ᠤᠢ᠍ᠢᠷ᠎ᠠ᠎ᠳᠤ᠂ ᠦᠪᠡᠷᠳᠡᠭᠡᠨ ᠵᠠᠰᠠᠬᠤ ᠣᠷᠣᠨ᠎ᠤ ᠠᠷᠠᠳ᠎ᠤᠨ ᠦᠨᠳᠦᠷ ᠵᠡᠷᠭᠡ᠎ᠶ᠋ᠢᠨ ᠱᠢᠭᠦᠬᠦ᠌ ᠬᠤᠷᠢᠶ᠎ᠠ ᠪᠦᠬᠦ᠌ ᠣᠷᠣᠨ᠎ᠤ ᠱᠢᠭᠦᠬᠦ᠌ ᠬᠤᠷᠢᠶ᠎ᠠ᠎ᠶ᠋ᠢᠨ ᠰᠢ᠎ᠶ᠋ᠢᠨ ᠫᠢᠩ᠎ᠤᠨ ᠬᠠᠤᠯᠢᠵᠢᠯ᠎ᠤᠨ ᠦᠵᠡᠯ ᠰᠠᠨᠠᠭ᠎ᠠ ᠬᠢᠭᠡᠳ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶᠠᠨ᠎ᠤ ᠲᠠᠪᠤᠳᠤᠭᠠᠷ ᠪᠥᠬᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠰᠣᠷᠣᠯᠴᠠᠬᠤ ᠵᠢᠴᠢ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠣᠭ᠍ᠴᠠᠯᠠᠬᠤ ᠲᠤᠰᠭᠠᠢ ᠰᠡᠳᠦᠪᠲᠦ ᠪᠣᠯᠪᠠᠰᠤᠷᠠᠯ᠎ᠤᠨ ᠠᠩᠭᠢ ᠡᠷᠬᠢᠯᠡᠪᠡ᠃ ᠪᠥᠬᠦ᠌ ᠣᠷᠣᠨ᠎ᠤ ᠱᠢᠭᠦᠬᠦ᠌ ᠬᠤᠷᠢᠶ᠎ᠠ᠎ᠶ᠋ᠢᠨ 230 ᠭᠠᠷᠤᠶ ᠺᠠᠳ᠋ᠷ ᠠᠵᠢᠯᠲᠠᠨ ᠪᠣᠯᠪᠠᠰᠤᠷᠠᠯ᠎ᠳᠤ ᠣᠷᠣᠯᠴᠠᠵᠠᠶ᠃
ᠪᠣᠯᠪᠠᠰᠤᠷᠠᠯ᠎ᠤᠨ ᠲᠤᠮᠳᠠ᠂ ᠠᠷᠠᠳ᠎ᠤᠨ ᠳᠡᠭᠡᠳᠦ ᠱᠢᠭᠦᠬᠦ᠌ ᠬᠤᠷᠢᠶ᠎ᠠ᠂ ᠲᠥᠪ᠎ᠤᠨ ᠨᠠᠮ᠎ᠤᠨ ᠰᠤᠷᠭᠠᠭᠤᠯᠢ᠂ ᠤᠯᠤᠰ᠎ᠤᠨ ᠦᠨᠳᠦᠰᠦᠲᠡᠨ᠎ᠤ ᠬᠡᠷᠡᠭ ᠡᠷᠬᠢᠯᠡᠬᠦ᠌ ᠵᠦᠪᠯᠡᠯ᠂ ᠲᠥᠪ᠎ᠤᠨ ᠦᠨᠳᠦᠰᠦᠲᠡᠨ᠎ᠤ ᠶᠡᠭᠡ ᠰᠤᠷᠭᠠᠭᠤᠯᠢ ᠪᠣᠯᠤᠨ ᠤᠯᠤᠰ᠎ᠤᠨ ᠱᠢᠭᠦᠭᠦ᠌ ᠲᠤᠱᠢᠶᠠᠯᠲᠠᠨ᠎ᠤ ᠳᠡᠭᠡᠳᠦ ᠰᠤᠷᠭᠠᠭᠤᠯᠢ᠎ᠶ᠋ᠢᠨ ᠲᠤᠰᠭᠠᠶ ᠮᠡᠷᠭᠡᠵᠢᠯᠲᠡᠨ ᠡᠷᠳᠡᠮᠲᠡᠳ᠎ᠢ ᠤᠷᠢᠵᠤ ᠬᠢᠴᠢᠶᠡᠯ ᠤᠷᠤᠭᠤᠯᠪᠠ᠃ ᠪᠠᠭ᠍ᠰᠢ᠎ᠶ᠋ᠢᠨ ᠡᠩᠨᠡᠭᠡ ᠬᠦᠴᠦᠷᠬᠡᠭ᠂ ᠬᠢᠴᠢᠶᠡᠯ᠎ᠤᠨ ᠠᠭᠤᠯᠭ᠎ᠠ ᠪᠠᠶᠠᠯᠢᠭ᠂ ᠵᠢᠭᠠᠨ ᠰᠤᠷᠭᠠᠬᠤ ᠬᠡᠯᠪᠡᠷᠢ ᠠᠮᠢᠳᠤᠯᠢᠭ ᠪᠥᠭᠡᠳ ᠣᠯᠠᠨ ᠶᠠᠩᠵᠤ᠎ᠶ᠋ᠢᠨ ᠪᠠᠢᠵᠤ᠂ ᠨᠡᠯᠢᠶᠡᠳ ᠴᠢᠩᠭ᠎ᠠ ᠴᠢᠭ᠌ᠯᠡᠭᠦᠯᠦᠯᠳᠦ ᠴᠢᠨᠠᠷᠲᠠᠢ ᠪᠠᠢᠵᠤ᠂ ᠪᠣᠯᠪᠠᠰᠤᠷᠠᠯ᠎ᠳᠤ ᠤᠷᠤᠯᠴᠠᠭ᠍ᠰᠠᠳ ᠦᠨᠡᠨ ᠬᠦ᠌ ᠣᠯᠣᠯᠳᠠ᠎ᠲᠠᠢ ᠪᠠᠢᠬᠤ᠎ᠶ᠋ᠢ ᠪᠠᠲᠤᠯᠠᠵᠡᠢ᠃
ᠬᠤᠷᠠᠯ᠎ᠠᠴᠠ᠂ ᠰᠢ᠎ᠶ᠋ᠢᠨ ᠫᠢᠩ᠎ᠤᠨ ᠬᠠᠤᠯᠢᠵᠢᠯ᠎ᠤᠨ ᠦᠵᠡᠯ ᠰᠠᠨᠠᠭ᠎ᠠ ᠬᠢᠭᠡᠳ ᠨᠠᠮ᠎ᠤᠨ ᠠᠷᠪᠠ ᠶᠢᠰᠦᠳᠦᠭᠡᠷ ᠬᠤᠭᠤᠴᠠᠭᠠᠨ᠎ᠤ ᠲᠥᠪ ᠬᠤᠷᠢᠶᠠᠨ᠎ᠤ ᠲᠠᠪᠤᠳᠤᠭᠠᠷ ᠪᠦᠬᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠰᠤᠷᠤᠯᠴᠠᠨ ᠲᠤᠭᠤᠱᠢᠯᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠤ ᠬᠠᠮᠲᠤ ᠴᠣᠭ᠍ᠴᠠ᠎ᠶ᠋ᠢᠨ ᠤᠬᠠᠮᠰᠠᠷ᠎ᠢ ᠪᠠᠲᠤ ᠴᠤᠭ᠍ᠴᠠᠯᠠᠬᠤ ᠠᠵᠢᠯ᠎ᠢ ᠰᠠᠢᠲᠤᠷ ᠬᠢᠬᠦ᠌ ᠪᠣᠯ ᠣᠳᠣᠬᠠᠨ᠎ᠤ ᠪᠠ ᠬᠤᠢᠱᠢᠳᠠ᠎ᠶ᠋ᠢᠨ ᠪᠦᠬᠦ᠌ ᠣᠷᠣᠨ᠎ᠤ ᠱᠢᠭᠦᠬᠦ᠌ ᠬᠤᠷᠢᠶᠠᠨ᠎ᠤ ᠡᠯ᠎ᠡ ᠱᠠᠲᠤᠨ᠎ᠤ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠲᠡᠷᠢᠭᠦᠨ ᠴᠢᠬᠤᠯᠠ ᠤᠯᠤᠰ ᠲᠦᠷᠦ᠎ᠶ᠋ᠢᠨ ᠡᠭᠦᠷᠭᠡ ᠪᠣᠯᠤᠨ᠎ᠠ᠃ ᠡᠷᠬᠡᠪᠰᠢ ᠰᠢ᠎ᠶ᠋ᠢᠨ ᠫᠢᠩ᠎ᠤᠨ ᠬᠠᠤᠯᠢᠵᠢᠯ᠎ᠤᠨ ᠦᠵᠡᠯ ᠰᠠᠨᠠᠭ᠎ᠠ᠎ᠪᠠᠷ ᠲᠠᠷᠢᠬᠢ ᠲᠣᠯᠣᠭᠠᠶ᠎ᠪᠠᠨ ᠵᠡᠪᠰᠡᠭ᠌ᠯᠡᠵᠦ᠍᠂ ᠦᠶᠯᠡᠳᠦᠯᠭᠡ᠎ᠪᠠᠨ ᠵᠢᠯᠣᠭᠤᠳᠣᠭᠤᠯᠵᠤ᠂ ᠠᠵᠢᠯ᠎ᠢᠶᠠᠨ ᠠᠬᠢᠭᠤᠯᠵᠣ᠂ 《ᠰᠤᠷᠤᠯᠴᠠᠬᠤ ᠬᠡᠯᠪᠡᠷᠢ》᠂ 《ᠱᠢᠨ᠎ᠡ᠎ᠶ᠋ᠢ ᠡᠭᠦᠳᠬᠦ᠌ ᠬᠡᠯᠪᠡᠷᠢ》 ᠶ᠋ᠢᠨ ᠥᠨᠳᠥᠷ ᠬᠡᠪ ᠪᠣᠯᠪᠠᠰᠣᠷᠠᠯ᠎ᠲᠠᠢ ᠺᠠᠳ᠋ᠷ᠎ᠤᠨ ᠡᠩᠨᠡᠭᠡ᠎ᠶ᠋ᠢ ᠴᠣᠭ᠍ᠴᠠᠯᠠᠵᠣ᠂ ᠤᠯᠤᠰ ᠲᠥᠷᠥ᠎ᠶ᠋ᠢᠨ ᠠᠵᠢᠯ ᠨᠠᠮ᠎ᠤᠨ ᠠᠵᠢᠯ᠎ᠤᠨ ᠺᠠᠳ᠋ᠷ᠎ᠤᠨ ᠬᠥᠮᠦᠵᠢᠯ ᠪᠣᠯᠪᠠᠰᠣᠷᠠᠯ᠎ᠢ ᠰᠠᠢᠲᠤᠷ ᠠᠳᠭᠤᠵᠤ᠂ ᠤᠯᠤᠰ ᠲᠦᠷᠦ᠎ᠶ᠋ᠢᠨ ᠠᠵᠢᠯ ᠨᠠᠮ᠎ᠤᠨ ᠠᠵᠢᠯ᠎ᠤᠨ ᠺᠠᠳ᠋ᠷ᠎ᠤᠨ ᠴᠢᠳᠠᠪᠤᠷᠢ ᠬᠡᠪ ᠪᠣᠯᠪᠠᠰᠣᠷᠠᠯ᠎ᠢ ᠲᠠᠰᠤᠷᠠᠯᠳᠠ ᠦᠭᠡᠢ ᠳᠡᠭᠡᠭ᠌ᠰᠢᠯᠡᠭᠦᠯᠬᠦ᠌ ᠬᠡᠷᠡᠭ᠌ᠲᠡᠢ᠃ ᠪᠤᠯᠪᠠᠰᠤᠷᠠᠯ᠎ᠳᠤ ᠤᠷᠤᠯᠴᠠᠭ᠍ᠰᠠᠳ ᠰᠤᠷᠤᠯᠴᠠᠬᠤ ᠲᠣᠬᠢᠶᠠᠯ᠎ᠢᠶᠠᠨ ᠨᠠᠨᠳᠢᠩᠨᠠᠨ᠂ ᠰᠤᠷᠤᠯᠴᠠᠬᠤ ᠣᠪᠣᠷ᠎ᠢᠶᠠᠨ ᠲᠥᠪ ᠪᠣᠯᠭᠠᠵᠤ᠂ ᠴᠢᠷᠮᠠᠢᠨ ᠰᠤᠷᠤᠯᠴᠠᠨ ᠰᠤᠳᠤᠯᠤᠨ ᠶᠠᠷᠢᠯᠴᠠᠵᠤ᠂ ᠣᠯᠤᠯᠲᠠ᠎ᠲᠠᠢ ᠪᠠᠢᠬᠤ᠎ᠶ᠋ᠢ ᠦᠨᠡᠨ ᠬᠦ᠌ ᠪᠠᠲᠤᠯᠠᠬᠤ ᠬᠡᠷᠡᠭ᠌ᠲᠡᠢ ᠭᠡᠵᠤ ᠴᠢᠬᠤᠯᠠᠴᠢᠯᠠᠵᠡᠢ᠃