ ᠦᠷ᠎ᠡ ᠠᠱᠢᠭ᠎ᠢ ᠭᠦᠨᠵᠡᠭᠡᠶ ᠠᠭᠤᠳᠠᠯᠵᠤ᠂ ᠰᠡᠯᠡᠭᠦᠴᠡᠯ᠎ᠤᠨ ᠲᠠᠷᠢᠶᠠᠯᠠᠩ᠂ ᠬᠥᠳᠡᠭᠡ ᠲᠣᠰᠭᠤᠨ᠎ᠤ ᠵᠢᠭᠤᠯᠴᠢᠯᠠᠯ᠎ᠤᠨ ᠱᠢᠨ᠎ᠡ ᠡᠵᠡᠩᠨᠡᠯᠲᠡ᠎ᠶ᠋ᠢᠨ ᠬᠡᠯᠪᠡᠷᠢ᠎ᠶ᠋ᠢ ᠠᠬᠢᠭᠤᠯᠵᠤ᠂ ᠨᠢᠭᠡ ᠬᠤᠶᠠᠷ ᠭᠤᠷᠪᠠᠳᠤᠭᠠᠷ ᠠᠵᠤ ᠦᠶᠯᠡᠰ᠎ᠢ ᠠᠭᠤᠰᠤᠯᠴᠠᠭᠤᠯᠤᠠ ᠬᠦᠭ᠌ᠵᠢᠬᠦᠯᠤᠨ᠎ᠠ》 ᠬᠡᠵᠦ᠍ ᠰᠥ ᠬᠠᠢ ᠯᠢ ᠬᠡᠯᠡᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号