ᠰᠤᠷᠪᠤᠯᠵᠢᠯᠠᠭ᠎ᠠ᠎ᠶ᠋ᠢᠨ ᠠᠵᠢᠯ᠎ᠢᠶᠠᠷ ᠬᠡᠳᠦᠨ ᠵᠢᠯ ᠨᠠᠭᠠᠰᠢ ᠴᠠᠭᠠᠰᠢ ᠲᠠᠪᠬᠢᠭᠤᠯᠵᠤ ᠶᠠᠪᠤᠬ᠍ᠰᠠᠨ ᠴᠤ᠌ ᠢᠩᠬᠢᠵᠦ᠍ ᠬᠠᠳᠠᠭᠠᠰᠤ ᠮᠦᠷᠬᠦᠭ᠌ᠰᠡᠨ ᠲᠤᠬᠢᠶᠠᠯᠳᠤᠯ ᠳᠣᠩ ᠴᠦᠬᠡᠨ᠃ ᠲᠡᠨᠢᠬᠡᠷ ᠭᠤᠪᠢ᠎ᠶ᠋ᠢᠨ ᠦᠷᠦᠴᠡᠨ᠎ᠳᠤ᠂ ᠦᠩᠬᠡ᠎ᠨᠢ ᠬᠠᠷ᠎ᠠ ᠠᠭᠤᠯᠠᠨ᠎ᠤ ᠨᠦᠮᠦᠷᠢ᠎ᠳᠤ ᠪᠠᠢᠷᠢᠯᠠᠭ᠎ᠠ ᠮᠠᠯᠴᠢᠨ ᠠᠢᠯ ᠲᠠᠢᠪᠤᠩ ᠠᠮᠤᠭᠤᠯᠠᠩ᠃ ᠭᠤᠪᠢ᠎ᠶ᠋ᠢᠨ ᠲᠡᠭ᠌ᠷᠢ᠎ᠲᠠᠢ ᠦᠩᠬᠡ ᠢᠵᠢᠯᠱᠢᠭ᠌ᠰᠡᠨ ᠴᠡᠩᠬᠡᠷ ᠲᠡᠬᠡᠪᠦᠷ᠎ᠲᠠᠢ ᠬᠤᠶᠠᠷ ᠲᠠᠰᠤᠯᠭ᠎ᠠ ᠲᠤᠭᠤᠰᠭᠠᠨ ᠪᠠᠢᠱᠢᠩ᠎ᠢ ᠵᠠᠯᠭᠠᠭᠤᠯᠤᠭᠠᠳ ᠬᠦᠮᠦᠷᠬᠡ᠂ ᠲᠡᠷᠬᠡᠨ ᠬᠦᠮᠦᠷᠬᠡ ᠪᠠᠷᠢᠵᠠᠢ᠃ ᠶᠡᠭᠡ ᠬᠤᠳᠠ᠎ᠶ᠋ᠢᠨ ᠴᠡᠴᠡᠷᠯᠢᠭ᠎ᠤᠨ ᠬᠡᠷᠡᠰᠭᠡ ᠠᠳᠠᠯᠢ ᠲᠡᠮᠦᠷ ᠭᠡᠷᠡᠰᠭᠡ᠎ᠪᠠᠷ ᠡᠩᠨᠡᠭᠦᠯᠦᠨ ᠪᠠᠷᠢᠬ᠍ᠰᠠᠨ ᠮᠠᠯ᠎ᠤᠨ ᠬᠤᠷᠤᠭᠠᠨ ᠲᠤᠳᠤᠷ᠎ᠠ ᠬᠤᠷᠢᠭᠠᠳ ᠢᠱᠢᠬᠡ ᠱᠢᠳᠦᠯᠡᠩᠤᠳ ᠬᠠᠶᠠᠵᠤ ᠦᠭ᠌ᠬᠦᠭ᠌ᠰᠡᠨ ᠡᠪᠡᠰᠦ ᠲᠡᠵᠢᠬᠡᠯ᠎ᠳᠡᠭᠡᠨ ᠱᠢᠨᠤᠵᠤ ᠪᠦᠬᠡᠮᠨᠡᠷᠡᠯᠳᠦᠨᠠ᠃ ᠬᠡᠷ᠎ᠤᠨ ᠡᠬᠦᠳᠡᠨ᠎ᠳᠤ ᠭᠤᠪᠢ᠎ᠶ᠋ᠢᠨ ᠮᠠᠯᠴᠢᠳ᠎ᠤᠨ ᠦᠷᠬᠦᠯᠵᠢ ᠬᠡᠷᠡᠭ᠌ᠯᠡᠳᠡᠭ ᠵᠠᠬ᠎ᠤᠨ ᠲᠦᠯᠡᠭᠡ᠎ᠶ᠋ᠢ ᠦ ᠦᠬᠡᠢ ᠲᠡᠭ᠌ᠰᠢᠬᠡᠨ ᠤᠪᠤᠭᠠᠯᠠᠵᠤ ᠲᠠᠯᠪᠢᠵᠠᠢ᠃ ᠮᠠᠯ᠎ᠳᠠᠭᠠᠨ ᠡᠪᠡᠰᠦ ᠤᠰᠤ ᠲᠠᠯᠪᠢᠬ᠍ᠰᠠᠨ ᠪᠠᠢᠳᠠᠯ ᠲᠦᠯᠦᠪ᠂ ᠪᠠᠷᠠᠭᠤᠨᠰᠢ ᠭᠠᠷᠤᠭᠠᠳ ᠶᠠᠪᠤᠬ᠍ᠰᠠᠨ ᠮᠤᠲ᠋ᠤᠷ᠎ᠤᠨ ᠱᠢᠨᠡᠬᠡᠨ ᠮᠦᠷ᠎ᠢ᠎ᠨᠢ ᠠᠵᠢᠪᠠᠯ᠂ ᠡᠨᠡ ᠮᠠᠯᠴᠢᠨ ᠠᠢᠯ᠎ᠤᠨ ᠡᠵᠡᠨ᠎ᠨᠢ ᠰᠠᠶᠢᠬᠠᠨ ᠮᠠᠯ᠎ᠳᠠᠭᠠᠨ ᠶᠠᠪᠤᠬ᠍ᠰᠠᠨ ᠪᠤᠯᠤᠯᠳᠠᠢ᠃
ᠡᠵᠡᠨ᠎ᠡ ᠬᠤᠱᠢᠭᠤᠨ᠎ᠤ ᠵᠠᠬ᠎ᠠ ᠬᠢᠵᠠᠭᠠᠷ ᠨᠤᠳᠤᠬ᠂ ᠪᠠᠷᠠᠭᠤᠨ ᠵᠠᠬ᠎ᠠ᠎ᠶ᠋ᠢᠨ ᠬᠠᠷ᠎ᠠ ᠪᠦᠷᠬᠦᠳ᠎ᠤᠨ ᠠᠭᠤᠯᠠ ᠪᠠᠯᠭᠠᠰᠤᠨ᠎ᠳᠤ ᠲᠡᠮᠡᠭᠡ ᠮᠠᠯ᠎ᠢᠶᠠᠨ ᠦᠨᠢᠷ ᠦᠰᠭᠡᠵᠦ᠍᠂ ᠤᠷᠤᠨ᠎ᠤ ᠬᠦᠳᠡᠯᠮᠦᠷᠢ᠎ᠶ᠋ᠢᠨ ᠵᠢᠱ᠌ᠢᠶᠡᠴᠢ᠎ᠶ᠋ᠢᠨ ᠮᠧᠳᠠᠯ᠎ᠢᠶᠠᠷ ᠱᠠᠩᠨᠠᠭᠤᠯᠤᠯᠠ ᠬᠡᠰᠡᠨ ᠰᠠᠢᠬᠠᠨ ᠰᠤᠷᠠ᠎ᠬᠢ ᠰᠤᠨᠤᠰᠴᠤ᠌᠂ 12 ᠰᠠᠷ᠎ᠠ᠎ᠶ᠋ᠢᠨ 16 ᠤ ᠦᠷᠯᠦᠬᠡ᠂ ᠡᠵᠡᠨ᠎ᠡ ᠬᠤᠱᠢᠭᠤᠨ᠎ᠤ ᠲᠦᠪ ᠲᠠᠯᠠᠢᠬᠦ᠋ᠪ ᠪᠠᠯᠭᠠᠰᠤᠨ᠎ᠠᠴᠠ ᠮᠤᠷᠳᠠᠵᠤ᠂ ᠬᠠᠷᠠᠭ᠎ᠠ ᠠᠯᠳᠠᠮ᠎ᠠ ᠶᠡᠭᠡ ᠭᠤᠪᠢ᠎ᠶ᠋ᠢ ᠲᠤᠭᠤᠯᠤᠨ᠂ 300 ᠭᠠᠷᠤᠢ ᠺᠢᠯᠦᠮᠧᠳ᠋ᠷ ᠲᠠᠪᠬᠢᠭᠤᠯᠤᠭᠠᠳ ᠤᠯᠠᠭᠠᠨ ᠠᠭᠤᠯᠠ ᠭᠠᠴᠠᠭᠠᠨ᠎ᠳᠠᠬᠢ ᠮᠠᠯᠴᠢᠨ᠎ᠤ ᠬᠤᠳᠠ ᠲᠡᠭᠡᠷ᠎ᠡ ᠢᠷᠡᠬᠡᠳ ᠢᠩᠬᠢᠵᠦ᠍ ᠬᠠᠳᠠᠭᠠᠰᠤ ᠮᠦᠷᠬᠦᠵᠦ᠍ ᠪᠠᠢᠭ᠎ᠠ ᠮᠢᠨᠢ ᠡᠨᠡ᠃ ᠬᠦᠬᠡᠬᠤᠳᠠ᠎ᠠᠴᠠ ᠡᠷᠢᠶᠡᠨ ᠬᠤᠳᠠ ᠬᠦᠷᠬᠦ᠌ ᠵᠠᠢᠳᠠᠢ ᠬᠤᠯᠠ ᠵᠠᠮ᠎ᠢ ᠲᠤᠭᠤᠯᠵᠤ ᠢᠷᠡᠴᠢᠬᠡᠬᠡᠳ᠂ ᠰᠤᠷᠪᠤᠯᠵᠢᠯᠠᠬ᠍ᠳᠠᠬ᠍ᠴᠢᠲᠠᠢᠪᠠᠨ ᠠᠭᠤᠯᠵᠠᠵᠤ ᠴᠢᠳᠠᠯ ᠦᠬᠡᠢ ᠪᠤᠴᠠᠬᠤ᠎ᠨᠢ ᠲᠠᠩᠴᠤ᠌ ᠬᠠᠢᠷᠠᠨ ᠲᠤᠯᠠ ᠮᠠᠯᠴᠢᠨ᠎ᠤ ᠬᠤᠳᠠᠨ ᠲᠡᠭᠡᠷ᠎ᠡ ᠬᠦᠯᠢᠶᠡᠯ᠎ᠡ᠃ ᠤᠳᠠᠯ ᠦᠬᠡᠢ ᠦᠳᠡ ᠪᠤᠯᠤᠯ᠎ᠠ᠃ ᠦᠳᠡ᠎ᠳᠤ ᠬᠡᠷ᠎ᠲᠡᠭᠡᠨ ᠬᠤᠭᠤᠯᠠ᠎ᠪᠠᠨ ᠢᠳᠡᠬᠦ᠌᠎ᠪᠠᠷ ᠢᠷᠡᠬᠦ᠌ ᠪᠠᠢᠯᠬᠦᠢ ᠬᠡᠵᠦ᠍ ᠬᠡᠯᠡᠳᠡᠯ᠎ᠡ᠂ ᠵᠠᠮᠴᠢᠯᠠᠵᠤ ᠶᠠᠪᠤᠭ᠎ᠠ ᠰᠤᠮᠤ ᠪᠠᠯᠭᠠᠰᠤᠨ᠎ᠤ ᠨᠦᠬᠦᠳ ᠮᠢᠨᠢ ᠠᠳᠡᠬᠢ᠎ᠶ᠋ᠢᠨ ᠮᠠᠯᠴᠢᠳ ᠦᠷᠯᠦᠬᠡ᠎ᠶ᠋ᠢᠨ ᠴᠠᠢ᠎ᠪᠠᠨ ᠰᠠᠢᠨ ᠤᠤᠭᠤᠴᠢᠬᠠᠭᠠᠳ ᠮᠠᠯ᠎ᠳᠠᠭᠠᠨ ᠶᠠᠪᠤᠪᠠᠯ ᠦᠳᠡ᠎ᠳᠤ ᠬᠠᠷᠢᠵᠤ ᠢᠷᠡᠳᠡᠭ ᠦᠬᠡᠢ ᠬᠡᠵᠦ᠍ ᠬᠡᠯᠡᠨ᠎ᠡ᠃ ᠤᠳᠠᠯ ᠦᠬᠡᠢ ᠦᠳᠡ᠎ᠶ᠋ᠢᠨ ᠨᠠᠷᠠ ᠬᠡᠯᠪᠠᠢᠵᠦ᠍᠂ ᠪᠢᠳᠡ ᠠᠷᠭ᠎ᠠ ᠪᠤᠰᠤ ᠦᠬᠡᠷ᠎ᠡ ᠠᠵᠢᠯ᠎ᠢᠶᠠᠨ ᠠᠮᠵᠢᠭᠤᠯᠤᠯᠠ᠃ ᠦᠳᠡ᠎ᠶ᠋ᠢᠨ ᠬᠤᠢᠨᠠᠬᠢ 4 ᠴᠠᠬ᠎ᠤᠨ ᠦᠶ᠎ᠡ᠎ᠪᠠᠷ᠂ ᠮᠠᠯᠴᠢᠨ᠎ᠤ ᠬᠤᠳᠠᠨ᠎ᠳᠤ ᠪᠤᠴᠠᠨ ᠢᠷᠡᠬᠦ᠌᠎ᠳᠤ ᠢᠮᠠᠭᠠᠳ᠎ᠨᠢ ᠭᠠᠳᠠᠭ᠎ᠠ᠎ᠪᠠᠨ ᠢᠷᠡᠭ᠌ᠰᠡᠨ ᠴᠤ᠌ ᠡᠵᠡᠨ᠎ᠨᠢ ᠮᠦᠨ ᠯᠡ ᠠᠯᠠᠭ᠎ᠠ᠃ ᠪᠠᠷᠢᠨ ᠪᠤᠴᠠᠬᠤ ᠦᠬᠡᠢ ᠪᠤᠯ ᠬᠠᠷᠠᠩᠭᠤᠢ ᠪᠤᠯᠬᠤ ᠲᠤᠯᠠ ᠪᠤᠴᠠᠬᠤ᠎ᠶ᠋ᠢ ᠵᠠᠪᠳᠤᠳᠠᠯ᠎ᠠ᠂ ᠬᠤᠯᠠ᠎ᠠᠴᠠ ᠮᠤᠲ᠋ᠤᠷ᠎ᠤᠨ ᠲᠦᠷᠴᠢᠬᠢᠨᠡᠬᠦ᠌ ᠲᠠᠭᠤᠨ ᠰᠤᠨᠤᠰᠳᠠᠯ᠎ᠠ᠃ ᠦᠵᠡᠵᠦ᠍ ᠪᠠᠢᠳᠠᠯ᠎ᠠ ᠬᠠᠷ᠎ᠠ ᠦᠰᠦ᠎ᠲᠠᠢ ᠮᠠᠯᠠᠭᠠᠢ ᠲᠠᠷᠤᠵᠤ᠂ ᠪᠠᠷᠠᠭᠠᠨ ᠨᠢᠳᠦᠨ ᠱᠢᠯ ᠵᠡᠬᠦᠵᠦ᠍᠂ ᠡᠷᠢᠶᠡᠨ ᠠᠯᠴᠢᠭᠤᠷ᠎ᠢᠶᠠᠷ ᠨᠢᠭᠤᠷ᠎ᠢᠶᠠᠨ ᠤᠷᠢᠶᠠᠵᠤ᠂ ᠨᠤᠭᠤᠭᠠᠨ ᠳ᠋ᠠᠴᠠᠩ ᠡᠮᠦᠰᠴᠦ᠍᠂ ᠬᠦᠯ᠎ᠳᠡᠭᠡᠨ ᠠᠷᠠᠰᠤᠨ ᠭᠤᠳᠤᠯ ᠢᠰᠭᠦᠯᠦᠭ᠌ᠰᠡᠨ ᠪᠦᠰᠡᠬᠦᠢ ᠮᠤᠲ᠋ᠤᠷᠤᠨᠢᠶᠠᠨ ᠠᠷᠤ᠎ᠳᠤ ᠵᠠᠬ᠎ᠤᠨ ᠮᠤᠳᠤ ᠠᠴᠢᠬ᠍ᠰᠠᠭᠠᠷ ᠬᠦᠷᠴᠦ᠍ ᠢᠷᠡᠯ᠎ᠡ᠃ ᠦᠪᠡᠷᠳᠡᠭᠡᠨ ᠵᠠᠰᠠᠬᠤ ᠤᠷᠤᠨ᠎ᠤ ᠬᠦᠳᠡᠯᠮᠦᠷᠢ᠎ᠶ᠋ᠢᠨ ᠵᠢᠱ᠌ᠢᠶᠡᠴᠢ᠎ᠶ᠋ᠢᠨ ᠮᠧᠳᠠᠯ ᠠᠪᠤᠬ᠍ᠰᠠᠨ ᠲᠡᠮᠡᠬᠡᠴᠢᠨ᠎ᠨᠢ᠂ ᠡᠨᠡ ᠮᠠᠯᠴᠢᠨ ᠠᠢᠯ᠎ᠤᠨ ᠪᠦᠰᠡᠳᠡᠢ ᠬᠦᠮᠦᠨ᠎ᠨᠢ ᠪᠠᠢᠬᠤ ᠡ᠂ ᠬᠡᠵᠦ᠍ ᠪᠠᠷᠤᠬ᠍ᠯᠠᠵᠤ ᠪᠠᠢᠬ᠍ᠰᠠᠨ ᠮᠢᠨᠢ ᠶᠠᠬ ᠪᠤᠷᠤᠭᠤᠳᠠᠵᠣ᠂ ᠱᠠᠩᠨᠠᠯ ᠳᠣᠰᠣᠭ᠍ᠰᠠᠨ ᠬᠦᠳᠡᠯᠮᠦᠷᠢ᠎ᠶ᠋ᠢᠨ ᠵᠢᠱ᠌ᠢᠶᠡᠴᠢ᠎ᠨᠢ ᠡᠨᠡ ᠬᠦ᠌ ᠲᠡᠮᠡᠬᠡᠴᠢᠨ ᠪᠦᠰᠡᠬᠦᠢ ᠬᠠᠰᠴᠡᠴᠡᠭ ᠪᠠᠢᠵᠠᠢ᠂ ᠤᠳᠤ ᠨᠤᠳᠤᠬ᠎ᠲᠠᠭᠠᠨ ᠭᠠᠭ᠍ᠴᠠᠭᠠᠷ᠎ᠢᠶᠠᠨ ᠲᠡᠮᠡᠭᠡ ᠮᠠᠯ᠎ᠢᠶᠠᠨ ᠲᠤᠳᠤᠮᠳᠠᠵᠤ᠂ ᠡᠷ᠎ᠡ ᠨᠦᠬᠦᠷ ᠲᠠᠢᠴᠢᠨ᠎ᠨᠢ ᠲᠠᠯᠠᠢᠬᠦ᠋ᠪ ᠪᠠᠯᠭᠠᠰᠤᠨ ᠲᠡᠭᠡᠷ᠎ᠡ ᠲᠦᠷᠢᠶᠡᠰᠦᠨ ᠮᠠᠱᠢᠨ ᠵᠢᠯᠤᠭᠤᠳᠴᠤ᠌᠂ ᠬᠦᠦ ᠦᠬᠢᠨ᠎ᠢᠶᠠᠨ ᠰᠤᠷᠭᠠᠭᠤᠯᠢ᠎ᠳᠤ ᠰᠠᠭᠤᠯᠭᠠᠵᠤ ᠪᠠᠢᠭ᠎ᠠ ᠠᠵᠢ᠃
ᠬᠠᠰᠴᠡᠴᠡᠭ ᠮᠡᠨᠳᠦ ᠤᠰᠤ᠎ᠪᠠᠨ ᠮᠡᠳᠡᠯᠴᠡᠬᠦ᠌ᠶ᠋ᠢᠨ ᠵᠠᠪᠰᠠᠷ᠂ ᠶᠡᠬᠡᠯ᠎ᠡ ᠡᠪᠬᠦ᠋ᠢᠷᠡᠭ᠌ᠰᠡᠨ ᠪᠠᠢᠳᠠᠯ᠎ᠲᠠᠢ᠎ᠪᠠᠷ᠄ 《ᠲᠠᠨᠠᠷᠢ ᠨᠢᠬᠡ ᠡᠳᠦᠷ ᠬᠦᠯᠢᠶᠡᠯᠬᠡᠯᠡ᠂ ᠲᠠᠨᠤᠰ ᠮᠡᠳᠡᠳᠡᠭ ᠪᠤᠯᠪᠠᠯ ᠦᠳᠡ᠎ᠳᠤ ᠮᠢᠨᠤ ᠲᠡᠮᠡᠭᠡ ᠤᠰᠤᠯᠠᠳᠠᠬ ᠬᠡᠬᠡᠷ᠎ᠡ᠎ᠶ᠋ᠢᠨ ᠬᠤᠳᠳᠤᠬ ᠲᠡᠭᠡᠷ᠎ᠡ ᠤᠴᠢᠬᠤ ᠪᠠᠢᠵᠠᠢ》 ᠬᠡᠳ ᠬᠡᠷ᠎ᠲᠡᠭᠡᠨ ᠤᠷᠤᠵᠤ᠂ ᠭᠠᠯ᠎ᠢᠶᠠᠨ ᠬᠦᠭ᠌ᠵᠢᠬᠡᠵᠦ᠍ ᠴᠠᠢ ᠴᠢᠨᠠᠯᠠ᠃ ᠪᠢᠳᠡ ᠵᠠᠬ᠎ᠤᠨ ᠲᠦᠯᠡᠬᠡᠨᠤ ᠭᠠᠯᠳᠤ ᠲᠤᠯᠠᠭᠠᠴᠠᠵᠤ᠂ ᠪᠤᠤᠪᠤ ᠢᠳᠡᠵᠦ᠍᠂ ᠴᠠᠢ ᠵᠠᠯᠬᠢᠯᠠᠨ ᠬᠠᠰᠴᠡᠴᠡᠭ᠎ᠲᠠᠢ ᠵᠤᠭᠤᠬ ᠲᠡᠯᠬᠡᠯᠡ᠃
ᠬᠠᠰᠴᠡᠴᠡᠭ ᠤᠳᠤ ᠬᠡᠳᠦᠨ ᠲᠦᠮᠡᠡ ᠮᠦ᠍ ᠪᠡᠯᠴᠢᠬᠡᠷ ᠲᠡᠭᠡᠷ᠎ᠠ᠎ᠪᠠᠨ ᠵᠠᠭᠤᠭᠠᠳ ᠢᠮᠠᠭ᠎ᠠ᠂ 200 ᠭᠠᠷᠤᠢ ᠲᠡᠮᠡᠭᠡ ᠮᠠᠯᠵᠢᠵᠤ ᠪᠠᠢᠭ᠎ᠠ ᠠᠵᠢ᠃ ᠡᠨᠡ ᠬᠠᠪᠤᠷ 40 ᠪᠤᠳᠤᠭᠤ᠂ 30 ᠭᠠᠷᠤᠢ ᠢᠱᠢᠬᠡ ᠲᠤᠰᠴᠤ᠌᠂ ᠲᠦᠷᠦᠬᠦᠬᠡᠨ 30 ᠭᠠᠷᠤᠢ ᠲᠡᠮᠡᠭᠡ ᠬᠤᠳᠠᠯᠳᠤᠵᠤ᠂ 30 ᠭᠠᠷᠤᠢ ᠲᠦᠮᠡᠨ ᠲᠦᠬᠦᠷᠢᠭ ᠡᠪᠦᠷᠳᠦᠯᠡᠵᠡᠢ᠃ ᠡᠪᠦᠯ ᠬᠦᠢᠳᠡᠷᠡᠬᠦ᠌ᠠᠴᠠ ᠡᠮᠦᠨ᠎ᠡ 4 — 5 ᠲᠤᠨ ᠪᠤᠷᠳᠤᠭ᠎ᠠ ᠬᠤᠳᠠᠯᠳᠤᠨ ᠠᠪᠴᠤ᠌ ᠨᠦᠬᠡᠴᠡᠯᠡᠭ᠌ᠰᠡᠨ ᠪᠠᠢᠯ᠎ᠠ᠃ 《ᠡᠨᠡ ᠬᠤᠶᠠᠷ ᠵᠢᠯ 20 ᠢᠩᠬᠡ ᠰᠠᠭᠠᠵᠤ ᠵᠢᠯ᠎ᠳᠡᠭᠡᠨ 5 ᠲᠦᠮᠡᠨ ᠲᠦᠬᠦᠷᠢᠭ᠎ᠤᠨ ᠣᠷᠣᠯᠭ᠎ᠠ ᠤᠯᠤᠨ᠎ᠠ᠂ ᠲᠡᠮᠡᠬᠡᠨ᠎ᠤ᠎ᠪᠠᠨ ᠨᠤᠤᠰᠤ ᠵᠤᠬ᠍ᠳᠤᠷᠢᠨᠢ ᠬᠤᠳᠠᠯᠳᠤᠭᠠᠳ ᠪᠠᠰᠠ 6 ᠲᠦᠮᠡ ᠭᠠᠷᠤᠢ ᠲᠦᠬᠦᠷᠢᠭ ᠤᠯᠴᠢᠬᠠᠨ᠎ᠠ᠂ ᠨᠠᠮ ᠵᠠᠰᠠᠭ᠎ᠠᠴᠠ ᠦᠭ᠌ᠴᠦ ᠪᠠᠢᠭ᠎ᠠ ᠡᠯ᠎ᠡ ᠵᠦᠢᠯ᠎ᠤᠨ ᠨᠦᠬᠦᠪᠦᠷᠢ ᠵᠡᠷᠬᠡ᠎ᠶ᠋ᠢ ᠨᠡᠢᠯᠡᠬᠦᠯᠪᠡᠯ ᠵᠢᠯ᠎ᠳᠤ ᠠᠷᠪᠠᠨ ᠬᠡᠳᠦᠨ ᠲᠦᠮᠡᠨ ᠲᠦᠬᠦᠷᠢᠭ᠎ᠤᠨ ᠴᠡᠪᠡᠷ ᠤᠷᠤᠯᠭ᠎ᠠ᠎ᠲᠠᠢ》 ᠬᠡᠵᠦ᠍ ᠬᠠᠰᠴᠡᠴᠡᠭ ᠮᠠᠨᠤᠰ᠎ᠲᠤ ᠶᠠᠷᠢᠬᠤ᠎ᠳᠤ ᠶᠠᠳᠠᠷᠠᠬ᠍ᠰᠠᠨ ᠴᠢᠷᠠᠢ᠎ᠳᠤᠨᠢ ᠮᠦᠱᠢᠶᠡᠳᠦ ᠲᠤᠳᠤᠷᠠᠨ᠎ᠠ᠃ ᠬᠡᠪᠡᠴᠦ᠍ ᠬᠠᠰᠴᠡᠴᠡᠭ ᠤᠤᠯ᠎ᠳᠠᠭᠠᠨ ᠵᠦᠳᠡᠷᠡᠬᠦᠬᠡᠨ ᠠᠮᠢᠳᠤᠷᠠᠯ᠎ᠲᠠᠢ ᠪᠠᠢᠪᠠ᠃
ᠡᠨᠡ ᠵᠢᠯ ᠲᠦᠴᠢ ᠶᠢᠰᠦᠳᠡᠢ ᠬᠠᠰᠴᠡᠴᠡᠭ 1996 ᠤᠨ᠎ᠳᠤ᠂ ᠨᠦᠬᠦᠷ ᠲᠠᠢᠴᠢᠨᠲᠠᠢᠪᠠᠨ ᠭᠡᠷᠯᠡᠬᠦ᠌ ᠦᠶ᠎ᠠ᠎ᠳᠤ 10 ᠢᠮᠠᠭ᠎ᠠ᠂ 5 ᠲᠡᠮᠡᠭᠡ᠎ᠲᠠᠢ ᠯᠡ ᠪᠠᠢᠵᠠᠢ᠃ ᠬᠠᠰᠴᠡᠴᠡᠭ ᠠᠷᠪᠠᠨ ᠬᠡᠳᠦᠨ ᠨᠠᠰᠤᠨ᠎ᠠᠴᠠ᠎ᠪᠠᠨ ᠠᠪᠤ᠎ᠪᠠᠨ ᠲᠠᠭᠠᠵᠤ ᠲᠡᠮᠡᠭᠡ ᠮᠠᠯᠵᠢᠵᠤ᠂ ᠲᠡᠮᠡᠭᠡ ᠮᠠᠯ᠎ᠤᠨ ᠤᠬᠠᠭᠠᠨ᠎ᠢ ᠤᠯᠤᠬ᠍ᠰᠠᠨ ᠪᠤᠯᠬᠤᠷ ᠲᠡᠮᠡᠭᠡ᠎ᠪᠠᠨ ᠦᠷᠡᠵᠢᠬᠦᠯᠵᠦ᠍ ᠠᠮᠢᠳᠤᠷᠠᠯ᠎ᠢᠶᠠᠨ ᠦᠬᠡᠳᠡ ᠲᠠᠳᠠᠬᠤ᠎ᠪᠠᠷ ᠱᠢᠢᠳᠴᠡᠢ᠃ 《ᠠᠢᠯ᠎ᠠᠴᠠ ᠡᠴᠡᠵᠦ᠍ ᠲᠦᠢᠯᠳᠠᠬ᠍ᠰᠠᠨ ᠪᠤᠳᠤᠭᠤ ᠲᠤᠷᠤᠮ ᠬᠤᠳᠠᠯᠳᠤᠨ ᠠᠪᠴᠤ᠌᠂ ᠭᠤᠯᠢᠷ ᠵᠢᠭᠤᠷᠠᠵᠤ ᠢᠳᠡᠬᠦᠯᠵᠦ᠍ ᠲᠡᠩᠬᠡᠷᠡᠬᠦᠯᠦᠬᠡᠳ ᠮᠠᠯ ᠪᠤᠯᠭᠠᠳᠠᠬ᠂ ᠲᠡᠮᠡᠭᠡ ᠮᠢᠨᠢ ᠮᠠᠭᠤᠳᠠᠪᠠᠯ ᠲᠠᠪᠤᠰᠤ᠎ᠲᠠᠢ ᠤᠰᠤ᠎ᠪᠠᠷ ᠤᠰᠤᠯᠠᠵᠤ ᠪᠠᠢᠭᠠᠳ ᠲᠡᠩᠬᠡᠷᠡᠬᠦᠯᠦᠨᠡ᠂ ᠤᠳᠤ ᠮᠢᠨᠤ ᠲᠡᠵᠢᠬᠡᠵᠦ᠍ ᠮᠠᠯ ᠪᠤᠯᠭᠠᠬ᠍ᠰᠠᠨ ᠲᠡᠮᠡᠭᠡ ᠤᠯᠠᠨ ᠪᠠᠢᠨ᠎ᠠ᠂ ᠨᠠᠮᠠᠶ᠋ᠢ ᠲᠠᠭᠤ᠎ᠪᠠᠷ ᠮᠢᠨᠢ ᠲᠠᠨᠢᠴᠢᠬᠠᠳᠠᠬ》 ᠬᠡᠵᠦ᠍ ᠬᠠᠰᠴᠡᠴᠡᠭ ᠬᠡᠯᠡᠨ᠎ᠡ᠃ ᠬᠠᠰᠴᠡᠴᠡᠭ ᠪᠤᠯ ᠲᠡᠮᠡᠭᠡ᠎ᠪᠠᠨ ᠲᠡᠭ᠌ᠷᠢ᠎ᠶ᠋ᠢᠨ ᠠᠮᠢᠳᠠᠨ ᠬᠡᠵᠦ᠍ ᠰᠦᠵᠢᠭ᠌ᠯᠡᠨ ᠲᠡᠭᠡᠳᠦᠯᠡᠵᠦ᠍᠂ ᠲᠡᠮᠡᠭᠡ᠎ᠪᠠᠨ ᠠᠮᠢ ᠭᠤᠤᠯ᠎ᠲᠠᠢ᠎ᠪᠠᠨ ᠬᠤᠯᠪᠤᠵᠤ ᠬᠠᠢᠷᠠᠯᠠᠨ ᠦᠰᠭᠡᠭ᠌ᠰᠡᠨ ᠲᠡᠨᠢᠬᠡᠷ ᠭᠤᠪᠢ᠎ᠶ᠋ᠢᠨ ᠲᠡᠮᠡᠬᠡᠴᠢᠨ ᠬᠦᠮᠦᠨ᠃
ᠬᠠᠰᠴᠡᠴᠡᠭ᠎ᠤᠨ ᠨᠤᠳᠤᠬ᠍ᠯᠠᠵᠤ ᠰᠠᠭᠤᠭ᠎ᠠ ᠤᠯᠠᠭᠠᠨ ᠠᠭᠤᠯᠠ ᠭᠠᠴᠠᠭ᠎ᠠ᠎ᠶ᠋ᠢ ᠪᠠᠭ᠍ᠳᠠᠭᠠᠬ᠍ᠰᠠᠨ ᠲᠤᠢᠬ ᠱᠢᠯᠢ᠎ᠶ᠋ᠢᠨ ᠨᠤᠳᠤᠬ ᠪᠤᠯ ᠨᠡᠷ᠎ᠡ ᠨᠢᠳᠡᠷ᠎ᠲᠡᠭᠡᠨ ᠲᠡᠩᠴᠡᠭ᠌ᠰᠡᠨ ᠪᠤᠢᠳᠠ ᠵᠡᠯᠢᠬᠦᠳ ᠤᠷᠤᠨ᠂ 1992 ᠤᠨ᠎ᠳᠤ ᠲᠤᠰ ᠨᠤᠳᠤᠬᠢ ᠤᠯᠠᠨ ᠤᠯᠤᠰ᠎ᠤᠨ ᠬᠤᠯᠪᠤᠭᠠᠳᠤ ᠪᠠᠢᠭᠤᠯᠭ᠎ᠠ᠎ᠠᠴᠠ 《ᠠᠮᠢ ᠨᠠᠰᠤᠨ᠎ᠤ ᠬᠤᠷᠢᠭᠠᠳᠤ ᠤᠷᠤᠨ》 ᠬᠡᠵᠦ᠍ ᠨᠣᠳᠠᠯᠠᠭ᠍ᠰᠠᠨ ᠪᠠᠢᠳᠠᠭ᠃ ᠭᠤᠪᠢ ᠨᠤᠳᠤᠬ᠎ᠲᠤ ᠡᠪᠦᠯ᠎ᠳᠡᠭᠡᠨ ᠴᠢᠨ᠋ᠸ᠎ᠠ ᠰᠦᠷᠦᠭ᠌ᠯᠡᠨ ᠲᠡᠮᠡᠭᠡ ᠮᠠᠯ᠎ᠢ ᠬᠦᠨᠦᠬᠡᠨᠡ᠃ ᠬᠠᠰᠴᠡᠴᠡᠭ ᠲᠡᠮᠡᠭᠡ᠎ᠪᠠᠨ ᠴᠢᠨ᠋ᠸ᠎ᠠ᠎ᠠᠴᠠ ᠬᠠᠮᠠᠭᠠᠯᠠᠬᠤ᠎ᠶ᠋ᠢᠨ ᠲᠤᠰᠠᠳᠠ᠂ ᠬᠡᠳᠦ᠋ᠢᠴᠢᠨᠡᠬᠡᠨ ᠡᠪᠦᠯ᠎ᠤᠨ ᠰᠦᠨᠢ ᠲᠡᠮᠡᠬᠡᠨ ᠰᠦᠷᠦᠭ᠎ᠤᠨ ᠲᠦᠷᠪᠡᠨ ᠲᠠᠯ᠎ᠠ᠎ᠳᠤ ᠢᠮᠠᠭᠠᠨ᠎ᠤ ᠬᠤᠷᠭᠤᠯ ᠤᠩᠭᠤᠰᠭᠠᠵᠤ᠂ ᠤᠳᠤᠭ᠎ᠠ ᠮᠠᠨᠠᠷᠠᠭᠤᠯᠵᠤ᠂ ᠴᠢᠨ᠋ᠸ᠎ᠠ᠎ᠶ᠋ᠢ ᠦᠯᠳᠡᠵᠦ᠍ ᠦᠦᠷ ᠴᠠᠢᠯᠭᠠᠵᠤ ᠪᠠᠢᠬ᠍ᠰᠠᠨ᠎ᠢ ᠪᠦᠦ ᠮᠡᠳᠡ᠃ ᠲᠡᠬᠦᠨ᠎ᠤ ᠨᠦᠷᠢ ᠶᠡᠭᠡ ᠬᠦᠳᠡᠯᠮᠦᠷᠢ᠎ᠶ᠋ᠢᠨ ᠬᠠᠷᠢᠭᠤ᠎ᠳᠤ ᠲᠡᠮᠡᠭᠡ ᠮᠠᠯ᠎ᠨᠢ ᠦᠨᠢᠷ ᠦᠰᠴᠦ᠍᠂ ᠨᠠᠮ ᠵᠠᠰᠠᠬ᠎ᠤᠨ ᠲᠦᠷᠦ᠎ᠶ᠋ᠢᠨ ᠪᠤᠳᠤᠯᠭ᠎ᠠ᠎ᠶ᠋ᠢᠨ ᠢᠪᠡᠬᠡᠯ᠎ᠳᠤ ᠠᠮᠢᠳᠤᠷᠠᠯ᠎ᠨᠢ ᠤᠯᠠᠮ ᠢᠯᠡᠬᠦᠦ ᠴᠢᠨᠡᠭᠡᠯᠢᠭ᠌ᠵᠢᠯᠡ᠃ 《ᠨᠠᠮ ᠵᠠᠰᠠᠬ᠎ᠤᠨ ᠲᠦᠷᠦ᠎ᠶ᠋ᠢᠨ ᠪᠤᠳᠤᠯᠭ᠎ᠠ᠎ᠶ᠋ᠢᠨ ᠠᠴᠢ᠎ᠪᠠᠷ᠂ ᠮᠠᠨ᠎ᠤ ᠲᠡᠮᠡᠬᠡᠴᠢᠨᠤ ᠠᠮᠢᠳᠤᠷᠠᠯ ᠡᠳᠦᠷ᠎ᠠᠴᠠ ᠡᠳᠦᠷ ᠰᠠᠢᠵᠢᠷᠠᠵᠤ ᠪᠠᠢᠨ᠎ᠠ᠂ ᠲᠦᠷᠦᠭᠦᠬᠡᠨ ᠲᠧᠯᠸᠢᠰ ᠲᠡᠭᠡᠷ᠎ᠡ᠎ᠠᠴᠠ ᠨᠠᠮ᠎ᠤᠨ ᠠᠷᠪᠠ ᠶᠢᠰᠦᠳᠦᠬᠡᠷ ᠬᠤᠭᠤᠴᠠᠭᠠᠨ᠎ᠤ ᠲᠦᠪ ᠬᠤᠷᠢᠶᠠᠨ᠎ᠤ ᠲᠠᠪᠤᠳᠤᠭᠠᠷ ᠪᠦᠬᠦᠳᠡ ᠬᠤᠷᠠᠯ᠎ᠠᠴᠠ ᠬᠤᠢᠱᠢᠳᠠ ᠲᠠᠷᠢᠶᠠᠯᠠᠩ ᠬᠦᠳᠡᠭᠡ ᠲᠤᠰᠭᠤᠨ᠎ᠢ ᠣᠷᠢᠳ᠎ᠢᠶᠠᠷ ᠬᠦᠭ᠌ᠵᠢᠬᠦᠯᠵᠦ᠍᠂ ᠬᠦᠳᠡᠭᠡ ᠲᠤᠰᠭᠤᠨ᠎ᠢ ᠬᠦᠭ᠌ᠵᠢᠬᠦᠯᠦᠨ ᠮᠠᠨᠳᠤᠭᠤᠯᠬᠤ᠎ᠶ᠋ᠢ ᠪᠦᠬᠦ᠌ ᠲᠠᠯ᠎ᠠ᠎ᠪᠠᠷ ᠠᠬᠢᠭᠤᠯᠤᠨ᠎ᠠ ᠬᠡᠵᠦ᠍ ᠲᠤᠷᠠᠳᠤᠬ᠍ᠰᠠᠨᠢ ᠤᠯᠵᠤ ᠦᠵᠡᠬᠡᠳ ᠶᠤᠰᠤᠳᠠᠢ ᠪᠠᠶᠠᠷᠯᠠᠵᠤ ᠤᠮᠤᠬ᠍ᠰᠢᠨ ᠵᠤᠷᠢᠬ᠍ᠵᠢᠵᠤ᠂ ᠲᠡᠮᠡᠭᠡ᠎ᠪᠠᠨ ᠰᠠᠢᠨ ᠮᠠᠯᠵᠢᠬᠤ ᠡᠷᠴᠢ ᠵᠤᠷᠢᠬ ᠮᠢᠨᠢ ᠬᠦᠪᠴᠢᠯᠡᠭ᠌ᠳᠡᠯᠠ ᠱᠢᠦ》 ᠬᠡᠵᠦ᠍ ᠬᠠᠰᠴᠡᠴᠡᠭ ᠪᠠᠶᠠᠷᠯᠠᠨ ᠬᠡᠯᠡᠨ᠎ᠡ᠃ ᠬᠠᠰᠴᠡᠴᠡᠭ ᠪᠠᠰᠠ ᠬᠦᠦ᠎ᠪᠠᠨ ᠲᠡᠮᠡᠬᠡᠴᠢᠨ ᠪᠤᠯᠭᠠᠵᠤ ᠨᠤᠳᠤᠬ᠎ᠢᠶᠠᠨ ᠰᠠᠬᠢᠭᠤᠯᠬᠤ ᠪᠤᠳᠤᠯ᠎ᠢᠶᠠᠨ ᠴᠤᠬᠤᠢ᠍ᠢᠯᠭᠠᠨᠠ᠃
ᠲᠡᠢᠮᠦ᠍ ᠡ᠃ ᠢᠩᠬᠡᠨ ᠲᠡᠮᠡᠬᠡᠨ᠎ᠤ ᠪᠤᠢᠯᠠᠭᠠᠨ᠎ᠳᠤ ᠪᠠᠯᠠᠷ᠎ᠤᠨ ᠭᠤᠪᠢ ᠬᠡᠵᠢᠶᠡᠳᠡ ᠲᠡᠨᠢᠬᠦᠨ᠂ ᠤᠬᠠᠭᠠᠨ᠎ᠳᠤ ᠠᠷᠠᠳ᠎ᠤᠨ ᠵᠢᠳᠬᠦᠯ᠎ᠳᠤ ᠲᠡᠨᠢᠬᠡᠷ ᠭᠤᠪᠢ ᠠᠱᠢᠳᠠ᠎ᠶ᠋ᠢᠨ ᠬᠦᠭ᠌ᠵᠢᠯ᠎ᠲᠠᠢ᠃