《ᠪᠢ ᠮᠤᠩᠭᠤᠯ ᠡᠮᠴᠢ》 ᠫᠷᠦᠭ᠌ᠷᠡᠮᠤᠨ ᠲᠤᠰ ᠳ᠋ᠤᠭᠠᠷ᠎ᠲᠤ ᠦᠪᠤᠷ ᠮᠤᠩᠭᠤᠯ᠎ᠤᠨ ᠠᠨᠠᠭᠠᠬᠤ ᠤᠬᠠᠭᠠᠨ᠎ᠤ ᠶᠡᠭᠡ ᠰᠤᠷᠭᠠᠭᠤᠯᠢ᠎ᠶ᠋ᠢᠨ ᠦᠷᠦᠨᠳᠤᠶᠠᠭ᠎ᠠ ᠫᠷᠤᠹᠧᠰᠰᠤᠷ᠎ᠠᠴᠠ ᠨᠢᠳᠤᠨ ᠡᠪᠡᠳᠴᠢᠨ᠎ᠳᠤ ᠦᠷᠬᠦᠯᠵᠠᠢ ᠲᠤᠬᠢᠶᠠᠯᠳᠤᠳᠠᠭ ᠴᠠᠢᠪᠤᠷ ᠬᠠᠷᠠᠩ ᠡᠪᠡᠳᠴᠢᠨ᠎ᠤ ᠲᠤᠬᠠᠢ ᠲᠤᠳᠤᠷᠬᠠᠢ ᠲᠠᠢᠯᠦᠮᠵᠢ ᠦᠭ᠌ᠬᠦᠯ᠎ᠠ᠃ ᠲᠠᠭᠠᠯᠠᠨ ᠰᠤᠨᠢᠷᠬᠠᠮᠤ!
ᠦᠷᠦᠨᠳᠤᠶᠠᠭ᠎ᠠ ᠡᠮᠴᠢ᠎ᠶ᠋ᠢᠨ ᠲᠤᠪᠴᠢ ᠲᠠᠨᠢᠯᠴᠠᠭᠤᠯᠭ᠎ᠠ
ᠦᠷᠦᠨᠳᠤᠶᠠᠭ᠎ᠠ᠂ ᠡᠷᠡᠭ᠌ᠳᠠᠢ᠂ ᠦᠪᠤᠷ ᠮᠤᠩᠭᠤᠯ᠎ᠤᠨ ᠠᠨᠠᠭᠠᠬᠤ ᠤᠬᠠᠭᠠᠨ᠎ᠤ ᠶᠡᠭᠡ ᠰᠤᠷᠭᠠᠭᠤᠯᠢ᠎ᠶ᠋ᠢᠨ ᠬᠤᠶᠠᠳᠤᠭᠠᠷ ᠲᠡᠰ᠎ᠤᠨ ᠫᠷᠤᠹᠧᠰᠰᠤᠷ᠂ ᠡᠷᠬᠢᠯᠡᠭ᠌ᠴᠢ ᠡᠮᠴᠢ᠂ ᠠᠰᠫᠢᠷᠠᠨᠲ᠎ᠤᠨ ᠵᠢᠯᠣᠭᠤᠳᠣᠭ᠍ᠴᠢ ᠪᠠᠭ᠍ᠰᠢ᠂ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠲᠤᠪᠤᠢᠮ᠎ᠠ ᠵᠢᠳᠬᠦᠯ᠎ᠳᠦ ᠲᠤᠰᠭᠠᠢ ᠮᠡᠷᠭᠡᠵᠢᠯᠳᠡᠨ᠂ ᠦᠪᠡᠷᠳᠡᠭᠡᠨ ᠵᠠᠰᠠᠬᠤ ᠤᠷᠤᠨ᠎ᠤ ᠶᠡᠭᠡ ᠲᠡᠭᠡᠳᠦ ᠰᠤᠷᠭᠠᠭᠤᠯᠢ᠎ᠶ᠋ᠢᠨ ᠨᠡᠷᠡᠳᠦ ᠪᠠᠭ᠍ᠰᠢ᠂ ᠦᠪᠡᠷᠳᠡᠭᠡᠨ ᠵᠠᠰᠠᠬᠤ ᠤᠷᠤᠨ᠎ᠤ ᠨᠡᠷᠡᠳᠦ ᠮᠤᠩᠭᠤᠯ ᠡᠮᠴᠢ᠂ ᠦᠪᠡᠷᠳᠡᠭᠡᠨ ᠵᠠᠰᠠᠬᠤ ᠤᠷᠤᠨ᠎ᠤ ᠡᠮ ᠡᠮᠨᠡᠯᠭᠡ ᠡᠷᠡᠬᠦᠯ ᠬᠠᠮᠠᠭᠠᠯᠠᠯ᠎ᠤᠨ ᠡᠷᠳᠡᠮ ᠱᠢᠨᠵᠢᠯᠡᠭᠡᠨ᠎ᠤ ᠲᠠᠭᠠᠭᠤᠯᠤᠬ᠍ᠴᠢ ᠵᠡᠷᠭᠡ ᠠᠯᠳᠡᠷ ᠬᠦᠨᠳᠦ᠎ᠲᠠᠢ᠃ ᠲᠠᠷᠠ᠎ᠪᠡᠷ ᠦᠪᠤᠷ ᠮᠤᠩᠭᠤᠯ᠎ᠤᠨ ᠠᠨᠠᠭᠠᠬᠤ ᠤᠬᠠᠭᠠᠨ᠎ᠤ ᠶᠡᠭᠡ ᠰᠤᠷᠭᠠᠭᠤᠯᠢ᠎ᠶ᠋ᠢᠨ ᠬᠠᠷᠢᠶᠡᠳᠦ ᠮᠤᠩᠭᠤᠯ ᠬᠢᠳᠡᠳ ᠡᠮᠨᠡᠯᠭᠡ᠎ᠶ᠋ᠢᠨ ᠬᠤᠷᠢᠶ᠎ᠠ᠎ᠶ᠋ᠢᠨ ᠡᠬᠦᠳᠡᠨ ᠡᠮᠨᠡᠯᠭᠡ᠎ᠳᠤ ᠭᠠᠷᠠᠭ ᠪᠤᠯᠭᠠᠨ 2 ᠤᠳᠠᠭ᠎ᠠ ᠡᠮᠴᠢᠯᠡᠭᠡ ᠬᠢᠵᠦ᠍ ᠪᠤᠢ᠃

ᠦᠷᠦᠨᠳᠤᠶᠠᠭ᠎ᠠ ᠡᠮᠴᠢ ᠤᠷᠢᠳ ᠬᠤᠵᠢᠳ ᠪᠦᠬᠦ᠌ ᠤᠯᠤᠰ᠎ᠤᠨ ᠶᠡᠭᠡ ᠲᠡᠭᠡᠳᠦ ᠰᠤᠷᠭᠠᠭᠤᠯᠢ᠎ᠶ᠋ᠢᠨ ᠮᠤᠩᠭᠤᠯ ᠠᠨᠠᠭᠠᠬᠤ ᠤᠬᠠᠭᠠᠨ᠎ᠤ ᠭᠤᠷᠪᠡᠨ ᠲᠦᠷᠦᠯ᠎ᠤᠨ ᠵᠢᠭᠠᠬᠤ ᠪᠢᠴᠢᠭ᠎ᠢ ᠭᠤᠤᠯᠯᠠᠨ ᠨᠠᠢᠷᠠᠭᠤᠯᠦᠬ᠍ᠰᠡᠨ ᠮᠦᠷᠳᠡᠭᠡᠨ 《ᠮᠤᠩᠭᠤᠯ ᠠᠨᠠᠭᠠᠬᠤ ᠤᠬᠠᠭᠠᠨ᠎ᠤ ᠮᠤᠩᠭᠤᠯ ᠬᠢᠳᠡᠳ ᠨᠡᠷ᠎ᠠ ᠲᠤᠮᠢᠶ᠎ᠠ᠎ᠶ᠋ᠢᠨ ᠲᠤᠯᠢ》 ᠵᠡᠷᠭᠡ ᠬᠤᠷᠢᠭᠠᠳ ᠪᠤᠳᠢ ᠠᠨᠠᠭᠠᠬᠤ ᠤᠬᠠᠭᠠᠨ᠎ᠤ ᠵᠤᠬᠢᠶᠠᠯ ᠪᠦᠳᠦᠭᠡᠯ᠎ᠢ ᠲᠤᠭᠤᠷᠪᠢᠨ᠂ ᠨᠠᠶᠠᠭᠠᠳ ᠬᠤᠪᠢ ᠡᠷᠳᠡᠮ ᠱᠢᠨᠵᠢᠯᠡᠭᠡᠨ᠎ᠤ ᠦᠬᠦᠯᠡᠯ ᠨᠡᠢᠳᠡᠯᠡᠬᠦᠯᠵᠦ᠍᠂ ᠤᠯᠤᠰ᠎ᠤᠨ ᠪᠠᠢᠭᠠᠯᠢ᠎ᠶ᠋ᠢᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠰᠡᠳᠤᠪ ᠵᠡᠷᠭᠡ ᠭᠤᠴᠢᠭᠠᠳ ᠰᠤᠳᠤᠯᠭ᠎ᠠ᠎ᠶ᠋ᠢ ᠲᠠᠭᠠᠭᠠᠴᠢᠯᠡᠨ ᠪᠡᠶᠡᠯᠡᠬᠦᠯᠵᠦ᠍᠂ ᠤᠯᠤᠰ᠎ᠤᠨ ᠰᠤᠷᠭᠠᠨ ᠬᠦᠮᠦᠵᠢᠯ᠎ᠤᠨ ᠶᠠᠮᠤᠨ᠎ᠤ ᠨᠢᠭᠡᠳᠤᠭᠡᠷ ᠲᠡᠰ᠎ᠤᠨ ᠱᠠᠩᠨᠠᠯ᠂ ᠦᠪᠡᠷᠳᠡᠭᠡᠨ ᠵᠠᠰᠠᠬᠤ ᠤᠷᠤᠨ᠎ᠤ ᠱᠢᠨᠵᠢᠯᠡᠭᠡ ᠮᠡᠷᠭᠡᠵᠢᠯ᠎ᠤᠨ ᠲᠠᠪᠱᠢᠯᠳᠠ᠎ᠶ᠋ᠢᠨ ᠱᠠᠩᠨᠠᠯ ᠵᠡᠷᠭᠡ ᠱᠠᠩᠨᠠᠯ ᠬᠦᠬᠢᠬᠦᠯᠤᠯ᠎ᠢ ᠤᠯᠠᠨᠳᠠ ᠬᠦᠷᠳᠡᠵᠦ᠍ ᠦᠡᠭ᠌ᠭᠡᠷᠡᠪᠡ᠃
ᠲᠦᠰᠦᠪᠯᠡᠭ᠌ᠴᠢ᠄ ᠳ᠋᠊ • ᠪᠤᠯᠤᠳ
ᠨᠠᠢᠷᠠᠭᠤᠯᠤᠨ ᠤᠳᠤᠷᠢᠳᠤᠭᠠᠴᠢ᠄ ᠴᠠᠩ ᠾᠧ
ᠡᠭᠡ ᠪᠢᠴᠢᠭ᠄ ᠴᠠᠩ ᠾᠧ
ᠰᠡᠬᠦᠳᠡᠷᠯᠡᠭ᠌ᠴᠢ᠄ ᠶᠢᠰᠤᠨᠠ ᠲᠠᠷᠢᠬᠦᠨ
ᠤᠢ᠍ᠢᠯᠡᠳᠦᠭ᠌ᠴᠢ᠄ ᠶᠢᠰᠤᠨᠠ
ᠬᠢᠨᠠᠬ᠍ᠴᠢ᠄ ᠦᠵᠠᠰᠭᠦᠯᠠᠩ