ᠮᠥᠷᠬᠦᠴᠢ᠎ᠶ᠋ᠢᠨ ᠡᠩᠭᠡᠷ᠎ᠲᠠᠬᠢ 30 ᠳᠦᠮᠡᠨ ᠳᠦᠬᠦᠷᠢᠭ᠎ᠤᠨ ᠭᠠᠢᠬᠠᠮᠱᠢᠭ
2020-12-14 09:54:24
ᠵᠣᠬᠢᠶᠠᠭ᠍ᠴᠢ᠄
ᠪᠤᠤ ᠥᠷᠭᠡᠨ ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

11 ᠰᠠᠷ᠎ᠠ᠎ᠶ᠋ᠢᠨ 13 ᠎ᠤ ᠥᠳᠠ᠎ᠶ᠋ᠢᠨ ᠬᠤᠢᠨ᠎ᠠ᠂ ᠮᠠᠷᠭᠡᠨ ᠵᠢᠨᠢᠩ ᠭᠠᠯᠳᠤ ᠲᠡᠷᠭᠡᠨ ᠥᠷᠳᠡᠭᠡᠨ᠎ᠳᠤ ᠭᠤᠸᠠᠩᠵᠸᠤ ᠬᠤᠳᠠ᠎ᠠᠴᠠ ᠪᠤᠴᠠᠨ ᠢᠷᠡᠭ᠌ᠰᠡᠨ ᠬᠡᠷᠭᠡᠢ ᠲᠠᠨ᠎ᠠ᠎ᠪᠠᠨ ᠲᠤᠰᠴᠤ᠌ ᠪᠤᠴᠠᠬᠤ ᠵᠠᠮ᠎ᠢᠶᠠᠨ ᠡᠯᠬᠦᠵᠠᠢ᠃ ᠲᠠᠨ᠎ᠠ ᠭᠤᠸᠠᠩᠵᠸᠤ ᠬᠤᠳᠠ᠎ᠳᠤ ᠬᠥᠷᠴᠤ᠌ ᠪᠥᠬᠦ᠌ ᠤᠯᠤᠰ᠎ᠤᠨ ᠶᠠᠳᠠᠭᠤ ᠬᠦ᠍ᠴᠢᠷᠳᠠᠯᠳᠠᠢ ᠬᠤᠱᠢᠭᠤ ᠱᠢᠶᠠᠨ᠎ᠤ ᠥᠢᠯᠡᠰ ᠪᠤᠰᠭᠠᠬᠤ ᠪᠠᠶᠠᠵᠢᠯ᠎ᠤᠨ ᠲᠠᠭᠠᠭᠤᠯᠤᠬ᠍ᠴᠢ᠎ᠶ᠋ᠢᠨ ᠪᠤᠯᠪᠠᠰᠤᠷᠠᠯ᠎ᠤᠨ ᠠᠩᠭᠢ᠎ᠳᠤ ᠤᠷᠤᠯᠴᠠᠨ ᠪᠤᠴᠠᠵᠥ᠍ ᠢᠷᠡᠵᠥ᠍ ᠪᠠᠢᠬ᠍ᠰᠠᠨ᠎ᠨᠢ ᠡᠨᠡ ᠠᠵᠢ᠃ ᠬᠡᠬᠦ᠌᠎ᠳᠡᠭᠡᠨ ᠲᠠᠨ᠎ᠠ ᠲᠤᠰ ᠤᠳᠠᠭ᠎ᠠ᠎ᠶ᠋ᠢᠨ ᠪᠤᠯᠪᠠᠰᠤᠷᠠᠯ᠎ᠤᠨ ᠠᠩᠭᠢ᠎ᠶ᠋ᠢᠨ 《ᠱᠢᠯᠢᠳᠡᠭ ᠰᠤᠷᠤᠯᠴᠠᠭᠠᠳᠠᠨ》 ᠎ᠤ ᠱᠠᠩᠨᠠᠯ ᠲᠤᠰᠤᠬ᠍ᠰᠠᠨ᠎ᠨᠢ ᠮᠡᠷᠭᠡᠨ᠎ᠢ ᠤᠯᠠᠮ ᠪᠠᠶᠠᠷᠯᠠᠭᠤᠯᠤᠨ ᠵᠤᠷᠢᠬ᠍ᠵᠢᠭᠤᠯᠵᠥ᠍ ᠪᠠᠢᠯ᠎ᠠ᠃

ᠴᠠᠬᠠᠷ ᠪᠠᠷᠠᠭᠤᠨ ᠭᠠᠷᠤᠨ ᠬᠤᠢᠳᠤ ᠬᠤᠱᠢᠭᠤᠨ᠎ᠤ ᠪᠠᠷᠠᠭᠤᠨ ᠵᠠᠬ᠎ᠠ᠎ᠳᠤ ᠪᠠᠢᠷᠢᠯᠠᠬ᠍ᠰᠠᠨ ᠱᠢᠯᠢ ᠱᠢᠶᠠᠩ᠎ᠤᠨ ᠠᠭᠤᠯᠠ ᠲᠠᠯ᠎ᠠ ᠮᠦᠩᠬᠦᠨ ᠴᠠᠭᠠᠨ᠎ᠢᠶᠠᠷ ᠬᠤᠴᠢᠭ᠍ᠳᠠᠵᠦ᠍ ᠨᠠᠮᠤᠭᠤᠬᠠᠨ ᠳᠤᠩᠭᠠᠯᠠᠭ ᠡᠳᠤᠷ᠎ᠢᠶᠠᠷ ᠵᠢᠷᠭᠠᠨ᠎ᠠ᠃ ᠮᠥᠷᠬᠦᠴᠢ᠎ᠶ᠋ᠢᠨ ᠠᠭᠤᠯᠠ᠎ᠶ᠋ᠢ ᠲᠥᠱᠢᠨ ᠰᠠᠭᠤᠷᠢᠱᠢᠬ᠍ᠰᠠᠨ 《ᠤᠳᠤᠳᠤ ᠳᠡᠭ᠌ᠷᠢ᠎ᠶ᠋ᠢᠨ ᠨᠡᠬᠦᠳᠡᠯ》 ᠵᠢᠭᠤᠯᠴᠢᠯᠠᠯ᠎ᠤᠨ ᠭᠠᠵᠠᠷ ᠡᠪᠤᠯ᠎ᠤᠨ ᠠᠮᠠᠷᠠᠯᠳᠠ ᠪᠤᠯᠵᠤ ᠨᠠᠮ ᠰᠡᠯᠡᠬᠦᠥ ᠪᠠᠢᠬ᠍ᠰᠠᠨ ᠴᠤ᠌ ᠭᠡᠷ᠎ᠤᠨ ᠡᠵᠡᠭ᠌ᠳᠠᠢ ᠮᠡᠷᠭᠡᠨ ᠥᠢᠯᠡᠳᠪᠤᠷᠢᠯᠡᠯ ᠠᠮᠢᠳᠤᠷᠠᠯ᠎ᠳᠠᠭᠠᠨ ᠶᠠᠭᠠᠷᠠᠵᠥ᠍ ᠪᠠᠢᠯ᠎ᠠ᠃ ᠮᠡᠷᠭᠡᠨ᠄ 《ᠡᠨᠡ ᠵᠢᠯ᠎ᠠᠴᠠ ᠡᠬᠢᠯᠡᠨ ᠲᠠᠨ᠎ᠠ ᠪᠢᠳᠠ ᠬᠤᠶᠠᠭᠤᠯᠠ ᠲᠤᠰ ᠵᠢᠭᠤᠴᠢᠯᠠᠯ᠎ᠤᠨ ᠭᠠᠵᠠᠷ᠎ᠢᠶᠠᠨ ᠵᠢᠩᠭᠢᠨᠢ᠎ᠪᠠᠷ ᠡᠵᠡᠩᠨᠡᠵᠥ᠍ ᠡᠬᠢᠯᠡᠭ᠌ᠰᠡᠨ ᠶᠤᠮ᠃ ᠮᠠᠨ᠎ᠤ ᠵᠢᠭᠤᠯᠴᠢᠯᠠᠯ᠎ᠤᠨ ᠭᠠᠵᠡᠷ ᠭᠡᠵᠥ᠍ ᠵᠤᠴᠢᠳ᠎ᠲᠤ ᠬᠤᠨᠤᠭ᠍ᠯᠠᠬᠤ᠂ ᠬᠤᠭᠤᠯᠠᠯᠠᠬᠤ᠂ ᠦᠨᠳᠤᠰᠤᠳᠡᠨ᠎ᠤ ᠵᠠᠩ ᠦᠢᠯᠡ᠎ᠶ᠋ᠢ ᠪᠡᠶᠡᠴᠢᠯᠡᠨ ᠤᠢᠯᠠᠭᠠᠬᠤ ᠵᠡᠷᠬᠡ᠎ᠶ᠋ᠢ ᠨᠢᠬᠡ ᠴᠤᠭ᠍ᠴᠠᠵᠢᠭᠤᠯᠤᠭ᠍ᠰᠠᠨ ᠥᠢᠯᠡᠴᠢᠯᠡᠭᠡ ᠬᠠᠨᠭ᠌ᠭᠠᠵᠥ᠍᠂ ᠭᠤᠷᠪᠠᠭ᠍ᠠᠨ ᠰᠠᠷ᠎ᠠ᠎ᠶ᠋ᠢᠨ ᠬᠤᠭᠤᠴᠠᠭᠠᠨ᠎ᠳᠤ 30 ᠳᠦᠮᠡᠨ ᠳᠦᠬᠦᠷᠢᠭ᠎ᠤᠨ ᠴᠡᠪᠡᠷ ᠤᠷᠤᠯᠭ᠎ᠠ ᠡᠬᠦᠳᠦᠭ᠌ᠰᠡᠨ ᠪᠤᠯᠬᠤᠷ ᠲᠠᠨ᠎ᠠ ᠬᠤᠱᠢᠭᠤ᠎ᠪᠠᠨ ᠲᠥᠯᠥᠭᠡᠯᠡᠨ ᠭᠤᠸᠠᠩᠵᠸᠤ᠋᠎ᠳᠤ ᠬᠥᠷᠴᠤ᠌ ᠪᠤᠯᠪᠠᠰᠤᠷᠠᠯ᠎ᠳᠤ ᠤᠷᠤᠯᠴᠠᠬ᠍ᠰᠠᠨ ᠶᠤᠮ》 ᠬᠡᠵᠥ᠍ ᠲᠠᠨᠢᠯᠴᠠᠭᠤᠯᠵᠤ ᠪᠢᠯᠠ᠃

ᠮᠥᠷᠬᠦᠴᠢ᠎ᠶ᠋ᠢᠨ ᠰᠦᠮ᠎ᠠ ᠪᠤᠯ ᠬᠤᠯᠠ ᠦᠢᠷ᠎ᠠ᠎ᠳᠤ ᠠᠯᠳᠠᠷᠱᠢᠭ᠍ᠰᠠᠨ ᠬᠤᠪᠢᠰᠭᠠᠯ᠎ᠤᠨ ᠭᠤᠯᠤᠮᠳᠠ ᠤᠷᠤᠨ᠎ᠤ ᠨᠢᠬᠡ ᠪᠤᠯᠬᠤ ᠶᠤᠮ᠃ ᠮᠡᠷᠬᠡᠨ ᠲᠠᠨ᠎ᠠ ᠬᠤᠶᠠᠭᠤᠯᠠ᠎ᠶ᠋ᠢᠨ ᠡᠵᠡᠩᠨᠡᠭ᠌ᠰᠡᠨ 《ᠤᠳᠤᠳᠤ ᠳᠡᠭ᠌ᠷᠢ᠎ᠶ᠋ᠢᠨ ᠨᠡᠬᠦᠳᠡᠯ》 ᠵᠢᠭᠤᠯᠴᠢᠯᠠᠯ᠎ᠤᠨ ᠭᠠᠵᠠᠷ᠎ᠨᠢ ᠴᠠᠬᠠᠷ ᠪᠠᠷᠠᠭᠤᠨ ᠭᠠᠷᠤᠨ ᠬᠤᠢᠳᠤ ᠬᠤᠱᠢᠭᠤᠨ᠎ᠤ ᠱᠢᠯᠢ ᠱᠢᠶᠠᠩ᠎ᠤᠨ ᠮᠦᠷᠬᠦᠴᠢ᠎ᠶ᠋ᠢᠨ ᠰᠦᠮ᠎ᠠ ᠭᠠᠴᠠᠭᠠᠨ᠎ᠳᠤ ᠬᠠᠷᠢᠶᠠᠯᠠᠭ᠍ᠳᠠᠵᠤ ᠪᠤᠢ᠂ ᠤᠳᠤ᠎ᠶ᠋ᠢᠨ ᠮᠦᠷᠬᠦᠴᠢ᠎ᠶ᠋ᠢᠨ ᠰᠦᠮ᠎ᠠ ᠭᠠᠴᠠᠭ᠎ᠠ᠎ᠨᠢ ᠠᠭᠤᠢ ᠬᠤᠱᠢᠭᠤ᠂ ᠴᠠᠭᠠᠨᠨᠠᠭᠤᠷ᠂ ᠮᠦᠷᠬᠦᠴᠢ᠎ᠶ᠋ᠢᠨ ᠰᠦᠮ᠎ᠠ ᠵᠡᠷᠬᠡ ᠬᠤᠳᠠ᠎ᠶ᠋ᠢ ᠬᠠᠮᠳᠤᠷᠠᠭᠤᠯᠤᠭ᠍ᠰᠠᠨ ᠬᠠᠭᠠᠰ ᠮᠠᠯᠵᠢᠬᠤ ᠬᠠᠭᠠᠰ ᠳᠠᠷᠢᠶᠠᠯᠠᠬᠤ ᠤᠷᠤᠨ ᠪᠤᠯᠬᠤ ᠶᠤᠮ᠃ ᠭᠠᠴᠠᠭᠠᠨ᠎ᠤ ᠡᠷᠬᠢᠨ ᠳᠤᠭᠤᠷᠢᠨ᠎ᠢᠶᠠᠷ᠎ᠢᠶᠠᠨ ᠦᠵᠡᠮᠵᠢᠳᠤ ᠰᠠᠢᠬᠠᠨ ᠠᠭᠤᠯᠠ ᠬᠠᠢᠷᠠᠬᠠᠨ᠂ ᠦᠩ ᠱᠢᠮᠡᠯᠢᠭ ᠡᠪᠡᠰᠤ ᠤᠷᠭᠤᠮᠠᠯ᠎ᠢᠶᠠᠷ ᠴᠢᠮᠡᠭ᠌ᠯᠡᠭ᠌ᠳᠡᠨ᠂ ᠪᠠᠷᠠᠭᠤᠨ ᠳᠠᠯ᠎ᠠ᠎ᠪᠠᠷ᠎ᠨᠢ ᠵᠢᠨᠢᠩ᠎ᠠᠴᠠ ᠬᠦᠬᠡᠪᠤᠷ ᠬᠦᠷᠬᠦ᠌ 335 ᠤᠯᠤᠰ᠎ᠤᠨ ᠵᠠᠮ᠎ᠤᠨ ᠬᠡᠰᠡᠭ ᠦᠩᠬᠡᠷᠡᠨ᠂ ᠡᠮᠦᠨᠡᠬᠦᠷ᠎ᠨᠢ ᠮᠦᠷᠬᠦᠴᠢ᠎ᠶ᠋ᠢᠨ ᠭᠤᠤᠯ᠂ ᠠᠭᠤᠢ᠎ᠶ᠋ᠢᠨ ᠬᠤᠱᠢᠭᠤ ᠭᠤᠤᠯ ᠪᠠᠷᠠᠭᠤᠨ᠎ᠠᠴᠠ ᠡᠮᠦᠨᠡᠰᠢ ᠤᠭᠠᠯᠵᠠᠯᠠᠨ ᠤᠷᠤᠰᠴᠤ᠌᠂ ᠠᠭᠤᠯᠠ᠎ᠶ᠋ᠢᠨ ᠬᠠᠵᠠᠭᠤ ᠪᠠᠯ᠎ᠢᠶᠠᠷ ᠴᠠᠭᠠᠨ ᠴᠢᠯᠠᠭᠤ᠎ᠪᠠᠷ ᠤᠷᠠᠯᠠᠨ ᠵᠤᠬᠢᠶᠠᠬ᠍ᠰᠠᠨ ᠠᠷᠪᠠᠨ ᠵᠢᠷᠭᠤᠭᠠᠨ ᠲᠤᠮᠤ ᠰᠠᠷᠠᠯ ᠠᠬ᠍ᠳᠠ᠎ᠶ᠋ᠢᠨ ᠴᠢᠯᠠᠭᠤᠨ ᠵᠢᠷᠤᠬ᠎ᠤᠨ ᠪᠥᠳᠥᠭᠡᠯ ᠠᠯᠤᠰ᠎ᠠᠴᠠ ᠰᠦᠷᠳᠡᠢ ᠬᠠᠷᠠᠬ᠍ᠳᠠᠵᠦ᠍ ᠵᠢᠭᠤᠯᠴᠢᠯᠠᠯ᠎ᠤᠨ ᠥᠢᠯᠡᠰ ᠡᠵᠡᠩᠨᠡᠬᠦ᠌᠎ᠶ᠋ᠢᠨ ᠬᠠᠪᠤᠲᠠᠢ ᠨᠦᠬᠦᠴᠡᠯ᠎ᠢ ᠪᠦᠷᠢᠯᠳᠦᠬᠦᠯᠵᠠᠢ᠃

ᠮᠡᠷᠬᠡᠨ ᠲᠠᠨ᠎ᠠ ᠬᠤᠶᠠᠭᠤᠯᠠ ᠪᠤᠯ ᠳᠤᠮᠳᠠᠳᠤ ᠰᠤᠷᠭᠠᠭᠤᠯᠢ᠎ᠶ᠋ᠢᠨ ᠦᠶ᠎ᠠ᠎ᠶ᠋ᠢᠨ ᠬᠠᠮᠳᠤ ᠰᠤᠷᠤᠯᠭᠠᠳᠠᠨ ᠪᠠᠢᠵᠥ᠍᠂ ᠬᠤᠵᠢᠮ᠎ᠨᠢ ᠰᠤᠷᠭᠠᠭᠤᠯᠢ ᠰᠤᠶᠤᠯ᠎ᠤᠨ ᠮᠦᠷ᠎ᠢ ᠬᠦᠬᠡᠬᠡᠵᠤ ᠦᠪᠡᠷ ᠦᠪᠡᠷ᠎ᠤᠨ ᠶᠡᠭᠡ ᠰᠤᠷᠭᠠᠭᠤᠯᠢ᠎ᠶ᠋ᠢᠨ ᠤᠶᠤᠳᠠᠨ ᠠᠮᠢᠳᠤᠷᠠᠯ᠎ᠢᠶᠠᠨ ᠬᠢᠵᠥ᠍᠂ ᠲᠠᠨ᠎ᠠ ᠦᠬᠠᠨ᠎ᠤ ᠤᠰᠤᠨ ᠠᠱᠢᠬ᠍ᠯᠠᠯᠳᠠ᠎ᠶ᠋ᠢᠨ ᠳᠡᠬᠡᠳᠤ ᠰᠤᠷᠭᠠᠭᠤᠯᠢ᠎ᠠᠴᠠ ᠪᠠᠷᠢᠯᠭ᠎ᠠ᠎ᠶ᠋ᠢᠨ ᠮᠡᠷᠬᠡᠵᠢᠯ᠎ᠢᠶᠠᠷ ᠳᠡᠬᠦᠰᠴᠤ᠌᠂ ᠮᠡᠷᠬᠡᠨ ᠲᠠᠳᠮ᠎ᠠ ᠤᠷᠠᠯᠢᠭ᠎ᠤᠨ ᠰᠤᠷᠭᠠᠭᠤᠯᠢ᠎ᠠᠴᠠ ᠮᠤᠷᠢᠨ ᠬᠤᠭᠤᠷ᠎ᠤᠨ ᠮᠡᠷᠬᠡᠵᠢᠯ᠎ᠢᠶᠠᠷ ᠲᠡᠬᠦᠰᠴᠤ᠌᠂ 2013 ᠤᠨ᠎ᠳᠤ ᠠᠮᠢᠳᠤᠷᠠᠯ᠎ᠤᠨ ᠵᠠᠶᠠᠭ᠎ᠠ᠎ᠪᠠᠨ ᠬᠤᠯᠪᠤᠨ ᠬᠠᠯᠠᠭᠤᠨ ᠳᠤᠯᠠᠭᠠᠨ ᠬᠡᠷ ᠪᠦᠯᠢ᠎ᠪᠠᠨ ᠪᠠᠢᠭᠤᠯᠪᠠ᠃ ᠳᠡᠳᠡ ᠬᠤᠶᠠᠭᠤᠯᠠ ᠬᠡᠳᠤᠨ ᠵᠢᠯ ᠭᠠᠳᠠᠭ᠍ᠰᠢ ᠬᠦᠴᠤᠨ᠎ᠤ ᠠᠵᠢᠯ ᠬᠢᠵᠤ ᠪᠠᠢᠭ᠍ᠰᠠᠨ᠎ᠢᠶᠠᠨ ᠤᠶᠤᠳᠠᠳ᠎ᠤᠨ ᠨᠤᠳᠤᠭ᠎ᠲᠠᠭᠠᠨ ᠪᠤᠴᠠᠵᠤ ᠦᠢᠯᠡᠰ ᠪᠤᠰᠭᠠᠬᠤ ᠳᠦᠷᠤ᠎ᠶ᠋ᠢᠨ ᠪᠤᠳᠤᠯᠭ᠎ᠠ᠎ᠶ᠋ᠢᠨ ᠤᠷᠢᠶᠠᠯᠠᠭ᠎ᠠ᠎ᠪᠠᠷ ᠱᠢᠯᠢ᠎ᠶ᠋ᠢᠨ ᠳᠠᠯ᠎ᠠ᠎ᠳᠠᠭᠠᠨ ᠦᠢᠯᠡᠰ ᠪᠤᠰᠭᠠᠬᠤ᠎ᠪᠠᠷ ᠵᠤᠷᠢᠭ ᠱᠢᠭᠤᠳᠤᠨ ᠪᠤᠴᠠᠨ ᠢᠷᠡᠵᠥ᠍᠂ 《ᠤᠳᠤᠳᠤ ᠳᠡᠭ᠌ᠷᠢ᠎ᠶ᠋ᠢᠨ ᠨᠡᠬᠦᠳᠡᠯ》 ᠵᠢᠭᠤᠯᠴᠢᠯᠠᠯ᠎ᠤᠨ ᠭᠠᠵᠠᠷ᠎ᠢᠶᠠᠨ ᠡᠬᠦᠰᠭᠡᠨ ᠪᠠᠢᠭᠤᠯᠤᠬ᠍ᠰᠠᠨ ᠪᠠᠢᠨ᠎ᠠ ᠃

ᠠᠵᠢᠯᠴᠢ ᠬᠦᠮᠦᠨ᠎ᠤ ᠦᠢᠯᠡᠰ ᠦᠬᠡᠳᠡᠷᠬᠡᠭ ᠬᠡᠳᠡᠭ᠌ᠴᠢᠯᠡᠨ ᠵᠢᠷᠤᠭ ᠱᠢᠭ᠋ ᠰᠠᠢᠬᠠᠨ ᠨᠤᠳᠤᠭ᠎ᠤᠨ᠎ᠢᠶᠠᠨ ᠡᠯᠢᠬᠡᠨ᠎ᠳᠤ 80 ᠭᠠᠷᠤᠢ ᠲᠥᠮᠡᠨ ᠳᠦᠬᠦᠷᠢᠭ᠎ᠤᠨ ᠪᠡᠯᠡ ᠤᠷᠤᠭᠤᠯᠤᠨ ᠲᠤᠰ ᠵᠢᠭᠤᠯᠴᠢᠯᠠᠯ᠎ᠤᠨ ᠭᠠᠵᠠᠷ᠎ᠢᠶᠠᠨ ᠪᠦᠳᠦᠬᠡᠨ ᠪᠠᠢᠭᠤᠯᠤᠬ᠍ᠰᠠᠨ ᠪᠢᠯᠡ᠃ 《ᠬᠥᠳᠡᠭᠡ ᠲᠤᠰᠭᠤᠨ᠎ᠤ ᠵᠢᠭᠤᠯᠴᠢᠯᠠᠯ ᠪᠤᠯ ᠱᠢᠨ᠎ᠠ᠎ᠪᠠᠷ ᠮᠠᠨᠳᠤᠬ᠍ᠰᠠᠨ ᠠᠵᠤ ᠥᠢᠯᠡᠰ ᠪᠦᠬᠡᠳ ᠬᠥᠳᠡᠭᠡ ᠲᠤᠰᠭᠤᠨ᠎ᠤ ᠵᠢᠭᠤᠯᠴᠢᠯᠠᠯ᠎ᠢ ᠶᠡᠭᠡ᠎ᠪᠠᠷ ᠬᠥᠭ᠌ᠵᠢᠬᠦᠯᠬᠦ᠌᠎ᠶ᠋ᠢ ᠵᠤᠷᠢᠬ᠍ᠵᠢᠭᠤᠯᠵᠥ᠍ ᠪᠠᠢᠬᠤ ᠲᠤᠯᠠ ᠪᠢᠳᠠ ᠤᠯᠠᠮ ᠵᠤᠷᠢᠬ᠍ᠵᠢᠵᠥ᠍᠂ ᠦᠢᠯᠡᠰ᠎ᠢᠶᠠᠨ ᠬᠦᠭ᠌ᠵᠢᠬᠦᠯᠬᠦ᠌ ᠵᠤᠷᠢᠬ ᠲᠡᠬᠦᠯᠳᠡᠷ ᠪᠠᠢᠨ᠎ᠠ》 ᠭᠡᠭ᠌ᠰᠡᠭᠡᠷ ᠮᠡᠷᠭᠡᠨ ᠪᠢᠳᠠᠠ᠎ᠢ ᠲᠠᠭᠠᠭᠤᠯᠤᠨ ᠵᠢᠭᠤᠯᠴᠢᠯᠠᠯ᠎ᠤᠨ ᠭᠠᠵᠠᠷ᠎ᠤᠨ ᠵᠢᠷᠭᠤᠭᠠᠨ ᠳᠠᠰᠤᠯᠭ᠎ᠠ ᠸᠠᠭᠠᠷ ᠳᠤᠭᠤᠰᠭᠠᠨ ᠪᠠᠢᠱᠢᠩ᠎ᠤᠨ ᠬᠤᠨᠤᠭ᠍ᠯᠠᠬᠤ ᠦᠷᠤᠬᠡ᠂ 3 ᠳᠠᠰᠤᠯᠭ᠎ᠠ ᠬᠤᠨᠤᠭ᠍ᠯᠠᠵᠤ ᠬᠤᠭᠤᠯᠠᠯᠠᠬᠤ ᠮᠤᠩᠭᠤᠯ ᠬᠡᠷ᠎ᠢᠶᠠᠷ᠎ᠢᠶᠠᠨ ᠲᠤᠭᠤᠷᠢᠭᠤᠯᠪᠠ᠃ ᠦᠷᠤᠬᠡ ᠬᠡᠷ᠎ᠲᠤᠨᠢ ᠦᠨᠳᠤᠰᠤᠳᠡᠨ᠎ᠤ ᠰᠤᠶᠤᠯ᠎ᠤᠨ ᠠᠭᠤᠷ ᠠᠮᠢᠰᠭᠤᠯ ᠪᠢᠯᠬᠠᠨ᠂ 20 ᠬᠦᠮᠦᠨ᠎ᠤ ᠬᠤᠨᠤᠭ᠍ᠯᠠᠯ᠂ 40 — 50 ᠬᠦᠮᠦᠨ᠎ᠤ ᠵᠤᠴᠢᠯᠠᠭ᠎ᠠ᠎ᠶ᠋ᠢ ᠬᠦᠯᠢᠶᠠᠨ ᠠᠪᠴᠤ᠌ ᠴᠢᠳᠠᠳᠠᠭ ᠲᠤᠮᠤᠬᠠᠨ ᠥᠷᠥᠭᠡ᠎ᠪᠠᠨ ᠪᠥᠷ ᠮᠤᠩᠭᠤᠯ ᠤᠯᠠᠮᠵᠢᠯᠠᠯᠳᠤ ᠰᠤᠶᠤᠯ᠎ᠤᠨ ᠡᠯᠧᠮᠧᠨ᠋ᠲ᠎ᠢ ᠠᠭᠤᠰᠤᠯᠴᠠᠭᠤᠯᠤᠨ ᠴᠢᠮᠡᠭ᠌ᠯᠠᠵᠥ᠍ ᠭᠤᠶᠤᠯᠠᠬ᠍ᠰᠠᠨ ᠪᠠᠢᠨ᠎ᠠ᠃ ᠡᠵᠡᠩᠨᠡᠯᠳᠡ᠎ᠪᠠᠨ ᠡᠬᠢᠯᠡᠬᠦᠯᠦᠭ᠌ᠰᠡᠨ᠎ᠠᠴᠠ ᠨᠠᠭᠠᠰᠢ ᠲᠤᠰ ᠵᠢᠭᠤᠯᠴᠢᠯᠠᠯ᠎ᠤᠨ ᠭᠠᠵᠠᠷ᠎ᠨᠢ ᠡᠾᠧᠪᠸᠢ᠂ ᠬᠠᠢᠨᠠᠨ᠂ ᠪᠡᠬᠡᠵᠢᠩ᠂ ᠱᠠᠩᠬᠠᠢ᠂ ᠹᠦᠵᠢᠶᠠᠨ ᠵᠡᠷᠬᠡ ᠪᠦᠬᠦ᠌ ᠤᠯᠤᠰ᠎ᠤᠨ ᠡᠯ᠎ᠠ ᠭᠠᠵᠠᠷ᠎ᠤᠨ ᠵᠤᠴᠢᠳ᠎ᠢ ᠤᠭ᠍ᠳᠤᠵᠤ᠂ ᠵᠤᠭᠠᠴᠠᠭ᠍ᠰᠡᠳ᠎ᠤᠨ ᠦᠨᠳᠤᠷ ᠦᠨᠡᠯᠠᠯᠳᠡ ᠪᠠ ᠬᠦᠷᠢᠶᠠᠯᠡᠯ᠎ᠢ ᠤᠯᠤᠭ᠍ᠰᠠᠨ᠎ᠢᠶᠠᠷ ᠥᠯᠥ᠍ ᠪᠠᠷᠠᠮ ᠵᠠᠯᠠᠭᠤᠴᠤᠳ᠎ᠤᠨ ᠬᠠᠯᠠᠮᠱᠢᠯ ᠪᠤᠯᠵᠤ ᠪᠠᠢᠭ᠎ᠠ ᠪᠤᠱᠢᠭᠤ ᠭᠠᠷ᠂ ᠮᠸᠢ ᠲᠤᠸᠠᠨ᠂ ᠱᠢᠶᠤᠤ ᠬᠤᠩ ᠱᠦ᠍ ᠵᠡᠷᠬᠡ ᠵᠠᠭᠤᠴᠢᠯᠠᠭᠤᠷ᠎ᠤᠨ ᠳᠠᠪᠴᠠᠩ᠎ᠢ ᠠᠱᠢᠬ᠍ᠯᠠᠨ ᠨᠤᠳᠤᠭ᠎ᠤᠨ ᠭᠠᠷᠤᠯᠳᠠ᠂ ᠤᠯᠠᠭᠠᠨ ᠢᠳᠡᠭᠡ᠂ ᠴᠠᠭᠠᠨ ᠢᠳᠡᠭᠡ᠎ᠪᠠᠨ ᠤᠬᠠᠭᠤᠯᠵᠤ ᠨᠤᠳᠤᠬ ᠤᠷᠤᠨ᠎ᠤ᠎ᠪᠠᠨ ᠨᠡᠷ᠎ᠠ ᠨᠥᠯᠥᠬᠡ᠎ᠶ᠋ᠢ ᠥᠷᠭᠡᠳᠭᠡᠵᠥ᠍ ᠶᠠᠪᠤᠨ᠎ᠠ᠃

ᠨᠢᠳᠦᠨ ᠱᠢᠯ ᠵᠡᠬᠦᠭ᠌ᠰᠡᠨ ᠥᠨᠳᠤᠷᠭᠡᠨ ᠪᠠᠶ᠎ᠠ᠎ᠲᠠᠢ᠂ ᠴᠠᠭᠠᠬᠠᠨ ᠴᠢᠷᠠᠢ᠎ᠲᠠᠢ᠂ ᠨᠠᠮᠵᠢᠭᠤᠨ ᠲᠦᠯᠬᠡᠨ ᠵᠠᠩ᠎ᠲᠠᠢ ᠮᠡᠷᠭᠡᠨ᠄ 《ᠪᠢᠳᠡ ᠵᠢᠭᠤᠯᠴᠢᠯᠠᠯ᠎ᠤᠨ ᠭᠠᠵᠠᠷ᠎ᠢᠶᠠᠨ ᠡᠨᠡ ᠵᠢᠯ᠎ᠤᠨ ᠬᠠᠪᠤᠷ᠎ᠠᠴᠠ ᠡᠬᠢᠯᠡᠨ ᠪᠦᠳᠦᠬᠡᠨ ᠪᠠᠢᠭᠤᠯᠤᠯᠳᠠ᠎ᠪᠠᠨ ᠡᠬᠢᠯᠡᠬᠦᠯᠵᠤ᠂ 3 ᠰᠠᠷ᠎ᠠ ᠭᠠᠷᠤᠢ᠎ᠶ᠋ᠢᠨ ᠬᠤᠭᠤᠴᠠᠭ᠎ᠠ ᠬᠡᠷᠡᠭ᠌ᠰᠡᠵᠤ᠂ ᠡᠵᠡᠩᠨᠡᠯᠳᠡ᠎ᠪᠠᠨ ᠡᠬᠢᠯᠡᠬᠦᠯᠦᠭ᠌ᠰᠡᠨ ᠠᠩᠬᠠᠨ᠎ᠤ ᠬᠤᠭᠤᠴᠠᠭᠠᠨ᠎ᠳᠤ ᠬᠢᠵᠢᠭ᠎ᠤᠨ ᠨᠦᠯᠤᠬᠡ᠎ᠠᠴᠠ ᠪᠤᠯᠵᠤ ᠤᠷᠤᠯᠭ᠎ᠠ ᠳᠡᠮᠡᠢ ᠰᠠᠢᠨ ᠪᠢᠰᠢ ᠪᠠᠢᠭ᠍ᠰᠠᠨ ᠶᠤᠮ᠃ ᠬᠢᠵᠢᠭ᠎ᠢ ᠰᠡᠷᠭᠡᠢᠯᠡᠨ ᠡᠵᠡᠮᠳᠡᠬᠦ᠌ ᠠᠵᠢᠯ ᠱᠠᠳᠤᠴᠢ ᠴᠢᠨᠠᠷᠳᠠᠢ ᠠᠮᠵᠢᠯᠳᠠ ᠤᠯᠬᠤ᠎ᠶ᠋ᠢ ᠳᠠᠭᠠᠯᠳᠤᠨ ᠡᠵᠡᠩᠨᠡᠯᠳᠡ ᠠᠭᠠᠵᠢᠮ᠎ᠢᠶᠠᠷ ᠰᠡᠷᠬᠦᠵᠤ᠂ ᠡᠨᠡ ᠵᠢᠯ᠎ᠤᠨ ᠤᠯᠤᠰ᠎ᠤᠨ ᠪᠠᠶᠠᠷ᠎ᠤᠨ ᠬᠤᠭᠤᠴᠠᠭᠠᠨ᠎ᠳᠤ᠂ ᠤᠷᠤᠨ᠎ᠤ ᠲᠤᠳᠤᠭᠠᠳᠤ᠎ᠶ᠋ᠢᠨ ᠡᠯ᠎ᠠ ᠭᠠᠵᠠᠷ ᠤᠷᠤᠨ ᠪᠠ ᠱᠠᠨ ᠰᠢ᠂ ᠪᠡᠬᠡᠵᠢᠩ᠂ ᠲᠢᠶᠠᠨᠵᠢᠨ ᠵᠡᠷᠭᠡ ᠠᠷᠪᠠ ᠭᠠᠷᠤᠢ ᠮᠤᠵᠢ ᠬᠤᠳᠠ ᠵᠢᠴᠢ ᠤᠯᠤᠰ᠎ᠤᠨ ᠭᠠᠳᠠᠭᠠᠳᠤ᠎ᠶ᠋ᠢᠨ ᠵᠤᠴᠢᠳ ᠤᠯᠠᠱᠢᠷᠠᠵᠤ᠂ ᠭᠤᠷᠪᠠᠭ᠍ᠠᠨ ᠰᠠᠷ᠎ᠠ ᠱᠢᠬᠠᠮ᠎ᠤᠨ ᠬᠤᠭᠤᠴᠠᠭᠠᠨ᠎ᠳᠤ 4 ᠮᠢᠩᠭ᠎ᠠ ᠭᠠᠷᠤᠢ ᠵᠢᠭᠤᠯᠴᠢᠯᠠᠬ᠍ᠰᠠᠳ᠎ᠢ ᠬᠦᠯᠢᠶᠠᠨ ᠠᠪᠴᠤ᠌ ᠵᠤᠴᠢᠯᠠᠬ᠍ᠰᠠᠨ ᠪᠠᠢᠨ᠎ᠠ᠃ ᠨᠠᠮ᠎ᠤᠨ ᠠᠷᠪᠠ ᠶᠢᠰᠦᠳᠦᠬᠡᠷ ᠬᠤᠭᠤᠴᠠᠭᠠᠨ᠎ᠤ ᠲᠦᠪ ᠬᠤᠷᠢᠶᠠᠨ᠎ᠤ ᠲᠠᠪᠤᠳᠤᠭᠠᠷ ᠪᠦᠬᠦᠳᠡ ᠬᠤᠷᠠᠯ᠎ᠠᠴᠠ ᠠᠷᠠᠳ ᠲᠦᠮᠡᠨ᠎ᠳᠤ ᠨᠡᠩ ᠶᠡᠭᠡ ᠪᠤᠶᠠᠨ ᠵᠢᠷᠭᠠᠯ ᠡᠳ᠋ᠯᠡᠬᠦᠯᠬᠦ᠌ ᠲᠤᠬᠠᠢ ᠠᠯᠢ ᠤᠯᠠᠨ ᠱᠢᠢᠳᠪᠦᠷᠢᠳᠦ ᠪᠤᠳᠤᠯᠭ᠎ᠠ ᠲᠤᠷᠠᠳᠤᠯ᠎ᠠ᠃ ᠪᠢᠳᠡ ᠵᠠᠪᠠᠯ ᠴᠠᠬ ᠲᠤᠬᠢᠶᠠᠯ᠎ᠢ ᠠᠮᠵᠢᠵᠤ᠂ ᠡᠷᠬᠢᠯᠡᠭ᠌ᠰᠡᠨ ᠠᠵᠢᠯ᠎ᠢᠶᠠᠨ ᠰᠠᠢᠳᠤᠷ ᠬᠢᠵᠤ᠂ ᠨᠡᠩ ᠶᠡᠭᠡ ᠠᠮᠵᠢᠯᠳᠠ᠎ᠳᠤ ᠬᠦᠷᠬᠦ᠌᠎ᠪᠠᠷ ᠴᠢᠷᠮᠠᠢᠨ᠎ᠠ》 ᠬᠡᠵᠤ ᠰᠡᠳᠭᠢᠯ ᠲᠤᠬ᠍ᠳᠤᠯᠤᠨ ᠶᠠᠷᠢᠬᠤ᠎ᠳᠤ ᠤᠬᠠᠭᠠᠨ ᠰᠠᠨᠠᠭ᠎ᠠ ᠠᠪᠢᠶᠠᠰ ᠴᠢᠳᠠᠪᠤᠷᠢ ᠤᠷᠤᠯᠳᠤᠯᠭ᠎ᠠ ᠴᠢᠷᠮᠠᠢᠯᠭ᠎ᠠ ᠲᠡᠩᠴᠡᠭ᠌ᠰᠡᠨ ᠡᠨᠡ ᠬᠦ᠌ ᠠᠮᠠᠷᠠᠬ ᠬᠤᠤᠰ᠎ᠤᠨ ᠡᠷᠬᠢᠯᠡᠵᠤ ᠪᠦᠬᠦᠢ 《ᠤᠳᠤᠳᠤ ᠲᠡᠭ᠌ᠷᠢ᠎ᠶ᠋ᠢᠨ ᠨᠡᠬᠦᠳᠡᠯ》 ᠎ᠤᠨ ᠠᠶᠠᠨ᠎ᠨᠢ ᠯᠠᠪᠳᠠᠢ ᠤᠷᠳᠤ᠎ᠠᠴᠠ ᠤᠷᠳᠤ ᠦᠷᠬᠦᠯᠵᠢᠯᠠᠨ᠎ᠠ ᠬᠡᠳᠡᠭ᠎ᠨᠢ ᠢᠯᠡᠬᠡᠨ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号