ᠠᠷᠪᠡᠨ ᠳᠦᠷᠪᠡᠳᠦᠭᠡᠷ ᠲᠠᠪᠤᠨ ᠵᠢᠯ᠎ᠤᠨ ᠲᠦᠯᠦᠪᠵᠢᠭᠦᠯᠭᠡ᠎ᠶ᠋ᠢᠨ 《ᠰᠠᠨᠠᠭᠤᠯᠭ᠎ᠠ》 ᠎ᠳᠤ ᠠᠷᠠᠳ᠎ᠤᠨ ᠠᠮᠢᠳᠤᠷᠠᠯ᠎ᠤᠨ ᠲᠤᠬᠠᠢ ᠢᠩᠬᠢᠵᠦ᠍ ᠶᠠᠷᠢᠵᠠᠢ
2020-11-06 11:22:11
ᠵᠣᠬᠢᠶᠠᠭ᠍ᠴᠢ᠄
ᠵᠢᠶᠠᠩ ᠯᠢᠨ ᠹᠠᠨ ᠰᠢ
ᠣᠩᠱᠢᠭ᠍ᠰᠠᠨ ᠣᠳᠠᠭ᠎ᠠ᠄
★★★☆☆

3 ᠎ᠤ ᠡᠳᠦᠷ ᠨᠡᠢᠲᠡᠯᠡᠭ᠌ᠰᠡᠨ 《ᠤᠯᠤᠰ ᠠᠷᠠᠳ᠎ᠤᠨ ᠠᠵᠤ ᠠᠬᠤᠶ ᠪᠠ ᠨᠡᠢᠭᠡᠮ᠎ᠤᠨ ᠬᠥᠭ᠌ᠵᠢᠯᠲᠡ᠎ᠶ᠋ᠢᠨ ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠭᠡ ᠪᠤᠯᠤᠨ 2035 ᠣᠨ᠎ᠤ ᠠᠯᠤᠰ᠎ᠤᠨ ᠬᠠᠷᠠᠯᠲᠠ᠎ᠶ᠋ᠢ ᠲᠣᠭ᠍ᠲᠠᠭᠠᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶᠠᠨ᠎ᠤ ᠰᠠᠨᠠᠭᠤᠯᠭ᠎ᠠ》 ᠎ᠳᠤ ᠢᠷᠡᠬᠦ᠌ 5 ᠵᠢᠯ ᠵᠢᠴᠢ 15 ᠵᠢᠯ᠎ᠳᠠᠬᠢ ᠠᠷᠠᠳ᠎ᠤᠨ ᠠᠮᠢᠳᠤᠷᠠᠯ᠎ᠤᠨ ᠲᠤᠬᠠᠢ ᠢᠩᠬᠢᠵᠦ᠍ ᠶᠠᠷᠢᠵᠠᠢ᠃

ᠴᠠᠯᠢᠩ᠎ᠢ ᠵᠤᠬᠢᠰᠳᠠᠢ ᠨᠡᠮᠡᠭ᠌ᠳᠡᠬᠦᠯᠬᠦ᠌ ᠲᠣᠭ᠍ᠲᠠᠴᠠ᠎ᠶ᠋ᠢ ᠲᠡᠭᠦᠯᠳᠡᠷᠵᠢᠭᠦᠯᠦᠨ᠎ᠠ

《ᠰᠠᠨᠠᠭᠤᠯᠭ᠎ᠠ》 ᠎ᠳᠤ᠂ ᠢᠷᠡᠬᠦ᠌ ᠲᠠᠪᠤᠨ ᠵᠢᠯ᠎ᠳᠤ 《ᠰᠠᠭᠤᠭᠠᠯᠢ ᠠᠷᠠᠳ᠎ᠤᠨ ᠣᠷᠣᠯᠭ᠎ᠠ᠎ᠶ᠋ᠢᠨ ᠨᠡᠮᠡᠭ᠌ᠳᠡᠯ ᠪᠣᠯᠤᠨ ᠠᠵᠤ ᠠᠬᠤᠶ᠎ᠶ᠋ᠢᠨ ᠨᠡᠮᠡᠭ᠌ᠳᠡᠯ᠎ᠢ ᠦᠨᠳᠦᠰᠦᠨ᠎ᠳᠡᠭᠡᠨ ᠢᠵᠢᠯᠢ ᠠᠯᠬᠤᠮ᠎ᠲᠠᠢ ᠪᠠᠢᠯᠭᠠᠵᠤ᠂ ᠬᠤᠪᠢᠶᠠᠷᠢᠯᠠᠯᠲᠠ᠎ᠶ᠋ᠢᠨ ᠪᠦᠲᠦᠴᠡ᠎ᠶ᠋ᠢ ᠢᠯᠡᠳᠲᠡ ᠰᠠᠢᠵᠢᠷᠠᠭᠤᠯᠬᠤ》 ᠎ᠶ᠋ᠢ ᠴᠢᠷᠮᠠᠢᠨ ᠪᠡᠶᠡᠯᠡᠭᠦᠯᠦᠨ᠎ᠡ ᠭᠡᠬᠦ᠌ ᠬᠠᠷᠠᠯᠳᠠ᠎ᠶ᠋ᠢ ᠲᠤᠳᠤᠷᠬᠠᠢ ᠳᠤᠷᠠᠳᠴᠠᠢ᠃

ᠪᠣᠳᠠᠲᠠᠶ ᠠᠷᠭ᠎ᠠ ᠬᠡᠮᠵᠢᠶ᠎ᠡ᠎ᠳᠤ᠄ ᠠᠩᠬᠠᠨ᠎ᠤ ᠬᠤᠪᠢᠶᠠᠷᠢᠯᠠᠯᠲᠠ᠎ᠳᠠᠬᠢ ᠬᠥᠳᠡᠯᠮᠦᠷᠢ᠎ᠶ᠋ᠢᠨ ᠬᠥᠯᠥᠰᠥ᠍ ᠣᠯᠭᠤᠮᠵᠢ᠎ᠶ᠋ᠢᠨ ᠬᠤᠪᠢ᠎ᠶ᠋ᠢᠨ ᠵᠢᠩ᠎ᠢ ᠨᠡᠮᠡᠭ᠌ᠳᠡᠭᠦᠯᠵᠦ᠍᠂ ᠴᠠᠯᠢᠩ᠎ᠤᠨ ᠵᠣᠬᠢᠰᠲᠠᠶ ᠨᠡᠮᠡᠭ᠌ᠳᠡᠯ᠎ᠤᠨ ᠲᠣᠭ᠍ᠲᠠᠴᠠ᠎ᠶ᠋ᠢ ᠲᠡᠭᠦᠯᠳᠡᠷᠵᠢᠭᠦᠯᠤᠨ᠂ ᠣᠷᠣᠯᠭ᠎ᠠ ᠪᠠᠭ᠎ᠠ ᠬᠥᠮᠦᠰ᠎ᠤᠨ ᠣᠷᠣᠯᠭ᠎ᠠ᠎ᠶ᠋ᠢ ᠬᠦᠴᠦᠯᠡᠨ ᠨᠡᠮᠡᠭ᠌ᠳᠡᠭᠦᠯᠵᠦ᠍᠂ ᠬᠡᠳᠦ ᠥᠨᠳᠥᠷ ᠣᠷᠣᠯᠭ᠎ᠠ᠎ᠶ᠋ᠢ ᠵᠣᠬᠢᠰᠲᠠᠶ ᠵᠤᠬᠢᠴᠠᠭᠤᠯᠵᠤ᠂ ᠬᠠᠤᠯᠢ ᠪᠤᠰᠤ ᠣᠷᠣᠯᠭ᠎ᠠ᠎ᠶ᠋ᠢ ᠦᠭᠡᠢᠰᠭᠡᠬᠦ᠌ ᠵᠡᠷᠭᠡ ᠪᠠᠭ᠍ᠳᠠᠨ᠎ᠠ᠃

ᠳᠤᠮᠳᠠᠳᠤ ᠤᠯᠤᠰ᠎ᠤᠨ ᠬᠥᠳᠡᠯᠮᠦᠷᠢ᠎ᠶ᠋ᠢᠨ ᠰᠤᠳᠤᠯᠤᠯ᠎ᠤᠨ ᠨᠡᠢᠭᠡᠮᠯᠢᠭ᠎ᠤᠨ ᠳᠡᠳ᠋ ᠳᠠᠷᠤᠭ᠎ᠠ ᠸᠠᠩ ᠴᠧᠩ᠂ ᠨᠠᠮ᠎ᠤᠨ ᠲᠥᠪ ᠬᠤᠷᠢᠶᠠᠨ᠎ᠤ ᠠᠯᠢ ᠣᠯᠠᠨ ᠪᠠᠢᠷᠢᠯᠠᠭᠤᠯᠤᠯᠲᠠ ᠲᠣᠬᠢᠷᠠᠭᠤᠯᠤᠯᠲᠠ᠎ᠨᠢ ᠣᠷᠣᠯᠭ᠎ᠠ᠎ᠶ᠋ᠢᠨ ᠨᠡᠮᠡᠭ᠌ᠳᠡᠯ᠎ᠤᠨ 《ᠡᠮᠦᠨ᠎ᠠ ᠡᠭᠦᠳᠡ》 ᠎ᠶ᠋ᠢ ᠨᠡᠭᠡᠭᠡᠵᠦ᠍᠂ 《ᠬᠠᠵᠠᠭᠤ᠎ᠶ᠋ᠢᠨ ᠡᠭᠦᠳᠡ》 ᠎ᠶ᠋ᠢ ᠬᠠᠭᠠᠵᠤ᠂ ᠬᠦᠳᠡᠯᠮᠦᠷᠢᠴᠢᠳ᠎ᠤᠨ ᠵᠦᠢ ᠶᠤᠰᠤᠨ᠎ᠤ ᠬᠦᠯᠦᠰᠦ ᠤᠯᠭᠤᠮᠵᠢ ᠪᠠ ᠨᠡᠷ᠎ᠡ ᠬᠦᠨᠳᠦ᠎ᠶ᠋ᠢ ᠪᠠᠲᠤᠯᠠᠨ᠎ᠠ; ᠡᠭᠦᠨ᠎ᠤ ᠬᠠᠮᠲᠤ ᠣᠷᠣᠯᠭ᠎ᠠ᠎ᠶ᠋ᠢᠨ ᠵᠥᠷᠢᠶ᠎ᠡ᠎ᠶ᠋ᠢ ᠪᠠᠭᠠᠰᠭᠠᠵᠤ᠂ ᠨᠡᠢᠭᠡᠮ᠎ᠤᠨ ᠡᠷᠬᠡ ᠲᠡᠭ᠌ᠰᠢ᠎ᠶ᠋ᠢ ᠪᠡᠶᠡᠯᠡᠭᠦᠯᠬᠦ᠌᠎ᠶ᠋ᠢ ᠠᠬᠢᠭᠤᠯᠤᠨ᠎ᠠ᠃

ᠠᠵᠢᠯ ᠣᠯᠭᠤᠯᠲᠠ᠎ᠶ᠋ᠢ ᠨᠡᠮᠡᠭ᠌ᠳᠡᠭᠦᠯᠦᠨ ᠴᠢᠨᠠᠷ᠎ᠢ᠎ᠨᠢ ᠰᠠᠢᠵᠢᠷᠠᠭᠤᠯᠤᠨ᠎ᠠ

ᠠᠵᠢᠯ ᠣᠯᠭᠤᠯᠲᠠ ᠪᠣᠯ ᠬᠠᠮᠤᠭ᠎ᠤᠨ ᠲᠤᠮᠤ ᠠᠷᠠᠳ᠎ᠤᠨ ᠠᠮᠢᠳᠤᠷᠠᠯ ᠮᠥᠨ᠃ 《ᠰᠠᠨᠠᠭᠤᠯᠭ᠎ᠠ》 ᠎ᠳᠤ ᠠᠵᠢᠯ ᠣᠯᠭᠤᠯᠲᠠ᠎ᠶ᠋ᠢ ᠲᠡᠷᠢᠭᠦᠨ᠎ᠳᠤ ᠲᠠᠯᠪᠢᠬᠤ ᠲᠥᠷᠥ᠎ᠶ᠋ᠢᠨ ᠪᠣᠳᠣᠯᠭ᠎ᠠ᠎ᠶ᠋ᠢ ᠴᠢᠩᠭᠠᠳᠭᠠᠵᠤ᠂ ᠠᠵᠢᠯ ᠣᠯᠭᠤᠯᠲᠠ᠎ᠶ᠋ᠢ ᠨᠡᠮᠡᠭ᠌ᠳᠡᠭᠦᠯᠦᠨ ᠴᠢᠨᠠᠷ᠎ᠢ᠎ᠨᠢ ᠰᠠᠢᠵᠢᠷᠠᠭᠤᠯᠵᠤ᠂ ᠭᠦᠢᠴᠡᠳ ᠠᠵᠢᠯ ᠣᠯᠭᠤᠯᠲᠠ᠎ᠶ᠋ᠢ ᠠᠬᠢᠭᠤᠯᠵᠤ᠂ ᠬᠥᠳᠡᠯᠮᠦᠷᠢᠴᠢᠳ᠎ᠤᠨ ᠬᠦᠯᠦᠰᠦ ᠤᠯᠭᠤᠮᠵᠢ ᠪᠠ ᠡᠷᠬᠡ ᠠᠱᠢᠭ᠎ᠢ ᠪᠠᠲᠤᠯᠠᠨ᠎ᠠ ᠭᠡᠵᠤ ᠳᠤᠷᠠᠳᠴᠠᠢ᠃

ᠠᠵᠢᠯ ᠣᠯᠭᠤᠯᠲᠠ᠎ᠶ᠋ᠢᠨ ᠴᠢᠨᠠᠷ᠎ᠢ ᠰᠠᠢᠵᠢᠷᠠᠭᠤᠯᠬᠤ᠎ᠨᠢ ᠠᠷᠠᠳ ᠲᠦᠮᠡᠨ᠎ᠤ ᠡᠳᠦᠷ ᠢᠷᠡᠬᠦᠶ᠎ᠡ ᠨᠡᠮᠡᠭ᠌ᠳᠡᠵᠦ᠍ ᠪᠠᠢᠭ᠎ᠠ ᠰᠠᠢᠨ ᠰᠠᠢᠬᠠᠨ ᠠᠮᠢᠳᠤᠷᠠᠯ᠎ᠤᠨ ᠬᠡᠷᠡᠭ᠌ᠴᠡᠭᠡ᠎ᠳᠤ ᠨᠡᠢᠴᠡᠨ᠎ᠠ᠃ ᠬᠤᠪᠢ ᠬᠥᠮᠦᠨ᠎ᠳᠤ ᠠᠪᠴᠤ᠌ ᠬᠡᠯᠡᠪᠡᠯ᠂ ᠡᠨᠡ᠎ᠨᠢ ᠢᠷᠡᠭᠡᠳᠦᠢ᠎ᠳᠤ ᠠᠵᠢᠯ ᠣᠯᠬᠤ ᠲᠣᠬᠢᠶᠠᠯ ᠨᠠᠩ ᠣᠯᠠᠨ ᠪᠤᠯᠬᠤ᠎ᠪᠠᠷ ᠪᠠᠷᠠᠬᠤ ᠦᠭᠡᠢ ᠣᠷᠣᠯᠭ᠎ᠠ ᠨᠡᠩ ᠥᠨᠳᠥᠷ᠂ ᠠᠵᠢᠯ ᠣᠯᠭᠤᠯᠲᠠ᠎ᠶ᠋ᠢᠨ ᠣᠷᠴᠢᠨ ᠨᠥᠬᠦᠴᠡᠯ ᠨᠡᠩ ᠳᠤᠭ᠍ᠳᠠᠭᠤᠨ ᠪᠤᠯᠵᠤ᠂ ᠨᠡᠩ ᠰᠠᠢᠨ ᠬᠥᠭ᠌ᠵᠢᠯᠲᠡ ᠪᠠ ᠠᠵᠢᠯ ᠠᠮᠢᠳᠤᠷᠠᠯ᠎ᠤᠨ ᠲᠡᠩᠴᠡᠭᠦᠷᠢ᠎ᠶ᠋ᠢ ᠪᠡᠶᠡᠯᠡᠭᠦᠯᠵᠦ᠍ ᠴᠢᠳᠠᠬᠤ᠎ᠶ᠋ᠢ ᠬᠠᠷᠠᠭᠤᠯᠵᠤ ᠪᠠᠢᠨ᠎ᠠ᠃

《ᠰᠠᠨᠠᠭᠤᠯᠭ᠎ᠠ》 ᠎ᠳᠤ ᠪᠠᠰᠠ᠂ ᠬᠥᠳᠡᠯᠮᠦᠷᠢᠴᠢᠳ᠎ᠤᠨ ᠤᠷ᠎ᠠ ᠴᠢᠳᠠᠪᠤᠷᠢ᠎ᠶ᠋ᠢᠨ ᠬᠡᠪ ᠪᠤᠯᠪᠠᠰᠤᠷᠠᠯ᠎ᠢ ᠲᠦᠷᠭᠡᠨ ᠳᠡᠭᠡᠭ᠌ᠰᠢᠯᠡᠭᠦᠯᠵᠦ᠍᠂ ᠨᠠᠰᠤᠨ ᠲᠤᠷᠰᠢ᠎ᠶ᠋ᠢᠨ ᠠᠵᠢᠯ ᠮᠡᠷᠭᠡᠵᠢᠯ᠎ᠤᠨ ᠪᠣᠯᠪᠠᠰᠤᠷᠠᠯ᠎ᠤᠨ ᠲᠦᠷᠢᠮ᠎ᠢ ᠪᠦᠷᠢᠨᠱᠢᠭᠦᠯᠦᠨ᠎ᠡ᠃ ᠬᠡᠨ ᠬᠦᠮᠦᠨ ᠴᠤ᠌ ᠭᠡᠰᠡᠨ᠂ ᠬᠦᠰᠡᠯ ᠵᠡᠭᠦᠳᠦ᠎ᠲᠠᠢ᠂ ᠳᠠᠪᠱᠢᠬᠤ ᠳᠤᠷᠠᠲᠠᠶ ᠯᠠ ᠶᠤᠮ ᠪᠣᠯ ᠢᠷᠡᠭᠡᠳᠦᠶ᠎ᠳᠤ ᠴᠥᠮ ᠨᠢᠭᠡ ᠵᠦᠶᠯ᠎ᠤᠨ ᠮᠡᠷᠭᠡᠵᠢᠯ᠎ᠢ ᠡᠵᠡᠮᠱᠢᠵᠦ᠍᠂ ᠠᠵᠢᠯ ᠤᠯᠬᠤ ᠡᠭᠦᠳᠡ᠎ᠶ᠋ᠢ ᠨᠡᠭᠡᠭᠡᠬᠦ᠌ ᠵᠠᠪᠱᠢᠶᠠᠨ ᠤᠯᠵᠤ ᠴᠢᠳᠠᠨ᠎ᠠ᠃

ᠪᠠᠲᠤᠯᠠᠭ᠎ᠠ᠎ᠶ᠋ᠢᠨ ᠤᠷᠤᠨ ᠰᠠᠭᠤᠴᠠ ᠪᠠ ᠲᠦᠷᠢᠶᠡᠰᠦᠨ ᠣᠷᠣᠨ ᠰᠠᠭᠤᠴᠠ᠎ᠶ᠋ᠢᠨ ᠬᠠᠩᠭᠠᠯᠭ᠎ᠠ᠎ᠶ᠋ᠢ ᠨᠡᠮᠡᠭ᠌ᠳᠡᠭᠦᠯᠦᠨ᠎ᠡ

《ᠭᠡᠷ ᠪᠠᠢᠱᠢᠩ ᠪᠣᠯ ᠰᠠᠭᠤᠬᠤ᠎ᠳᠤ ᠵᠤᠷᠢᠭᠤᠯᠤᠭ᠍ᠰᠠᠨ ᠶᠤᠮ᠂ ᠬᠠᠷᠢᠨ ᠰᠠᠷᠢᠭᠠᠯᠠᠬᠤ᠎ᠳᠤ ᠵᠤᠷᠢᠭᠤᠯᠤᠭ᠍ᠰᠠᠨ ᠪᠢᠰᠢ ᠭᠡᠬᠦ᠌ ᠪᠠᠢᠷᠢ ᠳᠤᠭ᠍ᠳᠠᠭᠠᠯᠳᠠ᠎ᠶ᠋ᠢ ᠪᠠᠷᠢᠮᠳᠠᠯᠠᠵᠤ᠂ ᠲᠦᠷᠢᠶᠡᠰᠦᠯᠡᠬᠦ᠌ ᠪᠠ ᠬᠤᠳᠠᠯᠳᠤᠨ ᠠᠪᠬᠤ᠎ᠶ᠋ᠢ ᠵᠡᠷᠭᠡ᠎ᠪᠠᠷ ᠬᠡᠷᠡᠭ᠌ᠵᠢᠭᠦᠯᠵᠦ᠍᠂ ᠬᠤᠲᠠ᠎ᠶ᠋ᠢᠨ ᠪᠠᠢᠳᠠᠯ᠎ᠳᠤᠨᠢ ᠲᠣᠬᠢᠷᠠᠭᠤᠯᠤᠨ ᠠᠷᠭ᠎ᠠ ᠪᠣᠳᠣᠯᠭ᠎ᠠ ᠬᠡᠷᠡᠭ᠌ᠵᠢᠭᠦᠯᠤᠨ᠂ ᠬᠡᠷ ᠭᠠᠵᠠᠷ᠎ᠤᠨ ᠬᠥᠷᠥᠩᠭᠡ᠎ᠶ᠋ᠢᠨ ᠵᠠᠬ᠎ᠠ ᠳᠡᠯᠭᠡᠭᠦᠷ᠎ᠤᠨ ᠲᠣᠭ᠍ᠲᠠᠭᠤᠨ ᠪᠥᠭᠡᠳ ᠡᠷᠡᠭᠦᠯ᠎ᠢᠶᠠᠷ ᠬᠥᠭ᠌ᠵᠢᠬᠦ᠌᠎ᠶ᠋ᠢ ᠠᠬᠢᠭᠤᠯᠤᠨ᠎ᠠ》᠃

《ᠰᠠᠨᠠᠭᠤᠯᠭ᠎ᠠ》 ᠎ᠳᠤ ᠡᠨᠡ ᠬᠦ᠌ ᠪᠠᠢᠷᠢ ᠲᠤᠭ᠍ᠳᠠᠭᠠᠯᠳᠠ᠎ᠶ᠋ᠢ ᠳᠠᠬᠢᠨ ᠳᠤᠷᠠᠳᠤᠭ᠍ᠰᠠᠨ᠎ᠨᠢ ᠨᠢᠭᠡ ᠴᠢᠬᠤᠯᠠ ᠳᠤᠬᠢᠶ᠎ᠠ᠎ᠶ᠋ᠢ ᠳᠠᠮᠵᠢᠭᠤᠯᠵᠠᠢ᠄ 《ᠭᠡᠷ ᠪᠠᠢᠱᠢᠩ ᠪᠣᠯ ᠰᠠᠭᠤᠬᠤ᠎ᠳᠤ ᠵᠤᠷᠢᠭᠤᠯᠤᠭ᠍ᠰᠠᠨ ᠶᠤᠮ᠂ ᠬᠠᠷᠢᠨ ᠰᠠᠷᠢᠭᠠᠯᠠᠬᠤ᠎ᠳᠤ ᠵᠤᠷᠢᠭᠤᠯᠤᠭ᠍ᠰᠠᠨ ᠪᠢᠰᠢ》 ᠭᠡᠳᠡᠭ᠎ᠨᠢ ᠤᠬᠤᠷ ᠬᠤᠭᠤᠴᠠᠭᠠᠨ᠎ᠤ ᠡᠵᠡᠮᠱᠢᠯ ᠲᠤᠬᠢᠷᠠᠭᠤᠯᠭ᠎ᠠ᠎ᠶ᠋ᠢᠨ ᠵᠠᠷᠢᠮ ᠳᠡᠳᠦᠢ ᠯᠡ ᠪᠢᠰᠢ᠂ ᠬᠠᠷᠢᠨ ᠳᠤᠮᠳᠠ ᠤᠷᠳᠤ ᠬᠤᠭᠤᠴᠠᠭᠠᠨ᠎ᠤ ᠡᠷᠬᠡᠪᠰᠢ ᠪᠠᠷᠢᠮᠳᠠᠯᠠᠬᠤ ᠲᠦᠷᠦ᠎ᠶ᠋ᠢᠨ ᠪᠤᠳᠤᠯᠭ᠎ᠠ᠎ᠶ᠋ᠢᠨ ᠤᠳᠤᠷᠢᠳᠤᠮᠵᠢ ᠪᠤᠯᠤᠨ᠎ᠠ᠃

《ᠭᠡᠷ ᠪᠠᠢᠱᠢᠩ ᠪᠣᠯ ᠰᠠᠭᠤᠬᠤ᠎ᠳᠤ ᠵᠤᠷᠢᠭᠤᠯᠤᠭ᠍ᠰᠠᠨ ᠶᠤᠮ᠂ ᠬᠠᠷᠢᠨ ᠰᠠᠷᠢᠭᠠᠯᠠᠬᠤ᠎ᠳᠤ ᠵᠤᠷᠢᠭᠤᠯᠤᠭ᠍ᠰᠠᠨ ᠪᠢᠰᠢ》 ᠭᠡᠳᠡᠭ ᠴᠤ᠌ ᠪᠠᠰᠠ ᠯᠡ ᠬᠤᠳᠠᠯᠳᠤᠨ ᠠᠪᠴᠤ᠌ ᠳᠡᠢᠯᠬᠦ᠌ ᠦᠭᠡᠢ ᠪᠣᠯ ᠶᠠᠭᠠᠬᠢᠨ᠎ᠠ?

《ᠰᠠᠨᠠᠭᠤᠯᠭ᠎ᠠ》 ᠎ᠳᠤ 《ᠪᠠᠲᠤᠯᠠᠭ᠎ᠠ᠎ᠶ᠋ᠢᠨ ᠴᠢᠨᠠᠷᠲᠠᠶ ᠣᠷᠣᠨ ᠰᠠᠭᠤᠴᠠ᠎ᠶ᠋ᠢᠨ ᠬᠠᠩᠭᠠᠯᠭ᠎ᠠ᠎ᠶ᠋ᠢ ᠪᠦᠲᠦᠮᠵᠢᠲᠡᠶ ᠨᠡᠮᠡᠭ᠌ᠳᠡᠭᠦᠯᠬᠦ᠌》 《ᠬᠠᠮᠲᠤ᠎ᠶ᠋ᠢᠨ ᠪᠦᠲᠦᠭᠡᠨ ᠪᠠᠢᠭᠤᠯᠤᠯᠲᠠ᠎ᠳᠤ ᠬᠡᠷᠡᠭ᠌ᠯᠡᠬᠦ᠌ ᠭᠠᠵᠠᠷ᠎ᠢ ᠠᠱᠢᠡᠡᠯᠠᠨ ᠲᠥᠯᠥᠪᠵᠢᠭᠦᠯᠭᠡ ᠶᠣᠰᠣᠭᠠᠷ ᠲᠦᠷᠢᠶᠡᠰᠦᠨ ᠣᠷᠣᠨ ᠰᠠᠭᠤᠴᠠ ᠪᠠᠢᠭᠤᠯᠬᠤ᠎ᠶ᠋ᠢ ᠬᠠᠢᠨ ᠰᠦᠪᠡᠭ᠌ᠴᠢᠯᠡᠵᠦ᠍᠂ ᠤᠷᠳᠤ ᠬᠤᠭᠤᠴᠠᠭ᠎ᠠ᠎ᠪᠠᠷ ᠭᠡᠷ ᠳᠦᠷᠢᠶᠡᠰᠦᠯᠡᠬᠦ᠌ ᠲᠦᠷᠦ᠎ᠶ᠋ᠢᠨ ᠪᠤᠳᠤᠯᠭ᠎ᠠ᠎ᠶ᠋ᠢ ᠲᠡᠭᠦᠯᠳᠡᠷᠵᠢᠭᠦᠯᠤᠨ᠎ᠠ》 ᠵᠡᠷᠭᠡ ᠠᠯᠢ ᠤᠯᠠᠨ ᠠᠷᠭ᠎ᠠ ᠬᠡᠮᠵᠢᠶ᠎ᠡ ᠳᠤᠷᠠᠳᠴᠠᠢ᠃ 《ᠣᠷᠣᠱᠢᠨ ᠰᠠᠭᠤᠬᠤ᠎ᠳᠤ ᠣᠷᠣᠨ ᠰᠠᠭᠤᠴᠠ᠎ᠲᠠᠢ》 ᠪᠠᠢᠬᠤ᠎ᠶ᠋ᠢ ᠪᠡᠶᠡᠯᠡᠭᠦᠯᠬᠦ᠌᠎ᠨᠢ ᠲᠡᠢᠮᠦ᠍ ᠴᠤ᠌ ᠬᠤᠯᠠ ᠪᠢᠰᠢ ᠪᠠᠢᠵᠤ ᠮᠡᠳᠡᠨ᠎ᠡ᠃

ᠴᠠᠯᠢᠩ᠎ᠲᠠᠢ ᠠᠮᠠᠷᠠᠯᠲᠠ᠎ᠶ᠋ᠢᠨ ᠳᠦᠷᠢᠮ᠎ᠢ ᠨᠠᠢᠳᠠᠪᠤᠷᠢᠵᠢᠭᠤᠯᠤᠨ᠎ᠠ

ᠲᠦᠷᠦᠭᠦᠬᠡᠨ ᠤᠯᠤᠰ᠎ᠤᠨ ᠪᠠᠶᠠᠷ᠂ ᠨᠠᠶᠮᠠᠨ ᠰᠠᠷ᠎ᠠ᠎ᠶ᠋ᠢᠨ ᠲᠡᠷᠭᠡᠯ ᠪᠠᠶᠠᠷ ᠳᠠᠪᠬᠤᠴᠠᠵᠤ᠂ ᠪᠦᠬᠦ᠌ ᠤᠯᠤᠰ᠎ᠤᠨ ᠠᠷᠠᠳ ᠲᠦᠮᠡᠨ ᠨᠢᠭᠡᠨ ᠮᠠᠰᠢ ᠤᠷᠲᠤ ᠠᠮᠠᠷᠠᠯᠲᠠ᠎ᠶ᠋ᠢᠨ ᠬᠤᠭᠤᠴᠠᠭ᠎ᠠ᠎ᠶ᠋ᠢ ᠦᠩᠭᠡᠷᠡᠭᠦᠯᠵᠠᠢ᠃ ᠭᠡᠪᠡᠴᠦ᠍ ᠬᠦᠮᠦᠰ ᠲᠥᠪᠯᠡᠷᠡᠨ ᠭᠠᠳᠠᠭ᠍ᠰᠢ ᠭᠠᠷᠴᠤ᠌ ᠵᠢᠭᠤᠯᠴᠢᠯᠠᠬᠤ᠎ᠪᠠᠷ ᠦᠵᠡᠮᠵᠢ᠎ᠶ᠋ᠢᠨ ᠣᠷᠣᠨ᠎ᠳᠤ ᠬᠦᠮᠦᠨ᠎ᠤ ᠳᠠᠯᠠᠢ ᠪᠤᠯᠵᠤ᠂ ᠬᠥᠮᠦᠰ᠎ᠤᠨ ᠳᠤᠷ᠎ᠠ ᠦᠭᠡᠢᠴᠡᠯ᠎ᠢ ᠶᠡᠬᠡᠳᠡ ᠬᠦᠷᠭᠡᠪᠡ᠃ 《ᠴᠠᠯᠢᠩ᠎ᠲᠠᠢ ᠠᠮᠠᠷᠠᠬᠤ + ᠣᠷᠭᠢᠯ᠎ᠤᠨ ᠬᠤᠭᠤᠴᠠᠭ᠎ᠠ᠎ᠠᠴᠠ ᠵᠠᠢᠯᠠᠰᠭᠢᠨ ᠵᠢᠭᠤᠯᠴᠢᠯᠠᠬᠤ》 ᠎ᠶ᠋ᠢ ᠪᠤᠳᠤᠭ᠍ᠰᠠᠨ ᠴᠤ᠌ ᠴᠥᠭᠡᠨ ᠪᠤᠰᠤ ᠠᠵᠤ ᠠᠬᠤᠢᠯᠠᠯ ᠪᠠ ᠠᠵᠢᠯ ᠦᠢᠯᠡᠰ᠎ᠤᠨ ᠨᠢᠭᠡᠴᠢ᠎ᠳᠤ ᠡᠨᠡ᠎ᠨᠢ ᠪᠡᠶᠡᠯᠡᠭ᠌ᠳᠡᠬᠦᠶ᠎ᠡ ᠪᠡᠷᠬᠡ ᠪᠠᠢᠯ᠎ᠠ᠃

《ᠦᠪᠡᠷ᠎ᠤᠨ ᠠᠮᠠᠷᠠᠯᠳᠠ᠎ᠪᠠᠨ ᠦᠪᠡᠷ᠎ᠢᠶᠠᠨ ᠡᠵᠡᠨ ᠮᠡᠳᠡᠬᠦ᠌》 ᠎ᠶ᠋ᠢ ᠪᠡᠶᠡᠯᠡᠭᠦᠯᠵᠦ᠍ ᠳᠡᠢᠯᠦᠨ᠎ᠠ ᠦᠦ?

《ᠰᠠᠨᠠᠭᠤᠯᠭ᠎ᠠ》 ᠎ᠳᠤ᠂ ᠪᠠᠶᠠᠷ ᠳᠤᠷᠠᠰᠭᠠᠯ᠎ᠤᠨ ᠡᠳᠦᠷ ᠠᠮᠠᠷᠠᠯᠲᠠ᠎ᠶ᠋ᠢᠨ ᠡᠳᠦᠷ᠎ᠤᠨ ᠲᠦᠷᠢᠮ᠎ᠢ ᠲᠡᠭᠦᠯᠳᠡᠷᠵᠢᠭᠦᠯᠵᠦ᠍᠂ ᠴᠠᠯᠢᠩ᠎ᠲᠠᠢ ᠠᠮᠠᠷᠠᠯᠲᠠ᠎ᠶ᠋ᠢᠨ ᠲᠦᠷᠢᠮ᠎ᠢ ᠨᠠᠢᠳᠠᠪᠤᠷᠢᠵᠢᠭᠤᠯᠤᠨ᠎ᠠ ᠭᠡᠵᠦ᠍ ᠲᠤᠰᠭᠠᠢ ᠳᠤᠷᠠᠳᠪᠠ᠃ ᠡᠨᠡ ᠬᠦ᠌ ᠱᠠᠭᠠᠷᠳᠠᠯᠭ᠎ᠠ ᠶᠣᠰᠣᠭᠠᠷ᠂ ᠬᠥᠳᠡᠯᠮᠦᠷᠢ᠎ᠶ᠋ᠢᠨ ᠬᠠᠤᠯᠢ ᠪᠣᠯᠤᠨ 《ᠠᠵᠢᠯᠲᠠᠨ ᠠᠵᠢᠯᠴᠢᠨ᠎ᠤ ᠴᠠᠯᠢᠩ᠎ᠲᠠᠢ ᠵᠢᠯ᠎ᠤᠨ ᠠᠮᠠᠷᠠᠯᠲᠠ ᠠᠪᠬᠤ ᠳᠦᠷᠢᠮ》 ᠵᠡᠷᠭᠡ ᠤᠳᠤᠬᠠᠨ᠎ᠳᠤ ᠪᠠᠢᠭ᠎ᠠ ᠲᠣᠭ᠍ᠲᠠᠭᠠᠯ᠎ᠢ ᠦᠨᠳᠦᠰᠦᠯᠡᠪᠡᠯ᠂ ᠬᠤᠵᠢᠮ ᠲᠠ ᠦᠪᠡᠷ᠎ᠤᠨ ᠠᠮᠠᠷᠠᠯᠲᠠ ᠠᠪᠬᠤ ᠡᠷᠬᠡ᠎ᠪᠠᠨ ᠪᠠᠲᠤᠯᠠᠵᠤ ᠳᠡᠢᠯᠬᠦ᠌ ᠪᠤᠯᠤᠮᠵᠢ᠎ᠲᠠᠢ᠃

ᠲᠦᠭᠡᠮᠡᠯ ᠬᠠᠷᠠᠭᠠᠯᠵᠠᠯᠳᠤ ᠴᠡᠴᠡᠷᠯᠢᠭ ᠪᠠ ᠨᠠᠰᠤᠵᠢᠯ᠎ᠤᠨ ᠦᠢᠯᠡᠴᠢᠯᠡᠭᠡ᠎ᠶ᠋ᠢ ᠬᠦᠭ᠌ᠵᠢᠭᠦᠯᠦᠨ᠎ᠠ

ᠨᠠᠰᠤᠲᠠᠢᠴᠤᠳ᠎ᠤᠨ ᠠᠰᠠᠷᠠᠮᠵᠢ᠎ᠶ᠋ᠢᠨ ᠬᠦᠷᠢᠶᠡᠯᠡᠩ᠎ᠳᠤ 《ᠣᠷᠣ ᠣᠯᠬᠤᠶ᠎ᠠ ᠪᠡᠷᠬᠡ》᠂ ᠬᠡᠤᠬᠡᠳ᠎ᠤᠨ ᠴᠡᠴᠡᠷᠯᠢᠭ᠎ᠤᠨ ᠡᠬᠢ ᠪᠠᠶᠠᠯᠢᠭ ᠳᠤᠲᠠᠭ᠍ᠳᠠᠬᠤ ᠁ ᠨᠠᠰᠤᠳᠠᠢᠴᠤᠳ ᠪᠠ ᠨᠢᠯᠬᠠᠰ᠎ᠤᠨ ᠠᠰᠠᠭᠤᠳᠠᠯ᠎ᠨᠢ ᠤᠳᠤ ᠬᠥᠮᠦᠰ᠎ᠢ ᠬᠠᠮᠤᠭ ᠢᠯᠡᠭᠦᠤ ᠵᠣᠪᠠᠨᠢᠭᠤᠯᠵᠤ ᠪᠠᠢᠳᠠᠭ᠃

《ᠬᠡᠦᠬᠡᠳ ᠥᠰᠭᠡᠬᠦ᠌᠎ᠳᠤ ᠶᠡᠭᠡ ᠮᠦᠩᠬᠦ᠌ ᠵᠠᠷᠤᠴᠠᠭᠤᠯᠬᠤ》 《ᠴᠡᠴᠡᠷᠯᠢᠭ᠎ᠲᠤ ᠣᠷᠣᠬᠤ᠎ᠳᠤ ᠬᠦᠴᠢᠷ》 ᠵᠡᠷᠭᠡ ᠠᠰᠠᠭᠤᠳᠠᠯ᠎ᠳᠤ ᠴᠢᠭ᠌ᠯᠡᠭᠦᠯᠦᠨ᠂ 《ᠰᠠᠨᠠᠭᠤᠯᠭ᠎ᠠ》 ᠎ᠳᠤ ᠠᠷᠠᠳ ᠣᠯᠠᠨ᠎ᠤ ᠠᠩᠬᠠᠷᠴᠤ᠌ ᠪᠠᠢᠭ᠎ᠠ ᠠᠰᠠᠭᠤᠳᠠᠯ᠎ᠲᠠᠢ ᠨᠢᠭ᠍ᠲᠠ ᠤᠶᠠᠯᠳᠤᠭᠤᠯᠤᠨ᠂ ᠦᠷᠡᠵᠢᠯ᠎ᠤᠨ ᠲᠥᠷᠥ᠎ᠶ᠋ᠢᠨ ᠪᠣᠳᠣᠯᠭ᠎ᠠ᠎ᠶ᠋ᠢᠨ ᠪᠠᠭ᠍ᠲᠠᠭᠠᠮᠵᠢᠲᠤ ᠴᠢᠨᠠᠷ᠎ᠢ ᠴᠢᠩᠭᠠᠳᠭᠠᠵᠦ᠍᠂ ᠲᠦᠭᠡᠮᠡᠯ ᠬᠠᠷᠠᠭᠠᠯᠵᠠᠯᠳᠤ ᠴᠡᠴᠡᠷᠯᠢᠭ᠎ᠤᠨ ᠦᠢᠯᠡᠴᠢᠯᠡᠭᠡᠨ᠎ᠤ ᠱᠢᠰᠲ᠋ᠧᠮ᠎ᠢ ᠬᠥᠭ᠌ᠵᠢᠭᠦᠯᠵᠦ᠍᠂ ᠲᠦᠷᠦᠬᠦ᠂ ᠦᠰᠭᠡᠬᠦ᠂ ᠰᠤᠷᠭᠠᠨ ᠬᠥᠮᠦᠵᠢᠭᠦᠯᠬᠦ᠌ ᠥᠪᠡᠷ᠎ᠤᠨ ᠥᠷᠲᠡᠭ᠎ᠢ ᠪᠠᠭᠤᠷᠠᠭᠤᠯᠵᠤ᠂ ᠲᠦᠭᠡᠮᠡᠯ ᠬᠠᠷᠠᠭᠠᠯᠵᠠᠯᠳᠤ ᠰᠤᠷᠬᠤ ᠨᠠᠰᠤᠨ᠎ᠠᠴᠠ ᠡᠮᠦᠨᠡᠬᠢ ᠰᠤᠷᠭᠠᠨ ᠬᠥᠮᠦᠵᠢᠯ᠎ᠢ ᠲᠡᠭᠦᠯᠳᠡᠷᠵᠢᠭᠦᠯᠵᠦ᠍᠂ ᠬᠡᠤᠬᠡᠳ ᠪᠤᠯᠭᠠᠨ ᠲᠥᠪ ᠭᠤᠤᠯᠴᠢ ᠪᠥᠭᠡᠳ ᠴᠢᠨᠠᠷ ᠰᠠᠢᠲᠠᠶ ᠰᠤᠷᠭᠠᠨ ᠬᠥᠮᠦᠵᠢᠯ ᠬᠦᠷᠲᠡᠬᠦ᠌ ᠵᠠᠪᠱᠢᠶᠠᠨ ᠪᠠᠢᠬᠤ᠎ᠶ᠋ᠢ ᠦᠨᠡᠨ ᠬᠦ᠌ ᠪᠠᠳᠤᠯᠠᠨ᠎ᠠ ᠭᠡᠵᠦ᠍ ᠳᠤᠷᠠᠳᠪᠠ᠃

ᠨᠠᠰᠤᠲᠠᠢᠴᠤᠳ᠎ᠤᠨ ᠠᠰᠠᠷᠠᠮᠵᠢ᠎ᠶ᠋ᠢᠨ ᠬᠦᠴᠢᠷ ᠲᠦᠪᠡᠭ ᠠᠰᠠᠭᠤᠳᠠᠯ᠎ᠳᠤ ᠴᠢᠭ᠌ᠯᠡᠭᠦᠯᠦᠨ᠂ 《ᠰᠠᠨᠠᠭᠤᠯᠭ᠎ᠠ》 ᠎ᠳᠤ᠂ ᠦᠨᠳᠦᠰᠦᠨ ᠨᠠᠰᠤᠵᠢᠯ᠎ᠤᠨ ᠦᠢᠯᠡᠴᠢᠯᠡᠭᠡᠨ᠎ᠤ ᠱᠢᠰᠲ᠋ᠧᠮ᠎ᠢ ᠪᠦᠷᠢᠨᠱᠢᠭᠦᠯᠵᠦ᠍᠂ ᠲᠦᠭᠡᠮᠡᠯ ᠬᠠᠷᠠᠭᠠᠯᠵᠠᠯᠳᠤ ᠨᠠᠰᠤᠵᠢᠯ᠎ᠤᠨ ᠦᠢᠯᠡᠴᠢᠯᠡᠭᠡᠨ ᠪᠣᠯᠤᠨ ᠬᠠᠷᠢᠯᠴᠠᠨ ᠬᠠᠪᠰᠤᠷᠤᠯᠴᠠᠬᠤ ᠴᠢᠨᠠᠷᠲᠠᠶ ᠨᠠᠰᠤᠵᠢᠯ᠎ᠤᠨ ᠠᠰᠠᠷᠠᠮᠵᠢ ᠵᠡᠷᠭᠡ᠎ᠶ᠋ᠢ ᠬᠥᠭ᠌ᠵᠢᠭᠦᠯᠵᠦ᠍᠂ ᠦᠳᠡᠯᠪᠡᠯ ᠬᠦᠷᠳᠡᠬᠦ᠌ ᠠᠰᠠᠷᠠᠮᠵᠢ᠎ᠲᠠᠢ᠂ ᠥᠲᠡᠯᠦᠭᠡ ᠨᠠᠰᠤ᠎ᠪᠠᠨ ᠪᠠᠶᠠᠷ ᠵᠢᠷᠭᠠᠯ᠎ᠲᠠᠢ ᠦᠩᠭᠡᠷᠡᠭᠦᠯᠬᠦ᠌᠎ᠳᠤ ᠬᠦᠴᠦᠲᠡᠶ ᠲᠤᠯᠭᠠᠭᠤᠷᠢᠯᠠᠯ ᠬᠠᠩᠭᠠᠨ᠎ᠠ ᠭᠡᠵᠦ᠍ ᠲᠤᠷᠠᠳᠤᠭ᠍ᠰᠠᠨ ᠪᠠᠢᠨ᠎ᠠ᠃

ᠠᠮᠢᠳᠤᠯᠢᠭ ᠠᠵᠢᠯ ᠤᠯᠭᠤᠯᠳᠠ᠎ᠶ᠋ᠢᠨ ᠬᠦᠮᠦᠰ᠎ᠤᠨ ᠨᠡᠢᠭᠡᠮ᠎ᠤᠨ ᠪᠠᠲᠤᠯᠠᠭ᠎ᠠ᠎ᠶ᠋ᠢᠨ ᠲᠦᠷᠢᠮ᠎ᠢ ᠪᠦᠷᠢᠨᠱᠢᠭᠦᠯᠦᠨ᠎ᠡ

《ᠪᠢ ᠨᠢᠭᠡ ᠭᠤᠷᠪᠠᠳᠠᠬᠢ ᠡᠲᠡᠭᠡᠳ᠎ᠤᠨ ᠺᠣᠮᠫᠠᠨᠢ᠎ᠲᠠᠢ ᠬᠡᠯᠡᠯᠴᠡᠭᠡᠷ ᠲᠣᠭ᠍ᠲᠠᠵᠠᠢ᠂ ᠠᠵᠢᠯ᠎ᠠᠴᠠ ᠪᠣᠯᠤᠭ᠍ᠰᠠᠨ ᠭᠡᠮᠲᠦᠯ᠎ᠤᠨ ᠳᠠᠭᠠᠳᠭᠠᠯ ᠪᠠ ᠠᠵᠢᠯᠳᠠᠨ ᠠᠵᠢᠯᠴᠢᠨ᠎ᠤ ᠨᠠᠰᠤᠵᠢᠯ᠎ᠤᠨ ᠠᠰᠠᠷᠠᠮᠵᠢ᠎ᠶ᠋ᠢᠨ ᠳᠠᠭᠠᠳᠭᠠᠯ ᠪᠠᠢᠬᠤ ᠦᠭᠡᠢ᠂ ᠱᠢᠷᠬᠠᠲᠤᠵᠦ᠍ ᠥᠲᠡᠯᠵᠦ᠍ ᠡᠪᠡᠳᠴᠢᠯᠡᠪᠡᠯ ᠶᠠᠭᠠᠬᠢᠨ᠎ᠠ ᠪᠤᠢ?》 ᠭᠡᠵᠦ᠍ ᠵᠠᠬᠢᠶᠠᠯᠠᠭ᠎ᠠ᠎ᠶ᠋ᠢᠨ ᠬᠤᠭᠤᠯᠠ ᠬᠦᠷᠭᠡᠭ᠌ᠴᠢ ᠯᠢ ᠴᠢᠶᠠᠩ ᠪᠡᠭᠡᠵᠢᠩ᠎ᠤᠨ ᠶᠡᠭᠡ ᠪᠠᠭ᠎ᠠ ᠵᠡᠭᠡᠯᠢ ᠭᠤᠳᠤᠮᠵᠢ᠎ᠪᠠᠷ ᠶᠠᠭᠠᠷᠠᠯᠳᠤᠨ ᠳᠠᠪᠬᠢᠬᠤ᠎ᠳᠠᠭᠠᠨ ᠲᠤᠳᠤᠷ᠎ᠠ᠎ᠨᠢ ᠦᠷᠭᠦᠯᠵᠢ ᠲᠦᠭ ᠲᠠᠭ᠎ᠲᠠᠢ ᠪᠠᠢᠳᠠᠭ᠃

ᠬᠤᠪᠢ᠎ᠶ᠋ᠢᠨ ᠡᠵᠡᠩᠨᠡᠯᠲᠡ᠎ᠶ᠋ᠢᠨ ᠡᠷᠦᠬᠡ᠂ ᠪᠦᠲᠦᠨ ᠡᠳᠦᠷ᠎ᠤᠨ ᠪᠤᠰᠤ ᠠᠵᠢᠯ ᠵᠢᠴᠢ ᠲᠦᠷᠭᠡᠨ ᠬᠦᠷᠭᠡᠯᠲᠡ᠂ ᠵᠠᠬᠢᠶᠠᠯᠠᠭ᠎ᠠ᠎ᠶ᠋ᠢᠨ ᠬᠤᠭᠤᠯᠠ ᠬᠦᠷᠭᠡᠬᠦ᠂ ᠰᠦᠯᠵᠢᠶᠡᠨ ᠳᠡᠭᠡᠷ᠎ᠡ ᠲᠡᠷᠭᠡ ᠪᠣᠯᠵᠣᠬᠤ ᠵᠡᠷᠭᠡ ᠱᠢᠨ᠎ᠡ ᠠᠵᠢᠯ ᠣᠯᠭᠤᠯᠲᠠ᠎ᠶ᠋ᠢᠨ ᠬᠡᠯᠪᠡᠷᠢ᠎ᠶ᠋ᠢ ᠪᠠᠭ᠍ᠲᠠᠭᠠᠭ᠍ᠰᠠᠨ ᠠᠮᠢᠳᠤᠯᠢᠭ ᠠᠵᠢᠯ ᠣᠯᠭᠤᠯᠲᠠ᠎ᠶ᠋ᠢᠨ ᠬᠡᠯᠪᠡᠷᠢ᠎ᠪᠠᠷ ᠠᠵᠢᠯᠯᠠᠵᠤ ᠪᠠᠢᠭ᠎ᠠ ᠬᠥᠮᠦᠰ 2 ᠳ᠋ᠦᠩᠱᠢᠭᠤᠷ ᠪᠠᠢᠵᠤ᠂ ᠠᠶᠤᠯ ᠲᠦᠭ᠌ᠰᠢᠭᠦᠷᠢ᠎ᠶ᠋ᠢ ᠡᠰᠡᠷᠭᠦᠴᠡᠬᠦ᠌ ᠴᠢᠳᠠᠪᠤᠷᠢ᠎ᠨᠢ ᠶᠡᠷᠦᠩᠬᠡᠢ᠎ᠳᠡᠭᠡᠨ ᠨᠡᠯᠢᠶᠡᠳ ᠪᠠᠭᠤᠷᠠᠶ ᠪᠠᠢᠳᠠᠭ᠃ 《ᠰᠠᠨᠠᠭᠤᠯᠭ᠎ᠠ》 ᠎ᠳᠤ᠂ 《ᠠᠮᠢᠳᠤᠯᠢᠭ ᠠᠵᠢᠯ ᠤᠯᠭᠤᠯᠳᠠ᠎ᠶ᠋ᠢᠨ ᠬᠦᠮᠦᠰ᠎ᠤᠨ ᠨᠡᠢᠭᠡᠮ᠎ᠤᠨ ᠪᠠᠲᠤᠯᠠᠭ᠎ᠠ᠎ᠶ᠋ᠢᠨ ᠲᠦᠷᠢᠮ᠎ᠢ ᠪᠦᠷᠢᠨᠱᠢᠭᠦᠯᠦᠨ᠎ᠡ》 ᠭᠡᠵᠦ᠍ ᠲᠣᠳᠣᠷᠬᠠᠶ ᠳᠤᠷᠠᠳᠴᠤ᠌᠂ ᠬᠥᠮᠦᠰ᠎ᠤᠨ ᠬᠦᠰᠡᠯ ᠡᠷᠡᠮᠡᠯᠵᠡᠯ᠎ᠳᠤ ᠨᠡᠢᠴᠡᠵᠤ᠂ ᠵᠠᠬᠢᠶᠠᠯᠠᠭ᠎ᠠ᠎ᠶ᠋ᠢᠨ ᠬᠤᠭᠤᠯᠠ ᠬᠦᠷᠭᠡᠭ᠌ᠴᠢ ᠯᠢ ᠴᠢᠶᠠᠩ ᠵᠡᠷᠭᠡ ᠠᠮᠢᠳᠤᠯᠢᠭ ᠤᠯᠭᠤᠯᠳᠠ᠎ᠶ᠋ᠢᠨ ᠬᠦᠮᠦᠰ᠎ᠢ ᠦᠮᠦᠭ ᠲᠦᠱᠢᠭ᠎ᠲᠠᠢ ᠰᠠᠨᠠᠭ᠍ᠳᠠᠭᠤᠯᠪᠠ᠃

《ᠰᠠᠨᠠᠭᠤᠯᠭ᠎ᠠ》 ᠎ᠳᠤ ᠪᠠᠰᠠ ᠨᠡᠢᠭᠡᠮ᠎ᠤᠨ ᠪᠠᠳᠤᠯᠠᠭ᠎ᠠ᠎ᠶ᠋ᠢᠨ ᠳᠠᠭᠠᠳᠭᠠᠯ᠎ᠢ ᠱᠢᠯᠵᠢᠭᠦᠯᠦᠨ ᠦᠷᠭᠦᠯᠵᠢᠯᠡᠭᠦᠯᠬᠦ᠌᠎ᠶ᠋ᠢ ᠠᠬᠢᠭᠤᠯᠵᠦ᠍᠂ ᠦᠨᠲᠦᠰᠦᠨ ᠨᠠᠰᠤᠵᠢᠯ᠎ᠤᠨ ᠳᠠᠭᠠᠳᠭᠠᠯ᠎ᠢ ᠪᠦᠬᠦ᠌ ᠤᠯᠤᠰ᠎ᠲᠤ ᠨᠢᠭᠡᠳᠦᠯᠲᠡᠶ ᠲᠥᠯᠥᠪᠵᠢᠭᠦᠯᠬᠦ᠌᠎ᠶ᠋ᠢ ᠪᠡᠶᠡᠯᠡᠭᠦᠯᠵᠦ᠍᠂ ᠣᠨᠳᠣᠤ ᠭᠠᠵᠠᠷ᠎ᠲᠤ ᠡᠮᠨᠡᠭᠦᠯᠦᠭ᠌ᠰᠡᠨ ᠵᠠᠷᠤᠳᠠᠯ᠎ᠢ ᠳ᠋ᠦᠩᠨᠡᠨ ᠪᠣᠳᠣᠬᠤ ᠵᠡᠷᠭᠡ᠎ᠶ᠋ᠢ ᠨᠠᠢᠳᠠᠪᠤᠷᠢᠵᠢᠭᠤᠯᠤᠨ᠎ᠠ ᠭᠡᠵᠦ᠍ ᠱᠠᠭᠠᠷᠲᠠᠵᠠᠢ᠂ ᠡᠲᠡᠭᠡᠷ ᠠᠷᠭ᠎ᠠ ᠬᠡᠮᠵᠢᠶ᠎ᠡ᠎ᠨᠢ ᠨᠡᠢᠭᠡᠮ᠎ᠤᠨ ᠪᠠᠲᠤᠯᠠᠭ᠎ᠠ᠎ᠶ᠋ᠢᠨ ᠲᠣᠤᠷ᠎ᠢ ᠤᠯᠠᠮ ᠨᠢᠭ᠍ᠲᠠ ᠰᠦᠯᠵᠢᠵᠦ᠍᠂ ᠬᠥᠮᠦᠰ᠎ᠲᠤ ᠨᠠᠩ ᠲᠦᠷᠭᠡᠨ ᠪᠦᠭᠡᠳ ᠳᠥᠭᠦᠮ ᠳᠥᠲᠡ ᠦᠢᠯᠡᠴᠢᠯᠡᠭᠡ ᠬᠠᠩᠭᠠᠬᠤ ᠪᠣᠯᠤᠨ᠎ᠠ᠃

ᠴᠢᠨᠠᠷ ᠰᠠᠢᠲᠠᠶ ᠡᠮᠴᠢᠯᠡᠭᠡᠨ᠎ᠤ ᠡᠬᠢ ᠪᠠᠶᠠᠯᠢᠭ᠎ᠢ ᠨᠡᠮᠡᠭ᠌ᠳᠡᠭᠦᠯᠦᠨ᠎ᠠ

ᠨᠢᠭᠡ ᠲᠠᠯ᠎ᠠ᠎ᠪᠠᠷ ᠶᠡᠭᠡ ᠡᠮᠨᠡᠯᠭᠡ᠎ᠶ᠋ᠢᠨ ᠬᠤᠷᠢᠶᠠᠠ᠎ᠳᠤ ᠲᠡᠷᠭᠡ ᠤᠨᠤᠭ᠎ᠠ ᠰᠦᠯᠵᠢᠯᠳᠦᠵᠦ᠍᠂ ᠬᠥᠮᠦᠨ ᠬᠠᠷ᠎ᠠ ᠤᠯᠠᠳᠠᠭᠠᠳ᠂ ᠲᠤᠰᠭᠠᠢ ᠮᠡᠷᠭᠡᠵᠢᠯᠲᠠᠠ᠎ᠤ 《ᠡᠮᠴᠢᠯᠡᠭᠡᠨ᠎ᠤ ᠳ᠋ᠤᠭᠠᠷ》 ᠎ᠢ ᠤᠯᠬᠤ᠎ᠳᠤ ᠪᠡᠷᠬᠡ ᠪᠠᠢᠵᠦ᠍᠂ ᠨᠦᠬᠦᠭᠡ ᠲᠠᠯ᠎ᠠ᠎ᠪᠠᠷ ᠦᠨᠲᠦᠰᠦᠠ ᠱᠠᠲᠤᠨ᠎ᠤ ᠶᠡᠭᠡ ᠬᠡᠮᠵᠢᠶᠡᠨ᠎ᠤ ᠡᠮᠴᠢᠯᠡᠭᠡᠨ᠎ᠤ ᠡᠬᠢ ᠪᠠᠶᠠᠯᠢᠭ ᠰᠤᠯᠠ ᠤᠷᠬᠢᠭ᠍ᠳᠠᠵᠤ᠂ ᠬᠦᠮᠦᠨ ᠬᠠᠷ᠎ᠠ ᠢᠯᠤᠮ ᠵᠢᠯᠤᠮ ᠬᠠᠷᠠᠭ᠍ᠳᠠᠨ᠎ᠠ᠃

ᠡᠨᠡ ᠬᠦ᠌ ᠵᠥᠷᠢᠴᠡᠯ᠎ᠳᠤ ᠴᠢᠭ᠌ᠯᠡᠭᠦᠯᠦᠨ᠂ 《ᠰᠠᠨᠠᠭᠤᠯᠭ᠎ᠠ》 ᠎ᠳᠤ᠂ ᠦᠨᠳᠦᠰᠦᠨ ᠡᠮ ᠡᠮᠴᠢᠯᠡᠭᠡ ᠡᠷᠡᠭᠦᠯ ᠬᠠᠮᠠᠭᠠᠯᠠᠯ᠎ᠤᠨ ᠦᠢᠯᠡᠰ᠎ᠤᠨ ᠨᠡᠢᠲᠡ᠎ᠶ᠋ᠢᠨ ᠠᠰᠠᠷᠠᠮᠵᠢ᠎ᠶ᠋ᠢᠨ ᠴᠢᠨᠠᠷ᠎ᠢ ᠪᠠᠷᠢᠮᠲᠠᠯᠠᠵᠤ᠂ ᠡᠮ ᠡᠮᠨᠡᠯᠭᠡ ᠡᠷᠡᠭᠦᠯ ᠬᠠᠮᠠᠭᠠᠯᠠᠯ᠎ᠤᠨ ᠪᠠᠢᠭᠤᠯᠤᠮᠵᠢ᠎ᠶ᠋ᠢᠨ ᠥᠭᠡᠷᠡᠴᠢᠯᠡᠯᠲᠡ᠎ᠶ᠋ᠢ ᠭᠦᠨᠵᠡᠭᠡᠢᠷᠡᠭᠦᠯᠤᠨ᠂ ᠴᠢᠨᠠᠷ ᠰᠠᠢᠲᠠᠶ ᠡᠮᠴᠢᠯᠡᠭᠡᠨ᠎ᠤ ᠡᠬᠢ ᠪᠠᠶᠠᠯᠢᠭ᠎ᠢ ᠨᠡᠮᠡᠭ᠌ᠳᠡᠭᠦᠯᠬᠦ᠌ ᠪᠠ ᠣᠷᠣᠨ ᠪᠦᠰᠡ᠎ᠶ᠋ᠢ ᠲᠡᠩᠴᠡᠭᠦᠷᠢᠲᠡᠶ ᠪᠠᠢᠷᠢᠱᠢᠭᠤᠯᠬᠤ᠎ᠶ᠋ᠢ ᠲᠦᠷᠭᠡᠳᠭᠡᠵᠦ᠍᠂ ᠱᠠᠲᠤ ᠬᠤᠪᠢᠶᠠᠨ ᠣᠨᠣᠱᠢᠯᠠᠨ ᠡᠮᠨᠡᠬᠦ᠌ ᠱᠢᠰᠲ᠋ᠧᠮ᠎ᠢ ᠱᠠᠯᠠᠪᠳᠠᠨ ᠪᠠᠢᠭᠤᠯᠵᠤ᠂ ᠠᠯᠤᠰ᠎ᠠᠴᠠ ᠡᠮᠴᠢᠯᠡᠬᠦ᠌ ᠵᠡᠷᠭᠡ᠎ᠶ᠋ᠢ ᠳᠡᠯᠭᠡᠷᠡᠭᠦᠯᠦᠨ᠎ᠠ ᠭᠡᠵᠦ᠍ ᠲᠤᠷᠠᠳᠴᠠᠢ᠃

ᠡᠳᠡᠭᠡᠷ ᠠᠷᠭ᠎ᠠ ᠬᠡᠮᠵᠢᠶ᠎ᠡ᠎ᠶ᠋ᠢ ᠦᠨᠳᠦᠰᠦᠯᠡᠪᠡᠯ᠂ ᠴᠢᠨᠠᠷ ᠰᠠᠢᠲᠠᠶ ᠡᠮᠴᠢᠯᠡᠭᠡᠨ᠎ᠤ ᠡᠬᠢ ᠪᠠᠶᠠᠯᠢᠭ᠎ᠤᠨ ᠬᠠᠩᠭᠠᠯᠭ᠎ᠠ ᠬᠦᠷᠦᠯᠴᠡᠬᠦ᠌ ᠦᠭᠡᠶ᠂ ᠲᠠᠷᠬᠠᠯᠳᠠ ᠲᠡᠭ᠌ᠰᠢ ᠪᠤᠰᠤ ᠪᠠᠢᠬᠤ ᠠᠰᠠᠭᠤᠳᠠᠯ᠎ᠢ ᠨᠠᠮᠳᠠᠭᠤᠯᠬᠤ ᠡᠷᠡᠮᠡᠯᠵᠡᠯ ᠪᠠᠢᠬᠤ ᠪᠥᠭᠡᠳ ᠡᠪᠡᠳᠴᠢᠲᠡᠨ᠎ᠤ ᠣᠷᠣᠨ ᠠᠯᠤᠰᠯᠠᠨ ᠡᠮᠴᠢᠯᠡᠭᠦᠯᠬᠦ᠌᠎ᠶ᠋ᠢ ᠪᠠᠭᠠᠰᠭᠠᠵᠦ᠍᠂ ᠡᠮᠴᠢᠯᠡᠭᠡᠨ᠎ᠤ ᠳᠠᠷᠤᠭᠠᠰᠤ᠎ᠶ᠋ᠢ ᠬᠥᠩᠭᠡᠷᠡᠭᠦᠯᠬᠦ᠌ ᠡᠷᠡᠮᠡᠯᠵᠡᠯ᠎ᠲᠠᠢ ᠪᠠᠢᠨ᠎ᠠ᠃

ᠬᠥᠳᠡᠭᠡ ᠲᠣᠰᠭᠤᠨ᠎ᠤ ᠣᠷᠣᠯᠭ᠎ᠠ ᠪᠠᠭᠠᠲᠠᠶ ᠬᠥᠮᠦᠨ ᠠᠮᠠ ᠪᠠ ᠬᠥᠭ᠌ᠵᠢᠭᠡᠳᠦᠶ ᠭᠠᠵᠠᠷ ᠣᠷᠣᠨ᠎ᠢ ᠬᠠᠪᠰᠤᠷᠤᠨ ᠲᠡᠳᠬᠦᠬᠦ᠌ ᠲᠣᠭ᠍ᠲᠠᠴᠠ᠎ᠶ᠋ᠢ ᠪᠠᠢᠭᠤᠯᠤᠨ᠎ᠠ

ᠡᠨᠡ ᠵᠢᠯ ᠪᠣᠯ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ ᠱᠢᠢᠳᠪᠦᠷᠢᠲᠦ ᠳᠠᠢᠯᠠᠯᠳᠤᠭᠠᠨ ᠬᠢᠵᠦ᠍ ᠱᠢᠢᠳᠪᠦᠷᠢᠲᠦ ᠢᠯᠠᠯᠲᠠ ᠤᠯᠬᠤ ᠵᠢᠯ ᠪᠣᠯᠤᠨ᠎ᠠ᠃ ᠬᠡᠷᠬᠢᠵᠦ᠍ ᠶᠠᠳᠠᠭᠤ ᠬᠦᠴᠢᠷᠳᠡᠯᠲᠡᠶ ᠣᠯᠠᠨ ᠲᠦᠮᠡᠠ᠎ᠤ ᠦᠨᠳᠦᠰᠦᠨ ᠵᠦᠶᠯ᠎ᠢ ᠪᠠᠲᠤᠯᠠᠵᠤ᠂ ᠶᠠᠳᠠᠭᠤ᠎ᠠᠴᠠ ᠠᠩᠭᠢᠵᠢᠷᠠᠭᠤᠯᠤᠭ᠍ᠰᠠᠨ ᠦᠷ᠎ᠠ ᠪᠦᠲᠦᠭᠡᠯ᠎ᠢ ᠰᠠᠢᠲᠤᠷ ᠪᠠᠬᠢᠵᠢᠭᠦᠯᠵᠦ᠍᠂ ᠳᠠᠬᠢᠨ ᠶᠠᠳᠠᠭᠤᠷᠠᠬᠤ᠎ᠶ᠋ᠢ ᠰᠡᠷᠭᠡᠢᠯᠡᠬᠦ᠌ ᠪᠣᠶ?

《ᠰᠠᠨᠠᠭᠤᠯᠭ᠎ᠠ》 ᠎ᠳᠤ᠂ ᠬᠥᠳᠡᠭᠡ ᠲᠣᠰᠭᠤᠨ᠎ᠤ ᠣᠷᠣᠯᠭ᠎ᠠ ᠪᠠᠭᠠᠲᠠᠶ ᠬᠥᠮᠦᠨ ᠠᠮᠠ ᠪᠠ ᠬᠥᠭ᠌ᠵᠢᠭᠡᠲᠦᠢ ᠭᠠᠵᠠᠷ ᠣᠷᠣᠨ᠎ᠢ ᠬᠠᠪᠰᠤᠷᠤᠨ ᠲᠡᠳᠬᠦᠬᠦ᠌ ᠲᠣᠭ᠍ᠲᠠᠴᠠ᠎ᠶ᠋ᠢ ᠪᠠᠢᠭᠤᠯᠵᠤ᠂ ᠡᠳ᠋᠎ᠤᠨ ᠵᠠᠰᠠᠭ᠎ᠤᠨ ᠣᠷᠣᠭᠤᠯᠤᠯᠲᠠ᠎ᠶ᠋ᠢᠨ ᠡᠷᠴᠢᠮ ᠶᠡᠷᠦᠩᠬᠡᠶ᠎ᠳᠡᠭᠡᠨ ᠲᠣᠭ᠍ᠲᠠᠭᠤᠨ ᠪᠠᠢᠬᠤ᠎ᠶ᠋ᠢ ᠪᠠᠲᠤᠯᠠᠵᠦ᠍᠂ ᠶᠠᠳᠠᠭᠤ᠎ᠠᠴᠠ ᠠᠩᠭᠢᠵᠢᠷᠠᠭ᠍ᠰᠠᠨ ᠭᠠᠵᠠᠷ ᠣᠷᠣᠨ᠎ᠤ ᠬᠥᠭ᠌ᠵᠢᠯᠲᠡ᠎ᠶ᠋ᠢ ᠦᠷᠭᠦᠯᠵᠢᠯᠡᠨ ᠠᠬᠢᠭᠤᠯᠤᠨ᠎ᠠ᠃ ᠬᠥᠳᠡᠭᠡ ᠲᠣᠰᠭᠤᠨ᠎ᠤ ᠨᠡᠢᠭᠡᠮ᠎ᠤᠨ ᠪᠠᠲᠤᠯᠠᠭ᠎ᠠ ᠪᠠ ᠠᠪᠤᠷᠠᠨ ᠲᠤᠰᠠᠯᠠᠬᠤ ᠳᠦᠷᠢᠮ᠎ᠢ ᠪᠦᠷᠢᠨᠱᠢᠭᠦᠯᠦᠨ᠎ᠠ᠃ ᠨᠡᠢᠲᠡ᠎ᠶ᠋ᠢᠨ ᠠᠰᠠᠷᠠᠮᠵᠢ᠎ᠶ᠋ᠢᠨ ᠴᠢᠨᠠᠷᠲᠠᠶ ᠠᠵᠢᠯ᠎ᠤᠨ ᠪᠠᠢᠷᠢ᠎ᠶ᠋ᠢᠨ ᠳᠤᠬᠢᠷᠠᠭᠤᠯᠤᠯᠳᠠ᠎ᠶ᠋ᠢ ᠥᠷᠭᠡᠳᠭᠡᠵᠦ᠍᠂ ᠵᠡᠮᠳᠡᠭ᠌ᠴᠦᠳ᠂ ᠠᠵᠢᠯ᠎ᠲᠠᠢ ᠬᠦᠮᠦᠨ ᠦᠭᠡᠢ ᠭᠡᠷ ᠪᠦᠯᠢ᠎ᠶ᠋ᠢᠨ ᠪᠦᠷᠢᠯᠳᠦᠬᠦᠨ᠎ᠢ ᠬᠠᠪᠰᠤᠷᠴᠤ᠌ ᠠᠵᠢᠯ ᠣᠯᠭᠤᠨ᠎ᠠ ᠭᠡᠵᠦ᠍ ᠲᠤᠷᠠᠳᠪᠠ᠃

《ᠰᠠᠨᠠᠭᠤᠯᠭ᠎ᠠ》 ᠎ᠶ᠋ᠢ ᠦᠨᠳᠦᠰᠦᠯᠡᠪᠡᠯ᠂ ᠮᠠᠨ᠎ᠤ ᠤᠯᠤᠰ ᠪᠠᠷᠠᠭᠤᠨ ᠣᠷᠣᠨ᠎ᠤ ᠶᠠᠳᠠᠭᠤ᠎ᠠᠴᠠ ᠠᠩᠭᠢᠵᠢᠷᠠᠭ᠍ᠰᠠᠨ ᠱᠢᠶᠠᠨ᠎ᠠᠴᠠ ᠨᠢᠭᠡ ᠪᠦᠯᠦᠭ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠭᠤᠣᠯᠳᠠᠯᠭ᠎ᠠ᠎ᠲᠠᠢ ᠬᠠᠪᠰᠤᠷᠤᠨ ᠲᠡᠳᠬᠦᠬᠦ᠌ ᠱᠢᠶᠠᠨ᠎ᠢ ᠲᠥᠪᠯᠡᠷᠡᠭᠦᠯᠦᠨ ᠳᠡᠮᠵᠢᠵᠦ᠍᠂ ᠶᠠᠳᠠᠭᠤ᠎ᠠᠴᠠ ᠠᠩᠭᠢᠵᠢᠷᠠᠭ᠍ᠰᠠᠨ ᠦᠷ᠎ᠠ ᠪᠦᠲᠦᠭᠡᠯ᠎ᠢ᠎ᠨᠢ ᠪᠠᠬᠢᠵᠢᠭᠦᠯᠬᠦ᠌ ᠵᠢᠴᠢ ᠳᠣᠲᠣᠭᠠᠳᠤ ᠬᠥᠭ᠌ᠵᠢᠯᠲᠡ᠎ᠶ᠋ᠢᠨ ᠴᠢᠳᠠᠪᠤᠷᠢ᠎ᠶ᠋ᠢ᠎ᠨᠢ ᠨᠡᠮᠡᠭ᠌ᠳᠡᠭᠦᠯᠤᠨ᠎ᠠ᠃

(ᠱᠢᠨᠬᠤᠸᠠ ᠬᠤᠷᠢᠶᠠᠨ᠎ᠤ ᠪᠡᠭᠡᠵᠢᠩ᠎ᠤᠨ 11 ᠰᠠᠷ᠎ᠠ᠎ᠶ᠋ᠢᠨ 4 ᠎ᠤ ᠴᠠᠬᠢᠯᠭᠠᠨ ᠮᠡᠳᠡᠭᠡ᠎ᠠᠴᠠ)





ᠣᠷᠴᠢᠭᠤᠯᠤᠭ᠍ᠴᠢ᠄
ᠨᠠᠢᠷᠠᠭᠤᠯᠤᠭ᠍ᠴᠢ᠄ ᠱᠢᠨᠡᠴᠡᠴᠡᠭ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号