ᠬᠦᠮᠦᠨ ᠬᠦᠮᠦᠨ᠎ᠢᠶᠠᠨ ᠢᠪᠡᠭᠡᠨ᠎ᠡ
2020-02-21 14:43:04
ᠵᠣᠬᠢᠶᠠᠭ᠍ᠴᠢ᠄
ᠰ᠊᠂ ᠯᠾᠮᠤᠵᠠᠪ
ᠣᠩᠱᠢᠭ᠍ᠰᠠᠨ ᠣᠳᠠᠭ᠎ᠠ᠄
★★★☆☆


    ᠠᠳᠡ᠎ᠠᠴᠠ
ᠨᠡᠬᠡᠯ ᠬᠠᠲᠠᠭᠤ ᠬᠤᠷᠸ᠎ᠠ᠎ᠳᠤ
ᠨᠢᠭᠦᠯ᠎ᠤᠨ ᠰᠠᠷᠢᠰᠤᠨ ᠪᠠᠭᠠᠪᠠᠭᠠᠢ
ᠭᠤᠮᠣᠷᠬᠠᠨ ᠤᠬᠢᠯᠠᠨ᠎ᠠ
ᠨᠢᠩᠵᠢᠨ ᠰᠡᠳᠭᠢᠯ᠎ᠢᠶᠠᠨ ᠠᠯᠳᠠᠭ᠍ᠰᠠᠨ
ᠨᠢᠭᠦᠯ᠎ᠤᠨ ᠱᠢᠨᠤᠬᠠᠢ᠎ᠨᠤᠭᠤᠳ
ᠭᠤᠷᠢᠯᠠᠵᠤ ᠱᠢᠯᠦᠰᠦ᠎ᠪᠠᠨ ᠵᠠᠯᠬᠢᠨ᠎ᠠ
ᠠᠳᠡ ᠨᠢᠭᠡ ᠪᠤᠰᠤ ᠪᠣᠯᠤᠭ᠍ᠰᠠᠨ
ᠬᠡᠭᠡᠷ᠎ᠡ᠎ᠶ᠋ᠢᠨ ᠠᠷᠢᠶᠠᠲᠠᠨ᠎ᠢ ᠨᠢᠳᠦᠯᠡᠭ᠌ᠰᠡᠨ
ᠬᠡᠭᠦᠷ᠎ᠤᠨ ᠥᠯᠥᠨ ᠴᠢᠳᠬᠦᠷ᠎ᠤᠳ
ᠡᠪᠬᠡᠷᠡᠵᠦ᠍ ᠤᠨᠠᠭ᠍ᠰᠠᠨ ᠭᠠᠰᠠᠯᠠᠩ᠎ᠳᠤ
ᠬᠡᠮᠬᠡᠷᠬᠡᠢ ᠪᠣᠳᠤᠯ᠎ᠢᠶᠠᠨ ᠴᠢᠷᠴᠦ᠍
ᠭᠡᠴᠡᠭᠦᠦ ᠭᠡᠩᠰᠡᠷᠡᠯ᠎ᠳᠤ ᠱᠢᠷᠬᠠᠯᠠᠨ᠎ᠠ;;

    ᠵᠣᠪᠠᠯᠠᠩ ᠥᠭᠡᠳᠡ
ᠥᠷᠦ᠍ ᠨᠢᠭᠦᠯᠡᠰᠦᠩᠭᠦᠢ ᠴᠠᠢᠯᠭᠠᠨ
ᠦᠨᠡᠨᠴᠢ ᠱᠢᠳᠤᠷᠭᠤ ᠬᠦᠮᠦᠰ
ᠦᠬᠡᠢᠯᠡᠨ ᠡᠮᠵᠡᠭ᠌ᠯᠡᠨ᠎ᠡ
ᠥᠷᠦᠪᠰᠦᠨ ᠱᠢᠲᠠᠭ᠍ᠰᠠᠨ ᠲᠦᠢᠮᠡᠷ ᠱᠢᠭ
ᠤᠯᠠᠩᠭᠠᠰᠤᠨ ᠳᠠᠭᠠᠷᠢᠬᠤ ᠸᠢᠷᠦ᠋ᠰ
ᠦᠬᠠᠨ᠎ᠢ ᠬᠥᠮᠦᠷᠢᠨ᠎ᠡ
ᠬᠢᠵᠢᠭ᠎ᠤᠨ ᠬᠠᠯᠳᠠᠪᠣᠷᠢ ᠦᠶᠡᠷᠯᠡᠵᠦ᠍
ᠬᠡᠴᠢᠶᠡᠨ᠎ᠤ ᠨᠣᠬᠠᠢᠳ ᠭᠠᠰᠠᠯᠤᠨ
ᠬᠢᠯᠢᠨᠴᠡ᠎ᠶ᠋ᠢᠨ ᠡᠭᠦᠷ ᠥᠨᠳᠡᠯᠵᠡᠨ᠎ᠡ
ᠡᠪᠡᠳᠴᠢᠨ᠎ᠤ ᠳᠠᠬᠤᠯ ᠱᠢᠷᠦᠭᠦᠰᠦᠨ
ᠡᠮᠬᠡᠭ ᠠᠷᠬᠠᠭ ᠳᠠᠢᠰᠤᠩᠨᠠᠵᠤ
ᠦᠬᠦᠯ᠎ᠤᠨ ᠴᠢᠮᠡᠭᠡ ᠶᠡᠭᠦᠷᠡᠨ᠎ᠡ
     ;;;;;;
ᠲᠦᠢᠪᠡᠨ ᠳᠡᠷᠪᠡᠭ᠌ᠰᠡᠨ ᠢᠷᠭᠡᠳ᠎ᠤᠨ
ᠲᠥᠭᠡᠷᠢᠭ᠌ᠳᠡᠭ᠌ᠰᠡᠨ ᠤᠬᠠᠭᠠᠨ ᠰᠠᠮᠭᠠᠷᠲᠠᠵᠤ
ᠲᠥᠪᠭ᠌ᠰᠢᠶᠡᠨ ᠪᠠᠴᠢᠮᠳᠠᠨ᠎ᠠ
ᠵᠣᠪᠠᠯᠠᠩ ᠡᠮᠬᠢᠨᠡᠯ ᠱᠢᠨᠠᠯᠤᠯ
ᠪᠣᠬᠢᠨᠢᠳᠦᠯ ᠰᠣᠴᠢᠯ ᠬᠡᠯᠮᠡᠭ᠌ᠳᠡᠯ
ᠪᠣᠭᠤᠮᠢᠯᠠᠵᠤ ᠢᠷᠡᠨ᠎ᠡ
ᠭᠠᠰᠠᠯᠤᠯ ᠡᠩᠰᠡᠷᠡᠯ ᠭᠤᠨᠢᠭ᠍ᠯᠠᠯ
ᠭᠠᠴᠢᠭ᠍ᠳᠠᠯ ᠲᠡᠨᠦᠭᠦᠴᠢᠯᠡᠯ ᠬᠠᠷᠠᠮᠰᠠᠯ
ᠭᠠᠵᠠᠷ ᠰᠠᠢ ᠦᠭᠡᠢ ᠳᠤᠭᠤᠯᠳᠠᠨ᠎ᠠ
ᠵᠠᠭᠤᠨ ᠲᠥᠮᠡᠨ ᠠᠷᠠᠳ᠎ᠤᠨ
ᠵᠢᠷᠦᠬᠡ ᠪᠣᠳᠣᠯ ᠬᠤᠯᠪᠤᠯᠳᠤᠨ
ᠵᠠᠭᠤᠷᠠᠳᠤ᠎ᠶ᠋ᠢᠨ ᠰᠦᠨᠡᠰᠦᠨ᠎ᠡ ᠭᠦᠷᠢᠮᠳᠡᠨ᠎ᠡ

    ᠬᠠᠯᠠᠮᠵᠢ ᠡᠨᠡᠷᠢᠯ
ᠬᠠᠨ ᠲᠡᠭ᠌ᠷᠢ᠎ᠶ᠋ᠢᠨ ᠢᠪᠡᠭᠡᠯ᠎ᠳᠤ
ᠬᠠᠰᠭᠢᠷᠤᠯ ᠳᠠᠭᠤᠳᠠᠨ᠎ᠠ
ᠬᠠᠷᠢᠶᠠᠯ ᠨᠤᠷᠠᠨ᠎ᠠ
ᠨᠠᠷᠠᠨ᠎ᠤ ᠰᠤᠷᠮᠤᠤᠰᠤ
ᠨᠠᠳᠠᠳᠤ ᠣᠢᠷᠠᠳᠤᠨ᠎ᠠ
ᠨᠤᠢᠲᠠᠨ ᠴᠢᠬᠢᠭ ᠲᠤᠰᠤᠯᠠᠨ᠎ᠠ
ᠲᠢᠪ ᠳᠡᠯᠡᠬᠡᠢ ᠳᠣᠩᠰᠤᠯᠠᠵᠤ
ᠠᠰᠠᠷᠠᠯ᠎ᠤᠨ ᠬᠤᠷ᠎ᠠ ᠱᠠᠭᠠᠬᠢᠨ
ᠠᠷᠪᠠᠨ ᠵᠦᠭ ᠴᠡᠯᠮᠡᠨ᠎ᠡ
ᠨᠠᠢ᠍ᠮᠠᠨ ᠵᠣᠪᠬᠢᠰ᠎ᠠᠴᠠ ᠡᠷᠭᠦᠭ᠌ᠰᠡᠨ
ᠨᠠᠨᠲᠢᠨ ᠬᠠᠨᠳᠢᠪ ᠥᠭ᠌ᠯᠢᠭᠡ
ᠨᠠᠮᠢᠷᠠᠨ ᠪᠠᠭᠤᠨ᠎ᠠ
ᠬᠠᠷᠠᠴᠠ ᠳᠤᠯᠠᠭᠠᠯᠠᠭ᠍ᠰᠠᠨ ᠡᠨᠡᠷᠢᠯ
ᠬᠠᠯᠠᠮᠵᠢ᠎ᠶ᠋ᠢᠨ ᠬᠠᠯᠠᠭᠤᠨ ᠭᠠᠷ
ᠬᠤᠷᠤᠢᠯᠠᠨ ᠳᠠᠯᠯᠤᠯᠠᠨ᠎ᠠ

    ᠣᠢᠯᠤᠨ ᠪᠣᠰᠴᠤ᠌ ᠰᠤᠪᠤᠷᠭᠠᠯᠠᠨ᠎ᠠ
ᠠᠮᠢ ᠨᠠᠰᠤᠨ᠎ᠤ ᠦᠨ᠎ᠡ ᠴᠠᠨ᠎ᠠ
ᠰᠦᠮᠪᠦᠷ ᠠᠭᠤᠯᠠ᠎ᠠᠴᠠ ᠥᠨᠳᠦᠷ
ᠰᠦᠨ ᠳᠠᠯᠠᠢ᠎ᠠᠴᠠ ᠭᠦᠨ
ᠠᠮᠢ ᠨᠠᠰᠤᠨ᠎ᠤ ᠴᠠᠷᠠᠭ᠎ᠠ᠎ᠶ᠋ᠢ
ᠠᠯᠭᠠᠰᠤᠯ ᠦᠭᠡᠢ ᠲᠤᠭᠤᠯᠵᠤ
ᠠᠯᠲᠠᠨ ᠴᠢᠨᠳᠠᠷ ᠪᠣᠰᠤᠨ᠎ᠠ
ᠬᠠᠷᠠᠩᠭᠠᠰᠠᠯ᠎ᠤᠨ ᠳᠠᠢᠨ᠎ᠲᠠᠢ
ᠬᠠᠯᠵᠠ ᠲᠤᠯᠤᠨ ᠪᠠᠢᠯᠳᠤᠭ᠍ᠰᠠᠨ
ᠬᠠᠷᠠᠮ ᠦᠭᠡᠢ ᠵᠢᠳᠬᠦᠯ ᠮᠥᠩᠭᠡᠷᠡᠨ᠎ᠡ
ᠦᠢ ᠲᠥᠮᠡᠨ᠎ᠤ ᠲᠥᠯᠦᠭᠡ
ᠦᠢᠯᠡᠴᠢᠯᠡᠨ ᠳᠡᠳᠬᠦᠵᠦ᠍ ᠳᠡᠮᠡᠴᠡᠭ᠌ᠰᠡᠨ
ᠦᠢᠯᠡᠰ ᠵᠣᠷᠢᠭ ᠬᠥᠱᠢᠶᠡᠯᠡᠨ᠎ᠡ
ᠡᠷᠴᠢ ᠬᠦᠴᠦᠨ ᠪᠠᠳᠠᠷᠠᠵᠤ
ᠡᠪ ᠪᠥᠯᠬᠦᠮᠳᠡᠯ ᠨᠢᠭ᠍ᠲᠠᠷᠠᠨ
ᠡᠷᠡᠯᠬᠡᠭ ᠳᠠᠢᠴᠢᠳ ᠭᠠᠪᠱᠢᠭᠠᠢᠯᠠᠨ᠎ᠠ
ᠲᠡᠮᠡᠦᠯᠡᠵᠦ᠍ ᠵᠢᠳᠬᠦᠭ᠌ᠰᠡᠨ ᠬᠦᠮᠦᠰ᠎ᠤᠨ
ᠲᠡᠩᠬᠡᠭᠡ ᠳᠠᠮᠢᠷ ᠱᠢᠨᠳᠠᠰᠤᠯᠠᠵᠤ
ᠲᠡᠭ᠌ᠷᠢᠯᠢᠭ ᠪᠤᠶᠠᠨ ᠰᠣᠶᠣᠷᠬᠠᠨ᠎ᠠ
ᠣᠯᠠᠨ᠎ᠤ ᠬᠡᠱᠢᠭ ᠳᠡᠯᠭᠡᠷᠡᠵᠦ᠍
ᠣᠮᠣᠭ᠍ᠰᠢᠯ ᠪᠠᠶᠠᠰᠤᠯ ᠴᠠᠯᠬᠢᠯᠠᠨ
ᠣᠢᠯᠤᠨ ᠪᠣᠰᠴᠤ᠌ ᠰᠤᠪᠤᠷᠭᠠᠯᠠᠨ᠎ᠠ
ᠬᠦᠮᠦᠨᠴᠢ ᠦᠵᠡᠯ᠎ᠤᠨ ᠬᠠᠢᠷ᠎ᠠ
ᠬᠦᠰᠡᠯ ᠡᠷᠡᠮᠡᠯᠵᠡᠯ ᠤᠷᠢᠶᠠᠯᠠᠵᠤ
ᠬᠦᠮᠦᠨ ᠬᠦᠮᠦᠨ᠎ᠢᠶᠠᠨ ᠢᠪᠡᠭᠡᠨ᠎ᠡ!

       ᠰ᠊᠂ ᠯᠾᠮᠤᠵᠠᠪ᠂ ᠢᠷᠠᠭᠤ ᠨᠠᠢᠷᠠᠭ᠍ᠴᠢ᠂ ᠳᠠᠭᠤᠤ᠎ᠶ᠋ᠢᠨ ᠱᠢᠯᠦᠭ᠎ᠤᠨ ᠵᠣᠬᠢᠶᠠᠯᠴᠢ᠃ ᠥᠪᠦᠷ ᠮᠣᠩᠭᠤᠯ᠎ᠤᠨ ᠵᠣᠬᠢᠶᠠᠯᠴᠢᠳ᠎ᠤᠨ ᠡᠪᠯᠡᠯ᠎ᠤᠨ ᠭᠡᠱᠢᠭᠦᠨ᠂ ᠱᠢᠯᠢ᠎ᠶ᠋ᠢᠨ ᠭᠤᠣᠯ ᠠᠢᠮᠠᠭ᠎ᠤᠨ ᠵᠣᠬᠢᠶᠠᠯᠴᠢᠳ᠎ᠤᠨ ᠡᠪᠯᠡᠯ᠎ᠤᠨ ᠭᠡᠱᠢᠭᠦᠨ᠃ ᠱᠢᠯᠢ᠎ᠶ᠋ᠢᠨ ᠭᠤᠣᠯ ᠠᠢᠮᠠᠭ᠎ᠤᠨ ᠰᠤᠷᠤᠭ᠍ᠴᠢ ᠡᠯᠰᠡᠬᠦ᠌ ᠱᠢᠯᠭᠠᠯᠲᠠ᠎ᠶ᠋ᠢᠨ ᠲᠥᠪ᠎ᠲᠤ ᠠᠵᠢᠯ ᠠᠯᠪᠠ᠎ᠲᠠᠢ᠃

        ᠬᠠᠶᠢᠭ᠄ ᠱᠢᠯᠢ᠎ᠶ᠋ᠢᠨ ᠭᠤᠣᠯ ᠠᠢᠮᠠᠭ᠎ᠤᠨ ᠱᠢᠯᠢᠩᠬᠤᠲᠠ᠎ᠶ᠋ᠢᠨ ᠱᠢᠯᠢᠨ ᠶᠡᠭᠡ ᠵᠡᠭᠡᠯᠢ᠎ᠶ᠋ᠢᠨ ᠠᠢᠮᠠᠭ᠎ᠤᠨ ᠵᠠᠬᠢᠷᠭᠠᠨ᠎ᠤ ᠬᠤᠶᠠᠳᠤᠭᠠᠷ ᠠᠰᠠᠷ᠎ᠤᠨ 0418 ᠨᠣᠮᠧᠷᠳᠦ ᠠᠯᠪᠠᠨ ᠭᠡᠷ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠴᠣᠷᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号