ᠮᠣᠩᠭᠤᠯ ᠠᠷᠡᠳ᠎ᠤᠨ ᠰᠡᠴᠠᠨ ᠦᠭᠡᠰ᠎ᠢ ᠵᠢᠭᠠᠨ ᠰᠣᠷᠭᠠᠯᠳᠠ᠎ᠳᠤ ᠠᠱᠢᠬ᠍ᠯᠠᠬᠤ᠎ᠨᠢ
2020-02-17 14:10:26
ᠵᠣᠬᠢᠶᠠᠭ᠍ᠴᠢ᠄
ᠼ᠊ · ᠤᠯᠠᠭᠠᠬᠤᠳᠤ
ᠣᠩᠱᠢᠭ᠍ᠰᠠᠨ ᠣᠳᠠᠭ᠎ᠠ᠄
★★★☆☆


          ᠼ᠊ · ᠤᠯᠠᠭᠠᠬᠤᠳᠤ    ᠱᠢᠶᠡᠨ᠎ᠤ ᠵᠢᠭᠠᠨ ᠰᠣᠷᠭᠠᠬᠤ᠎ᠶ᠋ᠢ ᠰᠣᠳᠣᠯᠬᠤ ᠭᠠᠵᠠᠷ


   ᠮᠣᠩᠭᠤᠯ ᠠᠷᠡᠳ᠎ᠤᠨ ᠵᠣᠢᠷ ᠰᠠᠴᠠᠨ ᠦᠭᠡᠰ ᠪᠣᠯ ᠠᠷᠡᠳ᠎ᠤᠨ ᠠᠮᠠᠨ ᠵᠣᠭᠢᠶᠡᠯ᠎ᠤᠨ ᠨᠢᠭᠡ ᠴᠢᠬᠤᠯᠠ ᠪᠦᠷᠢᠯᠳᠣᠭᠦᠨ ᠮᠦᠷᠳᠡᠭᠡᠨ ᠠᠷᠡᠳ᠎ᠤᠨ ᠵᠣᠢᠷ ᠰᠡᠴᠡᠨ ᠦᠭᠡ᠎ᠨᠢ ᠣᠳᠭ᠎ᠠ ᠣᠷᠡᠯᠢᠭ᠋᠎ᠤᠨ ᠲᠡᠣᠭᠡ᠎ᠶ᠋ᠢᠨ ᠶᠠᠪᠣᠴᠠ᠎ᠳᠤ ᠵᠣᠭᠢᠬᠤ ᠪᠠᠢᠷᠢ᠎ᠪᠠᠨ ᠡᠵᠡᠯᠡᠵᠣ᠂  ᠲᠣᠳᠡᠬ᠍ᠳᠡᠵᠣ ᠪᠣᠯᠣᠰᠢ ᠦᠭᠡᠢ ᠴᠢᠬᠤᠯᠠ ᠬᠤᠪᠣᠷ ᠮᠡᠲ ᠸᠷᠢᠶᠡᠯ ᠪᠣᠯᠳᠠᠭ᠃  ᠲᠡᠭᠡᠪᠡᠯ ᠪᠢᠳᠠ ᠡᠨᠡ ᠭᠦ᠌  ᠨᠢᠰᠭᠦ᠌ ᠮᠡᠳᠣ ᠭᠦᠭ᠌ᠵᠢᠨ ᠴᠡᠴᠡᠭ᠌ᠯᠡᠵᠣ ᠪᠠᠢᠭ᠎ᠠ ᠱᠢᠨ᠎ᠠ ᠡᠷᠢᠨ᠎ᠳᠤ ᠠᠷᠡᠳ᠎ᠤᠨ ᠠᠮᠠᠨ ᠰᠣᠶᠣᠯ᠎ᠤᠨ ᠨᠢᠭᠡᠨ ᠣᠭᠢ ᠰᠣᠳᠣ ᠪᠣᠯᠬᠤ ᠦᠪ ᠰᠣᠶᠣᠯ ᠮᠣᠩᠭᠤᠯ ᠠᠷᠡᠳ᠎ᠤᠨ ᠵᠣᠢᠷ ᠰᠠᠴᠠᠨ ᠦᠭᠡᠰ᠂ ᠦᠪᠡᠷᠮᠢᠴᠠ ᠭᠡᠯᠡᠴᠠ᠂ ᠬᠠᠪᠣᠳᠣ ᠦᠭᠡ᠂ ᠰᠣᠷᠭᠠᠯ ᠦᠭᠡ ᠵᠡᠷᠭᠡ᠎ᠶ᠋ᠢ ᠭᠡᠷᠭᠢᠨ ᠰᠣᠷᠣᠬ᠍ᠴᠢᠳ᠎ᠤᠨ ᠰᠣᠷᠭᠠᠨ ᠭᠦᠮᠣᠵᠢᠯ᠎ᠳᠤ ᠠᠱᠢᠬ᠍ᠯᠠᠪᠠᠯ ᠵᠣᠭᠢᠬᠤ ᠪᠢᠯᠠ?  ᠡᠭᠦᠨ᠎ᠤ ᠲᠣᠬᠠᠢ ᠲᠦᠭᠦᠮ ᠱᠢᠨᠵᠢᠯᠡᠭᠦ᠎ᠨᠢ;
    ᠨᠢᠭᠡ᠂  ᠠᠷᠡᠳ᠎ᠤᠨ ᠵᠣᠢᠷ ᠰᠠᠴᠠᠨ ᠦᠭᠡᠰ᠎ᠤᠨ ᠣᠨᠴᠠᠯᠢᠭ ᠦᠢᠯᠡᠳᠣᠯ᠎ᠢ ᠲᠠᠨᠢᠬᠤ᠎ᠨᠢ;
    ᠠᠷᠡᠳ᠎ᠤᠨ ᠠᠮᠠᠨ ᠵᠣᠭᠢᠶᠡᠯ᠎ᠤᠨ ᠨᠢᠭᠡ ᠴᠢᠬᠤᠯᠠ ᠪᠦᠷᠢᠯᠳᠣᠭᠦᠨ ᠪᠣᠯᠣᠬ᠍ᠰᠠᠨ ᠠᠷᠡᠳ᠎ᠤᠨ ᠵᠣᠢᠷ ᠰᠠᠴᠠᠨ ᠦᠭᠡ᠎ᠨᠢ ᠠᠷᠡᠳ᠎ᠤᠨ ᠠᠮᠠᠨ ᠦᠵᠦᠭᠦᠷ ᠭᠡᠯᠡᠭ᠌ᠳᠡᠵᠣ᠂ ᠠᠪᠢᠶᠡᠰ ᠪᠢᠯᠢᠭ᠌ᠳᠡᠳ᠎ᠲᠤ ᠲᠡᠮᠳᠡᠭ᠌ᠯᠡᠭ᠌ᠳᠡᠵᠣ᠂ ᠠᠮᠢᠳᠣᠷᠡᠯ ᠦᠢᠯᠡᠳᠪᠣᠷᠢᠯᠡᠯ᠎ᠳᠤᠨᠢ ᠦᠢᠯᠡᠴᠢᠯᠡᠵᠣ᠂ ᠭᠦᠮᠣᠰ᠎ᠤᠨ ᠣᠷᠮ᠎ᠠ ᠰᠣᠨᠢᠷᠬᠠᠯ᠎ᠢ ᠲᠡᠳᠡᠵᠣ᠂ ᠰᠣᠷᠭᠠᠨ ᠭᠦᠮᠣᠵᠢᠯ᠎ᠤᠨ ᠦᠢᠯᠡᠳᠣᠯ᠎ᠢᠶᠠᠨ ᠭᠦᠢᠴᠡᠳᠭᠡᠭ᠌ᠰᠡᠭᠡᠷ ᠢᠷᠡᠵᠡᠢ᠃ ᠡᠳᠡᠭᠡᠷ ᠠᠷᠡᠳ᠎ᠤᠨ ᠵᠣᠢᠷ ᠰᠠᠴᠠᠨ ᠦᠭᠡ ᠲᠣᠳᠣᠷ᠎ᠡ ᠠᠷᠡᠳ ᠲᠦᠮᠠᠨ ᠦᠪᠡᠷ᠎ᠤᠨ ᠠᠵᠣ ᠠᠮᠢᠳᠣᠷᠡᠯ᠂ ᠲᠣᠷ᠎ᠡ ᠰᠣᠨᠢᠷᠬᠠᠯ᠂ ᠬᠠᠢᠷ᠎ᠡ ᠬᠤᠷᠣᠰᠣᠯ᠂ ᠭᠦᠰᠡᠯ ᠰᠡᠳᠭᠢᠯᠭᠡ᠂ ᠦᠵᠡᠯ ᠰᠣᠷᠳᠡᠯ ᠪᠦᠭᠦᠨ᠎ᠢᠶᠠᠨ ᠴᠢᠳᠡᠮᠡᠭᠠᠢ᠎ᠪᠠᠷ ᠲᠣᠰᠭᠠᠵᠣ᠂ ᠣᠯᠠᠨ ᠵᠢᠯ᠎ᠤᠨ ᠠᠮᠢᠳᠣᠷᠡᠯ ᠦᠢᠯᠡᠳᠣᠯᠭᠡ᠎ᠶ᠋ᠢᠨ ᠲᠣᠷᠱᠢᠯᠭ᠎ᠠ ᠰᠣᠷᠭᠠᠮᠵᠢ᠎ᠶ᠋ᠢ ᠬᠤᠷᠢᠶᠠᠩᠭᠤᠢᠯᠡᠬ᠍ᠰᠡᠨ ᠳ᠋ᠦᠡᠭ᠌ᠨᠡᠭ᠌ᠰᠡᠨ ᠪᠣᠯᠬᠤᠷ ᠣᠯᠠᠨ ᠲᠦᠮᠠᠨ᠎ᠤ ᠣᠶᠣᠨ ᠪᠢᠯᠢᠭ᠎ᠤᠨ ᠴᠠᠬ᠍ᠯᠠᠰᠢ ᠦᠭᠡᠢ ᠦᠡᠭ᠌ᠭᠡ ᠭᠡᠷᠡᠯ ᠪᠣᠯᠵᠣ ᠪᠠᠢᠨ᠎ᠠ᠃ ᠠᠷᠡᠳ ᠲᠦᠮᠠᠨ᠎ᠤ ᠬᠠᠢᠷ᠎ᠡ ᠰᠡᠳᠭᠢᠯᠭᠡ᠂  ᠲᠡᠭᠦᠨ᠎ᠤ ᠲᠣᠳᠣᠷ᠎ᠡ ᠪᠢᠯᠬᠠᠵᠣ᠂ ᠲᠣᠬᠠᠢ᠎ᠶ᠋ᠢᠨ ᠨᠡᠢᠭᠡᠮ᠎ᠤᠨ ᠪᠣᠳᠡᠳᠣ ᠠᠮᠢᠳᠣᠷᠡᠯ᠎ᠤᠨ ᠵᠦᠢ ᠶᠣᠰᠣ ᠲᠡᠭᠦᠨ᠎ᠤ ᠲᠣᠳᠣᠷ᠎ᠡ ᠲᠣᠳᠣᠷᠬᠠᠢᠯᠠᠬ᠍ᠳᠡᠵᠣ᠂ ᠦᠢᠯᠡᠳᠣᠯᠭᠡ᠎ᠶ᠋ᠢᠨ ᠲᠣᠷᠱᠢᠯᠭ᠎ᠠ ᠰᠣᠷᠭᠠᠨᠮᠵᠢ ᠲᠡᠭᠦᠨ᠎ᠤ ᠲᠣᠳᠣᠷ᠎ᠡ ᠲᠦᠭᠦᠷᠴᠣ  ᠵᠦᠢᠷ ᠦᠭᠡ᠂ ᠰᠠᠴᠠᠨ ᠦᠭᠡᠰ᠂ ᠦᠪᠡᠷᠮᠢᠴᠠ ᠭᠡᠯᠡᠴᠠ᠂ ᠬᠠᠪᠣᠳᠣ ᠦᠭᠡ᠂ ᠰᠣᠷᠭᠠᠯ ᠦᠭᠡ᠂ ᠪᠠᠯᠠᠨ ᠦᠭᠡ᠂ ᠬᠤᠱᠣᠩ ᠦᠭᠡ᠂ ᠬᠠᠭᠤᠴᠢ ᠦᠭᠡ᠂ ᠬᠤᠯᠪᠣᠭ᠎ᠠ ᠦᠭᠡ᠎ᠨᠦᠭᠦᠳ᠎ᠢ ᠬᠤᠭᠤᠷᠣᠨᠳᠣ᠎ᠨᠢ ᠰᠣᠯᠢᠵᠣ ᠬᠤᠳᠭᠤᠬᠤ ᠦᠵᠡᠭ᠌ᠳᠡᠯ ᠣᠷᠣᠱᠢᠵᠣ ᠪᠠᠢᠨ᠎ᠠ᠃  ᠡᠭᠦᠨ᠎ᠢ ᠱᠢᠯᠢᠵᠣ ᠰᠠᠯᠭᠠᠬᠤ᠎ᠳᠤ ᠶᠡᠭᠡ ᠶᠠᠷᠱᠢᠭ ᠲᠦᠪᠡᠭ᠎ᠲᠠᠢ ᠪᠣᠯᠪᠠᠴᠣ ᠡᠨᠠ᠎ᠨᠢ ᠨᠢᠭᠡᠨ ᠰᠣᠳᠣᠯᠭᠠᠨ᠎ᠤ ᠴᠢᠬᠤᠯᠠ ᠠᠰᠠᠭᠤᠳᠡᠯ ᠪᠣᠯᠬᠤ ᠶᠣᠮ᠃   ᠠᠷᠡᠳ᠎ᠤᠨ ᠵᠣᠢᠷ ᠰᠠᠴᠠᠨ ᠦᠭᠡ᠎ᠨᠢ ᠣᠯᠠᠨ ᠠᠰᠠᠭᠤᠳᠡᠯ᠎ᠢ ᠬᠠᠮᠣᠷᠴᠣ᠂ ᠲᠣᠢᠯ᠎ᠤᠨ ᠭᠦᠨ ᠪᠠᠶᠠᠯᠢᠭ ᠣᠳᠭ᠎ᠠ ᠰᠠᠨᠠᠭ᠎ᠠ  ᠂ ᠠᠭᠤᠯᠭ᠎ᠠ   ᠎ᠶ᠋ᠢ ᠪᠠᠭ᠍ᠳᠠᠭᠠᠵᠣ ᠴᠢᠳᠠᠳᠠᠭ ᠪᠣᠯᠬᠤᠷ ᠪᠢᠳᠠ ᠲᠡᠭᠦᠨ᠎ᠢ ᠲᠠᠯ᠎ᠠ ᠲᠠᠯ᠎ᠠ᠎ᠠᠴᠠ᠎ᠨᠢ ᠱᠢᠨᠵᠢᠨ ᠰᠣᠳᠣᠯᠵᠣ᠂ ᠲᠡᠭᠦᠨ᠎ᠤ ᠲᠡᠯᠭᠡᠷᠡᠩᠭᠦᠢ ᠣᠳᠭ᠎ᠠ ᠰᠠᠨᠠᠭ᠎ᠠ᠎ᠶ᠋ᠢ᠎ᠨᠢ ᠦᠯᠠᠭᠠᠵᠣ᠂ ᠪᠣᠳᠡᠳᠣ ᠦᠢᠯᠡᠳᠣᠯᠭᠡ ᠲᠣᠮᠳᠠ᠎ᠪᠠᠨ ᠠᠱᠢᠬ᠍ᠯᠠᠵᠣ᠂ ᠣᠯᠠᠮᠵᠢᠯᠠᠵᠣ᠂ ᠴᠢᠨᠠᠬ᠍ᠰᠢᠳᠠ ᠪᠠᠳᠡᠷᠡᠭᠤᠯᠵᠣ᠂ ᠲᠡᠭᠦᠨ᠎ᠤ ᠭᠦᠢᠴᠡᠳᠭᠡᠵᠣ ᠪᠠᠢᠭ᠎ᠠ ᠪᠠᠶᠠᠯᠢᠭ ᠣᠳᠭ᠎ᠠ ᠰᠠᠨᠠᠭ᠎ᠠ  ᠂ ᠠᠭᠤᠯᠭ᠎ᠠ᠂ ᠦᠢᠯᠡᠳᠣᠯ᠎ᠢ ᠪᠢᠳᠠ ᠪᠦᠷᠢᠨ ᠪᠠᠳᠡᠷᠡᠭᠤᠯᠬᠤ᠎ᠨᠢ ᠶᠣᠰᠣᠳᠡᠢ ᠠᠷᠡᠳ ᠲᠦᠮᠠᠨ᠎ᠳᠤ ᠦᠢᠯᠡᠴᠢᠯᠡᠭᠦ᠌᠂ ᠰᠣᠷᠭᠠᠨ ᠭᠦᠮᠣᠵᠢᠯ᠎ᠳᠤ ᠦᠢᠯᠡᠴᠢᠯᠡᠭᠦ᠌᠂ ᠨᠡᠢᠭᠡᠮ ᠵᠢᠷᠣᠮ᠎ᠳᠤ ᠦᠢᠯᠡᠴᠢᠯᠡᠵᠣ ᠪᠠᠢᠭ᠎ᠠ ᠶᠠᠪᠣᠳᠡᠯ ᠪᠦᠭᠡᠳ ᠮᠦᠨ ᠴᠦ᠍ ᠪᠢᠳᠡᠨ᠎ᠤ ᠡᠮᠣᠨ᠎ᠠ ᠲᠣᠯᠭᠠᠮ᠎ᠠ ᠱᠠᠭᠠᠷᠳᠡᠬ᠍ᠳᠡᠵᠣ ᠪᠠᠢᠭ᠎ᠠ ᠡᠭᠦᠷᠭᠡ ᠬᠠᠷᠢᠭᠤᠴᠠᠯᠭ᠎ᠠ ᠪᠣᠯᠵᠣ ᠪᠠᠢᠨ᠎ᠠ᠃  
    ᠠᠷᠡᠳ᠎ᠤᠨ ᠠᠮᠠᠨ ᠵᠣᠭᠢᠶᠡᠯ᠎ᠤᠨ ᠨᠢᠭᠡ ᠴᠢᠬᠤᠯᠠ ᠪᠦᠷᠢᠯᠳᠣᠭᠦᠨ ᠪᠣᠯᠣᠬ᠍ᠰᠠᠨ ᠠᠷᠡᠳ᠎ᠤᠨ ᠵᠣᠢᠷ ᠰᠡᠴᠡᠨ ᠦᠭᠡ᠎ᠶ᠋ᠢᠨ ᠣᠬᠠᠬ᠍ᠳᠡᠬᠤᠨ ᠪᠠ ᠣᠨᠴᠠᠯᠢᠭ᠎ᠢ ᠱᠢᠨᠵᠢᠯᠡᠭᠦ᠎ᠨᠢ;
     ᠵᠣᠢᠷ ᠦᠭᠡ᠎ᠶ᠋ᠢᠨ ᠣᠬᠠᠬ᠍ᠳᠡᠬᠤᠨ᠎ᠤ ᠲᠠᠯ᠎ᠠ᠎ᠪᠠᠷ ᠡᠷᠳᠡᠮᠳᠡᠳ ᠵᠣᠢᠯ ᠵᠣᠢᠯ᠎ᠤᠨ ᠣᠬᠠᠬ᠍ᠳᠡᠬᠤᠨ᠎ᠢ ᠦᠭ᠌ᠭᠦᠭ᠌ᠰᠡᠨ ᠪᠠᠢᠨ᠎ᠠ᠃ ᠵᠡᠷᠢᠮ᠎ᠨᠢ ᠵᠣᠢᠷ ᠦᠭᠡ᠎ᠳᠤ ᠡᠳ᠋ ᠪᠣᠳᠡᠰ᠎ᠤᠨ ᠣᠷᠣᠱᠢᠵᠣ ᠪᠠᠢᠬᠤ ᠠᠬᠤᠢ᠎ᠶ᠋ᠢᠨ ᠭᠦᠮᠣᠰ᠎ᠤᠨ ᠡᠳᠣᠷ ᠲᠣᠳᠣᠮ᠎ᠤᠨ ᠭᠡᠯᠡ ᠶᠡᠷᠢᠶᠡᠨ᠎ᠳᠠᠬᠢ ᠲᠣᠰᠭᠠᠯ᠂  ᠨᠡᠢᠭᠡᠮ᠎ᠤᠨ ᠦᠵᠡᠯ ᠣᠬᠠᠮᠰᠠᠷ᠎ᠤᠨ ᠭᠡᠯᠪᠡᠷᠢ᠎ᠶ᠋ᠢᠨ ᠨᠢᠭᠡ ᠵᠣᠢᠯ᠎ᠨᠢ ᠮᠦᠨ ᠭᠡᠰᠡᠨ ᠣᠬᠠᠬ᠍ᠳᠡᠬᠤᠨ᠎ᠢ ᠦᠭ᠌ᠭᠦᠭ᠌ᠰᠡᠨ ᠪᠠᠢᠨ᠎ᠠ᠃ ᠵᠡᠷᠢᠮ᠎ᠨᠢ ᠵᠣᠢᠷ ᠦᠭᠡ᠎ᠳᠤ ᠪᠦᠷᠢᠨ ᠪᠦᠳᠣᠨ ᠪᠡᠶ᠎ᠡ᠎ᠪᠠᠨ ᠲᠠᠭᠠᠭᠠᠬ᠍ᠰᠠᠨ ᠪᠣᠳᠡᠳᠡᠢᠴᠢᠯᠠᠬ᠍ᠰᠠᠨ ᠠᠮᠠᠨ ᠶᠠᠷᠢᠶ᠎ᠡ᠎ᠪᠠᠷ ᠣᠷᠴᠢᠨ ᠲᠣᠭᠤᠷᠢᠨ᠎ᠤ ᠪᠣᠰᠣᠳᠴᠢ ᠶᠢᠷᠳᠢᠨᠴᠣ᠎ᠶ᠋ᠢᠨ ᠲᠣᠬᠠᠢ ᠭᠦᠮᠣᠰ᠎ᠤᠨ ᠲᠠᠨᠢᠯ᠎ᠢ ᠲᠣᠰᠭᠠᠳᠠᠭ ᠭᠡᠰᠡᠨ ᠣᠬᠠᠬ᠍ᠳᠡᠬᠤᠨ᠎ᠢ ᠦᠭ᠌ᠭᠦᠭ᠌ᠰᠡᠨ ᠪᠠᠢᠨ᠎ᠠ᠃  ᠵᠡᠷᠢᠮ᠎ᠨᠢ ᠵᠣᠢᠷ ᠦᠭᠡ   ᠎ᠳᠤ ᠶᠠᠭᠤᠮ᠎ᠠ᠎ᠶ᠋ᠢᠨ ᠮᠦᠨ ᠴᠢᠨᠠᠷ᠎ᠤᠨ ᠣᠨᠴᠠᠯᠢᠭ ᠭᠢᠭᠡᠳ ᠲᠣᠳᠣᠭᠠᠳᠣ ᠬᠠᠷᠢᠴᠠᠭᠠᠨ᠎ᠤ ᠲᠣᠬᠠᠢ ᠮᠠᠭᠠᠳᠯᠠᠯ᠎ᠢ ᠢᠯᠡᠷᠡᠭᠦᠯᠦᠭ᠌ᠰᠠᠨ ᠪᠠᠢᠳᠠᠭ ᠪᠦᠭᠡᠳ ᠲᠡᠭᠡᠭᠦ᠎ᠳᠡᠭᠡᠨ ᠵᠡᠪᠡᠯ ᠵᠡᠷᠭᠡᠴᠡᠭᠦᠯᠣᠯ᠎ᠤᠨ ᠠᠷᠭ᠎ᠠ᠎ᠪᠠᠷ ᠵᠣᠢᠷᠯᠠᠨ ᠢᠯᠡᠳᠭᠡᠭ᠌ᠰᠡᠨ ᠪᠠᠢᠳᠠᠭ ᠭᠡᠰᠡᠨ ᠣᠬᠠᠬ᠍ᠳᠡᠬᠤᠨ᠎ᠢ ᠦᠭ᠌ᠭᠦᠭ᠌ᠰᠡᠨ ᠪᠠᠢᠨ᠎ᠠ᠃  ᠵᠡᠷᠢᠮ᠎ᠨᠢ ᠵᠣᠢᠷ ᠦᠭᠡ᠎ᠳᠤ ᠣᠴᠢᠷ ᠶᠠᠪᠣᠳᠡᠯ᠎ᠤᠨ ᠬᠤᠪᠢᠷᠡᠰᠢ ᠦᠭᠡᠢ ᠶᠠᠪᠣᠴᠠ᠎ᠶ᠋ᠢᠨ ᠱᠢᠯᠵᠢᠰᠢ ᠦᠭᠡᠢ ᠦᠨᠠᠨ ᠶᠣᠰᠣ᠎ᠶ᠋ᠢ ᠵᠣᠢᠷᠯᠠᠨ ᠭᠡᠯᠡᠳᠡᠭ ᠭᠦᠴᠣᠳᠡᠢ ᠭᠡᠯᠪᠡᠷᠢ ᠮᠦᠨ ᠭᠡᠭᠦ᠌ ᠮᠡᠳᠣ᠎ᠶ᠋ᠢᠨ ᠣᠬᠠᠬ᠍ᠳᠡᠬᠤᠨ᠎ᠢ ᠦᠭ᠌ᠭᠦᠭ᠌ᠰᠡᠨ ᠪᠠᠢᠨ᠎ᠠ᠃  ᠭᠡ᠊ · ᠮᠦᠡᠭ᠌ᠭᠡ ᠪᠠᠭ᠍ᠰᠢ᠎ᠶ᠋ᠢᠨ 《 ᠮᠣᠩᠭᠤᠯ᠎ᠤᠨ ᠭᠦᠨ ᠣᠬᠠᠭᠠᠨ᠎ᠤ ᠲᠡᠣᠭᠡ᠎ᠶ᠋ᠢᠨ ᠰᠣᠳᠣᠯᠣᠯ 》 ᠭᠡᠳᠡᠭ ᠨᠣᠮ᠎ᠳᠤ᠂  ᠵᠣᠢᠷ ᠦᠭᠡ᠎ᠶ᠋ᠢᠨ ᠪᠡᠶ᠎ᠡ᠎ᠪᠠᠨ ᠲᠠᠭᠠᠭᠠᠬ᠍ᠰᠠᠨ ᠦᠪᠡᠷᠮᠢᠴᠠ ᠣᠨᠴᠠᠯᠢᠭ ᠪᠠ ᠪᠦᠳᠣᠨ ᠪᠦᠷᠢᠯᠳᠣᠭᠦ᠎ᠶ᠋ᠢᠨ ᠴᠣᠬᠤᠰ ᠵᠣᠢᠯ᠎ᠢ ᠭᠤᠣᠯᠴᠢᠯᠠᠨ ᠲᠣᠷᠡᠳᠭᠤ᠎ᠳᠠᠭᠠᠨ᠂  ᠵᠣᠢᠷ ᠦᠭᠡ᠎ᠨᠢ ᠪᠦᠷᠢᠳᠭᠦ᠌  ᠳ᠋ᠡᠭᠡᠨ‌ᠨ ᠠᠳᠠᠭ ᠨᠠᠭᠠᠳᠣ ᠵᠠᠬ᠎ᠠ᠎ᠳᠠᠭᠠᠨ ᠭᠤᠷᠪᠡᠨ ᠨᠦᠭᠦᠴᠠᠯ ᠪᠠᠢᠬᠤ ᠭᠡᠷᠡᠭ᠌ᠳᠡᠢ᠃  ᠨᠢᠭᠡ᠎ᠨᠢ᠂ ᠵᠣᠢᠷ ᠦᠭᠡ᠎ᠨᠢ ᠠᠮᠢᠳᠣᠷᠡᠯ᠎ᠢᠶᠠᠷ ᠡᠭᠢ ᠪᠣᠯᠠᠭ ᠪᠣᠯᠭᠠᠵᠣ ᠠᠷᠡᠳ ᠲᠦᠮᠠᠨ᠎ᠤ ᠲᠣᠮᠳᠠ᠎ᠠᠴᠠ ᠢᠷᠡᠵᠣ᠂ ᠠᠷᠡᠳ ᠲᠦᠮᠠᠨ ᠦᠪᠡᠷ᠎ᠤᠨ ᠲᠣᠷᠱᠢᠯᠭ᠎ᠠ᠎ᠪᠠᠨ ᠦᠨᠳᠣᠰᠣᠯᠡᠵᠣ ᠪᠠᠢᠭᠠᠳ ᠵᠣᠭᠢᠶᠠᠨ ᠪᠦᠳᠣᠭᠡᠭ᠌ᠰᠡᠨ ᠪᠦᠭᠡᠳ ᠮᠦᠨ ᠣᠳᠠᠭᠠᠨ ᠡᠳᠣᠷ᠎ᠤᠨ ᠦᠢᠯᠡᠳᠣᠯᠭᠡ᠎ᠶ᠋ᠢᠨ ᠲᠣᠮᠳᠠ ᠱᠢᠯᠭᠠᠬ᠍ᠳᠡᠨ ᠵᠠᠰᠠᠪᠣᠷᠢᠯᠠᠬ᠍ᠳᠡᠵᠣ ᠭᠦᠭ᠌ᠵᠢᠨ ᠪᠠᠶᠠᠯᠢᠬ᠍ᠵᠢᠳᠠᠭ ᠶᠣᠮ᠃
    (ᠨᠢᠭᠡ) ᠠᠷᠡᠳ᠎ᠤᠨ ᠠᠮᠠᠨ ᠵᠣᠭᠢᠶᠡᠯ᠎ᠤᠨ ᠨᠢᠭᠡ ᠴᠢᠬᠤᠯᠠ ᠪᠦᠷᠢᠯᠳᠣᠭᠦᠨ ᠪᠣᠯᠣᠬ᠍ᠰᠠᠨ ᠠᠷᠡᠳ᠎ᠤᠨ ᠵᠣᠢᠷ ᠰᠡᠴᠡᠨ ᠦᠭᠡ᠎ᠨᠢ ᠠᠷᠡᠳ᠎ᠤᠨ ᠠᠮᠠᠨ ᠦᠵᠣᠭᠦᠷ ᠭᠡᠯᠡᠭ᠌ᠳᠡᠵᠣ᠂ ᠠᠪᠢᠶᠡᠰ ᠪᠢᠯᠢᠭ᠌ᠳᠡᠳ᠎ᠲᠤ ᠲᠡᠮᠳᠡᠭ᠌ᠯᠡᠭ᠌ᠳᠡᠵᠣ᠂ ᠠᠮᠢᠳᠣᠷᠡᠯ ᠦᠢᠯᠡᠳᠪᠣᠷᠢᠯᠡᠯ᠎ᠲᠤᠨᠢ ᠦᠢᠯᠡᠴᠢᠯᠡᠵᠣ᠂  ᠭᠦᠮᠣᠰ᠎ᠤᠨ ᠣᠷᠮ᠎ᠠ ᠰᠣᠨᠢᠷᠬᠠᠯ᠎ᠢ ᠲᠡᠳᠡᠵᠣ᠂  ᠭᠦᠮᠣᠵᠢᠯ ᠰᠣᠷᠭᠠᠯ᠎ᠤᠨ ᠦᠢᠯᠡᠳᠣᠯ᠎ᠢᠶᠠᠨ ᠭᠦᠢᠴᠡᠳᠭᠡᠭ᠌ᠰᠡᠭᠡᠷ ᠢᠷᠡᠵᠡᠢ᠃ ᠡᠳᠡᠭᠡᠷ ᠠᠷᠡᠳ᠎ᠤᠨ ᠵᠣᠢᠷ ᠰᠡᠴᠡᠨ ᠦᠭᠡ ᠲᠣᠳᠣᠷ᠎ᠡ ᠠᠷᠡᠳ ᠲᠦᠮᠡᠨ ᠦᠪᠡᠷ᠎ᠤᠨ ᠠᠵᠣ ᠠᠮᠢᠳᠣᠷᠡᠯ᠂  ᠠᠱᠢᠭ ᠰᠣᠨᠢᠷᠬᠠᠯ᠂  ᠬᠠᠢᠷ᠎ᠡ ᠬᠤᠷᠣᠰᠣᠯ᠂  ᠭᠦᠰᠡᠯ ᠰᠡᠳᠭᠢᠯᠭᠡ᠂  ᠦᠵᠡᠯ ᠰᠣᠷᠳᠡᠯ᠂ ᠱᠢᠳᠣᠷᠭᠤ ᠲᠡᠮᠡᠴᠡᠯ ᠪᠦᠭᠦᠨ᠎ᠢᠶᠠᠨ ᠴᠢᠳᠡᠮᠠᠭᠠᠢ᠎ᠪᠠᠷ ᠲᠣᠰᠭᠠᠵᠣ᠂  ᠣᠯᠠᠨ ᠵᠢᠯ᠎ᠤᠨ ᠠᠮᠢᠳᠣᠷᠡᠯ ᠦᠢᠯᠡᠳᠣᠯᠭᠡ᠎ᠶ᠋ᠢᠨ ᠲᠣᠷᠱᠢᠯᠭ᠎ᠠ ᠰᠣᠷᠭᠠᠮᠵᠢ᠎ᠶ᠋ᠢ ᠬᠤᠷᠢᠶᠠᠩᠭᠤᠢᠯᠡᠨ ᠳ᠋ᠦᠡᠭ᠌ᠨᠡᠭ᠌ᠰᠡᠨ ᠪᠣᠯᠬᠤᠷ ᠣᠯᠠᠨ ᠲᠦᠮᠠᠨ᠎ᠤ ᠣᠶᠣᠨ ᠪᠢᠯᠢᠭ᠎ᠤᠨ ᠴᠠᠬ᠍ᠯᠠᠰᠢ ᠦᠭᠡᠢ ᠦᠡᠭ᠌ᠭᠡ ᠭᠡᠷᠡᠯ ᠪᠣᠯᠵᠣ ᠢᠷᠡᠭ᠌ᠰᠡᠨ ᠪᠠᠢᠨ᠎ᠠ᠃
     (ᠬᠤᠶᠠᠷ) ᠠᠷᠡᠳ᠎ᠤᠨ ᠠᠮᠠᠨ ᠵᠣᠭᠢᠶᠡᠯ᠎ᠤᠨ ᠨᠢᠭᠡ ᠴᠢᠬᠤᠯᠠ ᠪᠦᠷᠢᠯᠳᠣᠭᠦᠨ ᠪᠣᠯᠣᠬ᠍ᠰᠠᠨ ᠠᠷᠡᠳ᠎ᠤᠨ ᠵᠣᠢᠷ ᠰᠡᠴᠡᠨ ᠦᠭᠡ᠎ᠨᠢ ᠠᠷᠡᠳ᠎ᠤᠨ ᠠᠮᠠᠨ ᠦᠵᠣᠭᠦᠷ ᠭᠡᠯᠡᠭ᠌ᠳᠡᠵᠣ᠂ ᠠᠪᠢᠶᠠᠰ ᠪᠢᠯᠢᠭ᠎ᠢᠶᠠᠨ ᠭᠠᠢᠬᠠᠭᠤᠯᠵᠣ ᠪᠠᠢᠬᠤ᠎ᠶ᠋ᠢᠨ ᠬᠠᠮᠳᠣ ᠲᠣᠬᠠᠢ᠎ᠶ᠋ᠢᠨ ᠨᠡᠢᠭᠡᠮ᠎ᠤᠨ ᠪᠠᠢᠳᠡᠯ᠎ᠢ ᠨᠢᠭᠡ ᠲᠠᠯ᠎ᠠ᠎ᠪᠠᠷ ᠣᠷᠡᠨ ᠲᠣᠰᠭᠠᠵᠣ ᠪᠠᠢᠳᠠᠭ᠃  ᠠᠷᠡᠳ ᠲᠦᠮᠠᠨ᠎ᠤ ᠠᠩᠭᠢ᠎ᠶ᠋ᠢᠨ ᠬᠠᠢᠷ᠎ᠡ ᠰᠡᠳᠭᠢᠯᠭᠡ ᠲᠡᠭᠦᠨ᠎ᠤ ᠲᠣᠳᠣᠷ᠎ᠡ ᠪᠢᠯᠬᠠᠵᠣ᠂ ᠲᠣᠬᠠᠢ᠎ᠶ᠋ᠢᠨ ᠨᠡᠢᠭᠡᠮ᠎ᠤᠨ ᠪᠣᠳᠡᠳᠣ ᠠᠮᠢᠳᠣᠷᠡᠯ᠎ᠤᠨ ᠵᠦᠢ ᠶᠣᠰᠣ ᠲᠡᠭᠦᠨ᠎ᠤ ᠲᠣᠳᠣᠷ᠎ᠡ ᠲᠣᠳᠣᠷᠬᠠᠢᠯᠠᠬ᠍ᠳᠡᠵᠣ᠂  ᠦᠢᠯᠡᠳᠣᠯᠭᠡ᠎ᠶ᠋ᠢᠨ ᠲᠣᠷᠱᠢᠯᠭ᠎ᠠ ᠰᠣᠷᠭᠠᠮᠵᠢ ᠲᠡᠭᠦᠨ᠎ᠤ ᠲᠣᠳᠣᠷ᠎ᠡ ᠲᠦᠭᠦᠷᠴᠣ᠂ ᠦᠨᠡᠨ ᠶᠣᠰᠣᠨ᠎ᠤ ᠭᠢᠯᠪᠠᠭ᠎ᠠ ᠲᠡᠭᠦᠨ᠎ᠤ ᠲᠣᠳᠣᠷ᠎ᠡ ᠰᠠᠴᠣᠷᠡᠵᠣ ᠪᠠᠢᠨ᠎ᠠ᠃  
     (ᠭᠤᠷᠪᠠ) ᠵᠣᠢᠷ ᠰᠠᠴᠠᠨ ᠦᠭᠡ᠎ᠶ᠋ᠢᠨ ᠡᠮᠭᠢᠳᠭᠡᠯ ᠲᠣᠳᠣᠷ᠎ᠡ  ᠵᠣᠢᠷ ᠦᠭᠡ᠂ ᠰᠠᠴᠠᠨ ᠦᠭᠡ᠂ ᠬᠠᠪᠣᠳᠣ ᠦᠭᠡ᠂ ᠰᠣᠷᠭᠠᠯ ᠦᠭᠡ᠂ ᠪᠠᠯᠠᠨ ᠦᠭᠡ᠂  ᠬᠤᠱᠣᠩ ᠦᠭᠡ᠂ ᠬᠠᠭᠤᠴᠢ ᠦᠭᠡ᠂  ᠬᠤᠯᠪᠣᠭ᠎ᠠ ᠦᠭᠡ᠎ᠨᠤᠭᠤᠳ᠎ᠢ ᠬᠤᠭᠤᠷᠣᠨᠳᠣ᠎ᠨᠢ ᠰᠣᠯᠢᠵᠣ ᠬᠤᠳᠭᠤᠬᠤ ᠦᠵᠡᠭ᠌ᠳᠡᠯ ᠣᠷᠣᠱᠢᠵᠣ ᠪᠠᠢᠨ᠎ᠠ᠂ ᠡᠭᠦᠨ᠎ᠢ ᠱᠢᠯᠢᠵᠣ ᠰᠠᠯᠭᠠᠬᠤ᠎ᠳᠤ ᠶᠡᠭᠡ ᠲᠦᠪᠡᠭ᠎ᠲᠠᠢ ᠭᠠᠵᠠᠷ ᠪᠠᠢᠬᠤ ᠪᠦᠭᠡᠳ ᠡᠨᠠ᠎ᠨᠢ ᠴᠦ᠍ ᠨᠢᠭᠡᠨ ᠰᠣᠳᠣᠯᠭᠠᠨ᠎ᠤ ᠴᠢᠬᠤᠯᠠ ᠠᠰᠠᠭᠤᠳᠡᠯ ᠪᠣᠯᠬᠤ ᠶᠣᠮ᠃
       ᠲᠡᠭᠡᠷ᠎ᠡ ᠲᠣᠷᠡᠳᠣᠬ᠍ᠰᠠᠨ ᠨᠦᠭᠦᠴᠡᠯ᠎ᠤᠳ᠎ᠢ ᠪᠠᠭ᠍ᠴᠠᠯᠠᠪᠠᠯ᠂ ᠵᠣᠢᠷ ᠦᠭᠡ ᠭᠡᠳᠡᠭ᠎ᠨᠢ ᠠᠮᠢᠳᠣᠷᠡᠯ ᠦᠢᠯᠡᠳᠣᠯᠭᠡ᠎ᠶ᠋ᠢᠨ ᠣᠴᠢᠷ ᠵᠦᠢ᠎ᠶ᠋ᠢ ᠪᠣᠰᠣᠳ ᠶᠠᠮᠠᠷ ᠨᠢᠭᠡ ᠵᠣᠢᠯ᠎ᠤᠨ ᠶᠠᠭᠤᠮ᠎ᠠ᠎ᠪᠠᠷ ᠵᠡᠷᠭᠡᠴᠡᠭᠦᠯᠣᠨ ᠵᠣᠢᠷᠯᠡᠵᠣ ᠪᠠᠢᠭᠠᠳ ᠣᠷᠣᠰᠣᠮ᠎ᠠ ᠲᠣᠳᠣ᠎ᠪᠠᠷ ᠢᠯᠡᠳᠭᠡᠭ᠌ᠰᠡᠨ ᠭᠡᠪᠱᠢᠭ᠌ᠰᠡᠨ ᠭᠡᠯᠡᠯᠭᠡ᠎ᠶ᠋ᠢ ᠭᠡᠯᠡᠨ᠎ᠠ᠃  ᠪᠣᠳᠡᠳᠡᠢ᠎ᠪᠠᠷ ᠭᠡᠯᠡᠪᠡᠯ᠂ ᠠᠮᠢᠳᠣᠷᠡᠯ ᠦᠢᠯᠡᠳᠣᠯᠭᠡ᠎ᠶ᠋ᠢᠨ ᠰᠠᠭᠤᠷᠢ ᠲᠡᠭᠡᠷ᠎ᠡ ᠰᠠᠭᠤᠷᠢᠯᠡᠵᠣ᠂ ᠪᠣᠰᠣᠳᠴᠢ ᠶᠢᠷᠳᠢᠨᠴᠣ᠎ᠶ᠋ᠢᠨ ᠵᠢᠮ᠎ᠠ ᠶᠣᠰᠣ᠂ ᠮᠦᠨ ᠴᠢᠨᠡᠷ᠂ ᠣᠨᠴᠠᠯᠢᠭ ᠱᠢᠨᠵᠢ᠂ ᠬᠠᠷᠢᠴᠠᠭ᠎ᠠ ᠬᠤᠯᠪᠣᠭ᠎ᠠ᠎ᠶ᠋ᠢ ᠲᠣᠰᠭᠠᠬᠤ᠎ᠪᠠᠷ ᠭᠤᠣᠯ ᠠᠭᠤᠯᠭ᠎ᠠ ᠪᠣᠯᠭᠠᠵᠣ ᠪᠠᠢᠳᠠᠭ᠃ ᠢᠡᠭ᠌ᠭᠢᠵᠣ ᠲᠣᠰᠭᠠᠬᠤ᠎ᠳᠠᠭᠠᠨ ᠵᠣᠢᠷ ᠦᠭᠡ᠎ᠨᠢ ᠦᠪᠡᠷᠮᠢᠴᠠ ᠣᠨᠴᠠᠯᠢᠭ ᠪᠠᠢᠳᠠᠭ᠃ ᠨᠢᠭᠡ᠎ᠨᠢ᠂ ᠡᠷᠭᠢᠪᠰᠢ ᠪᠣᠰᠣᠳ ᠶᠠᠭᠤᠮ᠎ᠠ᠎ᠪᠠᠷ ᠵᠣᠢᠷᠯᠡᠨ ᠲᠣᠰᠭᠠᠬᠤ ᠭᠡᠷᠡᠭ᠌ᠳᠡᠢ᠂ ᠪᠣᠰᠣᠳ ᠶᠠᠭᠤᠮ᠎ᠠ᠎ᠨᠢ ᠪᠣᠳᠡᠳᠡᠢ ᠵᠣᠢᠯ ᠪᠠᠢᠵᠣ ᠪᠣᠯᠣᠨ᠎ᠠ᠂ ᠭᠡᠢᠰᠪᠣᠷᠢ ᠵᠣᠢᠯ ᠴᠦ᠍ ᠪᠠᠢᠵᠣ ᠪᠣᠯᠣᠨ᠎ᠠ᠂ ᠭᠡᠢᠰᠪᠣᠷᠢ ᠶᠠᠭᠤᠮ᠎ᠠ ᠴᠦ᠍ ᠪᠠᠢᠵᠣ ᠪᠣᠯᠣᠨ᠎ᠠ᠂ ᠱᠢᠭᠤᠳ᠎ᠢᠶᠠᠷ ᠵᠣᠢᠷᠯᠡᠵᠣ ᠪᠣᠯᠣᠨ᠎ᠠ᠂ ᠲᠡᠮ᠎ᠢᠶᠠᠷ ᠵᠣᠢᠷᠯᠡᠵᠣ  ᠴᠦ᠍ ᠪᠣᠯᠣᠨ᠎ᠠ᠃ ᠨᠢᠭᠡᠨ ᠶᠠᠭᠤᠮ᠎ᠠ᠎ᠪᠠᠷ ᠨᠦᠭᠦᠭᠡ ᠶᠠᠭᠤᠮ᠎ᠠ᠎ᠶ᠋ᠢᠨ ᠣᠳᠭ᠎ᠠ ᠣᠴᠢᠷ᠎ᠢ ᠲᠣᠳᠣᠳᠭᠠᠨ ᠲᠣᠰᠭᠠᠬᠤ ᠶᠠᠪᠣᠳᠡᠯ᠎ᠤᠨ ᠲᠣᠰ ᠪᠡᠶ᠎ᠡ᠎ᠳᠤᠨᠢ ᠲᠡᠷᠣᠢ ᠭᠦᠨ ᠣᠬᠠᠭᠠᠯᠢᠭ ᠣᠳᠭ᠎ᠠ ᠣᠴᠢᠷ ᠪᠠᠢᠨ᠎ᠠ᠃  ᠬᠤᠶᠠᠷ᠎ᠨᠢ᠂ ᠣᠷᠣᠰᠣᠮ᠎ᠠ ᠰᠠᠢᠬᠠᠨ ᠠᠢᠵᠡᠮ ᠴᠣᠭᠢᠯᠭ᠎ᠠ᠎ᠲᠠᠢ ᠪᠠᠢᠵᠣ᠂ ᠱᠢᠯᠦᠭ᠎ᠤᠨ ᠭᠡᠯᠪᠡᠷᠢ᠎ᠶ᠋ᠢ ᠠᠪᠴᠣ ᠪᠠᠢᠬᠤ ᠶᠣᠮ᠃ ᠭᠤᠷᠪᠡ᠎ᠨᠢ᠂ ᠵᠣᠢᠷ ᠦᠭᠡ᠎ᠨᠢ ᠭᠡᠪᠱᠢᠭ᠌ᠰᠡᠨ ᠭᠡᠯᠡᠯᠭᠡ  ᠪᠠᠢᠬᠤ ᠭᠡᠷᠡᠭ᠌ᠳᠡᠢ᠂ ᠣᠷᠣᠨ ᠨᠣᠳᠤᠭ᠂ ᠲᠡᠣᠭᠡ᠎ᠶ᠋ᠢᠨ ᠣᠯᠠᠨ ᠲᠠᠯ᠎ᠠ᠎ᠶ᠋ᠢᠨ ᠱᠢᠯᠳᠠᠭᠠᠨ᠎ᠠᠴᠠ ᠭᠡᠯᠡᠯᠭᠡ᠎ᠨᠢ ᠣᠨᠳᠣᠣ ᠪᠣᠯᠪᠠᠴᠣ ᠲᠡᠭᠦᠨ᠎ᠤ ᠭᠡᠪᠱᠢᠭ᠌ᠰᠡᠨ ᠠᠭᠤᠯᠭ᠎ᠠ᠂ ᠢᠯᠡᠳᠭᠡᠵᠣ ᠪᠦᠭᠦᠢ ᠰᠠᠨᠠᠭ᠎ᠠ᠎ᠨᠢ ᠶᠠᠷᠣ ᠬᠤᠪᠢᠷᠡᠬᠤ ᠦᠭᠡᠢ ᠪᠠᠢᠳᠠᠭ᠃ ᠡᠳᠡᠭᠡᠷ ᠣᠨᠴᠠᠯᠢᠭ᠎ᠨᠢ ᠵᠣᠢᠷ ᠦᠭᠡ᠎ᠶ᠋ᠢᠨ ᠱᠢᠨᠵᠢ ᠲᠡᠮᠳᠡᠭ᠎ᠢ ᠢᠯᠡᠳᠳᠠ ᠮᠡᠳᠡᠭ᠌ᠳᠡᠵᠣ ᠪᠠᠢᠬᠤ ᠶᠣᠮ᠃
      ᠵᠣᠢᠷ ᠦᠭᠡ᠎ᠨᠢ ᠲᠣᠣᠷᠡᠭᠢ ᠮᠡᠳᠣ ᠭᠡᠳᠣᠨ ᠲᠠᠯ᠎ᠠ᠎ᠶ᠋ᠢᠨ ᠦᠪᠡᠷᠮᠢᠴᠠ ᠣᠨᠴᠠᠯᠢᠭ   ᠎ᠲᠠᠢ ᠪᠠᠢᠳᠠᠭ᠃  ᠨᠢᠭᠡ᠎ᠨᠢ᠂ ᠵᠣᠢᠷ ᠦᠭᠡ ᠪᠣᠯ ᠲᠦᠭᠦᠮ ᠪᠦᠭᠡᠳ ᠣᠢᠯᠠᠭᠠᠮᠵᠢ ᠰᠠᠢᠳᠡᠢ ᠪᠠᠢᠳᠠᠭ᠃  ᠵᠣᠢᠷ ᠦᠭᠡ ᠪᠣᠯ ᠦᠷᠭᠡᠨ ᠣᠯᠠᠨ ᠠᠷᠡᠳ ᠲᠦᠮᠠᠨ᠎ᠤ ᠲᠣᠮᠳᠠ ᠲᠡᠯᠭᠡᠷᠡᠵᠣ ᠲᠡᠷᠬᠠᠵᠣ ᠪᠠᠢᠭ᠎ᠠ ᠨᠢᠭᠡᠨ ᠵᠣᠢᠯ᠎ᠤᠨ ᠲᠦᠷᠰᠦᠯᠢᠭ ᠦᠭᠡ ᠭᠡᠯᠠ ᠮᠦᠨ᠃  ᠠᠷᠡᠳ ᠲᠦᠮᠠᠨ ᠡᠳᠣᠷ ᠲᠣᠳᠣᠮ᠎ᠤᠨ ᠠᠮᠢᠳᠣᠷᠡᠯ᠎ᠤᠨ ᠦᠢᠯᠠ ᠭᠡᠷᠡᠭ ᠣᠴᠢᠷ ᠶᠣᠰᠣ᠎ᠶ᠋ᠢ ᠠᠮᠠᠨ ᠶᠠᠷᠢᠶᠡᠨ᠎ᠤ ᠭᠡᠯᠡᠯᠭᠡ᠎ᠪᠠᠷ ᠦᠭᠦᠯᠡᠵᠣ ᠪᠠᠢᠳᠠᠭ᠂ ᠡᠢᠮᠣ᠎ᠠᠴᠠ ᠲᠣᠢᠯ᠎ᠤᠨ ᠣᠢᠯᠡᠭᠠᠮᠵᠢᠳᠡᠢ ᠪᠦᠭᠡᠳ ᠴᠡᠭᠡᠵᠢᠯᠡᠭᠦ᠎ᠳᠤ ᠭᠢᠯᠪᠡᠷ᠂ ᠭᠡᠷᠡᠭ᠌ᠯᠡᠭᠦ᠎ᠳᠤ ᠲᠦᠭᠦᠮ ᠪᠠᠢᠳᠠᠭ᠃  ᠵᠢᠱ᠌ᠢᠶᠡᠯᠡᠪᠡᠯ᠄ 《 ᠡᠭᠦᠯᠠ ᠦᠭᠡᠢ ᠪᠣᠯ ᠬᠤᠷ᠎ᠡ ᠦᠭᠡᠢ᠂ ᠡᠭᠦᠰᠭᠡᠯ ᠦᠭᠡᠢ ᠪᠣᠯ ᠲᠡᠭᠦᠰᠭᠡᠯ ᠦᠭᠡᠢ 》; ᠭᠡᠷᠡᠭ ᠪᠣᠳᠡᠰ᠎ᠤᠨ ᠭᠦᠭ᠌ᠵᠢᠯ᠎ᠤᠨ ᠡᠭᠦᠰᠭᠡᠯ ᠲᠡᠭᠦᠰᠭᠡᠯ᠎ᠤᠨ ᠬᠤᠭᠤᠷᠣᠨᠳᠡᠭᠢ ᠱᠢᠯᠳᠡᠭᠠᠨ ᠳ᠋ᠦᠡᠭ᠎ᠤᠨ ᠬᠠᠷᠢᠴᠠᠭ᠎ᠠ᠎ᠶ᠋ᠢ ᠲᠣᠰᠭᠠᠵᠡᠢ᠃ ᠬᠤᠶᠠᠷ᠎ᠨᠢ᠂ ᠵᠣᠢᠷ ᠦᠭᠡ   ᠎ᠨᠢ ᠲᠦᠭᠡᠮᠡᠯ ᠴᠢᠨᠠᠷ᠎ᠲᠠᠢ ᠪᠠᠢᠳᠠᠭ᠃  ᠵᠣᠢᠷ ᠦᠭᠡ   ᠎ᠨᠢ  ᠠᠮᠠᠨ ᠶᠠᠷᠢᠶᠠᠨ ᠭᠡᠯᠡᠯᠭᠡ᠎ᠪᠠᠷ ᠠᠷᠡᠳ ᠲᠦᠮᠠᠨ᠎ᠤ ᠠᠮᠢᠳᠣᠷᠡᠯ᠎ᠤᠨ ᠲᠣᠷᠱᠢᠯᠭ᠎ᠠ᠎ᠶ᠋ᠢ ᠲᠣᠰᠭᠠᠵᠣ ᠪᠠᠢᠬᠤ ᠪᠣᠯᠬᠤᠷ᠂ ᠣᠯᠠᠨ᠎ᠤ ᠲᠣᠮᠳᠠ ᠦᠷᠭᠡᠨ᠎ᠢᠶᠠᠷ ᠲᠡᠯᠭᠡᠷᠡᠵᠣ ᠠᠭᠤᠵᠢᠮ᠎ᠢᠶᠠᠷ ᠲᠠᠷᠬᠠᠳᠠᠭ᠂ ᠲᠦᠮᠠᠨ᠎ᠤ ᠲᠣᠳᠣᠷ᠎ᠡ ᠲᠦᠭᠡᠮᠡᠯᠵᠢᠵᠣ᠂ ᠲᠦᠷᠭᠡᠨ᠎ᠢᠶᠠᠷ ᠣᠯᠠᠮᠵᠢᠯᠠᠬ᠍ᠳᠠᠳᠠᠭ᠃  ᠵᠢᠱ᠌ᠢᠶᠡᠯᠡᠪᠡᠯ᠄ 《 ᠴᠠᠭ ᠴᠠᠭ᠎ᠪᠠᠷ᠎ᠢᠶᠠᠨ ᠪᠠᠢᠳᠠᠭ ᠦᠭᠡᠢ᠂ ᠴᠠᠭᠢᠯᠳᠠᠭ ᠭᠦᠭᠡ᠎ᠪᠠᠷ᠎ᠢᠶᠠᠨ ᠪᠠᠢᠳᠠᠭ ᠦᠭᠡᠢ 》᠂ 《 ᠪᠠᠷᠰ ᠴᠠᠭ᠎ᠲᠤ ᠪᠣᠰᠭᠤ ᠦᠭᠡᠢ ᠪᠣᠯ ᠡᠳᠣᠷ᠎ᠤᠨ ᠶᠡᠪᠣᠳᠡᠯ ᠬᠤᠴᠣᠷᠣᠨ᠎ᠠ᠂ ᠪᠠᠭ᠎ᠠ ᠨᠠᠰᠣᠨ᠎ᠳᠠᠭᠠᠨ ᠰᠣᠷᠬᠤ ᠦᠭᠡᠢ ᠪᠣᠯ ᠨᠠᠰᠣᠨ᠎ᠤ ᠶᠡᠪᠣᠳᠡᠯ ᠬᠤᠴᠣᠷᠣᠨ᠎ᠠ 》 ᠭᠡᠭᠦ᠌ ᠮᠡᠳᠣ ᠵᠣᠢᠷ ᠦᠭᠡ ᠪᠣᠯ  ᠠᠵᠢᠯ ᠦᠢᠯᠡᠰ᠂ ᠠᠰ᠎ᠤᠨ ᠪᠡᠶ᠎ᠡ᠎ᠶ᠋ᠢᠨ ᠴᠠᠭ᠎ᠤᠨ ᠲᠣᠳᠣᠷ᠎ᠡ ᠣᠷᠣᠱᠢᠵᠣ ᠪᠠᠢᠬᠤ ᠮᠦᠷᠳᠡᠭᠡᠨ ᠴᠠᠭ᠎ᠤᠨ ᠦᠡᠭ᠌ᠭᠡᠷᠡᠭᠦ᠎ᠶ᠋ᠢ ᠲᠠᠭᠠᠯᠳᠣᠨ ᠦᠰᠴᠣ ᠬᠤᠪᠢᠷᠡᠳᠠᠭ᠂ ᠡᠢᠮᠣ᠎ᠠᠴᠠ ᠴᠠᠭ᠎ᠢ ᠲᠠᠯᠠᠭᠠᠷ ᠦᠡᠭ᠌ᠭᠡᠷᠡᠪᠡᠯ ᠦᠢᠯᠠ ᠠᠵᠢᠯᠯᠠᠭ᠎ᠠ᠎ᠳᠤ ᠬᠤᠭᠢᠷᠡᠯ ᠪᠣᠯᠵᠣ᠂ ᠴᠠᠭ᠎ᠢ ᠰᠣᠯᠠ᠎ᠪᠠᠷ ᠦᠷᠡᠭᠡᠪᠡᠯ (ᠰᠦᠢᠳᠭᠡᠪᠡᠯ) ᠠᠮᠢ ᠨᠠᠰᠣᠨ᠎ᠤ ᠭᠦᠨᠣᠭᠡᠯ ᠪᠣᠯᠬᠤ ᠶᠣᠰᠣ᠎ᠶ᠋ᠢ ᠭᠡᠯᠡᠵᠡᠢ᠃  ᠭᠤᠷᠪᠡ᠂ ᠵᠣᠢᠷ ᠦᠭᠡ᠎ᠳᠤ ᠨᠣᠶᠠᠷᠬᠠᠬ᠍ᠴᠢ ᠠᠩᠭᠢ᠎ᠶ᠋ᠢᠨ ᠨᠦᠯᠣᠭᠡ ᠪᠠᠢᠳᠠᠭ᠂ ᠪᠠᠰᠠ ᠬᠠᠷᠡᠴᠣ ᠠᠷᠡᠳ᠎ᠠᠴᠠ ᠨᠣᠶᠠᠷᠬᠠᠬ᠍ᠴᠢ ᠠᠩᠭᠢ᠎ᠶ᠋ᠢᠨ ᠡᠷᠭᠡ ᠲᠡᠭ᠌ᠰᠢ ᠪᠣᠰᠣ᠎ᠶ᠋ᠢ ᠵᠢᠪᠡᠭᠦᠴᠡᠨ ᠭᠡᠯᠡᠭ᠌ᠰᠡᠨ ᠵᠣᠢᠷ ᠰᠡᠴᠡᠨ ᠦᠭᠡᠰ ᠣᠯᠠᠨ ᠪᠣᠢ᠃  ᠵᠣᠢᠷ ᠦᠭᠡ ᠪᠣᠯ ᠠᠷᠡᠳ ᠲᠦᠮᠠᠨ᠎ᠤ ᠠᠮᠠᠨ ᠶᠠᠷᠢᠶᠡᠨ᠎ᠤ ᠪᠦᠳᠣᠭᠡᠯ ᠮᠦᠨ᠃ ᠠᠷᠡᠳ ᠲᠦᠮᠠᠨ᠎ᠤ ᠠᠮᠢᠳᠣᠷᠡᠨ ᠲᠡᠮᠡᠴᠡᠭᠦ᠎ᠶ᠋ᠢᠨ ᠨᠢᠭᠡ ᠵᠣᠢᠯ᠎ᠤᠨ ᠣᠶᠣᠨ᠎ᠤ ᠵᠡᠪᠰᠡᠭ ᠮᠦᠨ᠃  ᠵᠣᠢᠷ ᠦᠭᠡ᠎ᠶ᠋ᠢᠨ ᠣᠯᠠᠩᠭᠢ᠎ᠨᠢ ᠠᠷᠳ ᠲᠦᠮᠠᠨ᠎ᠤ ᠡᠷᠡᠭᠦᠯ ᠴᠢᠭᠢᠷᠠᠭ ᠦᠵᠡᠯ ᠰᠠᠨᠠᠭ᠎ᠠ᠂ ᠢᠳᠡᠪᠭᠡᠢᠳᠡᠢ᠎ᠪᠠᠷ ᠲᠡᠪᠱᠢᠨ ᠣᠷᠣᠬ᠍ᠰᠢᠯᠠᠬᠤ ᠴᠤᠭ ᠵᠣᠷᠢᠭ᠎ᠢ ᠢᠯᠡᠳᠭᠡᠵᠣ ᠭᠡᠯᠡᠭ᠌ᠰᠡᠨ ᠪᠠᠢᠳᠠᠭ᠃  ᠭᠡᠪᠡᠴᠣ ᠪᠠᠰᠠ ᠵᠠᠷᠢᠮ ᠵᠣᠢᠷ ᠦᠭᠡ᠎ᠨᠢ ᠨᠣᠶᠠᠷᠬᠠᠬ᠍ᠴᠢ ᠠᠩᠭᠢ ᠦᠪᠡᠷ᠎ᠤᠨ ᠨᠣᠶᠠᠷᠬᠠᠯ᠎ᠢᠶᠠᠨ ᠬᠠᠮᠠᠭᠠᠯᠠᠬᠤ᠎ᠶ᠋ᠢᠨ ᠲᠦᠯᠣᠭᠡ ᠠᠷᠡᠳ ᠲᠦᠮᠠᠨ᠎ᠤ  ᠲᠣᠮᠳᠠ ᠭᠡᠷᠡᠭ᠌ᠯᠡᠵᠣ ᠪᠠᠢᠭ᠎ᠠ ᠵᠣᠢᠷ ᠦᠭᠡ ᠪᠣᠢ᠃ ᠬᠠᠷᠡᠴᠣ ᠠᠷᠡᠳ᠎ᠠᠴᠠ ᠨᠣᠶᠠᠷᠬᠠᠬ᠍ᠴᠢ ᠠᠩᠭᠢ᠎ᠶ᠋ᠢᠨ ᠡᠷᠭᠡ ᠲᠡᠭ᠌ᠰᠢ ᠪᠣᠰᠣ᠎ᠶ᠋ᠢ ᠵᠢᠪᠡᠭᠦᠴᠡᠨ ᠭᠡᠯᠡᠭ᠌ᠰᠡᠨ ᠵᠣᠢᠷ ᠰᠡᠴᠡᠨ ᠦᠭᠡᠰ ᠪᠠᠢᠳᠠᠭ᠃ ᠵᠢᠱ᠌ᠢᠶᠡᠯᠡᠪᠡᠯ᠄ 《 ᠨᠠᠷᠠ᠎ᠪᠠᠨ ᠲᠠᠭᠠᠪᠡᠯ ᠲᠠᠭᠠᠷᠡᠬᠤ ᠦᠭᠡᠢ᠂ ᠨᠣᠶᠡᠨ᠎ᠢᠶᠠᠨ ᠲᠠᠭᠠᠪᠠᠯ ᠦᠯᠣᠰᠳᠡᠭ ᠦᠭᠡᠢ 》᠂ 《 ᠨᠣᠬᠠᠢ᠎ᠶ᠋ᠢᠨ ᠠᠮᠠᠨ᠎ᠳᠤ ᠡᠪᠡᠰᠣᠨ ᠡᠪ ᠦᠭᠡᠢ᠂ ᠨᠣᠶᠠᠨ᠎ᠤ ᠠᠮᠠᠨ᠎ᠳᠤ ᠪᠠᠨᠳᠠᠩ ᠡᠪ ᠦᠭᠡᠢ 》᠂ 《 ᠨᠣᠶᠠᠨ ᠮᠠᠭᠤᠳᠣ᠎ᠶ᠋ᠢᠨ ᠠᠯᠪᠠᠳᠣ ᠶᠠᠳᠡᠭᠤ᠂ ᠨᠣᠬᠠᠢ ᠮᠠᠭᠤᠳᠣ᠎ᠶ᠋ᠢᠨ ᠬᠤᠳᠠ ᠬᠤᠭᠤᠰᠣᠨ 》 ᠭᠡᠭᠦ᠌ ᠮᠡᠳᠣ ᠵᠣᠢᠷ ᠦᠭᠡ;
    ᠲᠦᠷᠪᠡ᠂ ᠵᠣᠢᠷ ᠦᠭᠡ᠎ᠨᠢ ᠦᠨᠳᠣᠰᠣᠳᠡᠨ᠎ᠤ ᠴᠢᠨᠠᠷ ᠲᠣᠳᠣ ᠪᠠᠢᠳᠠᠭ᠃ ᠵᠣᠢᠷ ᠦᠭᠡ᠎ᠨᠢ  ᠡᠯ᠎ᠠ ᠦᠨᠳᠣᠰᠣᠳᠡᠨ᠂ ᠡᠯ᠎ᠠ ᠣᠯᠣᠰ᠎ᠤᠨ ᠦᠭᠡ ᠭᠡᠯᠡᠨ᠎ᠳᠤ ᠪᠦᠷ ᠪᠣᠢ᠃  ᠭᠡᠭᠦ᠎ᠳᠤ  ᠡᠯ᠎ᠠ ᠦᠨᠳᠣᠰᠣᠳᠡᠨ᠂ ᠡᠯ᠎ᠠ ᠣᠯᠣᠰ᠎ᠤᠨ ᠣᠷᠣᠱᠢᠵᠣ ᠪᠠᠢᠭ᠎ᠠ ᠪᠠᠢᠭᠠᠯᠢ᠎ᠶ᠋ᠢᠨ ᠣᠷᠴᠢᠨ ᠲᠣᠭᠤᠷᠢᠨ᠂ ᠨᠡᠢᠭᠡᠮ᠎ᠤᠨ ᠪᠠᠢᠭᠤᠯᠣᠯ᠂ ᠵᠠᠩ ᠲᠠᠳᠭᠠᠯ᠂ ᠠᠮᠢᠳᠣᠷᠡᠯ᠎ᠤᠨ ᠪᠠᠢᠳᠡᠯ ᠠᠳᠡᠯᠢ ᠦᠭᠡᠢ ᠣᠴᠢᠷ᠎ᠠᠴᠠ ᠵᠣᠢᠷ ᠦᠭᠡ᠎ᠶ᠋ᠢᠨ ᠲᠣᠰᠭᠠᠵᠣ ᠪᠠᠢᠭ᠎ᠠ ᠤᠳᠭ᠎ᠠ ᠠᠭᠤᠯᠭ᠎ᠠ᠎ᠨᠢ ᠠᠳᠠᠯᠢᠪᠳᠡᠷ ᠪᠣᠯᠪᠠᠴᠣ ᠭᠡᠷᠡᠭ᠌ᠯᠡᠭᠦ᠌ ᠦᠭᠡ ᠭᠡᠯᠡᠨ ᠪᠠ ᠢᠯᠡᠳᠭᠡᠭᠦ᠌ ᠭᠡᠯᠪᠡᠷᠢ᠎ᠨᠢ ᠠᠳᠡᠯᠢ ᠦᠭᠡᠢ ᠪᠠᠢᠳᠠᠭ᠃   ᠵᠢᠱ᠌ᠢᠶᠡᠯᠡᠪᠡᠯ᠄ 《 ᠦᠨᠡᠨ ᠶᠣᠰᠣ᠎ᠨᠢ ᠱᠢᠭᠦᠭᠦ᠎ᠠᠴᠠ ᠠᠶᠣᠬᠤ ᠦᠭᠡᠢ 》 (ᠯᠠᠲ᠋ᠢᠨ ᠠᠮᠧᠷᠢᠺᠡ) 《 ᠦᠷᠯᠣᠭᠡ᠎ᠳᠡᠭᠡᠨ ᠦᠨᠡᠨ ᠶᠣᠰᠣ᠎ᠶ᠋ᠢ ᠲᠠᠨᠢᠪᠠᠯ᠂ ᠣᠷᠣᠢ᠎ᠳᠠᠭᠠᠨ ᠦᠭᠦᠪᠠᠴᠣ ᠭᠤᠮᠣᠳᠡᠬᠤ ᠦᠭᠡᠢ 》 (ᠶᠠᠫᠣᠨ) 《 ᠭᠠᠵᠢᠭᠤ ᠴᠡᠯᠴᠢᠶ᠎ᠡ ᠪᠣᠯ ᠨᠢᠭᠡ ᠭᠦᠯ᠎ᠢᠶᠠᠷ᠎ᠢᠶᠠᠨ ᠵᠣᠬ᠍ᠰᠣᠳᠠᠭ᠂ ᠦᠨᠡᠨ ᠶᠣᠰᠣ ᠪᠣᠯ ᠬᠤᠶᠠᠷ ᠭᠦᠯ᠎ᠢᠶᠠᠷ᠎ᠢᠶᠠᠨ ᠵᠣᠬ᠍ᠰᠣᠳᠠᠭ 》 (ᠠᠷᠡᠪ) 《 ᠶᠣᠰᠣ ᠪᠣᠯ ᠠᠰᠭᠠᠨ᠂ ᠵᠠᠮ ᠪᠣᠯ ᠮᠣᠷᠣᠢ 》 (ᠭᠢᠳᠡᠳ)᠂ 《 ᠦᠨᠡᠨ ᠶᠣᠰᠣ ᠵᠢᠰᠣᠷ᠎ᠠᠴᠠ ᠠᠶᠣᠬᠤ ᠦᠭᠡᠢ᠂ ᠦᠨᠡᠨ ᠠᠯᠳᠠ ᠭᠠᠯ᠎ᠠᠴᠠ ᠠᠶᠣᠬᠤ ᠦᠭᠡᠢ 》 ᠭᠡᠭᠦ᠌ ᠮᠡᠳᠣ ᠵᠣᠢᠷ ᠦᠭᠡ ᠪᠣᠢ᠃  ᠡᠳᠡᠭᠡᠷ ᠵᠣᠢᠷ ᠦᠭᠡ ᠪᠣᠯ ᠪᠦᠷ ᠯᠠ ᠦᠨᠡᠨ ᠶᠣᠰᠣ ᠪᠣᠯ ᠢᠯᠠᠬ᠍ᠳᠡᠰᠢ ᠦᠭᠡᠢ ᠭᠡᠰᠡᠨ ᠣᠳᠭ᠎ᠠ ᠰᠠᠨᠠᠭ᠎ᠠ᠎ᠶ᠋ᠢ  ᠡᠯ᠎ᠠ ᠦᠨᠳᠣᠰᠣᠳᠡᠨ᠂ ᠡᠯ᠎ᠠ ᠣᠯᠣᠰ᠎ᠤᠨ ᠦᠭᠡ ᠭᠡᠯᠡᠨ᠎ᠳᠤ ᠠᠳᠡᠯᠢ ᠪᠣᠰᠣ ᠦᠭᠡ ᠪᠠ ᠭᠡᠯᠪᠡᠷᠢ᠎ᠪᠠᠷ ᠢᠯᠡᠳᠭᠡᠵᠣ ᠪᠠᠢᠨ᠎ᠠ᠃  ᠲᠡᠢᠮᠣ ᠡ᠂ ᠵᠣᠢᠷ ᠦᠭᠡ ᠪᠣᠯ ᠣᠨᠳᠣᠷᠡᠵᠣ ᠪᠠᠢᠭ᠎ᠠ ᠪᠣᠯᠠᠭ᠂ ᠣᠷᠭᠤᠵᠣ ᠪᠠᠢᠭ᠎ᠠ ᠴᠡᠴᠡᠭ ᠱᠢᠭ ᠦᠶ᠎ᠡ᠎ᠶ᠋ᠢᠨ ᠦᠶ᠎ᠡ ᠣᠯᠠᠮᠵᠢᠯᠠᠬ᠍ᠳᠡᠵᠣ᠂ ᠵᠣᠭᠢᠶᠠᠬ᠍ᠳᠡᠵᠣ᠂ ᠭᠡᠷᠡᠭ᠌ᠯᠡᠭ᠌ᠳᠡᠵᠣ ᠢᠷᠡᠭ᠌ᠰᠡᠨ ᠯᠣᠳᠣ ᠶᠡᠭᠡ ᠠᠮᠢᠳᠣᠷᠡᠬᠤ ᠭᠦᠴᠣᠨ᠎ᠲᠠᠢ ᠪᠠᠢᠳᠠᠭ ᠶᠣᠮ᠃ ᠮᠦᠨᠴᠣ ᠲᠡᠭᠦᠨ᠎ᠤ ᠭᠦᠨ ᠣᠬᠠᠭᠠᠨ᠎ᠤ ᠣᠳᠭ᠎ᠠ ᠰᠠᠨᠠᠭ᠎ᠠ ᠠᠬᠤᠭᠤᠯᠵᠣ ᠪᠠᠢᠬᠤ᠎ᠲᠠᠢ ᠱᠢᠭᠤᠳ ᠬᠤᠯᠪᠣᠬ᠍ᠳᠡᠵᠣ ᠪᠠᠢᠬᠤ ᠶᠣᠮ᠃
     ᠬᠤᠶᠠᠷ᠂  ᠮᠣᠩᠭᠤᠯ ᠠᠷᠡᠳ᠎ᠤᠨ ᠰᠡᠴᠠᠨ ᠦᠭᠡᠰ᠎ᠤᠨ ᠰᠣᠷᠭᠠᠨ ᠭᠦᠮᠣᠵᠢᠯ᠎ᠤᠨ ᠣᠬᠠᠭᠠᠨ᠎ᠤ ᠱᠢᠨᠵᠢ᠎ᠶ᠋ᠢ ᠠᠵᠢᠬ᠍ᠯᠠᠬᠤ᠎ᠨᠢ;
      ᠮᠣᠩᠭᠤᠯ ᠠᠷᠡᠳ᠎ᠤᠨ ᠰᠡᠴᠠᠨ ᠦᠭᠡ ᠪᠦᠷ ᠯᠠ ᠪᠣᠳᠡᠳᠣ ᠠᠮᠢᠳᠣᠷᠡᠯ ᠦᠢᠯᠡᠳᠪᠣᠷᠢ᠎ᠶ᠋ᠢᠨ ᠦᠢᠯᠡᠳᠣᠯᠭᠡ ᠲᠣᠳᠣᠷ᠎ᠡ᠎ᠠᠴᠠ ᠬᠤᠷᠢᠶᠠᠩᠭᠤᠢᠯᠡᠵᠣ ᠭᠡᠯᠡᠭ᠌ᠰᠡᠨ ᠣᠭᠢ ᠲᠣᠳᠣ ᠭᠦᠨ ᠣᠬᠠᠭᠠᠯᠢᠭ᠂  ᠪᠣᠳᠡᠳᠣ ᠦᠢᠯᠡᠳᠣᠯᠭᠡ᠎ᠶ᠋ᠢᠨ ᠲᠣᠮᠳᠠ᠎ᠠᠴᠠ ᠣᠭᠢ ᠰᠣᠳᠣ᠎ᠶ᠋ᠢ᠎ᠨᠢ ᠬᠤᠷᠢᠶᠠᠩᠭᠤᠢᠯᠡᠵᠣ ᠳ᠋ᠦᠡᠭ᠌ᠨᠡᠵᠣ᠂ ᠶᠠᠭ ᠰᠠᠢᠬᠠᠨ ᠣᠨᠣᠭᠠᠵᠣ ᠭᠡᠯᠡᠭ᠌ᠰᠡᠨ ᠦᠭᠡᠰ ᠭᠦᠨ ᠣᠬᠠᠭᠠᠯᠢᠭ ᠦᠭᠡᠰ ᠮᠦᠷᠳᠡᠭᠡᠨ ᠰᠣᠷᠭᠠᠨ ᠭᠦᠮᠣᠵᠢᠯ᠎ᠤᠨ ᠱᠢᠨᠵᠢ ᠪᠠ ᠪᠣᠳᠡᠳᠣ ᠦᠢᠯᠡᠳᠣᠯ   ᠎ᠤᠨ ᠱᠢᠨᠵᠢ   ᠎ᠪᠠᠷ ᠴᠢᠩᠭ᠎ᠠ ᠪᠠᠢᠨ᠎ᠠ᠃  ᠮᠣᠩᠭᠤᠯ ᠠᠷᠡᠳ᠎ᠤᠨ  ᠵᠣᠢᠷ ᠰᠡᠴᠠᠨ ᠦᠭᠡ ᠪᠣᠯ ᠵᠠᠩ ᠠᠭᠠᠯᠢ᠂ ᠶᠣᠰᠣ ᠮᠣᠷᠡᠯ᠂  ᠵᠢᠷᠣᠮ ᠱᠢᠳᠣᠷᠭᠤ᠎ᠶ᠋ᠢ ᠡᠷᠭᠢᠮᠯᠡᠨ ᠭᠦᠮᠣᠵᠢᠭᠦᠯᠵᠣ ᠪᠠᠢᠭ᠎ᠠ ᠪᠣᠯᠬᠤᠷ ᠲᠡᠭᠦᠨ᠎ᠢ 《 ᠰᠣᠷᠭᠠᠨ ᠭᠦᠮᠣᠵᠢᠯ᠎ᠤᠨ ᠭᠢᠴᠢᠶᠡᠯ 》 ᠭᠡᠵᠤ ᠪᠣᠯᠣᠨ᠎ᠠ᠃  ᠲᠡᠢᠮᠣ ᠡ᠂ ᠮᠠᠨ᠎ᠤ ᠡᠩ᠎ᠤᠨ ᠠᠵᠢᠯ ᠠᠮᠢᠳᠣᠷᠡᠯ᠎ᠤᠨ ᠲᠣᠮᠳᠠ ᠶᠡᠷᠢᠵᠣ ᠪᠠᠢᠭ᠎ᠠ ᠠᠷᠡᠳ᠎ᠤᠨ ᠰᠡᠴᠠᠨ ᠦᠭᠡ᠂ ᠦᠪᠡᠷᠮᠢᠴᠠ ᠭᠡᠯᠡᠴᠠ ᠵᠡᠷᠭᠡ᠎ᠨᠢ ᠭᠦᠮᠣᠨ᠎ᠢ ᠰᠣᠷᠭᠠᠨ ᠭᠦᠮᠣᠵᠢᠭᠦᠯᠭᠦ᠌ ᠡᠭᠦᠳᠡᠨ᠎ᠠᠴᠠ ᠶᠠᠷᠢᠬ᠍ᠰᠡᠨ ᠪᠠᠢᠳᠠᠭ᠃  ᠭᠦᠮᠣᠨ ᠵᠢᠷᠣᠮ᠂  ᠶᠣᠰᠣ ᠣᠴᠢᠷ᠂  ᠶᠣᠰᠣ ᠰᠣᠷᠳᠡᠬᠤᠨ᠎ᠤ ᠭᠦᠮᠣᠵᠢᠯ᠎ᠤᠨ ᠲᠣᠬᠠᠢ  ᠰᠠᠴᠠᠨ ᠦᠭᠡᠰ ᠣᠯᠠᠨ ᠪᠣᠢ;   ᠵᠢᠱ᠌ᠢᠶᠡᠯᠡᠪᠡᠯ᠄ 《 ᠭᠦᠮᠣᠨ ᠶᠣᠰᠣ᠎ᠲᠠᠢ᠎ᠨᠢ ᠰᠠᠢᠬᠠᠨ᠂ ᠨᠣᠬᠠᠢ ᠰᠡᠭᠦᠯ᠎ᠲᠠᠢ᠎ᠨᠢ ᠰᠠᠢᠬᠠᠨ 》᠂ 《 ᠦᠭᠡ᠎ᠶ᠋ᠢᠨ ᠦᠨᠡᠨ᠎ᠨᠢ ᠰᠠᠢᠬᠠᠨ᠂ ᠦᠨᠡᠭᠡᠨ᠎ᠤ ᠣᠯᠠᠭᠠᠨ᠎ᠨᠢ ᠰᠠᠢᠬᠠᠨ 》᠂ 《 ᠰᠠᠢᠨ᠎ᠲᠠᠢ ᠨᠦᠭᠦᠷᠯᠡᠪᠡᠯ ᠰᠠᠷᠡᠨ᠎ᠤ ᠭᠡᠷᠡᠯ᠂  ᠮᠠᠭᠤ᠎ᠲᠠᠢ ᠨᠦᠭᠦᠷᠯᠡᠪᠡᠯ ᠮᠣᠭᠠᠢ᠎ᠶ᠋ᠢᠨ ᠬᠤᠣᠷ 》᠂ 《 ᠲᠦᠷᠣ᠎ᠶ᠋ᠢᠨ ᠭᠦᠮᠣᠨ᠎ᠤ ᠲᠦᠪ᠎ᠨᠢ ᠰᠠᠢᠬᠠᠨ᠂  ᠲᠠᠮᠣᠷ ᠠᠶᠠᠭ᠎ᠠ᠎ᠶ᠋ᠢᠨ ᠭᠡᠪ᠎ᠲᠠᠢ᠎ᠨᠢ ᠰᠠᠢᠬᠠᠨ 》᠂ 《 ᠭᠡᠯᠡᠪᠡᠯ ᠦᠭᠡ᠂ ᠭᠢᠰᠭᠢᠪᠡᠯ ᠭᠠᠵᠠᠷ 》᠂ 《 ᠵᠣᠳ ᠨᠢᠭᠡ ᠵᠢᠯ᠎ᠤᠨ᠂  ᠵᠢᠷᠣᠮ ᠮᠢᠩᠭᠠᠨ ᠵᠢᠯ᠎ᠤᠨ 》᠂ 《 ᠮᠣᠩᠭᠤᠯ ᠭᠦᠮᠣᠨ᠎ᠤ ᠶᠣᠰᠣ᠂  ᠮᠣᠳᠣᠨ ᠱᠢᠷᠡᠭᠡᠨ᠎ᠤ ᠦᠨᠴᠦᠭ 》᠂ 《 ᠮᠢᠩᠭᠠᠨ ᠦᠶ᠎ᠡ᠎ᠶ᠋ᠢᠨ ᠣᠴᠢᠷ᠎ᠢ ᠪᠢᠴᠢᠭ ᠨᠣᠮ᠎ᠲᠠᠢ ᠭᠡᠯᠡᠯᠴᠡᠵᠣ᠂ ᠮᠢᠷᠡᠯᠵᠡᠨ ᠢᠷᠡᠯᠵᠡᠬᠦ᠌ ᠲᠡᠣᠭᠡ᠎ᠶ᠋ᠢ ᠪᠢᠴᠢᠭ ᠨᠣᠮ᠎ᠲᠤᠷ ᠭᠡᠯᠡᠯᠴᠠᠮᠣᠢ 》᠂ 《 ᠶᠠᠩᠵᠣ᠎ᠶ᠋ᠢ᠎ᠨᠢ ᠢᠮᠡᠭᠠᠨ ᠲᠠᠭᠠᠬᠤ ᠦᠭᠡᠢ᠂ ᠶᠠᠰᠣ᠎ᠶ᠋ᠢ᠎ᠨᠢ ᠭᠠᠵᠠᠷ ᠲᠠᠭᠠᠬᠤ ᠦᠭᠡᠢ 》᠂ 《 ᠮᠣᠭᠠᠢ ᠨᠦᠭᠡᠨ᠎ᠳᠡᠭᠡᠨ ᠨᠣᠶᠡᠨ᠂ ᠮᠠᠭᠤ ᠭᠦᠮᠣᠨ ᠭᠡᠷ᠎ᠲᠡᠭᠡᠨ ᠨᠣᠶᠡᠨ 》᠂ 《 ᠵᠠᠩ ᠰᠠᠢᠳᠡᠢ ᠭᠦᠮᠣᠨ᠎ᠳᠤ ᠨᠦᠭᠦᠳ ᠣᠯᠠᠨ᠂ ᠵᠠᠮᠠᠭ ᠰᠠᠢᠳᠡᠢ ᠣᠰᠣᠨ᠎ᠳᠤ ᠵᠢᠭᠠᠰᠣ ᠣᠯᠠᠨ 》᠂ 《 ᠰᠠᠢᠨ ᠭᠦᠮᠣᠨ ᠦᠭᠡ᠎ᠪᠠᠨ ᠢᠳᠡᠳᠡᠭ ᠦᠭᠡᠢ᠂ ᠰᠠᠷᠯᠤᠭ ᠦᠭᠡᠷ ᠱᠢᠵᠢᠮ᠎ᠢᠶᠠᠨ ᠢᠳᠡᠳᠡᠭ ᠦᠭᠡᠢ 》᠂ 《 ᠭᠡᠭᠡᠷᠡᠭᠦ᠌ ᠲᠣᠷᠡᠳᠡᠢ ᠭᠦᠮᠣᠨ ᠭᠡᠳᠠ᠎ᠪᠠᠨ ᠭᠡᠭᠡᠨ᠎ᠠ᠂ ᠭᠡᠷᠡᠯᠳᠣᠭᠦ᠌ ᠲᠣᠷᠡᠳᠡᠢ ᠭᠦᠮᠣᠨ ᠨᠦᠭᠦᠳ᠎ᠢᠶᠠᠨ ᠭᠡᠭᠡᠨ᠎ᠠ 》᠂ 《 ᠠᠭᠠᠰᠢ ᠵᠠᠩ᠎ᠤᠨ ᠡᠪᠳᠡᠢ᠎ᠨᠢ ᠰᠠᠢᠬᠠᠨ  》᠂ 《 ᠠᠷᠢᠭᠢᠵᠣ ᠪᠠᠢᠭᠠᠳ ᠨᠢᠭᠤᠷ᠎ᠢᠶᠠᠷ ᠪᠠᠷᠡᠨ᠎ᠠ᠂  ᠠᠴᠢᠷᠬᠠᠵᠣ ᠪᠠᠢᠭᠠᠳ ᠭᠦᠨᠳᠣ᠎ᠪᠠᠷ ᠪᠠᠷᠡᠨ᠎ᠠ 》᠂ 《 ᠪᠠᠷᠳᠡᠮ᠎ᠳᠤ ᠰᠠᠢᠨ ᠦᠭᠡᠢ᠂  ᠪᠠᠩᠵᠢᠯ᠎ᠳᠤ ᠲᠣᠯᠠᠭᠠᠨ 》᠂ 《 ᠠᠮᠣᠷ ᠭᠡᠳᠡᠭ ᠠᠩᠬᠠᠨ᠎ᠤ ᠶᠣᠰᠣ᠂ ᠮᠡᠨᠳᠣ ᠭᠡᠳᠡᠭ ᠮᠣᠩᠭᠤᠯ᠎ᠤᠨ ᠶᠣᠰᠣ 》᠂ 《 ᠭᠦᠯᠦᠭ᠎ᠤᠨ ᠭᠦᠣ ᠱᠢᠭ ᠴᠡᠪᠭᠡᠭᠦᠨ ᠶᠠᠪᠤ᠂ ᠭᠦᠮᠣᠨ᠎ᠤ ᠭᠦᠣ ᠱᠢᠭ ᠴᠦᠯᠡᠷᠡᠭᠦᠨ ᠶᠠᠪᠤ 》᠂ 《 ᠣᠯᠪᠣᠭ᠎ᠢᠶᠠᠨ ᠴᠣᠭᠤᠷᠣᠳᠡᠯ᠎ᠠ ᠰᠠᠭᠤᠬ᠍ᠰᠠᠨ ᠮᠡᠷᠭᠡᠨ᠎ᠠᠴᠠ᠂ ᠣᠯᠠᠨ᠎ᠢ ᠲᠣᠭᠤᠷᠢᠬ᠍ᠰᠠᠨ ᠮᠣᠩᠬᠠᠭ ᠲᠡᠭᠡᠷ᠎ᠡ; ᠣᠯᠣᠬ᠍ᠰᠠᠨ᠎ᠢᠶᠠᠨ ᠭᠡᠯᠡᠳᠡᠭ ᠦᠭᠡᠢ ᠰᠠᠴᠠᠨ᠎ᠠᠴᠠ᠂ ᠣᠨᠠᠭ᠍ᠰᠠᠨ᠎ᠢᠶᠠᠨ ᠭᠡᠯᠡᠳᠡᠭ ᠲᠠᠨᠡᠭ ᠲᠡᠭᠡᠷ᠎ᠡ 》 ᠭᠡᠭᠦ᠌ ᠮᠡᠳᠣ;
   ᠠᠵᠢᠯᠰᠠᠭ ᠭᠦᠳᠡᠯᠮᠣᠷᠢᠴᠢ ᠭᠦᠮᠣᠨ ᠪᠣᠯᠬᠤ᠎ᠶ᠋ᠢ ᠭᠦᠮᠣᠵᠢᠭᠦᠯᠣᠨ ᠰᠣᠷᠭᠠᠵᠣ ᠭᠡᠯᠡᠭ᠌ᠰᠡᠨ ᠦᠭᠡᠰ;  ᠵᠢᠱ᠌ᠢᠶᠡᠯᠡᠪᠡᠯ᠄ 《 ᠭᠡᠴᠡᠭᠦᠣ ᠠᠢᠯ᠎ᠤᠨ ᠭᠠᠵᠠᠭ᠎ᠠ ᠲᠦᠯᠣᠭᠡ ᠲᠦᠭᠦᠷᠡᠩ᠂ ᠶᠠᠳᠡᠷᠡᠣ ᠠᠢᠯ᠎ᠤᠨ ᠭᠠᠵᠠᠭ᠎ᠠ ᠲᠦᠯᠡᠩᠭᠡᠢ ᠱ᠌ᠢᠪᠡᠷᠢ ᠲᠦᠭᠦᠷᠡᠩ 》᠂ 《 ᠡᠩ᠎ᠤᠨ ᠴᠠᠭ᠎ᠲᠤ ᠭᠦᠯᠣᠰᠣ ᠶᠡᠭᠡ ᠣᠷᠣᠰᠪᠠᠯ᠂ ᠪᠠᠢᠯᠳᠣᠭᠠᠨ᠎ᠤ ᠴᠠᠭ᠎ᠲᠤ ᠴᠢᠰᠣ ᠪᠠᠭ᠎ᠠ ᠣᠷᠣᠰᠣᠨ᠎ᠠ 》᠂ 《 ᠭᠠᠨᠭ᠌ ᠭᠡᠭᠦ᠌ ᠨᠣᠬᠠᠢ ᠦᠭᠡᠢ᠂  ᠭᠠᠵᠠᠷ ᠭᠡᠰᠭᠢᠭᠦ᠌ ᠮᠠᠯ ᠦᠭᠡᠢ 》᠂ 《 ᠵᠠᠯᠬᠠᠭᠤ᠎ᠶ᠋ᠢᠨ ᠭᠠᠵᠠᠭ᠎ᠠ ᠠᠷᠭᠠᠰᠣ ᠦᠭᠡᠢ᠂ ᠵᠠᠯᠭᠢᠳᠠᠭ᠎ᠤᠨ ᠭᠡᠷ᠎ᠲᠤ ᠬᠤᠭᠤᠯᠠ ᠦᠭᠡᠢ 》᠂ 《 ᠵᠠᠯᠠᠭᠤ ᠭᠦᠮᠣᠨ ᠵᠠᠯᠬᠠᠭᠤᠷᠡᠬᠤ᠎ᠶ᠋ᠢᠨ ᠣᠷᠣᠨ᠎ᠳᠤ ᠦᠭᠦᠭ᠌ᠰᠠᠨ ᠲᠡᠭᠡᠷ᠎ᠡ᠂ ᠽᠠᠨᠳᠡᠨ ᠮᠣᠳᠣᠨ ᠭᠠᠵᠠᠬᠤ ᠣᠷᠣᠨ᠎ᠳᠤ  ᠬᠤᠭᠤᠷᠣᠬ᠍ᠰᠠᠨ᠎ᠨᠢ ᠲᠡᠭᠡᠷ᠎ᠡ  》᠂ 《 ᠦᠭᠡᠳᠡᠯᠡᠭᠦ᠌ ᠠᠢᠯ᠎ᠤᠨ ᠭᠡᠣᠭᠡᠳ᠎ᠢ ᠬᠠᠷᠠ᠂ ᠦᠰᠭᠦ᠌ ᠮᠠᠯ᠎ᠤᠨ ᠵᠢᠰᠣ᠎ᠶ᠋ᠢ ᠬᠠᠷᠡ 》᠂ 《 ᠰᠠᠢᠨ ᠡᠷ᠎ᠡ ᠠᠳᠣᠭᠤᠨ᠎ᠤ ᠬᠤᠱ᠂ ᠮᠠᠭᠤ ᠡᠷ᠎ᠡ ᠠᠶᠠᠭᠠᠨ᠎ᠤ ᠬᠤᠱ 》᠂ 《 ᠠᠯᠵᠠᠭᠤ ᠭᠦᠮᠣᠨ ᠦᠯᠣᠨ ᠶᠠᠪᠣᠨ᠎ᠠ᠂ ᠠᠷᠢᠭᠢᠴᠢᠨ ᠭᠦᠮᠣᠨ ᠰᠣᠬ᠍ᠳᠡᠭᠤ ᠶᠠᠪᠣᠨ᠎ᠠ 》᠂ 《 ᠠᠷᠢᠭᠢ ᠠᠬᠠᠳᠡᠪᠠᠯ ᠠᠭᠠᠰᠢ ᠡᠪᠳᠡᠨ᠎ᠠ᠂ ᠠᠯᠵᠠᠭᠤ ᠠᠬᠠᠳᠡᠪᠡᠯ ᠦᠢᠯᠡᠰ ᠡᠪᠳᠡᠨ᠎ᠠ 》 ᠭᠡᠭᠦ᠌ ᠮᠡᠳᠣ;
    ᠬᠠᠢᠷ᠎ᠡ ᠪᠠ ᠬᠠᠳᠡᠭᠤ ᠬᠤᠶᠠᠷ᠎ᠢ ᠣᠶᠠᠯᠳᠣᠭᠤᠯᠵᠣ ᠭᠦᠮᠣᠵᠢᠭᠦᠯᠭᠦ᠌ ᠲᠣᠬᠠᠢ;   ᠵᠢᠱ᠌ᠢᠶᠡᠯᠡᠪᠡᠯ᠄ 《 ᠣᠭᠢᠯᠡᠭᠠᠳ ᠣᠢᠯᠡᠭᠠᠳ ᠭᠦᠮᠣᠨ ᠪᠣᠯᠳᠠᠭ᠂ ᠮᠠᠢᠯᠠᠭᠠᠳ ᠮᠠᠢᠯᠠᠭᠠᠳ ᠮᠠᠯ ᠪᠣᠯᠳᠠᠭ 》᠂ 《 ᠭᠦᠵᠢᠷᠡᠭ᠌ᠰᠠᠨ ᠭᠦᠵᠡᠭᠡᠨ ᠪᠡᠳᠣ 》᠂ 《 ᠡᠷᠭᠡ᠎ᠶ᠋ᠢ ᠰᠣᠷᠬᠤ᠎ᠪᠠᠷ᠂ ᠪᠡᠷᠭᠡ᠎ᠶ᠋ᠢ ᠰᠣᠷ 》᠂ 《 ᠬᠠᠯᠠ᠎ᠨᠢ ᠭᠠᠳᠡᠨ᠎ᠠ᠎ᠪᠠᠨ᠂  ᠬᠠᠢᠷ᠎ᠡ᠎ᠨᠢ ᠲᠣᠳᠣᠷ᠎ᠡ᠎ᠪᠠᠨ 》᠂ 《 ᠭᠡᠭᠡᠷ᠎ᠡ ᠬᠤᠨᠣᠵᠣ ᠭᠡᠳᠠ ᠲᠡᠷᠡᠯᠡᠵᠣ᠂  ᠬᠠᠳᠠ ᠮᠦᠷᠭᠦᠵᠣ ᠬᠠᠱᠢᠷ ᠰᠣᠷᠴᠣ 》᠂ 《 ᠠᠮᠠᠨ᠎ᠳᠠᠭᠠᠨ ᠬᠤᠳᠡᠯ ᠦᠭᠡᠢ᠂  ᠠᠯᠠᠭᠠᠨ᠎ᠳᠠᠭᠠᠨ ᠬᠤᠯᠠᠭᠠᠢ ᠦᠭᠡᠢ 》᠂ 《 ᠪᠠᠭ᠍ᠳᠠᠪᠠᠯ ᠪᠠᠷᠡᠭᠠᠨ ᠲᠡᠭᠡᠷ᠎ᠡ᠎ᠪᠠᠨ᠂ ᠲᠣᠬ᠍ᠳᠡᠪᠡᠯ ᠲᠣᠯᠣᠭᠠᠢ ᠲᠡᠭᠡᠷ᠎ᠡ᠎ᠪᠠᠨ 》《 ᠠᠮᠠᠨ᠎ᠳᠠᠭᠠᠨ ᠭᠢᠪᠡᠯ  ᠬᠠᠢᠯᠠᠴᠢᠬᠠᠮᠡᠷ᠂ ᠠᠯᠠᠭᠠᠨ᠎ᠳᠠᠭᠠᠨ ᠭᠢᠪᠡᠯ ᠪᠦᠮᠪᠣᠷᠡᠴᠢᠭᠡᠮᠡᠷ 》᠂ 《 ᠡᠳ᠋᠎ᠪᠠᠷ ᠪᠡᠶ᠎ᠡ᠎ᠪᠠᠨ ᠴᠢᠮᠡᠭᠦ᠎ᠪᠠᠷ ᠡᠷᠳᠡᠮ᠎ᠢᠶᠠᠷ ᠪᠡᠶ᠎ᠡ᠎ᠪᠠᠨ ᠴᠢᠮᠠ 》᠂ 《 ᠪᠠᠷᠰ ᠴᠠᠭ᠎ᠲᠤ ᠪᠣᠰᠭᠤ ᠦᠭᠡᠢ ᠪᠣᠯ ᠡᠳᠣᠷ᠎ᠤᠨ ᠶᠠᠪᠣᠳᠡᠯ ᠬᠤᠴᠣᠷᠡᠨ᠎ᠠ᠂ ᠪᠠᠭ᠎ᠠ ᠨᠠᠰᠣᠨ᠎ᠳᠠᠭᠠᠨ ᠰᠣᠷᠬᠤ ᠦᠭᠡᠢ ᠪᠣᠯ  ᠨᠡᠰᠣᠨ᠎ᠤ ᠶᠠᠪᠣᠳᠡᠯ ᠬᠤᠴᠣᠷᠡᠨ᠎ᠠ 》᠂ 《 ᠴᠢᠨ᠋ᠸ᠎ᠠ᠎ᠠᠴᠠ ᠪᠣᠰᠣᠳ᠎ᠢ ᠣᠨᠣᠵᠣ᠂  ᠴᠢᠯᠠᠭᠤᠨ᠎ᠠᠴᠠ ᠪᠣᠰᠣᠳ᠎ᠢ ᠲᠣᠯᠢᠶᠡᠵᠣ 》᠂ 《 ᠭᠡᠷᠢᠶ᠎ᠡ ᠬᠠᠷ᠎ᠡ ᠪᠣᠯᠪᠠᠴᠣ ᠦᠷᠡᠨ᠎ᠳᠡᠭᠡᠨ ᠬᠠᠢᠷᠡᠳᠡᠢ 》᠂ 《 ᠡᠭᠡ᠎ᠶ᠋ᠢᠨ ᠰᠠᠨᠠᠭ᠎ᠠ ᠦᠷ᠎ᠡ᠎ᠳᠤ᠂ ᠦᠷ᠎ᠡ᠎ᠶ᠋ᠢᠨ ᠰᠠᠨᠠᠭ᠎ᠠ ᠠᠭᠤᠯᠠᠨ᠎ᠳᠤ 》᠂ 《 ᠡᠪ᠎ᠢ᠎ᠨᠢ ᠦᠵᠡᠵᠣ᠂  ᠰᠡᠪ᠎ᠢ᠎ᠨᠢ ᠲᠠᠷᠣᠬᠤ 》 ᠭᠡᠭᠦ᠌ ᠮᠡᠳᠣ᠃
    ᠮᠣᠩᠭᠤᠯ ᠠᠷᠡᠳ᠎ᠤᠨ ᠰᠡᠴᠠᠨ ᠦᠭᠡᠰ᠎ᠤᠨ ᠠᠮᠢᠳᠣᠷᠡᠬᠤᠢ᠎ᠶ᠋ᠢᠨ ᠣᠬᠠᠭᠠᠨ᠎ᠤ ᠱᠢᠨᠵᠢ᠎ᠶ᠋ᠢ ᠠᠵᠢᠬ᠍ᠯᠠᠬᠤ᠎ᠨᠢ; ᠵᠢᠱ᠌ᠢᠶᠡᠯᠡᠪᠡᠯ᠄ 《 ᠠᠵᠢᠯ ᠭᠢᠪᠡᠯ ᠲᠡᠭᠤᠰᠳᠡᠯ᠎ᠠ᠂ ᠲᠡᠪᠣᠰᠣ ᠭᠢᠪᠡᠯ ᠠᠭᠤᠰᠳᠠᠯ᠎ᠠ 》᠂ 《 ᠠᠷᠪᠢᠯᠠᠬᠤ᠎ᠶ᠋ᠢ ᠡᠭᠢᠨ᠎ᠠᠴᠠ᠎ᠨᠢ᠂ ᠠᠰᠭᠠᠬᠤ᠎ᠶ᠋ᠢ ᠢᠷᠣᠭᠠᠷ᠎ᠠᠴᠠ᠎ᠨᠢ 》᠂ 《 ᠢᠮᠠᠭᠠᠨ ᠮᠢᠬᠠᠨ᠎ᠢ ᠬᠠᠯᠠᠭᠤᠨ ᠲᠡᠭᠡᠷ᠎ᠡ᠎ᠨᠢ᠂  ᠶᠡᠮᠡᠷᠪᠡ ᠶᠠᠪᠣᠳᠡᠯ᠎ᠢ ᠲᠦᠷᠭᠡᠨ ᠲᠡᠭᠡᠷ᠎ᠡ᠎ᠨᠢ 》᠂ 《 ᠢᠳᠡᠭ᠌ᠰᠡᠨ ᠡᠷᠡᠣ ᠬᠤᠪᠬᠤᠢᠷᠡᠵᠣ᠂  ᠢᠳᠡᠭ᠌ᠳᠡᠭ᠌ᠰᠡᠨ ᠲᠣᠪᠤ ᠨᠣᠭᠤᠭᠠᠷᠡᠳᠠᠭ 》᠂ 《 ᠵᠣᠭᠤᠰ ᠴᠠᠭᠠᠨ ᠨᠢᠳᠣ ᠣᠯᠠᠭᠠᠨ 》᠂ 《 ᠴᠠᠭ ᠴᠠᠭ᠎ᠪᠠᠷ᠎ᠢᠶᠠᠨ ᠪᠠᠢᠳᠠᠭ ᠦᠭᠡᠢ᠂ ᠴᠠᠭᠢᠯᠳᠠᠭ ᠭᠦᠭᠡ᠎ᠪᠠᠷ᠎ᠢᠶᠠᠨ ᠪᠠᠢᠳᠠᠭ ᠦᠭᠡᠢ 》᠂ 《 ᠲᠡᠮᠡᠭᠡᠨ ᠭᠡᠳᠡᠭᠡᠷ᠎ᠢᠶᠠᠨ ᠮᠡᠳᠡᠳᠡᠭ ᠦᠭᠡᠢ 》᠂ 《 ᠨᠠᠮ ᠰᠠᠭᠤᠬᠤ᠎ᠪᠠᠷ ᠨᠠᠭᠠᠳᠴᠣ ᠰᠠᠭᠤ᠂ ᠵᠦᠭᠡᠷ ᠰᠠᠭᠤᠬᠤ᠎ᠪᠠᠷ ᠵᠦᠯᠭᠦᠵᠣ ᠰᠠᠭᠤ 》᠂ 《 ᠪᠠᠷᠰ᠎ᠤᠨ ᠲᠣᠯᠣᠭᠠᠢ᠎ᠪᠠᠷ ᠡᠭᠢᠯᠡᠭᠦᠯᠵᠣ᠂ ᠮᠣᠭᠠᠢ᠎ᠶ᠋ᠢᠨ ᠰᠡᠭᠦᠯ᠎ᠢᠶᠠᠷ ᠲᠡᠭᠦᠰᠭᠡᠭᠦ᠌ 》᠂ 《 ᠠᠷᠭ᠎ᠠ᠎ᠲᠤ ᠲᠡᠣᠯᠡᠢ ᠠᠷᠰᠯᠠᠨ ᠪᠠᠷᠢᠨ᠎ᠠ 》᠂ 《 ᠰᠠᠢᠨ ᠭᠦᠮᠣᠨ᠎ᠲᠠᠢ ᠨᠦᠭᠦᠷᠯᠡᠪᠡᠯ ᠰᠡᠷᠡᠨ᠎ᠤ ᠭᠡᠷᠡᠯ᠂  ᠮᠠᠭᠤ ᠭᠦᠮᠣᠨ᠎ᠲᠠᠢ ᠨᠦᠭᠦᠷᠯᠡᠪᠡᠯ ᠮᠣᠭᠠᠢ᠎ᠶ᠋ᠢᠨ ᠬᠤᠣᠷ 》᠂ 《 ᠠᠮᠠ ᠲᠦᠭᠦᠷᠭᠦ᠌ ᠦᠭᠡᠢ ᠮᠢᠬ᠎ᠠ᠂ ᠳ᠋ᠠᠪᠠ ᠲᠦᠭᠦᠷᠡᠭ ᠭᠡᠨᠭ᠌ᠰᠢᠭᠦᠣ 》᠂ 《 ᠰᠡᠮᠰᠡᠭᠡᠷ ᠪᠣᠯᠪᠠᠴᠣ ᠡᠵᠢ ᠰᠠᠢᠬᠠᠨ᠂ ᠰᠡᠮᠡᠷᠭᠡᠢ ᠪᠣᠯᠪᠠᠴᠣ ᠭᠡᠷ ᠰᠠᠢᠬᠠᠨ 》᠂ 《 ᠠᠵᠢᠯ ᠭᠢᠪᠡᠯ ᠲᠠᠭᠤᠰᠳᠡᠯ᠎ᠠ᠎ᠨᠢ᠂ ᠲᠠᠪᠣᠰᠣ ᠭᠢᠪᠡᠯ ᠠᠭᠤᠰᠳᠠᠯ᠎ᠠ᠎ᠨᠢ 》᠂ 《 ᠪᠠᠷᠰ᠎ᠤᠨ ᠰᠡᠭᠦᠯ᠎ᠠᠴᠠ ᠪᠠᠷᠢᠪᠠᠣ ᠵᠠᠢ᠂ ᠪᠠᠷᠢᠬ᠍ᠰᠠᠨ ᠲᠡᠷᠠᠭ᠎ᠠ ᠲᠡᠯᠪᠡᠪᠡᠣ ᠽᠠᠢ 》 ᠭᠡᠭᠦ᠌ ᠮᠡᠳᠣ;
    ᠣᠶᠣᠨ ᠣᠬᠠᠭᠠᠨ᠎ᠲᠠᠢ ᠮᠦᠷᠳᠡᠭᠡᠨ ᠪᠦᠯᠭᠦᠮᠳᠡᠯ ᠨᠢᠬ᠍ᠳᠡᠷᠡᠯ᠎ᠲᠠᠢ ᠪᠠᠢᠬᠤ᠎ᠶ᠋ᠢᠨ ᠲᠣᠬᠠᠢ ᠭᠡᠯᠡᠵᠣ ᠰᠣᠷᠭᠠᠬ᠍ᠰᠠᠨ ᠦᠭᠡᠰ;   ᠵᠢᠱ᠌ᠢᠶᠡᠯᠡᠪᠡᠯ᠄ 《 ᠪᠡᠶ᠎ᠡ ᠪᠠᠭᠠᠳᠣᠷ ᠨᠢᠭᠡᠨ ᠦᠶ᠎ᠡ᠂ ᠪᠢᠯᠢᠭ ᠪᠠᠭᠠᠳᠣᠷ ᠲᠦᠮᠠᠨ ᠦᠶ᠎ᠡ 》᠂ 《 ᠡᠷᠢᠯ᠎ᠢ ᠰᠣᠷᠠᠭ᠎ᠪᠠᠷ᠂ ᠡᠷᠳᠡᠮ᠎ᠢ ᠭᠢᠴᠢᠶᠡᠯ᠎ᠢᠶᠠᠷ 》᠂ 《 ᠨᠣᠮ᠎ᠳᠤ ᠱᠢᠨᠣᠪᠠᠯ ᠲᠠᠷᠢᠭᠢ ᠰᠡᠷᠭᠦᠨ᠎ᠠ᠂ ᠨᠠᠷᠡᠨ᠎ᠳᠤ ᠡᠭᠡᠭᠡᠪᠡᠯ ᠪᠡᠶ᠎ᠡ ᠲᠣᠯᠠᠭᠠᠴᠠᠨ᠎ᠠ 》᠂ 《 ᠭᠦᠮᠣᠨ ᠠᠬ᠎ᠠ᠎ᠲᠠᠢ᠂ ᠲᠡᠪᠡᠯ ᠵᠠᠬ᠎ᠠ᠎ᠲᠠᠢ 》᠂ 《 ᠲᠡᠮ ᠲᠡᠮ᠎ᠳᠡᠭᠡᠨ᠂ ᠲᠡᠭᠡᠰᠣᠨ ᠡᠷᠴᠢᠨ᠎ᠳᠡᠭᠡᠨ 》᠂ 《 ᠡᠪᠯᠡᠪᠡᠯ ᠡᠯᠡᠰᠣ᠎ᠪᠠᠷ ᠭᠡᠷ ᠪᠡᠷᠢᠬᠤ 》᠂ 《 ᠦᠨᠡᠨ᠎ᠢᠶᠠᠷ ᠶᠠᠪᠣᠪᠠᠯ ᠦᠭᠡᠷ ᠲᠡᠷᠭᠡ᠎ᠪᠠᠷ ᠲᠡᠣᠯᠡᠢ ᠭᠦᠢᠴᠡᠭᠦ᠌ 》᠂ 《 ᠦᠨᠡᠨ ᠶᠣᠰᠣᠨ᠎ᠳᠤ ᠦᠭᠡᠷ ᠴᠢᠯᠠᠭᠤ ᠣᠶᠡᠷᠡᠬᠤ 》᠂ 《 ᠪᠢᠯᠢᠭ᠎ᠤᠨ ᠰᠠᠢᠨ᠎ᠢᠶᠠᠷ ᠪᠠᠶᠠᠵᠢᠵᠣ᠂ ᠪᠡᠯᠴᠢᠭᠡᠷ᠎ᠤᠨ ᠰᠠᠢᠨ᠎ᠢᠶᠠᠷ ᠲᠠᠷᠭᠤᠯᠠᠳᠠᠭ 》᠂ 《 ᠭᠤᠮᠣᠳᠡᠯ᠎ᠠ ᠭᠤᠮᠣᠳᠡᠯ᠎ᠠ ᠭᠡᠳ ᠭᠤᠯᠣᠮᠳᠠ᠎ᠶ᠋ᠢᠨ ᠬᠠᠵᠠᠭᠤ᠎ᠳᠤ ᠣᠭᠢᠯᠡᠳᠠᠭ ᠦᠭᠡᠢ 》᠂ 《 ᠦᠭᠡ᠎ᠶ᠋ᠢᠨ ᠬᠠᠷᠢᠭᠤ᠎ᠳᠤ ᠦᠭᠡ ᠦᠭᠡᠢ ᠪᠣᠯ ᠦᠭᠦᠯᠡᠩ᠎ᠤᠨ ᠲᠡᠮᠳᠡᠭ᠂ ᠪᠡᠯᠡᠭ᠎ᠤᠨ ᠬᠠᠷᠢᠭᠤ᠎ᠳᠤ  ᠪᠡᠯᠡᠭ ᠦᠭᠡᠢ ᠪᠣᠯ ᠦᠭᠡᠢᠷᠡᠭᠦ᠎ᠶ᠋ᠢᠨ ᠲᠡᠮᠳᠡᠭ 》᠂ 《 ᠬᠤᠱᠢᠶ᠎ᠡ ᠠᠢᠯ᠎ᠤᠨ ᠬᠤᠭᠤᠯᠠ ᠨᠢᠭᠡ᠂  ᠠᠢᠯ ᠭᠡᠷ᠎ᠤᠨ ᠠᠮᠢ ᠨᠢᠭᠡ 》᠂ 《 ᠴᠣᠪᠣᠵᠣ ᠶᠠᠪᠣᠬ᠍ᠰᠠᠨ ᠪᠠᠷᠰ᠎ᠠᠴᠠ᠂  ᠴᠣᠬ᠍ᠯᠠᠷᠡᠵᠣ ᠰᠠᠭᠤᠬ᠍ᠰᠠᠨ ᠱᠠᠭᠠᠵᠠᠭᠠᠢ ᠲᠡᠭᠡᠷ᠎ᠡ 》᠂ 《 ᠡᠪᠳᠣ ᠱᠠᠭᠠᠵᠡᠭᠠᠢ ᠲᠡᠣᠯᠡᠢ ᠪᠠᠷᠢᠨ᠎ᠠ 》᠂ 《 ᠴᠢᠨ᠋ᠸ᠎ᠠ ᠴᠣ᠌ ᠬᠠᠶᠠᠭ᠎ᠠ᠎ᠪᠠᠨ ᠬᠠᠳᠠᠷᠡᠳᠠᠭ ᠦᠭᠡᠢ 》᠂ 《 ᠲᠣᠣᠭᠠᠷᠪᠡᠯ ᠲᠡᠭᠤ ᠨᠢᠭᠡ᠂ ᠲᠣᠬ᠍ᠳᠣᠷᠪᠡᠯ ᠭᠦᠴᠣ ᠨᠢᠭᠡ 》᠂ 《 ᠨᠢᠳᠣ ᠪᠠᠢᠭᠠᠳ ᠰᠣᠬᠤᠷ᠂ ᠴᠢᠭᠢ ᠪᠠᠢᠭᠠᠳ ᠲᠣᠯᠠᠢ 》᠂ 《 ᠮᠠᠭᠤ ᠡᠷ᠎ᠡ ᠬᠠᠶᠠᠭ᠎ᠠ᠎ᠪᠠᠨ ᠬᠠᠳᠣᠷᠡᠵᠣ ᠵᠠᠮ ᠲᠣᠰᠳᠠᠭ᠂ ᠰᠠᠢᠨ ᠡᠷ᠎ᠡ ᠬᠠᠷᠢ᠎ᠳᠤ ᠭᠠᠷᠴᠣ ᠬᠠᠵᠠᠭᠠᠷ ᠬᠠᠨᠭ᠌ᠭᠢᠨᠠᠭᠤᠯᠳᠠᠭ 》᠂ 《 ᠪᠦᠯᠭᠦᠮᠳᠡᠪᠡᠯ ᠪᠦᠳᠣᠨ᠎ᠠ᠂ ᠰᠡᠯᠪᠡᠯ ᠰᠠᠷᠨᠢᠨ᠎ᠠ 》᠂ 《 ᠣᠷᠭᠤᠮᠠᠯ ᠴᠡᠴᠡᠭ  ᠠᠭᠤᠯᠠ᠎ᠶ᠋ᠢᠨ ᠴᠢᠮᠡᠭ᠂ ᠣᠬᠠᠭᠠᠨ ᠪᠢᠯᠢᠭ ᠪᠡᠶ᠎ᠡ᠎ᠶ᠋ᠢᠨ ᠴᠢᠮᠡᠭ 》 ᠭᠡᠭᠦ᠌ ᠮᠡᠳᠣ;
       ᠭᠤᠷᠪᠡ᠂   ᠮᠣᠩᠭᠤᠯ ᠠᠷᠡᠳ᠎ᠤᠨ ᠰᠡᠴᠠᠨ ᠦᠭᠡᠰ᠎ᠤᠨ ᠠᠷᠡᠳᠴᠢᠯᠠᠬ᠍ᠰᠠᠨ ᠱᠢᠨᠵᠢ᠎ᠶ᠋ᠢ ᠠᠵᠢᠬ᠍ᠯᠠᠬᠤ᠎ᠨᠢ;᠂
      ᠠᠷᠡᠳ᠎ᠤᠨ ᠵᠣᠢᠷ ᠰᠠᠴᠠᠨ ᠦᠭᠡᠰ ᠪᠣᠯ ᠠᠷᠡᠳ ᠲᠦᠮᠠᠨ᠎ᠤ ᠲᠣᠮᠳᠠ ᠭᠦᠨᠵᠡᠭᠡᠢᠷᠡᠭ᠌ᠰᠠᠨ ᠱᠢᠨᠵᠢ᠎ᠪᠠᠷ ᠴᠢᠩᠭ᠎ᠠ ᠪᠠᠢᠵᠣ᠂  ᠠᠷᠡᠳ ᠲᠦᠮᠠᠨ᠎ᠤ ᠠᠮᠢᠳᠣᠷᠡᠯ ᠦᠢᠯᠡᠳᠪᠣᠷᠢ᠂  ᠰᠣᠷᠭᠠᠨ ᠭᠦᠮᠣᠵᠢᠯ᠎ᠤᠨ ᠲᠣᠮᠳᠠ ᠭᠦᠨ ᠣᠬᠠᠭᠠᠨ᠎ᠤ ᠭᠢᠴᠢᠶᠡᠯ᠎ᠤᠨ ᠦᠢᠯᠡᠳᠣᠯ᠎ᠢ ᠦᠵᠡᠭᠦᠯᠵᠣ ᠴᠢᠳᠠᠬ᠍ᠰᠠᠨ ᠪᠠᠢᠨ᠎ᠠ᠃  ᠢᠯᠡᠩᠭᠤᠶ᠎ᠡ ᠣᠯᠠᠮᠵᠢᠯᠠᠯᠳᠣ ᠭᠡᠷ᠎ᠤᠨ ᠰᠣᠷᠭᠠᠨ ᠭᠦᠮᠣᠵᠢᠯ᠎ᠤᠨ ᠭᠤᠣᠯ ᠰᠣᠷᠬᠤ ᠪᠢᠴᠢᠭ᠎ᠨᠢ ᠪᠣᠯᠵᠣ ᠴᠢᠳᠠᠬ᠍ᠰᠠᠨ ᠪᠠᠢᠨ᠎ᠠ᠃   ᠡᠭᠦᠨ᠎ᠢ ᠪᠢᠳᠠ ᠦᠨᠣᠳᠣᠷ᠎ᠤᠨ ᠰᠣᠷᠭᠠᠨ ᠭᠦᠮᠣᠵᠢᠯ᠎ᠤᠨ ᠲᠣᠮᠳᠠ ᠠᠮᠢᠳᠣᠯᠢᠭ ᠠᠱᠢᠬ᠍ᠯᠠᠬᠤ ᠭᠡᠷᠡᠭ᠌ᠳᠡᠢ᠃  ᠪᠢᠳᠠ ᠰᠣᠷᠭᠠᠨ ᠭᠦᠮᠣᠵᠢᠯ᠎ᠤᠨ ᠲᠣᠮᠳᠠ  ᠮᠣᠩᠭᠤᠯ ᠠᠷᠡᠳ᠎ᠤᠨ ᠰᠡᠴᠠᠨ ᠦᠭᠡᠰ᠎ᠤᠨ ᠣᠳᠭ᠎ᠠ ᠰᠠᠨᠠᠭ᠎ᠠ᠎ᠶ᠋ᠢᠨ ᠲᠠᠪᠠᠭᠤᠯᠢᠭ ᠲᠠᠯ᠎ᠠ᠎ᠶ᠋ᠢ ᠠᠮᠢᠳᠣᠯᠢᠭ ᠠᠱᠢᠬ᠍ᠯᠠᠬᠤ ᠮᠦᠷᠳᠡᠭᠡᠨ ᠭᠡᠣᠭᠡᠳ᠎ᠤᠨ ᠮᠣᠩᠭᠤᠯ ᠭᠡᠯᠡᠨ᠎ᠤ ᠦᠭᠡᠰ᠎ᠤᠨ ᠰᠠᠩ᠎ᠢ᠎ᠨᠢ ᠪᠠᠶᠠᠯᠢᠵᠢᠭᠤᠯᠬᠤ᠂  ᠵᠣᠭᠢᠶᠡᠨ ᠪᠢᠴᠢᠯᠭᠡ᠎ᠳᠤ᠎ᠨᠢ ᠦᠢᠯᠡᠴᠢᠯᠡᠭᠦᠯᠭᠦ᠌ ᠵᠡᠷᠭᠡ ᠣᠯᠠᠨ ᠲᠠᠯ᠎ᠠ᠎ᠶ᠋ᠢᠨ ᠦᠢᠯᠡᠳᠣᠯ᠎ᠲᠠᠢ ᠪᠠᠢᠳᠠᠭ᠃
   ᠮᠣᠩᠭᠤᠯ ᠠᠷᠡᠳ᠎ᠤᠨ ᠰᠡᠴᠠᠨ ᠦᠭᠡᠰ᠂ ᠦᠪᠡᠷᠮᠢᠴᠠ ᠭᠡᠯᠡᠯᠭᠡ᠂ ᠬᠠᠪᠣᠳᠣ ᠦᠭᠡᠰ ᠵᠡᠷᠭᠡ᠎ᠨᠢ ᠪᠦᠷ ᠯᠠ ᠪᠣᠳᠡᠳᠣ ᠠᠮᠢᠳᠣᠷᠡᠯ ᠦᠢᠯᠡᠳᠪᠣᠷᠢ᠎ᠶ᠋ᠢᠨ ᠦᠢᠯᠡᠳᠣᠯᠭᠡ ᠲᠣᠳᠣᠷ᠎ᠡ᠎ᠠᠴᠠ ᠬᠤᠷᠢᠶᠠᠩᠭᠤᠢᠯᠡᠵᠣ ᠭᠡᠯᠡᠭ᠌ᠰᠡᠨ ᠣᠭᠢ ᠲᠣᠳᠣ ᠭᠦᠨ ᠣᠬᠠᠭᠠᠯᠢᠭ᠂  ᠪᠣᠳᠡᠳᠣ ᠦᠢᠯᠡᠳᠣᠯ᠎ᠲᠠᠢ ᠦᠭᠡᠰ ᠪᠠᠢᠳᠠᠭ᠃  ᠲᠡᠷᠠ ᠮᠦᠷᠳᠡᠭᠡᠨ ᠠᠷᠡᠳᠴᠢ ᠴᠢᠨᠠᠷ᠎ᠢᠶᠠᠷ ᠴᠢᠩᠭ᠎ᠠ᠂  ᠭᠦᠨ ᠣᠬᠠᠭᠠᠨᠴᠢ ᠴᠢᠨᠠᠷ᠎ᠢᠶᠠᠷ ᠴᠢᠩᠭ᠎ᠠ᠂  ᠦᠢᠯᠡᠳᠣᠯᠡᠭᠡᠴᠢ ᠴᠢᠨᠠᠷ᠎ᠢᠶᠠᠷ ᠴᠢᠩᠭ᠎ᠠ  ᠪᠠᠢᠳᠠᠭ ᠵᠡᠷᠭᠡ ᠣᠴᠠᠯᠢᠭ᠎ᠲᠠᠢ ᠪᠠᠢᠨ᠎ᠠ᠃ ᠵᠢᠱ᠌ᠢᠶᠡᠯᠡᠪᠡᠯ᠂ ᠠᠷᠡᠳ᠎ᠤᠨ ᠡᠩ᠎ᠤᠨ ᠶᠠᠷᠢᠶᠡᠨ ᠲᠣᠮᠳᠠ ᠴᠦ᠍ ᠠᠷᠡᠳᠴᠢᠯᠠᠯ᠎ᠤᠨ ᠠᠭᠤᠯᠭ᠎ᠠ᠎ᠲᠠᠢ ᠰᠠᠴᠡᠨ ᠦᠭᠡ ᠠᠷᠪᠡᠨ ᠪᠣᠢ᠃ 《 ᠵᠣᠳ ᠨᠢᠭᠡ ᠵᠢᠯ᠎ᠤᠨ᠂ ᠵᠢᠷᠣᠮ ᠮᠢᠩᠭᠠᠨ ᠵᠢᠯ᠎ᠤᠨ 》᠂ 《 ᠮᠡᠷᠭᠡᠨ ᠭᠦᠮᠣᠨ᠎ᠢᠶᠠᠷ ᠮᠠᠢᠷᠡᠨ ᠲᠡᠯᠪᠢ᠂  ᠮᠠᠩᠬᠠᠨ ᠪᠣᠳᠣᠭᠤ᠎ᠪᠠᠷ ᠪᠣᠣᠷ᠎ᠡ ᠲᠡᠯᠪᠢ 》᠂ 《 ᠭᠦᠮᠣᠨ᠎ᠢ ᠨᠦᠭᠦᠷᠯᠡᠨ ᠪᠡᠢᠵᠣ ᠮᠡᠳᠡᠨ᠎ᠠ᠂  ᠭᠦᠯᠦᠭ᠎ᠢ ᠣᠨᠣᠨ ᠪᠠᠢᠵᠣ ᠮᠡᠳᠡᠨ᠎ᠠ 》᠂ 《 ᠪᠠᠷᠳᠡᠮ᠎ᠳᠤ ᠰᠠᠢᠨ ᠦᠭᠡᠢ᠂  ᠪᠠᠩᠵᠢᠯ᠎ᠳᠤ ᠲᠣᠯᠠᠭᠠᠨ ᠦᠭᠡᠢ 》᠂ 《 ᠨᠣᠮ ᠦᠭᠡᠢ ᠯᠠᠮ᠎ᠠ ᠬᠤᠷᠡᠯ᠎ᠳᠤ ᠴᠢᠴᠢᠷᠡᠨ᠎ᠠ᠂ ᠨᠣᠣᠰᠣ ᠦᠭᠡᠢ ᠲᠡᠮᠡᠭᠡᠨ ᠬᠤᠷ᠎ᠡ᠎ᠳᠤ ᠴᠡᠴᠡᠷᠡᠨ᠎ᠠ 》᠂ 《 ᠦᠨᠣᠴᠢᠨ ᠭᠦᠮᠣᠨ᠎ᠳᠤ ᠨᠣᠶᠠᠨ ᠣᠯᠠᠨ᠂  ᠡᠳᠣᠷ᠎ᠤᠨ ᠮᠢᠬᠠᠨ᠎ᠳᠤ ᠡᠵᠡᠨ ᠣᠯᠠᠨ 》᠂ 《 ᠭᠦᠮᠣᠨ ᠲᠡᠵᠢᠭᠡᠪᠡᠯ ᠲᠣᠯᠣᠭᠠᠢ ᠴᠢᠰᠣᠳᠡᠨ᠎ᠠ᠂  ᠮᠠᠯ ᠲᠡᠵᠢᠭᠡᠪᠡᠯ ᠡᠷᠡᠣ ᠲᠣᠰᠣᠳᠡᠨ᠎ᠠ 》᠂ 《 ᠠᠪᠤ᠎ᠶ᠋ᠢᠨ ᠭᠦᠣ ᠠᠳᠠᠯᠢ ᠦᠭᠡᠢ᠂  ᠠᠷᠪᠡᠨ ᠬᠤᠷᠣᠭᠤ ᠲᠡᠭ᠌ᠰᠢ ᠦᠭᠡᠢ 》᠂ 《 ᠣᠷᠤᠭ᠎ᠠ ᠣᠷᠤᠭ᠎ᠠ᠎ᠳᠠᠭᠠᠨ᠂  ᠵᠢᠷᠤᠭ᠎ᠠ ᠵᠢᠷᠤᠭ᠎ᠠ᠎ᠳᠠᠭᠠᠨ 》᠂ 《 ᠵᠣᠢᠷ ᠦᠭᠡᠢ ᠦᠭᠡ ᠦᠭᠡᠢ᠂  ᠵᠣᠢᠳᠡᠯ ᠦᠭᠡᠢ ᠲᠡᠪᠡᠯ ᠦᠭᠡᠢ 》᠂ 《 ᠨᠠᠷᠠ᠎ᠪᠠᠨ ᠪᠠᠷᠠᠭᠰᠠᠨ ᠲᠡᠯᠡᠭᠡᠢ ᠪᠠᠢᠳᠠᠭ ᠦᠭᠡᠢ᠂  ᠨᠠᠭᠠᠳᠣᠮ᠎ᠢᠶᠠᠨ ᠪᠠᠷᠠᠭᠰᠠᠨ ᠭᠦᠮᠣᠨ ᠪᠠᠢᠳᠠᠭ ᠦᠭᠡᠢ 》᠂ 《 ᠠᠬ᠍ᠳᠠ ᠠᠯᠳᠡᠪᠡᠯ ᠪᠠᠷᠢᠬ᠍ᠳᠠᠳᠠᠭ᠂  ᠠᠮᠠ ᠠᠯᠳᠡᠪᠡᠯ ᠪᠠᠷᠢᠬ᠍ᠳᠠᠳᠠᠭ ᠦᠭᠡᠢ 》᠂ 《 ᠭᠦᠮᠣᠨ᠎ᠤ ᠭᠠᠵᠠᠷ ᠨᠡᠷ᠎ᠡ᠂  ᠦᠪᠡᠷ᠎ᠤᠨ ᠭᠠᠵᠠᠷ ᠶᠠᠰᠣ 》᠂ 《 ᠬᠤᠭᠤᠷᠡᠬᠤ᠎ᠠᠴᠠ ᠪᠢᠰᠢ᠂ ᠨᠣᠭᠤᠷᠡᠬᠤ ᠦᠭᠡᠢ 》᠂ 《 ᠭᠡᠯᠡᠪᠡᠯ ᠦᠭᠡ᠂ ᠭᠢᠰᠭᠡᠪᠡᠯ ᠭᠠᠵᠠᠷ 》᠂ 《 ᠭᠦᠮᠣᠨ ᠶᠠᠪᠣᠪᠠᠯ ᠨᠡᠷ᠎ᠡ᠎ᠲᠠᠢ᠂ ᠱᠢᠪᠠᠭᠤ ᠭᠠᠷᠪᠡᠯ ᠲᠠᠭᠤ᠎ᠲᠠᠢ 》᠂ 《 ᠴᠠᠰᠣᠨ ᠲᠡᠭᠡᠷ᠎ᠡ ᠮᠦᠷ᠎ᠲᠠᠢ᠂  ᠴᠠᠭᠠᠰᠣᠨ ᠲᠡᠭᠡᠷ᠎ᠡ ᠨᠡᠷ᠎ᠡ᠎ᠲᠠᠢ 》 ᠭᠡᠭᠦ᠌ ᠮᠡᠳᠣ᠃
     ᠠᠷᠡᠳ᠎ᠤᠨ ᠵᠣᠢᠷ ᠰᠠᠴᠠᠨ ᠦᠭᠡᠰ᠎ᠨᠢ ᠣᠯᠠᠨ ᠠᠰᠠᠭᠤᠳᠡᠯ᠎ᠢ ᠬᠠᠮᠣᠷᠴᠣ᠂ ᠪᠠᠶᠠᠯᠢᠭ ᠠᠭᠤᠯᠭ᠎ᠠ ᠣᠳᠭ᠎ᠠ ᠰᠠᠨᠠᠭ᠎ᠠ᠎ᠶ᠋ᠢ ᠪᠠᠭ᠍ᠳᠠᠭᠠᠵᠣ ᠪᠠᠢᠬᠤ ᠪᠣᠯᠬᠤᠷ ᠲᠡᠭᠦᠨ᠎ᠢ ᠪᠢᠳᠠ ᠲᠠᠯ᠎ᠠ ᠲᠠᠯ᠎ᠠ᠎ᠠᠴᠠ᠎ᠨᠢ ᠱᠢᠨᠵᠢᠯᠠᠨ ᠰᠣᠳᠣᠯᠵᠣ᠂ ᠲᠡᠯᠭᠡᠷᠡᠩᠭᠦᠢ ᠦᠵᠡᠯ ᠰᠠᠨᠠᠭ᠎ᠠ᠎ᠶ᠋ᠢ᠎ᠨᠢ ᠲᠡᠯᠭᠡᠨ ᠦᠷᠨᠢᠭᠦᠯᠵᠣ᠂ ᠲᠡᠭᠦᠨ᠎ᠤ ᠭᠦᠢᠴᠡᠳᠭᠡᠵᠣ ᠪᠠᠢᠭ᠎ᠠ ᠣᠢᠯᠡᠳᠣᠯ᠎ᠢ᠎ᠨᠢ ᠪᠦᠷᠢᠨ ᠪᠠᠳᠡᠷᠭᠠᠣᠯᠵᠣ᠂  ᠣᠳᠣ ᠦᠶ᠎ᠡ᠎ᠶ᠋ᠢᠨ ᠣᠶᠣᠨ᠎ᠤ ᠪᠣᠯᠪᠠᠰᠣᠨ᠎ᠳᠤ ᠦᠢᠯᠡᠴᠢᠯᠡᠭᠦᠯᠵᠣ᠂  ᠨᠡᠢᠭᠡᠮ ᠵᠢᠷᠣᠮ᠎ᠳᠤ ᠦᠢᠯᠡᠴᠢᠯᠡᠭᠦᠯᠵᠣ ᠪᠠᠢᠬᠤ᠎ᠨᠢ ᠲᠣᠩ ᠴᠢᠬᠤᠯᠠ ᠮᠦᠷᠳᠡᠭᠡᠨ ᠪᠢᠳᠡᠨ᠎ᠤ ᠡᠮᠣᠨ᠎ᠠ ᠲᠣᠯᠭᠠᠮ᠎ᠠ ᠱᠠᠭᠠᠷᠳᠡᠬ᠍ᠳᠡᠵᠣ ᠪᠠᠢᠭ᠎ᠠ ᠡᠭᠦᠷᠭᠡ ᠪᠣᠯᠣᠨ᠎ᠠ᠃  ᠠᠷᠡᠳ᠎ᠤᠨ ᠵᠣᠢᠷ ᠰᠠᠴᠠᠨ ᠦᠭᠡᠰ ᠪᠣᠯ ᠶᠣᠰᠣᠳᠡᠢ ᠠᠭᠤᠳᠡᠯᠠᠭᠠᠳ ᠪᠠᠷᠡᠰᠢ ᠦᠭᠡᠢ᠂ ᠭᠡᠷᠡᠭ᠌ᠯᠡᠭᠡᠳ ᠲᠠᠭᠤᠰᠣᠰᠢ ᠦᠭᠡᠢ᠂ ᠰᠣᠷᠣᠯᠴᠠᠭᠠᠳ ᠦᠵᠣᠭᠦᠷ ᠦᠭᠡᠢ᠂ ᠰᠣᠳᠣᠯᠣᠭᠠᠳ ᠭᠢᠵᠡᠭᠠᠷ ᠦᠭᠡᠢ ᠦᠨᠡᠳᠣ ᠣᠶᠣᠨ᠎ᠤ ᠡᠷᠳᠡᠨᠢᠰ᠎ᠤᠨ ᠰᠠᠩ ᠪᠣᠯᠵᠣ ᠪᠠᠢᠨ᠎ᠠ᠃  ᠪᠢᠳᠠ ᠱᠢᠨ᠎ᠠ ᠡᠷᠢᠨ᠎ᠤ ᠰᠣᠷᠭᠠᠨ ᠭᠦᠮᠣᠵᠢᠯ᠎ᠤᠨ ᠲᠣᠮᠳᠠ ᠠᠷᠡᠳ᠎ᠤᠨ ᠠᠮᠠᠨ ᠰᠣᠶᠣᠯ᠎ᠤᠨ ᠣᠭᠢ ᠰᠣᠳᠣ᠎ᠶ᠋ᠢᠨ ᠨᠢᠭᠡ ᠪᠣᠯᠬᠤ ᠮᠣᠩᠭᠤᠯ ᠵᠦᠢᠷ ᠦᠭᠡ᠂ ᠰᠠᠴᠠᠨ ᠦᠭᠡᠰ᠂ ᠦᠪᠡᠷᠮᠢᠴᠠ ᠭᠡᠯᠡᠴᠠ᠂ ᠬᠠᠪᠣᠳᠣ ᠦᠭᠡ᠂ ᠰᠣᠷᠭᠠᠯ ᠦᠭᠡ᠂ ᠪᠠᠯᠠᠨ ᠦᠭᠡ᠂ ᠬᠤᠱᠣᠩ ᠦᠭᠡ᠂ ᠬᠠᠭᠤᠴᠢ ᠦᠭᠡ᠂ ᠬᠤᠯᠪᠣᠭ᠎ᠠ ᠦᠭᠡ᠎ᠨᠦᠭᠦᠳ᠎ᠢ ᠲᠦᠯᠣᠪᠯᠡᠭᠡ᠎ᠲᠠᠢ᠂ ᠵᠣᠷᠢᠯᠭ᠎ᠠ᠎ᠲᠠᠢ᠂ ᠵᠣᠭᠢᠶᠡᠨ ᠪᠠᠢᠭᠤᠯᠣᠯᠳᠠ᠎ᠲᠠᠢ᠎ᠪᠠᠷ ᠰᠣᠷᠭᠠᠨ ᠭᠦᠮᠣᠵᠢᠯ᠎ᠤᠨ ᠦᠢᠯᠡᠳᠣᠯᠭᠡ᠎ᠳᠤ ᠠᠮᠢᠳᠣᠯᠢᠭ ᠰᠠᠢᠬᠠᠨ ᠠᠱᠢᠬ᠍ᠯᠠᠪᠠᠯ ᠵᠣᠭᠢᠬᠤ ᠶᠣᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号