ᠳᠡᠬᠡᠷ᠎ᠡ ᠵᠠᠭᠤᠨ᠎ᠤ ᠳᠠᠯᠠᠭᠠᠤᠨ ᠤᠨ᠎ᠤ ᠡᠬᠢᠨ᠎ᠳᠤ ᠱᠢᠯᠤᠭᠤᠨ ᠬᠦᠬᠡ ᠬᠤᠱᠢᠭᠤᠨ᠎ᠤ ᠰᠦ᠎ᠶ᠋ᠢᠨ ᠱᠢᠬᠢᠷ ᠭᠠᠷᠴᠤ᠌ ᠢᠷᠡᠬᠡᠤᠨ ᠪᠠᠭᠠᠴᠤᠤᠨ ᠪᠢᠳᠡᠨ᠎ᠤ ᠳᠤᠷ᠎ᠠ ᠰᠤᠨᠢᠷᠬᠠᠯ᠎ᠢ ᠲᠠᠲᠠᠵᠤ ᠪᠠᠢᠯ᠎ᠠ᠂ ᠤᠳᠤ ᠴᠤ᠌ ᠡᠷᠢᠵᠥ᠍ ᠬᠥᠶᠥᠬᠡᠤᠨ ᠤᠯᠵᠤ ᠢᠳᠡᠳᠡᠭ᠃ ᠤᠷᠴᠢᠮ᠎ᠤᠨ ᠵᠢᠯ᠎ᠠᠴᠠ᠂ ᠮᠠᠨ᠎ᠤ ᠤᠷᠤᠨ ᠨᠤᠲᠤᠭ᠎ᠤᠨ ᠬᠤᠶᠠᠳᠡᠬᠢ ᠱᠢᠬᠢᠷ 《ᠱᠢᠷᠠᠰᠤᠶ᠋ᠢᠨ ᠱᠢᠬᠢᠷ》 ᠭᠠᠷᠴᠤ᠌ ᠢᠷᠡᠬᠡᠳ ᠬᠡᠷᠡᠭ᠌ᠯᠡᠭ᠌ᠴᠢᠳ᠎ᠲᠤ ᠶᠡᠭᠡ᠎ᠪᠠᠷ ᠲᠡᠭᠠᠱᠢᠶᠠᠭ᠍ᠳᠠᠵᠤ ᠪᠤᠢ᠃ ᠱᠢᠷᠠᠰᠤᠶ᠋ᠢᠨ ᠱᠢᠬᠢᠷ᠎ᠢ ᠠᠢᠯ ᠪᠥᠷᠢ ᠬᠢᠵᠤ ᠪᠠᠢᠬᠤ ᠪᠦᠬᠡᠤᠨ ᠠᠳᠠᠯᠢ ᠪᠤᠰᠤ ᠠᠷᠪᠢᠨ ᠵᠥᠢᠯ᠎ᠤᠨ ᠠᠮᠲᠠ ᠱᠢᠮ᠎ᠡ᠎ᠲᠠᠢ ᠱᠢᠬᠢᠷ ᠪᠤᠯᠵᠡᠢ᠃ ᠱᠢᠷᠠᠰᠤᠶ᠋ᠢᠨ ᠱᠢᠬᠢᠷ᠎ᠨᠢ ᠰᠥ᠍ ᠱᠢᠷ᠎ᠠ ᠲᠤᠰᠤ ᠠᠮᠲᠠᠭ᠍ᠳᠠᠵᠥ᠍ ᠬᠡᠷ ᠨᠤᠳᠤᠭ᠎ᠢ ᠰᠠᠨᠠᠭ᠍ᠳᠠᠭᠤᠯᠤᠨ᠎ᠠ᠃ ᠬᠠᠱᠢᠯᠠ ᠨᠤᠲᠤᠭ᠎ᠤᠨ ᠶᠠᠭᠤᠮ᠎ᠠ ᠰᠡᠢᠬᠠᠨ᠂ ᠪᠠᠢᠭᠠᠯᠢᠯᠢᠭ᠂ ᠪᠤᠬᠢᠷᠲᠤᠯ ᠥᠬᠡᠢ ᠮᠦᠷᠲᠡᠬᠡᠨ ᠪᠤᠷᠤᠭ᠍ᠵᠢᠭᠤᠨ᠂ ᠴᠢᠨᠠᠷᠯᠢᠭ᠎ᠨᠢ ᠰᠡᠤᠨᠬᠢᠯ᠎ᠳᠤ ᠲᠠᠭᠠᠯᠠᠮᠵᠢᠲᠡᠢ ᠪᠠᠢᠳᠠᠭ᠃
ᠵᠠᠷᠢᠮ ᠶᠠᠪᠤᠳᠠᠯ ᠤᠴᠢᠷ ᠲᠤᠮᠤ ᠶᠡᠭᠡ ᠵᠥᠢᠯᠡᠰ᠎ᠢᠶᠠᠷ ᠢᠯᠡᠷᠡᠵᠤ ᠪᠠᠢᠬᠤ᠎ᠳᠤ᠂ ᠵᠠᠷᠢᠮ ᠤᠴᠢᠷ ᠶᠠᠪᠤᠳᠠᠯ ᠬᠠᠷᠢᠨ ᠮᠠᠰᠢ ᠵᠢᠵᠢᠭ᠌ᠬᠡᠨ ᠵᠥᠢᠯᠡᠰ᠎ᠢᠶᠠᠷ ᠢᠯᠡᠷᠡᠳᠡᠭ᠃ ᠱᠢᠷᠠᠰᠤᠶ᠋ᠢᠨ ᠱᠢᠬᠢᠷ ᠭᠠᠷᠴᠤ᠌ ᠢᠷᠡᠬᠡᠤᠨ ᠠᠢᠯ ᠪᠤᠯᠭᠠᠨ ᠬᠢᠬᠦ᠌ ᠪᠤᠯᠤᠭ᠍ᠰᠠᠨ᠎ᠨᠢ ᠪᠦᠬᠦ᠋ᠢᠯᠡ ᠴᠠᠭᠠᠨ ᠢᠲᠡᠬᠡᠨᠤ ᠤᠢᠯᠡᠰ᠎ᠤᠨ ᠬᠦᠭ᠌ᠵᠢᠯᠲᠡ᠎ᠳᠤ ᠠᠪᠴᠤ᠌ ᠬᠡᠯᠡᠪᠡᠯ ᠵᠢᠪ ᠵᠢᠵᠢᠭ᠌ᠬᠡᠨ ᠡᠩ᠎ᠤᠨ ᠨᠢᠬᠡᠨ ᠶᠠᠪᠤᠳᠠᠯ ᠪᠢᠯᠡ᠂ ᠬᠡᠪᠡᠴᠤ᠌ ᠲᠡᠷᠡ᠎ᠨᠢ ᠴᠠᠭᠠᠨ ᠢᠲᠡᠬᠡᠨᠤ ᠠᠵᠤ ᠤᠢᠯᠡᠰ᠎ᠤᠨ ᠬᠡᠴᠢᠨᠡᠨ ᠵᠢᠯ᠎ᠤᠨ ᠲᠤᠷᠰᠢ ᠱᠢᠢᠤᠨᠪᠥᠷᠢᠯᠡᠵᠤ ᠳᠡᠢᠯᠥᠭᠡᠳᠥᠢ ᠲᠤᠮᠤ ᠠᠰᠠᠭᠤᠳᠠᠯ᠎ᠢ ᠱᠢᠢᠤᠨᠪᠥᠷᠢᠯᠡᠵᠤ᠂ ᠴᠠᠭᠠᠨ ᠢᠲᠡᠬᠡᠨᠤ ᠠᠵᠤ ᠤᠢᠯᠡᠰ᠎ᠤᠨ ᠥᠷ᠎ᠡ ᠪᠦᠲᠥᠮᠵᠢ᠎ᠶ᠋ᠢ ᠵᠡᠷᠬᠡ ᠲᠡᠰ ᠲᠡᠪᠱᠢᠬᠦᠯᠵᠥ᠍ ᠠᠱᠢᠭ ᠬᠤᠨᠵᠢᠪᠤᠷᠢ᠎ᠶ᠋ᠢ ᠰᠡᠢᠵᠢᠷᠠᠭᠤᠯᠤᠭ᠍ᠰᠠᠨ ᠪᠠᠢᠨ᠎ᠠ᠃
ᠦᠩᠬᠡᠷᠡᠭ᠌ᠰᠡᠨ᠎ᠳᠤ ᠨᠤᠲᠤᠭ᠎ᠤᠨ ᠠᠷᠭ᠎ᠠ᠎ᠪᠠᠷ ᠰᠥ᠍ ᠴᠠᠭᠠᠨ ᠢᠳᠡᠭᠡ ᠪᠤᠯᠪᠠᠰᠤᠷᠠᠭᠤᠯᠬᠤ᠎ᠳᠤ ᠶᠡᠭᠡ ᠬᠡᠮᠵᠢᠶᠡᠨ᠎ᠤ ᠱᠢᠷᠠᠰᠤ ᠭᠠᠷᠳᠠᠭ᠃ ᠪᠠᠷᠤᠭ᠍ᠴᠠᠯᠠᠪᠠᠯ᠂ 100 ᠵᠢᠩ ᠰᠥᠠᠴᠠ 30 ᠵᠢᠩ ᠱᠢᠷᠠᠰᠤ ᠭᠠᠷᠴᠤ᠌᠂ ᠨᠢᠬᠡ ᠬᠡᠰᠡᠭ᠎ᠢᠶᠠᠷ᠎ᠨᠢ ᠠᠢᠷᠠᠭ ᠢᠰᠭᠡᠵᠤ ᠲᠤᠭᠤᠭ᠎ᠠ ᠨᠡᠷᠡᠬᠦ᠌᠎ᠶ᠋ᠢ ᠭᠠᠷᠭᠠᠪᠠᠯ᠂ ᠪᠤᠴᠠᠯᠭᠠᠵᠤ ᠡᠬᠡᠷ ᠳᠠᠷᠤᠵᠤ ᠠᠪᠳᠠᠭ᠃ ᠡᠨᠡ᠎ᠨᠢ ᠬᠦᠳᠡᠯᠮᠥᠷᠢ ᠬᠥᠴᠥ᠍᠂ ᠵᠠᠷᠤᠳᠠᠯ ᠰᠥᠢᠤᠨᠬᠡᠯ ᠶᠡᠭᠡ ᠬᠡᠷᠡᠭ᠌ᠰᠡᠵᠦ᠍᠂ ᠬᠠᠮᠤᠭ ᠰᠡᠬᠦᠯ᠎ᠳᠤ ᠤᠯᠬᠤ ᠶᠠᠭᠤᠮ᠎ᠠ ᠳᠡᠮᠡᠢ ᠥᠬᠡᠢ᠃ ᠵᠠᠷᠢᠮ ᠠᠢᠯ ᠡᠷᠥᠬᠡ ᠱᠢᠷᠠᠰᠤᠪᠠᠷᠢᠶᠠᠨ ᠭᠠᠭ᠍ᠠᠢ ᠲᠡᠵᠢᠬᠡᠨᠠ᠃ ᠠᠱᠢᠭ ᠤᠯᠵᠠᠪᠤᠷᠢ᠎ᠨᠢ ᠨᠡᠯᠢᠶᠡᠤᠨ ᠰᠡᠢᠨ ᠪᠠᠢᠳᠠᠭ ᠴᠦ᠍ ᠠᠷᠠᠴᠢᠯᠠᠬᠤ᠂ ᠲᠡᠵᠢᠬᠡᠬᠦ᠂ ᠠᠯᠠᠵᠤ ᠨᠢᠳᠤᠯᠬᠤ᠂ ᠪᠤᠷᠤᠯᠠᠭᠤᠯᠬᠤ ᠬᠡᠬᠦ᠌ ᠮᠡᠲᠥ᠎ᠶ᠋ᠢᠨ ᠮᠠᠰᠢ ᠠᠷᠪᠢᠨ ᠠᠵᠢᠯ ᠶᠠᠪᠤᠳᠠᠯ ᠵᠠᠯᠭᠠᠯᠳᠤᠳᠠᠭ ᠤᠴᠢᠷ᠎ᠠᠴᠠ ᠬᠥᠢᠴᠡᠤᠨᠬᠡᠬᠦ᠌ᠳᠤ ᠬᠥᠴᠢᠷ᠃ ᠨᠦᠬᠦᠬᠡ ᠲᠠᠯ᠎ᠠ᠎ᠪᠠᠷ᠂ ᠴᠠᠭᠠᠨ ᠢᠳᠡᠭᠡ ᠪᠤᠯᠪᠠᠰᠤᠷᠠᠭᠤᠯᠬᠤ ᠠᠵᠢᠯ ᠤᠢᠯᠡᠰ ᠪᠠ ᠭᠠᠭ᠍ᠠᠢ ᠲᠡᠵᠢᠬᠡᠬᠦ᠌ ᠠᠵᠢᠯ᠎ᠤᠨ ᠵᠤᠬᠢᠴᠠᠯᠳᠤᠬᠤ ᠴᠢᠨᠠᠷ ᠪᠠᠷᠤᠭ᠍ᠲᠠᠢ ᠪᠠᠢᠵᠤ᠂ ᠭᠤᠤᠯ ᠪᠤᠯᠬᠤ ᠲᠡᠵᠢᠬᠡᠯ ᠪᠤᠷᠳᠤᠭ᠎ᠠ ᠪᠤᠯᠵᠤ ᠳᠡᠢᠯᠬᠦ᠌ ᠥᠬᠡᠢ ᠤᠴᠢᠷ᠎ᠠᠴᠠ ᠦᠬᠡᠷ᠎ᠡ ᠪᠤᠷᠳᠤᠭ᠎ᠠ ᠨᠦᠬᠦᠪᠥᠷᠢᠯᠡᠬᠦ᠌ ᠴᠢᠬᠤᠯᠡᠲᠡᠢ᠃ ᠬᠡᠷᠪᠡ ᠳᠡᠬᠡᠷᠡᠬᠢ ᠠᠵᠢᠯ᠎ᠤᠳ᠎ᠢ ᠬᠢᠬᠦ᠌ ᠥᠬᠡᠢ ᠪᠤᠯ ᠪᠦᠬᠦ᠌ ᠰᠦ᠎ᠶ᠋ᠢᠨ᠎ᠢᠶᠠᠨ 20 — 30 % ᠶ᠋ᠢ ᠬᠡᠷᠡᠭ᠌ᠴᠡᠭᠡ ᠥᠭᠡᠢ ᠬᠠᠶᠠᠬᠤ᠎ᠳᠤ ᠬᠥᠷᠥᠨ᠎ᠡ᠃ ᠡᠨᠡ᠎ᠨᠢ ᠴᠠᠭᠠᠨ ᠢᠳᠡᠭᠡ ᠪᠤᠯᠪᠠᠰᠤᠷᠠᠭᠤᠯᠳᠠᠭ ᠠᠵᠤ ᠠᠬᠤᠢᠯᠠᠯ᠎ᠤᠨ ᠨᠢᠬᠡᠨ ᠶᠡᠭᠡ ᠡᠮᠵᠡᠭ ᠪᠠᠭᠤᠷᠡᠢ ᠠᠰᠠᠭᠤᠳᠠᠯ ᠪᠤᠯᠵᠤ ᠪᠠᠢᠵᠡᠢ᠃
2010 ᠤᠨ᠎ᠤ ᠡᠬᠢᠨ᠎ᠢᠶᠠᠷ᠂ ᠱᠢᠷᠠᠰᠤᠪᠠᠷ ᠱᠢᠬᠢᠷ ᠤᠢᠯᠡᠤᠨᠪᠥᠷᠢᠯᠡᠬᠦ᠌ ᠠᠷᠭ᠎ᠠ ᠮᠡᠷᠬᠡᠵᠢᠯ ᠤᠷᠤᠵᠤ ᠢᠷᠡᠬᠡᠤᠨ ᠮᠠᠨ᠎ᠤ᠎ᠬᠢᠨ ᠤᠬᠤᠷᠬᠠᠨ ᠬᠤᠭᠤᠴᠠᠭᠠᠨ᠎ᠳᠤ ᠮᠠᠰᠢ ᠢᠳᠡᠪᠬᠢᠲᠡᠢ ᠰᠤᠷᠴᠤ᠌ ᠡᠵᠡᠮᠱᠢᠨ ᠶᠡᠭᠡ᠎ᠪᠠᠷ ᠳᠡᠯᠬᠡᠷᠡᠬᠦᠯᠵᠥ᠍᠂ ᠰᠥ᠍ ᠴᠠᠭᠠᠨ ᠢᠳᠡᠭᠡᠨ᠎ᠤ ᠤᠢ᠍ᠢᠯᠡᠰ ᠡᠷᠬᠢᠯᠡᠵᠤ ᠪᠠᠢᠭ᠎ᠠ ᠠᠵᠤ ᠠᠬᠤᠢᠯᠠᠯ᠎ᠤᠳ ᠱᠢᠷᠠᠰᠤᠶ᠋ᠢᠨ ᠱᠢᠬᠢᠷ ᠤᠢᠯᠡᠤᠨᠪᠥᠷᠢᠯᠡᠬᠦ᠌ ᠪᠤᠯᠤᠭ᠍ᠰᠠᠨ᠎ᠢᠶᠠᠷ ᠴᠠᠭᠠᠨ ᠢᠳᠡᠭᠡ ᠡᠳ᠋ᠱᠢᠬᠦᠯᠥᠨ ᠪᠤᠯᠪᠠᠰᠤᠷᠠᠭᠤᠯᠳᠠᠭ ᠠᠵᠤ ᠠᠬᠤᠢᠯᠠᠯ᠎ᠤᠨ ᠨᠢᠬᠡᠨ ᠲᠤᠮᠤ ᠠᠰᠠᠭᠤᠳᠠᠯ᠎ᠢ ᠮᠠᠰᠢ ᠤᠬᠤᠷᠬᠠᠨ ᠬᠤᠭᠤᠴᠠᠭᠠᠨ᠎ᠳᠤ ᠮᠠᠰᠢ ᠰᠡᠢᠨ ᠱᠢᠢᠤᠨᠪᠥᠷᠢᠯᠡᠵᠡᠢ᠃ ᠤᠳᠤ ᠱᠢᠯᠢ᠎ᠶ᠋ᠢᠨ ᠭᠤᠤᠯ ᠠᠢᠮᠠᠭ᠎ᠤᠨ ᠬᠡᠪᠴᠢᠶᠠᠨ᠎ᠤ ᠤᠯᠠᠮᠵᠢᠯᠠᠯᠲᠤ ᠨᠤᠲᠤᠭ᠎ᠤᠨ ᠠᠷᠭ᠎ᠠ᠎ᠪᠠᠷ ᠴᠠᠭᠠᠨ ᠢᠳᠡᠭᠡ ᠡᠳ᠋ᠱᠢᠬᠦᠯᠥᠨ ᠪᠤᠯᠪᠠᠰᠤᠷᠠᠭᠤᠯᠵᠤ ᠪᠠᠢᠭ᠎ᠠ ᠠᠵᠤ ᠠᠬᠤᠢᠯᠠᠯ ᠪᠦᠷ ᠱᠢᠷᠠᠰᠤᠶ᠋ᠢᠨ ᠱᠢᠬᠢᠷ ᠤᠢᠯᠡᠤᠨᠪᠥᠷᠢᠯᠡᠵᠤ ᠪᠤᠢ᠃ ᠤᠢᠯᠡᠤᠨᠪᠥᠷᠢᠯᠡᠬᠦ᠌ ᠠᠷᠭ᠎ᠠ ᠬᠡᠮᠵᠢᠶ᠎ᠡ᠎ᠨᠢ ᠴᠦ᠍ ᠮᠠᠰᠢ ᠳᠦᠬᠦᠮ ᠮᠦᠷᠲᠡᠬᠡᠨ ᠥᠷ᠎ᠡ ᠠᠱᠢᠭ᠎ᠨᠢ ᠴᠦ᠍ ᠰᠡᠢᠨ᠃
ᠲᠤᠬᠠᠢ᠎ᠶ᠋ᠢᠨ ᠭᠠᠵᠠᠷ᠎ᠤᠨ ᠪᠤᠳᠠᠲᠡᠢ ᠪᠠᠢᠳᠠᠯ᠎ᠢ ᠤᠢᠯᠠᠭᠠᠭ᠍ᠰᠠᠨ᠎ᠢᠶᠠᠷ᠂ ᠱᠢᠷᠠᠰᠤᠶ᠋ᠢᠨ ᠱᠢᠬᠢᠷ᠎ᠢ ᠤᠢᠯᠡᠤᠨᠪᠥᠷᠢᠯᠡᠬᠦ᠌ ᠠᠷᠭ᠎ᠠ ᠮᠡᠷᠬᠡᠵᠢᠯ᠎ᠨᠢ ᠠᠷᠤ ᠮᠤᠩᠭᠤᠯ᠎ᠠᠴᠠ ᠢᠷᠡᠯᠲᠡ᠎ᠲᠠᠢ ᠬᠡᠨ᠎ᠡ᠂ ᠱᠢᠨᠵᠢᠯᠡᠬᠦ᠌ ᠤᠬᠠᠭᠠᠨ ᠲᠧᠭ᠌ᠨᠢᠭ ᠮᠡᠷᠬᠡᠵᠢᠯ᠎ᠳᠤ ᠤᠯᠤᠰ ᠤᠷᠤᠨ᠎ᠤ ᠬᠢᠯᠢ ᠬᠢᠵᠠᠭᠠᠷ ᠪᠠᠢᠳᠠᠭ ᠥᠬᠡᠢ᠎ᠶ᠋ᠢᠨ ᠤᠴᠢᠷ ᠠᠵᠤ ᠠᠬᠤᠢ᠎ᠶ᠋ᠢᠨ ᠬᠦᠭ᠌ᠵᠢᠯᠲᠡ᠂ ᠠᠷᠠᠤᠨ᠎ᠤᠨ ᠠᠮᠢᠳᠤᠷᠠᠯ᠎ᠳᠤ ᠠᠱᠢᠭ᠍ᠲᠠᠢ ᠯᠠ ᠶᠤᠮ ᠪᠤᠯ ᠬᠡᠨ ᠴᠤ᠌ ᠵᠠᠷᠤᠵᠤ ᠬᠡᠷᠡᠭ᠌ᠯᠡᠵᠥ᠍ ᠪᠤᠯᠳᠠᠭ᠃ ᠱᠢᠷᠠᠰᠤᠪᠠᠨ ᠵᠦᠬᠡᠯᠡᠨ ᠭᠠᠯ᠎ᠢᠶᠠᠷ ᠬᠠᠯᠠᠭᠠᠵᠤ᠂ ᠮᠦᠰᠦᠨ ᠱᠢᠬᠢᠷ ᠬᠢᠵᠤ ᠬᠤᠤᠨᠬᠤᠵᠤ ᠪᠤᠯᠪᠠᠰᠤᠷᠠᠭᠤᠯᠳᠠᠭ ᠬᠡᠨ᠎ᠡ᠃ 1 ᠵᠢᠩ ᠱᠢᠷᠠᠰᠤᠪᠠᠷ 0.3 ᠵᠢᠩ ᠱᠢᠷᠠᠰᠤᠶ᠋ᠢᠨ ᠱᠢᠬᠢᠷ ᠤᠢᠯᠡᠤᠨᠪᠥᠷᠢᠯᠠᠨᠡ᠃ 1 ᠵᠢᠩ ᠱᠢᠷᠠᠰᠤᠶ᠋ᠢᠨ ᠱᠢᠬᠢᠷ᠎ᠤᠨ ᠵᠠᠬ᠎ᠠ ᠳᠡᠯᠬᠡᠬᠦᠷ᠎ᠤᠨ ᠪᠤᠷᠤᠯᠠᠭᠤᠯᠭ᠎ᠠ᠎ᠶ᠋ᠢᠨ ᠥᠨ᠎ᠡ 30 ᠲᠥᠬᠦᠷᠢᠭ ᠬᠥᠷᠴᠥ᠍ ᠪᠤᠢ᠃ ᠢᠡᠭ᠌ᠬᠢᠵᠥ᠍ ᠪᠤᠳᠤᠪᠠᠯ᠂ 100 ᠵᠢᠩ ᠱᠢᠷᠠᠰᠤᠪᠠᠷ 30 ᠵᠢᠩ ᠱᠢᠷᠠᠰᠤᠶ᠋ᠢᠨ ᠱᠢᠬᠢᠷ ᠤᠢᠯᠡᠤᠨᠪᠥᠷᠢᠯᠡᠨᠡ᠃
ᠠᠷᠪᠠ ᠭᠠᠷᠤᠢ ᠵᠢᠯ᠎ᠤᠨ ᠲᠤᠷᠱᠢᠬᠢ ᠲᠠᠰᠤᠷᠠᠯᠲᠠ ᠥᠬᠡᠢ ᠱᠢᠨᠡᠴᠢᠯᠡᠯᠲᠡ᠂ ᠦᠬᠡᠷᠠᠴᠢᠯᠡᠯᠲᠡ ᠪᠠ ᠨᠡᠢᠲᠡ ᠤᠯᠠᠨ᠎ᠤ ᠬᠠᠮᠲᠤ᠎ᠶ᠋ᠢᠨ ᠴᠢᠷᠮᠡᠢᠯᠭ᠎ᠠ᠎ᠪᠠᠷ ᠱᠢᠷᠠᠰᠤᠶ᠋ᠢᠨ ᠱᠢᠬᠢᠷ ᠤᠢᠯᠡᠤᠨᠪᠥᠷᠢᠯᠡᠬᠦ᠌ ᠮᠡᠷᠬᠡᠵᠢᠯ ᠴᠢᠳᠠᠪᠤᠷᠢ᠂ ᠴᠢᠨᠠᠷ ᠴᠢᠨᠰᠠᠭ᠎ᠠ᠂ ᠲᠤᠭ᠎ᠠ ᠬᠡᠮᠵᠢᠶ᠎ᠡ᠂ ᠲᠦᠷᠦᠯ ᠵᠥᠢᠯ᠂ ᠪᠤᠭᠤᠯᠲᠠ ᠪᠠᠭ᠍ᠯᠠᠭ᠎ᠠ ᠵᠡᠷᠬᠡ᠎ᠨᠢ ᠪᠦᠷ ᠶᠡᠬᠡᠬᠡᠨ ᠰᠡᠢᠵᠢᠷᠠᠵᠤ᠂ ᠤᠯᠤᠰ᠎ᠤᠨ ᠬᠠᠮᠢᠶ᠎ᠠ ᠪᠦᠬᠦᠢ ᠪᠠᠢᠭᠤᠯᠭ᠎ᠠ ᠨᠢᠬᠡᠴᠢ᠎ᠶ᠋ᠢᠨ ᠮᠡᠷᠬᠡᠵᠢᠯ᠎ᠤᠨ ᠬᠢᠨᠠᠨ ᠱᠢᠯᠭᠠᠯᠲᠠ᠎ᠳᠤ ᠬᠢᠷᠢ ᠲᠠᠩᠴᠡᠭ᠌ᠰᠡᠨ ᠪᠦᠬᠡᠤᠨ ᠵᠠᠬ᠎ᠠ ᠳᠡᠯᠬᠡᠬᠦᠷ᠎ᠤᠨ ᠪᠤᠷᠤᠯᠠᠭᠤᠯᠭ᠎ᠠ ᠴᠦ᠍ ᠵᠢᠯ᠎ᠠᠴᠠ ᠵᠢᠯ ᠨᠡᠮᠡᠭ᠌ᠳᠡᠵᠦ᠍᠂ ᠶᠡᠭᠡ ᠬᠤᠲᠠ᠎ᠶ᠋ᠢᠨ ᠲᠤᠮᠤ ᠵᠠᠬ᠎ᠠ ᠵᠡᠬᠡᠯᠢ᠎ᠪᠠᠷ ᠭᠠᠷᠴᠤ᠌᠂ ᠵᠠᠮ ᠮᠦᠷ᠎ᠨᠢ ᠶᠠᠪᠤᠬᠤ ᠲᠤᠲᠤᠮ᠎ᠢᠶᠠᠨ ᠦᠷᠬᠡᠤᠨᠴᠤ᠌ ᠪᠠᠢᠬᠤ ᠮᠦᠷᠲᠡᠬᠡᠨ ᠬᠡᠷᠡᠭ᠌ᠯᠡᠭ᠌ᠴᠢᠳ᠎ᠤᠨ ᠲᠡᠭᠠᠱᠢᠶᠠᠯᠢ ᠤᠯᠵᠤ ᠪᠤᠢ᠃