ᠡᠯᠡᠰᠦᠨ ᠨᠤᠲᠤᠭ᠎ᠤᠨ ᠲᠦᠷᠦ᠎ᠶ᠋ᠢᠨ ᠱᠠᠩᠨᠠᠯᠲᠤ ᠪᠦᠰᠡᠬᠦᠢ — ᠪᠦᠬᠦ᠌ ᠤᠯᠤᠰ᠎ᠤᠨ ᠬᠦᠲᠡᠯᠮᠦᠷᠢ᠎ᠶ᠋ᠢᠨ ᠵᠢᠱ᠌ᠢᠶᠡᠴᠢ ᠪᠤᠤ ᠬᠤᠸᠠ᠎ᠶ᠋ᠢᠨ ᠦᠢᠯᠡ ᠠᠵᠢᠯᠯᠠᠭ᠎ᠠ᠎ᠶ᠋ᠢ ᠲᠡᠮᠲᠡᠭ᠌ᠯᠡᠪᠡ
2020-12-08 15:21:13
ᠵᠣᠬᠢᠶᠠᠭ᠍ᠴᠢ᠄
ᠬᠠᠨ ᠯᠢᠩ ᠯᠢᠩ
ᠣᠩᠱᠢᠭ᠍ᠰᠠᠨ ᠣᠳᠠᠭ᠎ᠠ᠄
★★★☆☆

ᠠᠯᠠᠱᠠ ᠪᠠᠷᠠᠭᠤᠨ ᠬᠤᠱᠢᠭᠤᠨ᠎ᠤ ᠡᠯᠡᠰᠦᠨ ᠭᠤᠪᠢ᠎ᠳᠤ ᠨᠢᠭᠡᠨ 《ᠵᠠᠬ ᠮᠤᠳᠤ》 ᠭᠡᠮᠡᠭ᠌ᠳᠡᠭ᠌ᠰᠡᠨ ᠪᠦᠰᠡᠬᠦᠢ ᠪᠠᠢᠲᠠᠭ᠃ ᠬᠤᠷᠢ ᠱᠢᠬᠠᠮ ᠵᠢᠯ᠎ᠤᠨ ᠲᠤᠷᠰᠢ᠂ ᠲᠡᠷᠡ ᠱᠢᠨᠲᠠᠷᠠᠰᠢ ᠦᠭᠡᠢ ᠲᠠᠮᠠᠴᠡᠵᠤ ᠬᠦᠴᠢᠷ᠎ᠢ ᠰᠦᠷᠦᠨ ᠤᠷᠤᠬ᠍ᠰᠢᠯᠠᠬᠤ ᠬᠠᠳᠠᠨ ᠵᠤᠷᠢᠭ ᠡᠪᠤᠷᠯᠠᠵᠤ᠂ ᠭᠤᠪᠢ ᠨᠤᠳᠤᠭ᠎ᠲᠤ ᠦᠨᠳᠦᠰᠦ ᠬᠠᠳᠭᠤᠵᠦ᠍᠂ ᠠᠵᠢᠯᠴᠢ ᠬᠦᠲᠡᠯᠮᠦᠷᠢᠴᠢ ᠬᠦᠴᠦ᠍ ᠬᠦᠯᠦᠰᠦ᠎ᠪᠠᠷ᠎ᠢᠶᠠᠨ ᠪᠠᠲᠠᠢ᠎ᠶ᠋ᠢᠨ ᠵᠢᠷᠠᠨ ᠡᠯᠡᠰᠦᠨ᠎ᠤ ᠬᠦᠪᠡᠭᠡ᠎ᠪᠠᠷ ᠠᠷᠪᠠᠭᠠᠳ ᠲᠦᠮᠡᠨ ᠮᠦ᠍ ᠣᠢᠵᠢᠭᠤᠯᠵᠦ᠍᠂ ᠮᠠᠯᠴᠢᠨ ᠲᠠᠷᠢᠶᠠᠴᠢᠨ ᠴᠤ᠌ ᠲᠡᠭᠦᠨ᠎ᠢ ᠲᠠᠭᠠᠭᠠᠳ ᠠᠵᠤ ᠦᠶᠯᠡᠰ᠎ᠢᠶᠠᠨ ᠬᠥᠭ᠌ᠵᠢᠭᠦᠯᠵᠦ᠍ ᠠᠮᠢᠳᠤᠷᠠᠯ᠎ᠢᠶᠠᠨ ᠴᠢᠨᠡᠭᠡᠯᠢᠭ᠌ᠵᠢᠬᠦᠯᠵᠠᠢ᠃ ᠡᠨᠡ ᠪᠦᠰᠡᠬᠦᠢ ᠪᠤᠯ ᠠᠯᠠᠱᠠ ᠪᠠᠷᠠᠭᠤᠨ ᠬᠤᠱᠢᠭᠤᠨ᠎ᠤ ᠮᠠᠨᠳᠤᠯ ᠰᠤᠮᠤᠨ᠎ᠤ ᠬᠤᠶᠠᠷᠬᠤᠳᠳᠤᠭ ᠭᠠᠴᠠᠭᠠᠨ᠎ᠤ ᠨᠠᠮ᠎ᠤᠨ ᠭᠡᠱᠢᠭᠦᠨ ᠪᠦᠦ ᠬᠤᠸᠠ ᠪᠣᠯᠬᠤ ᠶᠤᠮ᠃

2000 ᠣᠨ᠎ᠳᠤ ᠪᠦᠦ ᠬᠤᠸᠠ᠎ᠶ᠋ᠢᠨ ᠨᠢᠭᠡ ᠭᠡᠷ ᠪᠣᠯᠤᠨ 80 ᠭᠠᠷᠤᠶ ᠮᠠᠯᠴᠢᠨ ᠲᠠᠷᠢᠶᠠᠴᠢᠨ ᠡᠷᠦᠬᠡ ᠬᠤᠱᠢᠭᠤᠨ᠎ᠤ ᠵᠠᠰᠠᠭ᠎ᠤᠨ ᠣᠷᠳᠣᠨ᠎ᠤ ᠤᠷᠢᠶᠠᠯᠠᠭ᠎ᠠ᠎ᠶ᠋ᠢ ᠴᠤᠤᠷᠢᠶᠠᠲᠤᠨ ᠳᠠᠭᠠᠵᠤ᠂ ᠬᠠᠮᠲᠤ᠎ᠪᠠᠷ ᠮᠠᠨᠳᠤᠯ ᠰᠤᠮᠤᠨ᠎ᠤ ᠱᠠᠯᠠ᠎ᠶ᠋ᠢᠨ ᠬᠤᠳᠳᠤᠭ᠎ᠲᠤ ᠨᠤᠳᠤᠭ᠍ᠰᠢᠪᠠ᠃ ᠲᠤᠬᠠᠶ᠎ᠶ᠋ᠢᠨ ᠦᠶ᠎ᠡ᠎ᠳᠤ ᠠᠳᠡᠬᠢ ᠣᠷᠴᠢᠨ ᠲᠣᠭᠤᠷᠢᠨ᠎ᠨᠢ ᠵᠢᠯ᠎ᠳᠡᠭᠡᠨ ᠰᠠᠯᠬᠢᠯᠠᠵᠤ᠂ ᠥᠷᠯᠥᠭᠡ᠎ᠶ᠋ᠢᠨ ᠰᠠᠴᠤᠬ᠍ᠰᠠᠨ ᠲᠠᠷᠢᠶᠠᠨ ᠦᠷ᠎ᠡ᠎ᠶ᠋ᠢ ᠣᠷᠣᠢ᠎ᠨᠢ ᠰᠠᠯᠬᠢᠯᠠᠪᠠᠯ ᠪᠦᠬᠦᠳᠠ᠎ᠶ᠋ᠢ ᠭᠡᠢᠰᠭᠡᠭᠡᠳ ᠬᠠᠶᠠᠴᠢᠬᠠᠳᠠᠭ᠂ ᠲᠦᠡᠭ᠌ᠭᠡᠵᠢ ᠴᠤᠬᠤᠢ᠍ᠢᠬ᠍ᠰᠠᠨ ᠲᠠᠷᠢᠶᠠᠨ ᠴᠢᠬᠢ ᠦᠨᠳᠦᠰᠦ᠎ᠪᠠᠷ᠎ᠢᠶᠠᠨ ᠦᠭ᠌ᠲᠡᠭᠡᠭ᠌ᠲᠡᠲᠡᠭ᠃ ᠭᠤᠣᠯᠳᠠᠯᠭ᠎ᠠ᠎ᠲᠠᠢ ᠨᠡᠭᠦᠳᠡᠯ ᠠᠷᠠᠳ᠎ᠤᠨ ᠨᠡᠭᠦᠵᠦ᠍ ᠤᠷᠤᠭ᠍ᠰᠠᠨ ᠭᠠᠵᠠᠷ ᠣᠷᠣᠨ ᠪᠣᠯᠤᠭ᠍ᠰᠠᠨ᠎ᠤ ᠬᠤᠪᠢ᠎ᠳᠤ᠂ ᠰᠠᠯᠬᠢ ᠡᠯᠡᠰᠦᠨ᠎ᠳᠤ ᠲᠠᠭᠠᠷᠢᠬ᠍ᠲᠠᠵᠦ᠍᠂ ᠨᠡᠭᠦᠨ ᠢᠷᠡᠭ᠌ᠰᠡᠨ ᠤᠯᠠᠩᠬᠢ ᠡᠷᠦᠬᠡ᠎ᠶ᠋ᠢᠨ ᠲᠠᠷᠢᠶᠠᠨ ᠭᠠᠵᠠᠷ ᠬᠦᠨᠳᠦ ᠨᠣᠴᠢᠲᠠᠶ ᠬᠤᠬᠢᠷᠠᠯ᠎ᠳᠤ ᠤᠴᠠᠷᠠᠵᠦ᠍᠂ ᠣᠨᠴᠠ ᠵᠠᠷᠢᠮ ᠲᠠᠷᠢᠶᠠᠴᠢᠨ ᠡᠷᠦᠬᠡ ᠥᠪᠡᠷ᠎ᠤᠨ ᠥᠷᠲᠡᠭ᠎ᠢᠶᠠᠨ ᠬᠦᠷᠲᠡᠯ᠎ᠡ ᠡᠭᠡᠭᠦᠯᠵᠦ᠍ ᠴᠢᠳᠠᠬᠤ ᠦᠭᠡᠢ ᠪᠣᠯᠵᠠᠶ᠃ ᠣᠷᠣᠯᠭ᠎ᠠ᠎ᠨᠢ ᠵᠠᠷᠤᠯᠭ᠎ᠠ᠎ᠳᠠᠭᠠᠨ ᠬᠦᠷᠬᠦ᠌ ᠦᠭᠡᠢ ᠪᠤᠯᠵᠦ᠍᠂ ᠬᠠᠮᠲᠤ᠎ᠪᠠᠷ ᠨᠡᠭᠦᠵᠦ᠍ ᠢᠷᠡᠭ᠌ᠰᠡᠨ 80 ᠭᠠᠷᠤᠶ ᠡᠷᠦᠬᠡ ᠠᠭᠠᠵᠢᠮ᠎ᠳᠠᠭᠠᠨ ᠠᠷᠪᠠᠨ ᠬᠡᠳᠦᠨ ᠡᠷᠦᠬᠡ ᠪᠣᠯᠵᠤ ᠬᠤᠴᠤᠷᠤᠯ᠎ᠠ᠃ ᠰᠠᠯᠬᠢᠨ᠎ᠢ᠎ᠲᠠᠭᠠᠨ ᠤᠬᠤᠷᠢᠨ᠎ᠠ ᠤᠤ? ᠰᠠᠯᠬᠢᠨ᠎ᠢ ᠰᠦᠷᠦᠨ ᠤᠷᠤᠬ᠍ᠰᠢᠯᠠᠨ᠎ᠠ ᠤᠤ? ᠡᠨᠡ ᠬᠦ᠌ ᠰᠠᠯᠠᠭ᠎ᠠ ᠵᠠᠮ ᠳᠡᠭᠡᠷ᠎ᠠ ᠵᠦᠷᠢᠬᠦᠳ ᠪᠦᠭᠡᠳ ᠰᠡᠷᠭᠦᠯᠡᠩ ᠮᠤᠩᠭᠤᠯ ᠪᠦᠰᠡᠬᠦᠢ ᠪᠤᠤ ᠬᠤᠸᠠ ᠡᠯᠡᠰᠦᠨ ᠴᠦᠯ᠎ᠤᠨ ᠬᠦᠨ᠎ᠳᠠᠬᠢ ᠵᠠᠬ ᠮᠤᠳᠤ ᠱᠢᠬ ᠦᠪᠡᠰᠦᠪᠡᠨ ᠬᠦᠴᠦᠷᠭᠡᠭ᠌ᠵᠢᠨ ᠬᠦᠴᠦᠯᠡᠨ ᠴᠢᠷᠮᠠᠢᠬᠤ ᠮᠡᠷᠭᠡᠨ ᠰᠤᠩᠭᠤᠯᠲᠠ ᠬᠢᠯ᠎ᠡ᠃

ᠪᠤᠤ ᠬᠤᠸᠠ ᠡᠷ᠎ᠡ ᠨᠦᠬᠦᠷ᠎ᠲᠠᠢ᠎ᠪᠠᠨ ᠬᠦᠷᠵᠡ᠎ᠪᠠᠨ ᠡᠭᠦᠷᠤᠨ ᠡᠯᠡᠰᠦᠨ᠎ᠳᠤ ᠤᠷᠤᠵᠦ᠍᠂ ᠵᠠᠬ ᠮᠤᠳᠤ ᠲᠠᠷᠢᠵᠦ᠍ ᠡᠨᠡ ᠬᠦ᠌ ᠭᠠᠵᠠᠷ ᠱᠢᠷᠤᠢ᠎ᠶ᠋ᠢᠨ ᠲᠦᠷᠰᠦ ᠪᠠᠢᠲᠠᠯ᠎ᠢ ᠬᠤᠪᠢᠷᠠᠭᠤᠯᠬᠤ᠎ᠪᠠᠷ ᠱᠢᠢᠳᠤᠯ᠎ᠠ᠃ ᠲᠡᠷᠡ ᠬᠡᠲᠦᠨ ᠲᠦᠮᠡᠨ ᠵᠠᠬ ᠮᠤᠳᠤᠨ ᠴᠢᠬᠢ ᠬᠤᠳᠠᠯᠳᠤᠨ ᠠᠪᠴᠤ᠌᠂ ᠡᠯᠡᠰᠦ ᠱᠢᠭᠤᠷᠭ᠎ᠠ᠎ᠲᠠᠢ ᠬᠠᠲᠠᠭᠤᠵᠢᠯᠲᠠᠢ ᠤᠷᠴᠢᠨ ᠲᠤᠭᠤᠷᠢᠨ᠎ᠳᠤ ᠬᠦᠴᠢᠷ᠎ᠢ ᠲᠡᠰᠪᠦᠷᠢᠯᠡᠨ᠂ ᠨᠦᠬᠦᠷ᠎ᠲᠠᠢ᠎ᠪᠠᠨ ᠬᠤᠶᠠᠭᠤᠯᠠ ᠨᠠᠷᠠᠨ᠎ᠤ ᠬᠤᠶᠠᠷ ᠦᠵᠦᠬᠦᠷ᠎ᠢ ᠬᠤᠯᠪᠤᠨ ᠴᠢᠷᠮᠠᠢᠨ ᠠᠵᠢᠯᠯᠠᠵᠠᠢ᠃

ᠵᠠᠬ ᠮᠤᠳᠤ᠎ᠪᠠᠨ ᠰᠠᠢᠨ ᠲᠠᠷᠢᠬᠤ᠎ᠨᠢ ᠵᠦᠪᠬᠡᠨ ᠦᠪᠡᠷ᠎ᠤᠨ᠎ᠢᠶᠠᠨ ᠭᠠᠷᠬᠤ ᠵᠠᠮ᠎ᠢᠶᠠᠨ ᠡᠷᠢᠵᠦ᠍ ᠪᠠᠢᠭ᠎ᠠ ᠲᠡᠲᠦᠢ ᠪᠢᠰᠢ ᠶᠤᠮ᠂ ᠡᠨᠡ᠎ᠨᠢ ᠮᠦᠨ ᠴᠤ᠌ ᠪᠦᠬᠦ᠌ ᠭᠠᠴᠠᠭᠠᠨ᠎ᠤ ᠬᠦᠮᠦᠰ᠎ᠤᠨ ᠬᠦᠰᠡᠯ ᠡᠷᠡᠮᠡᠯᠵᠡᠯ ᠪᠤᠯᠵᠦ᠍᠂ ᠭᠠᠭ᠍ᠴᠠ ᠬᠦ᠌ ᠱᠢᠳᠦ᠎ᠪᠠᠨ ᠵᠠᠭᠤᠵᠤ ᠲᠠᠰᠤᠷᠠᠯᠲᠠ ᠦᠭᠡᠢ ᠪᠠᠷᠢᠮᠲᠠᠯᠠᠪᠠᠯ ᠰᠠᠶᠢ ᠠᠮᠵᠢᠯᠲᠠ ᠣᠯᠵᠤ ᠴᠢᠳᠠᠨ᠎ᠠ ᠬᠡᠲᠡᠭ᠎ᠢ ᠪᠤᠤ ᠬᠤᠸᠠ ᠲᠤᠲᠤᠷᠬᠠᠢ ᠮᠡᠲᠡᠨ᠎ᠡ᠃ ᠴᠥᠬᠦᠷᠡᠯ ᠦᠭᠡᠢ ᠴᠢᠷᠮᠠᠢᠵᠤ ᠪᠠᠢᠭᠠᠳ ᠭᠠᠩ ᠬᠠᠭ᠍ᠰᠠᠷᠠᠭᠠᠨ᠎ᠳᠤ ᠲᠡᠰᠪᠦᠷᠢᠲᠡᠶ᠂ ᠬᠦᠢᠲᠡᠨ᠎ᠳᠤ ᠲᠡᠰᠪᠦᠷᠢᠲᠡᠶ᠂ ᠬᠠᠯᠠᠭᠤᠨ᠎ᠳᠤ ᠴᠤ᠌ ᠲᠡᠰᠪᠦᠷᠢᠲᠡᠶ᠂ ᠰᠠᠯᠬᠢ ᠡᠯᠡᠰᠦ᠎ᠶ᠋ᠢ ᠳᠠᠭᠠᠭᠠᠲᠠᠭ ᠵᠠᠬ ᠮᠤᠳᠤ᠎ᠨᠢ ᠪᠤᠤ ᠬᠤᠸᠠ᠎ᠶ᠋ᠢ ᠬᠥᠰᠡᠷᠳᠡᠭᠦᠯᠦᠭᠡ ᠦᠭᠡᠶ᠂ ᠲᠩᠷᠢ ᠲᠤᠯᠤᠮ᠎ᠠ ᠡᠯᠡᠰᠦᠨ ᠱᠢᠭᠤᠷᠭᠠᠨ᠎ᠳᠤ ᠨᠤᠭᠤᠷᠠᠰᠢ ᠦᠭᠡᠶ ᠵᠤᠷᠢᠭ᠎ᠢᠶᠠᠷ ᠠᠮᠢᠳᠤᠷᠠᠵᠤ᠂ ᠡᠯᠡᠰᠦᠨ ᠨᠤᠳᠤᠭ᠎ᠨᠢ ᠠᠭᠠᠵᠢᠮ᠎ᠢᠶᠠᠷ ᠨᠤᠭᠤᠭᠠᠨ ᠦᠩᠭᠡ᠎ᠪᠠᠷ ᠬᠤᠴᠢᠬ᠍ᠲᠠᠯ᠎ᠠ᠃ ᠡᠨᠡ᠎ᠨᠢ ᠪᠤᠤ ᠬᠤᠸᠠ᠎ᠳᠤ ᠢᠲᠡᠭᠡᠯ ᠤᠯᠭᠤᠵᠦ᠍᠂ ᠮᠦᠨ ᠴᠤ᠌ ᠭᠠᠴᠠᠭᠠᠨ᠎ᠤ ᠮᠠᠯᠴᠢᠨ ᠲᠠᠷᠢᠶᠠᠴᠢᠨ᠎ᠳᠤ ᠬᠦᠰᠡᠯ ᠡᠷᠡᠮᠡᠯᠵᠡᠯ ᠤᠯᠭᠤᠵᠠᠢ᠃ ᠪᠤᠤ ᠬᠤᠸᠠ ᠶᠠᠪᠤᠬᠤ ᠲᠤᠲᠤᠮ ᠡᠷᠴᠢ ᠵᠤᠷᠢᠭ᠎ᠨᠢ ᠴᠢᠩᠭᠠᠷᠠᠵᠦ᠍᠂ ᠬᠡᠲᠦᠨ ᠮᠦ᠍᠎ᠠᠴᠠ᠎ᠪᠠᠨ ᠠᠷᠪᠠ ᠶᠢᠰᠦᠨ ᠲᠦᠮᠡᠨ ᠮᠦ᠍ ᠪᠤᠯᠲᠠᠯ᠎ᠠ ᠦᠷᠭᠡᠳᠭᠡᠨ ᠲᠠᠷᠢᠵᠦ᠍᠂ ᠦᠩᠭᠡᠷᠡᠭ᠌ᠰᠡᠨ᠎ᠤ 《ᠰᠠᠯᠬᠢᠨ ᠡᠯᠡᠰᠦᠨ ᠲᠠᠩ》 ᠎ᠨᠢ ᠡᠴᠦᠰ᠎ᠲᠡᠭᠡᠨ 《ᠱᠢᠨ᠎ᠡ ᠨᠤᠭᠤᠭᠠᠨ ᠪᠦᠷᠢᠲᠦ》 ᠪᠤᠯᠤᠨ ᠬᠤᠪᠢᠷᠠᠵᠦ᠍᠂ ᠡᠭᠦᠨ᠎ᠠᠴᠠ ᠪᠤᠯᠵᠦ᠍ ᠬᠦᠮᠦᠰ ᠲᠡᠭᠦᠨ᠎ᠢ ᠲᠤᠲᠤᠨᠤᠰᠤᠭ᠎ᠢᠶᠠᠷ 《ᠵᠠᠬ ᠮᠤᠳᠤ ᠪᠦᠰᠡᠬᠦᠢ》 ᠬᠡᠮᠡᠨ ᠨᠡᠷᠡᠢᠲᠦᠭ᠌ᠰᠡᠨ ᠪᠠᠢᠯ᠎ᠠ᠃

ᠵᠠᠬ ᠮᠤᠳᠤ ᠦᠷᠭᠦᠯᠵᠢᠯᠡᠨ ᠤᠢ ᠱᠢᠭᠤᠢ ᠪᠤᠯᠵᠦ᠍ ᠰᠠᠯᠬᠢ ᠱᠢᠭᠤᠷᠭ᠎ᠠ᠎ᠶ᠋ᠢ ᠬᠠᠱᠢᠴᠢᠬᠠᠯ᠎ᠠ᠂ ᠬᠡᠪᠡᠴᠤ᠌ ᠱᠢᠭᠤᠳ ᠠᠵᠤ ᠠᠬᠤᠢ᠎ᠶ᠋ᠢᠨ ᠦᠷ᠎ᠡ ᠠᠱᠢᠭ ᠡᠭᠦᠳᠴᠦ᠍ ᠲᠡᠢᠯᠬᠦ᠌ ᠦᠭᠡᠢ ᠪᠤᠯᠬᠤᠷ ᠬᠦᠮᠦᠰ᠎ᠤᠨ ᠤᠷᠤᠯᠭ᠎ᠠ ᠮᠦᠨ ᠯᠡ ᠨᠡᠮᠡᠭ᠌ᠲᠡᠵᠦ᠍ ᠴᠢᠲᠠᠬᠤ ᠦᠭᠡᠢ ᠪᠠᠢᠯ᠎ᠠ᠃ ᠪᠤᠤ ᠬᠤᠸᠠ ᠵᠠᠬ ᠮᠤᠳᠤᠨ᠎ᠤ ᠦᠨᠳᠦᠰᠦ᠎ᠶ᠋ᠢᠨ ᠬᠡᠰᠡᠭ᠎ᠲᠤ ᠬᠦᠮᠦᠨ᠎ᠤ ᠬᠦᠴᠦ᠎ᠪᠠᠷ ᠴᠠᠭᠠᠨ ᠭᠤᠶᠤᠤ ᠵᠠᠯᠭᠠᠬᠤ᠎ᠪᠠᠷ ᠪᠤᠳᠤᠯᠬᠢᠯᠠᠵᠦ᠍᠂ 《ᠬᠡᠷᠪᠡ ᠠᠵᠤ ᠠᠬᠤᠶ᠎ᠶ᠋ᠢᠨ ᠦᠷ᠎ᠡ ᠠᠱᠢᠭ᠎ᠲᠠᠢ ᠪᠤᠯᠪᠠᠯ᠂ ᠮᠠᠯᠴᠢᠨ ᠲᠠᠷᠢᠶᠠᠴᠢᠳ ᠡᠭᠦᠨ᠎ᠢᠶᠠᠷ ᠣᠷᠣᠯᠭ᠎ᠠ᠎ᠪᠠᠨ ᠨᠡᠮᠡᠭ᠌ᠳᠡᠭᠦᠯᠵᠦ᠍ ᠴᠢᠳᠠᠬᠤ᠎ᠪᠠᠷ ᠪᠠᠷᠠᠬᠤ ᠥᠬᠡᠶ᠂ ᠨᠠᠩ ᠣᠯᠠᠨ ᠬᠥᠮᠦᠰ᠎ᠢ ᠲᠡᠳᠡᠨ ᠠᠪᠴᠢᠷᠠᠵᠤ ᠠᠳᠡ ᠵᠠᠬ ᠮᠤᠳᠤ ᠲᠠᠷᠢᠭᠤᠯᠲᠠᠭ ᠪᠤᠯᠭᠠᠨ᠎ᠠ》 ᠬᠡᠳᠡᠭ᠎ᠢ ᠢᠳᠡᠭᠡᠵᠦ᠍ ᠪᠠᠢᠯ᠎ᠠ᠃ 2003 ᠣᠨ᠎ᠳᠤ᠂ ᠪᠤᠳᠤᠯ᠎ᠳᠠᠭᠠᠨ ᠬᠦᠲᠦᠯᠦᠭ᠌ᠲᠡᠭ᠌ᠰᠡᠨ ᠪᠤᠤ ᠬᠤᠸᠠ ᠵᠠᠬ ᠮᠤᠳᠤᠨ᠎ᠤ ᠦᠨᠳᠦᠰᠦᠨ᠎ᠤ ᠬᠡᠰᠡᠭ᠎ᠲᠤ ᠴᠠᠭᠠᠨ ᠭᠤᠶᠤᠤ ᠲᠠᠷᠢᠬᠤ᠎ᠪᠠᠷ ᠲᠤᠷᠱᠢᠵᠦ᠍᠂ ᠲᠠᠷᠠᠭ᠎ᠠ ᠵᠢᠯ᠎ᠨᠢ ᠠᠮᠵᠢᠯᠲᠠ ᠣᠯᠤᠬ᠍ᠰᠠᠨ᠎ᠤ ᠬᠤᠢᠨ᠎ᠠ᠂ ᠵᠠᠯᠭᠠᠭᠠᠳ ᠬᠡᠪᠴᠢᠶ᠎ᠡ᠎ᠪᠠᠨ ᠦᠷᠭᠡᠳᠭᠡᠨ 300 ᠮᠦ᠍ ᠲᠠᠷᠢᠵᠦ᠍᠂ ᠮᠠᠯᠲᠠᠬ᠍ᠰᠨᠨ᠎ᠤ ᠲᠠᠷᠠᠭ᠎ᠠ 3 ᠲᠦᠮᠡ ᠭᠠᠷᠤᠢ ᠲᠦᠭᠦᠷᠢᠭ ᠬᠤᠳᠠᠯᠳᠤᠵᠠᠢ᠃ ᠬᠡᠳᠦᠨ ᠵᠢᠯ᠎ᠤᠨ ᠱᠢᠷᠭᠠᠭᠤ ᠬᠥᠳᠡᠯᠮᠦᠷᠢ᠎ᠨᠢ ᠡᠴᠦᠰ᠎ᠲᠡᠭᠡᠨ ᠨᠠᠯᠢᠶᠠᠳ ᠰᠠᠢᠨ ᠦᠷ᠎ᠠ ᠠᠱᠢᠭ ᠣᠯᠤᠭ᠍ᠰᠠᠨ ᠪᠠᠢᠨ᠎ᠠ᠃

ᠪᠤᠤ ᠬᠤᠸᠠ᠎ᠶ᠋ᠢᠨ ᠠᠮᠵᠢᠯᠲᠠ᠎ᠨᠢ ᠪᠦᠬᠦ᠌ ᠭᠠᠴᠠᠭᠠᠨ᠎ᠤ ᠵᠠᠬ ᠮᠤᠳᠤ ᠵᠠᠢᠯᠠᠨ ᠴᠠᠭᠠᠨ ᠭᠤᠶᠣᠣ ᠲᠠᠷᠢᠬᠤ ᠢᠳᠡᠪᠬᠢᠵᠢᠯ᠎ᠢ ᠳᠠᠢᠴᠢᠯᠠᠪᠠ᠃ ᠣᠳᠣᠬᠠᠨ᠎ᠳᠤ ᠭᠠᠴᠠᠭᠠᠨ᠎ᠤ ᠡᠷᠭᠢᠨ ᠲᠣᠭᠤᠷᠢᠨ᠎ᠳᠤ ᠬᠤᠪᠢ ᠬᠥᠮᠦᠨ᠎ᠤ ᠤᠢ᠍ᠢᠵᠢᠭᠤᠯᠤᠬ᠍ᠰᠠᠨ ᠲᠠᠯᠠᠪᠠᠢ ᠨᠢᠭᠡᠨᠲᠡ 50 ᠭᠠᠷᠤᠶ ᠲᠦᠮᠡᠨ ᠮᠥ᠍ ᠬᠦᠷᠴᠦ᠍᠂ 8 ᠲᠦᠮᠡ ᠭᠠᠷᠤᠶ ᠮᠥ᠍ ᠴᠠᠭᠠᠨ ᠭᠤᠶᠣᠣ ᠳᠠᠷᠢᠵᠤ ᠪᠠᠢᠨ᠎ᠠ᠃ ᠭᠠᠭ᠍ᠴᠠ ᠬᠦ᠌ ᠡᠨᠡ ᠬᠦ᠌ ᠵᠦᠢᠯ᠎ᠳᠤ ᠭᠠᠴᠠᠭᠠᠨ᠎ᠤ ᠡᠷᠦᠬᠡ ᠪᠦᠷᠢ ᠵᠢᠯ᠎ᠳᠤ 2 ᠎ᠠᠴᠠ 3 ᠲᠦᠮᠡᠨ ᠲᠥᠭᠦᠷᠢᠭ᠎ᠤᠨ ᠣᠷᠣᠯᠭ᠎ᠠ ᠨᠡᠮᠡᠭ᠌ᠳᠡᠭᠦᠯᠪᠡ᠃ ᠵᠠᠬ ᠮᠤᠳᠤᠨ᠎ᠤ ᠤᠢ᠎ᠨᠢ ᠨᠤᠭᠤᠭᠠᠨ ᠪᠠᠩᠬᠢ ᠪᠤᠯᠵᠦ᠍᠂ ᠪᠦᠦ ᠬᠤᠸᠠ ᠴᠤ᠌ ᠭᠠᠴᠠᠭᠠᠨ᠎ᠤ ᠮᠠᠯᠴᠢᠨ ᠲᠠᠷᠢᠶᠠᠴᠢᠨ᠎ᠤ ᠦᠢᠯᠡᠳᠪᠦᠷᠢᠯᠡᠯ᠎ᠢᠶᠠᠨ ᠱᠢᠯᠵᠢᠭᠦᠯᠬᠦ᠂ ᠣᠷᠣᠯᠭ᠎ᠠ᠎ᠪᠠᠨ ᠨᠡᠮᠡᠭ᠌ᠳᠡᠭᠦᠯᠦᠨ ᠪᠠᠶᠠᠵᠢᠯ᠎ᠤᠨ ᠵᠠᠮ᠎ᠢᠶᠠᠷ ᠵᠠᠮᠨᠠᠬᠤ ᠳᠠᠭᠠᠭᠤᠯᠤᠭ᠍ᠴᠢ ᠪᠣᠯᠵᠠᠢ᠃

ᠵᠠᠬ ᠮᠤᠳᠤᠨ᠎ᠤ ᠤᠢ᠎ᠶ᠋ᠢᠨ ᠡᠨᠡ ᠬᠦ᠌ ᠨᠤᠭᠤᠭᠠᠨ ᠪᠠᠩᠬᠢ᠎ᠪᠠᠷ ᠲᠦᠱᠢᠭ ᠪᠤᠯᠭᠠᠬ᠍ᠰᠠᠨ᠎ᠠᠴᠠ ᠪᠤᠤ ᠬᠤᠸᠠ ᠨᠡᠩ ᠦᠨᠳᠦᠷ᠎ᠲᠤ ᠵᠤᠬ᠍ᠰᠤᠵᠦ᠍᠂ ᠨᠡᠩ ᠬᠤᠯᠠ᠎ᠶ᠋ᠢ ᠬᠠᠷᠠᠵᠦ᠍᠂ ᠲᠦᠯᠦᠪᠯᠡᠭᠡ᠎ᠨᠢ ᠨᠡᠩ ᠦᠷᠭᠡᠨ ᠠᠭᠤᠲᠠᠮ ᠪᠤᠯᠵᠦ᠍᠂ ᠲᠠᠰᠤᠷᠠᠯᠲᠠ ᠦᠭᠡᠢ᠎ᠪᠠᠷ ᠱᠢᠨ᠎ᠡ ᠬᠦᠭ᠌ᠵᠢᠯᠲᠡ᠎ᠶ᠋ᠢᠨ ᠰᠡᠳᠭᠢᠴᠡ᠎ᠶ᠋ᠢ ᠡᠷᠢᠯᠬᠢᠯᠡᠵᠦ᠍᠂ ᠪᠦᠬᠦ᠌ ᠭᠠᠴᠠᠭᠠᠨ᠎ᠤ ᠮᠠᠯᠴᠢᠨ ᠲᠠᠷᠢᠶᠠᠴᠢᠳ᠎ᠢᠶᠠᠨ ᠲᠠᠭᠠᠭᠤᠯᠤᠨ ᠬᠠᠮᠲᠦ᠎ᠪᠠᠷ ᠪᠠᠶᠠᠵᠢᠨ ᠴᠢᠨᠡᠭᠡᠯᠢᠭ᠌ᠵᠢᠪᠡ᠃

2012 ᠣᠨ᠎ᠳᠤ᠂ ᠪᠦᠦ ᠬᠤᠸᠠ ᠤᠯᠠᠨ ᠳᠦᠮᠡᠨ᠎ᠢ ᠳᠠᠢᠴᠢᠯᠡᠨ ᠠᠯᠠᠱᠠ ᠪᠠᠷᠠᠭᠤᠨ ᠬᠤᠱᠢᠭᠤᠨ᠎ᠤ ᠮᠠᠨᠳᠤᠯ᠎ᠤᠨ ᠪᠣᠷᠳᠣᠭᠠᠨ᠎ᠤ ᠢᠮᠠᠭᠠᠨ᠎ᠤ ᠮᠠᠯᠴᠢᠨ ᠲᠠᠷᠢᠶᠠᠴᠢᠨ᠎ᠤ ᠲᠤᠰᠭᠠᠢ ᠬᠤᠷᠱᠢᠶ᠎ᠠ᠎ᠶ᠋ᠢ ᠪᠠᠢᠭᠤᠯᠪᠠ᠃ ᠮᠠᠯᠴᠢᠨ ᠲᠠᠷᠢᠶᠠᠴᠢᠨ᠎ᠢ ᠵᠣᠷᠢᠭ᠍ᠲᠠᠶ᠎ᠪᠠᠷ ᠲᠤᠷᠱᠢᠭᠤᠯᠬᠤ᠎ᠶ᠋ᠢᠨ ᠲᠥᠯᠥᠭᠡ᠂ ᠪᠦᠦ ᠬᠤᠸᠠ ᠪᠡᠯᠡ ᠭᠠᠷᠭᠠᠵᠤ 100 ᠢᠱᠢᠭᠡ ᠬᠤᠳᠠᠯᠳᠤᠨ ᠠᠪᠴᠤ᠌ 3 ᠮᠠᠯᠴᠢᠨ ᠲᠠᠷᠢᠶᠠᠴᠢᠨ ᠡᠷᠦᠬᠡ᠎ᠳᠤ ᠬᠤᠪᠢᠶᠠᠨ ᠥᠭ᠌ᠴᠦ᠂ ᠥᠪᠡᠷ᠎ᠢᠶᠠᠨ ᠵᠥᠪᠬᠡᠨ ᠥᠪᠡᠷ᠎ᠤᠨ ᠥᠷᠲᠡᠭ᠎ᠢᠶᠠᠨ ᠬᠤᠷᠢᠶᠠᠨ ᠠᠪᠴᠤ᠌᠂ ᠪᠤᠰᠤᠳ ᠤᠷᠤᠯᠭ᠎ᠠ᠎ᠶ᠋ᠢ ᠴᠦᠮ ᠲᠡᠵᠢᠭᠡᠨ ᠦᠷᠡᠵᠢᠭᠦᠯᠦᠭ᠌ᠰᠡᠨ ᠡᠷᠦᠭᠡ᠎ᠳᠤ ᠦᠭ᠌ᠴᠡᠢ᠃ ᠲᠡᠭᠦᠨ᠎ᠤ ᠵᠢᠯᠣᠭᠤᠳᠤᠯᠭ᠎ᠠ ᠳᠣᠣᠷ᠎ᠠ᠂ ᠮᠠᠯᠴᠢᠨ ᠲᠠᠷᠢᠶᠠᠴᠢᠳ ᠤᠯᠠᠭᠠᠨ ᠭᠤᠶᠤᠤ ᠵᠡᠷᠭᠡ᠎ᠪᠠᠷ ᠭᠤᠤᠯ ᠲᠡᠵᠢᠭᠡᠯ ᠪᠤᠷᠲᠤᠭ᠎ᠠ ᠪᠤᠯᠭᠠᠨ ᠱᠢᠨᠵᠢᠯᠡᠬᠦ᠌ ᠤᠬᠠᠭᠠᠨᠴᠢ᠎ᠪᠠᠷ ᠠᠷᠠᠴᠢᠯᠠᠨ ᠲᠡᠵᠢᠭᠡᠵᠦ᠍᠂ ᠲᠡᠵᠢᠭᠡᠭ᠌ᠰᠡᠨ ᠭᠠᠭ᠍ᠠᠶ᠂ ᠬᠤᠨᠢᠨ᠎ᠤ ᠮᠢᠬ᠎ᠠ᠎ᠨᠢ ᠱᠢᠨ᠎ᠡ ᠰᠣᠷᠭᠤᠭ ᠪᠥᠭᠡᠳ ᠠᠮᠲᠠᠲᠠᠶ ᠪᠠᠢᠵᠦ᠍᠂ ᠵᠠᠬ᠎ᠠ ᠳᠡᠯᠭᠡᠭᠦᠷ᠎ᠤᠨ ᠠᠩᠬᠠᠷᠤᠯ᠎ᠢ ᠶᠡᠬᠡᠳᠡ ᠲᠠᠲᠠᠵᠤ᠂ ᠲᠡᠵᠢᠭᠡᠨ ᠦᠷᠡᠵᠢᠭᠦᠯᠦᠭ᠌ᠰᠡᠨ ᠡᠷᠦᠬᠡ ᠮᠠᠰᠢ ᠲᠦᠷᠭᠡᠨ᠎ᠢᠶᠠᠷ ᠠᠱᠢᠭ ᠭᠥᠷᠳᠡᠪᠡ᠃ ᠪᠤᠰᠤᠳ ᠮᠠᠯᠴᠢᠨ ᠲᠠᠷᠢᠶᠠᠴᠢᠨ ᠴᠤ᠌ ᠲᠤᠰᠭᠠᠢ ᠬᠤᠷᠱᠢᠶᠠᠨ᠎ᠳᠤ ᠤᠷᠤᠯᠴᠠᠬᠤ᠎ᠪᠠᠷ ᠪᠤᠤ ᠬᠤᠸᠠ᠎ᠶ᠋ᠢ ᠡᠷᠢᠵᠦ᠍ ᠢᠷᠡᠭ᠌ᠰᠡᠨ ᠪᠠᠢᠯ᠎ᠠ᠃

ᠠᠵᠤ ᠠᠬᠤᠢᠯᠠᠯ᠎ᠤᠨ ᠣᠨᠴᠠᠯᠢᠭ᠍ᠲᠤ ᠲᠡᠵᠢᠭᠡᠨ ᠦᠷᠡᠵᠢᠭᠦᠯᠬᠦ᠌ ᠬᠥᠭ᠌ᠵᠢᠯᠲᠡ᠎ᠶ᠋ᠢᠨ ᠲᠠᠯ᠎ᠠ᠎ᠪᠠᠷ᠎ᠬᠢ ᠠᠮᠢᠳᠤᠯᠢᠭ ᠴᠢᠨᠠᠷ ᠪᠠ ᠳᠠᠢᠴᠢᠯᠠᠬᠤ ᠴᠢᠨᠠᠷ᠎ᠢ ᠭᠦᠢᠴᠡᠳ ᠪᠠᠳᠠᠷᠠᠭᠤᠯᠬᠤ᠎ᠶ᠋ᠢᠨ ᠲᠥᠯᠥᠭᠡ᠂ ᠪᠦᠦ ᠬᠤᠸᠠ ᠡᠩ ᠲᠡᠷᠢᠭᠦᠨ᠎ᠳᠤ ᠠᠯᠠᠱᠠ ᠪᠠᠷᠠᠭᠤᠨ ᠬᠤᠱᠢᠭᠤᠨ᠎ᠤ ᠮᠠᠨᠳᠤᠯ ᠰᠤᠮᠤᠨ᠎ᠤ ᠨᠤᠭᠤᠭᠠᠨ ᠪᠦᠷᠢᠲᠦ ᠡᠯᠡᠰᠦ ᠡᠪᠡᠰᠦᠨ᠎ᠤ ᠠᠵᠦ᠍ ᠦᠢᠯᠡᠰ᠎ᠤᠨ ᠶᠡᠷᠦᠩᠬᠡᠢᠯᠡᠭ᠌ᠰᠡᠨ ᠲᠡᠵᠢᠭᠡᠨ ᠦᠷᠡᠵᠢᠭᠦᠯᠬᠦ᠌ ᠺᠣᠮᠫᠠᠨᠢ᠎ᠶ᠋ᠢ ᠳᠠᠩᠰᠠᠯᠠᠭᠤᠯᠤᠨ ᠪᠠᠢᠭᠤᠯᠪᠠ᠃ ᠴᠢᠷᠮᠠᠢᠯᠭ᠎ᠠ ᠬᠦᠮᠦᠨ᠎ᠢ ᠭᠤᠮᠤᠲᠠᠭᠠᠬᠤ ᠦᠭᠡᠢ ᠬᠡᠲᠡᠭ᠎ᠢᠶᠠᠷ ᠲᠡᠭᠦᠨ᠎ᠤ ᠣᠨᠴᠠᠯᠢᠭ᠍ᠲᠤ ᠲᠡᠵᠢᠭᠡᠨ ᠦᠷᠡᠵᠢᠭᠦᠯᠬᠦ᠌ ᠰᠠᠭᠤᠷᠢᠨ ᠭᠠᠵᠠᠷ᠎ᠨᠢ ᠠᠯᠬᠤᠮ ᠠᠯᠬᠤᠮ᠎ᠢᠶᠠᠷ 10 ᠫᠧᠩ ᠰᠠᠷᠠᠪᠴᠢ ᠪᠠ ᠡᠪᠡᠰᠦᠨ ᠬᠥᠮᠥᠷᠭᠡ᠎ᠲᠠᠢ ᠪᠣᠯᠵᠤ᠂ ᠤᠯᠠᠭᠠᠨ ᠭᠤᠶᠤᠤ᠎ᠪᠠᠷ ᠳᠡᠵᠢᠭᠡᠭ᠌ᠰᠡᠨ ᠭᠠᠭ᠍ᠠᠢ᠂ ᠤᠯᠠᠭᠠᠨ ᠭᠤᠶᠤᠤ᠎ᠪᠠᠷ ᠳᠡᠵᠢᠭᠡᠭ᠌ᠰᠡᠨ ᠢᠮᠠᠭ᠎ᠠ᠎ᠶ᠋ᠢ ᠪᠠᠭ᠍ᠲᠠᠭᠠᠬ᠍ᠰᠠᠨ ᠵᠢᠯ᠎ᠤᠨ ᠲᠡᠵᠢᠭᠡᠨ ᠦᠷᠡᠵᠢᠭᠦᠯᠬᠦ᠌ ᠬᠡᠪᠴᠢᠶ᠎ᠡ᠎ᠨᠢ 5000 ᠎ᠳᠤ ᠬᠦᠷᠴᠤ᠌ ᠣᠨᠴᠠᠯᠢᠭ᠍ᠲᠤ ᠶᠡᠷᠦᠩᠬᠡᠢᠯᠡᠭ᠌ᠰᠡᠨ ᠲᠡᠵᠢᠭᠡᠨ ᠦᠷᠡᠵᠢᠭᠦᠯᠬᠦ᠌ ᠰᠠᠭᠤᠷᠢᠨ ᠭᠠᠵᠠᠷ ᠪᠣᠯᠵᠠᠢ᠃ ᠲᠡᠭᠡᠬᠦ᠌ ᠮᠥᠷᠲᠡᠭᠡᠨ ᠠᠵᠤ ᠦᠢᠯᠡᠰ᠎ᠤᠨ ᠬᠡᠯᠬᠢᠶᠠᠵᠢᠯ᠎ᠢᠶᠠᠨ ᠤᠷᠲᠤᠳᠭᠠᠵᠦ᠍᠂ ᠲᠡᠵᠢᠭᠡᠨ ᠦᠷᠡᠵᠢᠭᠦᠯᠬᠦ᠌ ᠰᠠᠭᠤᠷᠢᠨ ᠭᠠᠵᠠᠷ᠎ᠲᠤ ᠬᠦᠢᠲᠡᠨ ᠬᠥᠮᠥᠷᠭᠡ᠂ ᠪᠣᠯᠪᠠᠰᠤᠷᠠᠭᠤᠯᠬᠤ ᠦᠶᠯᠡᠳᠪᠦᠷᠢ᠂ ᠳᠠᠷᠤᠱᠢᠭᠤᠯᠬᠤ ᠵᠣᠭᠤᠷᠢ᠂ ᠠᠷᠢᠭᠤᠳᠭᠠᠬᠤ ᠲᠠᠰᠤᠭ᠎ᠢ ᠢᠵᠢ ᠪᠦᠷᠢᠳᠦᠭᠦᠯᠦᠨ ᠪᠠᠢᠭᠤᠯᠪᠠ᠃

2017 ᠣᠨ᠎ᠳᠤ ᠪᠤᠤ ᠬᠤᠸᠠ 《ᠰᠠᠭᠤᠷᠢᠨ ᠭᠠᠵᠠᠷ + ᠬᠤᠷᠱᠢᠶ᠎ᠠ + ᠲᠠᠷᠢᠶᠠᠴᠢᠨ ᠡᠷᠦᠬᠡ + ᠺᠣᠮᠫᠠᠨᠢ》 ᠎ᠶ᠋ᠢᠨ ᠡᠵᠡᠩᠨᠡᠯᠲᠡ᠎ᠶ᠋ᠢᠨ ᠵᠠᠭ᠍ᠪᠤᠷ᠎ᠢᠶᠠᠷ ᠳᠠᠮᠵᠢᠭᠤᠯᠤᠨ ᠲᠠᠬᠢᠶ᠎ᠠ ᠲᠡᠵᠢᠭᠡᠬᠦ᠌ ᠬᠤᠷᠱᠢᠶ᠎ᠠ᠎ᠶ᠋ᠢ ᠪᠡᠯᠡᠳᠭᠡᠨ ᠪᠠᠢᠭᠤᠯᠬᠤ᠎ᠶ᠋ᠢᠨ ᠬᠠᠮᠲᠤ 2018 ᠣᠨ᠎ᠤ ᠡᠬᠢ᠎ᠪᠠᠷ ᠵᠢᠩᠬᠢᠨᠢ᠎ᠪᠠᠷ ᠠᠱᠢᠬ᠍ᠯᠠᠯᠲᠠ᠎ᠳᠤ ᠤᠷᠤᠪᠠ᠃ ᠬᠤᠷᠱᠢᠶ᠎ᠠ᠎ᠨᠢ ᠭᠤᠸᠠᠩᠵᠧᠦ᠎ᠶ᠋ᠢᠨ ᠱᠢᠯᠢᠳᠡᠭ ᠡᠭᠦᠯᠳᠡᠷ᠎ᠤᠨ ᠨᠤᠳᠤᠭ᠎ᠤᠨ ᠲᠠᠬᠢᠶ᠎ᠠ᠎ᠶ᠋ᠢ ᠣᠷᠣᠭᠤᠯᠤᠨ ᠠᠪᠴᠢᠷᠠᠵᠤ᠂ ᠡᠷᠦᠬᠡ ᠪᠦᠷᠢ 5000 ᠲᠥᠭᠦᠷᠢᠭ᠎ᠤᠨ ᠬᠤᠪᠢ ᠣᠷᠣᠭᠤᠯᠵᠤ᠂ ᠵᠢᠯ᠎ᠤᠨ ᠡᠴᠦᠰ᠎ᠲᠤ ᠣᠷᠣᠯᠭ᠎ᠠ ᠬᠤᠪᠢᠶᠠᠬᠤ ᠬᠡᠯᠪᠡᠷᠢ᠎ᠪᠠᠷ ᠭᠠᠴᠠᠭᠠᠨ᠎ᠤ 3 ᠶᠠᠳᠠᠭᠤ ᠬᠦᠴᠢᠷᠳᠡᠯᠲᠡᠢ ᠡᠷᠦᠬᠡ᠎ᠶ᠋ᠢ ᠬᠠᠪᠰᠤᠷᠤᠨ ᠶᠠᠳᠠᠭᠤ᠎ᠠᠴᠠ ᠠᠩᠭᠢᠵᠢᠷᠠᠭᠤᠯᠪᠠ᠃ ᠣᠳᠣᠬᠠᠨ᠎ᠳᠤ ᠳᠠᠬᠢᠶ᠎ᠠ ᠲᠡᠵᠢᠭᠡᠬᠦ᠌ ᠲᠠᠯᠠᠪᠠᠢ᠎ᠳᠤ 18 ᠬᠥᠮᠦᠨ ᠬᠤᠪᠢ ᠣᠷᠣᠭᠤᠯᠵᠤ᠂ ᠴᠡᠪᠡᠷ ᠤᠷᠤᠯᠭ᠎ᠠ᠎ᠨᠢ 10 ᠭᠠᠷᠤᠶ ᠲᠦᠮᠡᠨ ᠲᠥᠭᠦᠷᠢᠭ᠎ᠲᠤ ᠬᠦᠷᠴᠡᠶ᠃ ᠪᠦᠦ ᠬᠤᠸᠠ ᠱᠢᠷᠭᠠᠭᠤ ᠴᠢᠷᠮᠠᠢᠯᠭ᠎ᠠ᠎ᠪᠠᠷ᠎ᠢᠶᠠᠨ᠂ ᠨᠡᠩ ᠤᠯᠠᠨ ᠬᠥᠮᠦᠨ᠎ᠢ ᠳᠠᠭᠠᠭᠤᠯᠤᠨ ᠱᠢᠷ᠎ᠠ ᠡᠯᠡᠰᠦ᠎ᠠᠴᠠ ᠠᠯᠲᠠ ᠮᠠᠯᠲᠠᠨ᠂ ᠠᠮᠢ ᠠᠬᠤᠢ᠎ᠠᠴᠠ ᠪᠠᠶᠠᠵᠢᠨ ᠴᠢᠨᠡᠭᠡᠯᠢᠭ᠌ᠵᠢᠬᠦ᠌ ᠤᠭ ᠰᠠᠨᠠᠭ᠎ᠠ᠎ᠪᠠᠨ ᠪᠡᠶᠡᠯᠡᠭᠦᠯᠪᠡ᠃

ᠵᠣᠯ ᠵᠢᠷᠭᠠᠯ ᠪᠣᠯ ᠲᠡᠮᠡᠴᠡᠵᠦ᠍ ᠪᠠᠢᠭᠠᠳ ᠤᠯᠲᠠᠬ ᠶᠤᠮ᠃ ᠪᠤᠤ ᠬᠤᠸᠠ ᠵᠣᠪᠠᠭᠤᠷᠢ ᠵᠦᠳᠡᠭᠦᠷᠢ᠎ᠶ᠋ᠢ ᠲᠡᠰᠪᠦᠷᠢᠯᠡᠨ᠂ ᠱᠢᠷᠭᠠᠭᠤ ᠬᠠᠲᠠᠭᠤᠵᠢᠯᠲᠠᠶ ᠲᠡᠮᠡᠴᠡᠵᠦ᠍᠂ ᠡᠨᠡ ᠬᠦ᠌ ᠠᠮᠢ ᠠᠬᠤᠶ᠎ᠶ᠋ᠢᠨ ᠡᠮᠦᠨ᠎ᠡ ᠹᠷᠣᠨᠲ᠎ᠲᠤ ᠨᠡᠷ᠎ᠡ ᠨᠢᠳᠡᠷ᠎ᠲᠡᠭᠡᠨ ᠳᠣᠭᠢᠷᠬᠠᠰᠠᠨ ᠡᠮᠡᠭ᠌ᠲᠡᠢᠴᠦᠳ᠎ᠤᠨ ᠬᠤᠱᠢᠭᠤᠴᠢ ᠪᠤᠯᠵᠠᠢ᠃ ᠦᠢᠷ᠎ᠡ᠎ᠶ᠋ᠢᠨ ᠵᠢᠯ᠎ᠠᠴᠠ ᠨᠠᠭᠠᠰᠢ᠂ ᠪᠤᠤ ᠬᠤᠸᠠ ᠤᠷᠢᠳ ᠬᠤᠵᠢᠳ ᠪᠦᠬᠦ᠌ ᠤᠯᠤᠰ᠎ᠤᠨ 《ᠨᠣᠭᠤᠭᠠᠷᠠᠭᠤᠯᠤᠯᠲᠠ᠎ᠶ᠋ᠢᠨ ᠬᠥᠳᠡᠯᠮᠦᠷᠢ᠎ᠶ᠋ᠢᠨ ᠵᠢᠱ᠌ᠢᠶᠡᠴᠢ》᠂ ᠥᠪᠡᠷᠲᠡᠭᠡᠨ ᠵᠠᠰᠠᠬᠤ ᠣᠷᠣᠨ᠂ ᠠᠢᠮᠠᠬ᠂ ᠬᠤᠱᠢᠭᠤ ᠭᠤᠷᠪᠠᠨ ᠲᠡᠰ᠎ᠤᠨ 《〈3 · 8〉 ᠎ᠤ ᠤᠯᠠᠭᠠᠨ ᠲᠤᠭ᠍ᠴᠢ》 ᠎ᠶ᠋ᠢᠨ ᠢᠷᠠᠭᠤ ᠠᠯᠲᠠᠷ᠎ᠢ ᠬᠦᠷᠲᠡᠭ᠌ᠰᠡᠨ ᠪᠦᠭᠡᠳ ᠲᠦᠷᠦᠭᠦᠭᠡᠨ 《ᠪᠦᠬᠦ᠌ ᠤᠯᠤᠰ᠎ᠤᠨ ᠬᠦᠲᠡᠯᠮᠦᠷᠢ᠎ᠶ᠋ᠢᠨ ᠵᠢᠱ᠌ᠢᠶᠡᠴᠢ》 ᠎ᠶ᠋ᠢᠨ ᠢᠷᠠᠭᠤ ᠠᠯᠲᠠᠷ᠎ᠢᠶᠠᠷ ᠡᠩᠭᠡᠷ᠎ᠢᠶᠠᠨ ᠮᠢᠯᠢᠶᠠᠯᠭᠠᠵᠦ᠍᠂ ᠡᠬᠡ ᠤᠯᠤᠰ᠎ᠤᠨ ᠤᠮᠠᠷᠠᠲᠤ᠎ᠶ᠋ᠢᠨ ᠠᠮᠢ ᠠᠬᠤᠢ᠎ᠶ᠋ᠢᠨ ᠠᠮᠤᠷ ᠲᠦᠪᠱᠢᠨ᠎ᠢ ᠪᠠᠲᠤᠯᠠᠬᠤ ᠰᠠᠬᠢᠨ ᠬᠠᠮᠠᠭᠠᠯᠠᠬ᠍ᠴᠢ ᠪᠤᠯᠬᠤ᠎ᠪᠠᠷ ᠦᠷᠬᠦᠯᠵᠢᠯᠡᠨ ᠲᠠᠮᠠᠴᠡᠭ᠌ᠰᠠᠭᠡᠷ ᠠᠵᠢ!


ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号