ᠤᠷᠤᠨ ᠨᠤᠳᠤᠭ᠎ᠤᠨ ᠰᠤᠶᠤᠯ᠎ᠤᠨ ᠰᠤᠳᠤᠯᠭᠠᠨ ᠪᠤᠯ ᠤᠷᠤᠨ ᠨᠤᠳᠤᠭ᠎ᠤᠨ ᠨᠡᠢᠬᠡᠮ ᠲᠡᠤᠭᠡ᠂ ᠠᠵᠦ᠍ ᠠᠬᠤᠢ᠂ ᠰᠤᠶᠤᠯ ᠰᠤᠷᠭᠠᠨ ᠭᠦᠮᠦᠵᠢᠯ ᠵᠡᠷᠬᠡ ᠤᠯᠠᠨ ᠲᠠᠯ᠎ᠠ᠎ᠳᠤ ᠬᠤᠯᠪᠤᠭ᠍ᠳᠠᠵᠦ᠍᠂ ᠴᠢᠨᠠᠭ᠍ᠰᠢᠯᠠᠭᠠᠳ ᠦᠨᠳᠦᠰᠦᠳᠡᠨ᠎ᠤ ᠰᠤᠶᠤᠯ᠎ᠤᠨ ᠰᠤᠯᠢᠯᠴᠠᠭ᠎ᠠ᠎ᠶ᠋ᠢ ᠠᠬᠢᠭᠤᠯᠤᠨ᠂ ᠰᠤᠶᠤᠯ᠎ᠤᠨ ᠢᠳᠡᠬᠡᠯ᠎ᠢ ᠲᠡᠭᠡᠭ᠌ᠰᠢᠯᠡᠬᠦᠯᠬᠦ᠌ ᠴᠢᠬᠤᠯᠠ ᠠᠴᠢ ᠬᠤᠯᠪᠤᠭ᠍ᠳᠠᠯ᠎ᠲᠠᠢ ᠶᠤᠮ᠃ ᠨᠢᠳᠤᠨᠤᠨ᠎ᠤ 11 ᠰᠠᠷ᠎ᠠ᠎ᠶ᠋ᠢᠨ 23 ᠤ ᠡᠳᠦᠷ᠂ ᠦᠪᠦᠷ ᠮᠤᠩᠭᠤᠯ᠎ᠤᠨ ᠶᠡᠭᠡ ᠰᠤᠷᠭᠠᠭᠤᠯᠢ᠎ᠳᠤ ᠶᠠᠪᠤᠭ᠍ᠳᠠᠬ᠍ᠰᠠᠨ ᠦᠪᠦᠷ ᠮᠤᠩᠭᠤᠯ᠎ᠤᠨ ᠭᠤᠷᠪᠠᠳᠤᠭᠠᠷ ᠬᠤᠭᠤᠴᠠᠭᠠᠨ᠎ᠤ ᠠᠷᠠᠳ᠎ᠤᠨ ᠠᠮᠠᠨ ᠵᠤᠬᠢᠶᠠᠯ ᠤᠷᠠᠯᠢᠭ ᠱᠢᠨᠵᠢᠯᠡᠯᠤᠨ ᠰᠤᠳᠤᠯᠤᠨ ᠶᠠᠷᠢᠯᠴᠠᠬᠤ ᠬᠤᠷᠠᠯ᠄ 《ᠬᠦᠷᠢᠶ᠎ᠠ ᠲᠡᠤᠭᠡ ᠰᠤᠶᠤᠯ ᠰᠤᠳᠤᠯᠤᠯ᠎ᠤᠨ ᠴᠤᠪᠤᠷᠠᠯ ᠪᠢᠴᠢᠭ》 ᠪᠤᠯᠤᠨ ᠠᠨᠳᠠᠢ ᠰᠤᠶᠤᠯ᠎ᠤᠨ ᠡᠷᠳᠡᠮ ᠱᠢᠨᠵᠢᠯᠡᠬᠡᠨ᠎ᠤ ᠶᠠᠷᠢᠯᠴᠠᠭᠠᠨ᠎ᠳᠤ᠂ 《ᠬᠦᠷᠢᠶ᠎ᠠ ᠲᠡᠤᠭᠡ ᠰᠤᠶᠤᠯ ᠰᠤᠳᠤᠯᠤᠯ᠎ᠤᠨ ᠴᠤᠪᠤᠷᠠᠯ ᠪᠢᠴᠢᠭ》 (1 — 18 ᠪᠤᠳᠢ) ᠤᠨ ᠬᠠᠳᠠᠬᠢ ᠰᠡᠬᠦᠵᠦ᠍᠂ ᠤᠯᠤᠰ᠎ᠤᠨ ᠲᠤᠳᠤᠨ᠎ᠠ ᠭᠠᠳᠠᠨ᠎ᠠ᠎ᠠᠴᠠ ᠬᠦᠷᠦᠯᠴᠡᠨ ᠢᠷᠡᠭ᠌ᠰᠡᠨ 40 ᠭᠠᠷᠤᠢ ᠡᠷᠳᠡᠮᠳᠡᠨ ᠰᠤᠳᠤᠯᠭᠠᠳᠠᠳ᠎ᠠᠴᠠ ᠲᠤᠰ ᠴᠤᠪᠤᠷᠠᠯ᠎ᠢ ᠤᠯᠠᠨ ᠲᠠᠯ᠎ᠠ᠎ᠠᠴᠠ ᠦᠨᠡᠯᠡᠨ ᠵᠠᠳᠠᠯᠬᠤ᠂ ᠠᠨᠳᠠᠢ ᠰᠤᠶᠤᠯ ᠰᠤᠳᠤᠯᠤᠯ᠎ᠤᠨ ᠦᠡᠭ᠌ᠭᠡᠷᠡᠭ᠌ᠰᠡᠨ ᠤᠳᠤ ᠢᠷᠡᠬᠡᠳᠦᠢ᠎ᠶ᠋ᠢᠨ ᠪᠠᠢᠳᠠᠯ ᠵᠢᠴᠢ ᠤᠷᠤᠨ ᠨᠤᠳᠤᠭ᠎ᠤᠨ ᠰᠤᠶᠤᠯ ᠰᠤᠳᠤᠯᠤᠯ᠎ᠤᠨ ᠬᠦᠷᠢᠶᠡᠨ᠎ᠳᠠᠬᠢ ᠤᠯᠠᠨ ᠠᠰᠠᠭᠤᠳᠠᠯ᠎ᠤᠳ᠎ᠤᠨ ᠲᠤᠬᠠᠢ ᠤᠴᠢᠷᠯᠠᠨ ᠶᠠᠷᠢᠯᠴᠠᠵᠠᠭᠠᠬ᠍ᠰᠠᠨ ᠪᠢᠯᠡ᠃ ᠡᠷᠳᠡᠮᠳᠡᠳ᠎ᠠᠴᠠ 《ᠬᠦᠷᠢᠶ᠎ᠠ ᠲᠡᠤᠭᠡ ᠰᠤᠶᠤᠯ ᠰᠤᠳᠤᠯᠤᠯ᠎ᠤᠨ ᠴᠤᠪᠤᠷᠠᠯ ᠪᠢᠴᠢᠭ》 (1 — 18 ᠪᠤᠳᠢ) ᠨᠢ ᠤᠷᠤᠨ ᠨᠤᠳᠤᠭ᠎ᠤᠨ ᠲᠡᠤᠭᠡ ᠰᠤᠶᠤᠯ᠎ᠢ ᠡᠮᠬᠢᠳᠭᠡᠨ ᠴᠤᠭ᠍ᠯᠠᠭᠤᠯᠵᠦ᠍᠂ ᠱᠢᠰᠲ᠋ᠧᠮᠵᠢᠬᠦᠯᠦᠨ ᠰᠤᠳᠤᠯᠬᠤ᠎ᠳᠤ ᠦᠯᠢᠬᠡᠷ ᠵᠢᠱ᠌ᠢᠶ᠎ᠠ ᠪᠤᠯᠬᠤᠢ᠍ᠢᠴᠠ ᠪᠦᠳᠦᠬᠡᠯ ᠪᠤᠯᠤᠨ᠎ᠠ ᠬᠡᠵᠦ᠍ ᠦᠨᠳᠦᠷ ᠦᠨᠡᠯᠡᠯᠳᠡ᠎ᠪᠠᠨ ᠦᠭ᠌ᠬᠦᠭ᠌ᠰᠡᠨ ᠪᠠᠢᠯ᠎ᠠ᠃
ᠬᠦᠷᠢᠶ᠎ᠠ ᠲᠡᠤᠭᠡ ᠰᠤᠶᠤᠯ᠎ᠤᠨ 《ᠪᠦᠷᠢᠨ ᠪᠢᠴᠢᠭ》
《ᠬᠦᠷᠢᠶ᠎ᠠ ᠲᠡᠤᠭᠡ ᠰᠤᠶᠤᠯ ᠰᠤᠳᠤᠯᠤᠯ᠎ᠤᠨ ᠴᠤᠪᠤᠷᠠᠯ ᠪᠢᠴᠢᠭ》 ᠪᠤᠯ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠮᠤᠩᠭᠤᠯ ᠰᠤᠳᠤᠯᠤᠯ᠎ᠤᠨ ᠲᠡᠬᠡᠳᠦ ᠰᠤᠷᠭᠠᠭᠤᠯᠢ ᠬᠢᠬᠡᠳ ᠲᠤᠮᠳᠠᠳᠦ ᠤᠯᠤᠰ᠎ᠤᠨ ᠡᠪ ᠬᠠᠮᠳᠦ ᠨᠠᠮ᠎ᠤᠨ ᠬᠦᠷᠢᠶ᠎ᠠ ᠬᠤᠱᠢᠭᠤᠨ᠎ᠤ ᠬᠤᠷᠢᠶ᠎ᠠ᠂ ᠬᠦᠷᠢᠶ᠎ᠠ ᠬᠤᠱᠢᠭᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠬᠠᠮᠳᠤᠷᠠᠬ᠍ᠰᠠᠨ ᠲᠦᠰᠦᠯ᠂ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠡᠳ᠋᠎ᠤᠨ ᠵᠠᠰᠠᠬ᠎ᠤᠨ ᠲᠢᠩᠬᠢᠮ ᠬᠢᠭᠡᠳ ᠬᠦᠷᠢᠶ᠎ᠠ ᠬᠤᠱᠢᠭᠤᠨ᠎ᠤ ᠠᠷᠠᠳ᠎ᠤᠨ ᠵᠠᠰᠠᠭ᠎ᠤᠨ ᠤᠷᠳᠤᠨ᠎ᠤ ᠬᠠᠮᠵᠢᠯᠴᠠᠬ᠍ᠰᠠᠨ ᠪᠦᠳᠦᠬᠡᠯ ᠪᠠᠢᠵᠦ᠍᠂ 100 ᠭᠠᠷᠤᠢ ᠵᠤᠬᠢᠶᠠᠬ᠍ᠴᠢ᠂ ᠨᠠᠢᠷᠠᠭᠤᠯᠤᠬ᠍ᠴᠢ᠂ ᠤᠷᠴᠢᠭᠤᠯᠤᠬ᠍ᠴᠢ᠂ ᠬᠢᠨᠠᠬ᠍ᠴᠢ᠂ ᠲᠦᠰᠦᠪᠯᠡᠨ ᠤᠷᠠᠯᠠᠬ᠍ᠴᠢᠶ᠋ᠢᠨ 10 ᠵᠢᠯ᠎ᠤᠨ ᠠᠵᠢᠯ᠎ᠤᠨ ᠠᠮᠵᠢᠯᠳᠠ ᠪᠤᠯᠬᠤ ᠠᠵᠢ᠃
ᠬᠡᠯᠡᠬᠦ᠌᠎ᠠᠴᠠ᠂ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠮᠤᠩᠭᠤᠯ ᠰᠤᠳᠤᠯᠤᠯ᠎ᠤᠨ ᠲᠡᠬᠡᠳᠦ ᠰᠤᠷᠭᠠᠭᠤᠯᠢ᠎ᠨᠢ ᠬᠦᠷᠢᠶ᠎ᠠ ᠬᠤᠱᠢᠭᠤᠨ᠎ᠤ ᠠᠷᠠᠳ᠎ᠤᠨ ᠵᠠᠰᠠᠬ᠎ᠤᠨ ᠤᠷᠳᠤᠨ᠎ᠲᠠᠢ ᠬᠠᠮᠳᠤᠷᠠᠨ ᠠᠵᠢᠯᠯᠠᠬ᠍ᠰᠠᠨ᠎ᠨᠢ ᠲᠤᠰ ᠴᠤᠪᠤᠷᠠᠯ ᠨᠤᠮ᠎ᠤᠨ ᠬᠡᠪᠯᠡᠭ᠌ᠳᠡᠬᠦ᠌ ᠰᠠᠭᠤᠷᠢ᠂ ᠪᠡᠯᠡᠳᠭᠡᠯ ᠪᠤᠯᠬᠤ ᠶᠤᠮ᠃ 《2010 ᠤᠨ᠎ᠤ 9 ᠰᠠᠷ᠎ᠠ᠎ᠶ᠋ᠢᠨ 23 ᠤ ᠡᠳᠦᠷ᠂ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠮᠤᠩᠭᠤᠯ ᠰᠤᠳᠤᠯᠤᠯ᠎ᠤᠨ ᠲᠡᠬᠡᠳᠦ ᠰᠤᠷᠭᠠᠭᠤᠯᠢ ᠬᠢᠬᠡᠳ ᠬᠦᠷᠢᠶ᠎ᠠ ᠬᠤᠱᠢᠭᠤᠨ᠎ᠤ ᠠᠷᠠᠳ᠎ᠤᠨ ᠵᠠᠰᠠᠬ᠎ᠤᠨ ᠤᠷᠳᠤᠨ ᠬᠠᠮᠳᠤᠷᠠᠨ ᠠᠵᠢᠯᠯᠠᠬᠤ ᠬᠡᠷ᠎ᠠ ᠲᠤᠭ᠍ᠳᠠᠵᠦ᠍᠂ 〈ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠮᠤᠩᠭᠤᠯ ᠰᠤᠳᠤᠯᠤᠯ᠎ᠤᠨ ᠲᠡᠭᠡᠳᠦ ᠰᠤᠷᠭᠠᠭᠤᠯᠢ᠎ᠶ᠋ᠢᠨ ᠱᠠᠱᠢᠨ ᠲᠡᠤᠭᠡ ᠰᠤᠶᠤᠯ ᠰᠤᠳᠤᠯᠬᠤ ᠰᠠᠭᠤᠷᠢᠨ〉 ᠤ ᠢᠯᠡᠷᠬᠡᠢᠯᠡᠯ ᠡᠯᠬᠦᠬᠦ᠌ ᠶᠤᠰᠤᠯᠠᠯ᠎ᠢ ᠬᠦᠷᠢᠶ᠎ᠡ ᠬᠤᠱᠢᠭᠤᠨ᠎ᠳᠤ ᠶᠠᠪᠤᠭ᠍ᠳᠠᠭᠤᠯᠤᠬ᠍ᠰᠠᠨ ᠶᠤᠮ᠃ ᠡᠨᠡ᠎ᠨᠢ ᠮᠠᠨ᠎ᠤ ᠲᠡᠭᠡᠳᠦ ᠰᠤᠷᠭᠠᠭᠤᠯᠢᠶ᠋ᠢᠨᠬᠢᠨᠤ ᠬᠤᠱᠢᠭᠤ ᠲᠡᠰ᠎ᠲᠤ ᠪᠠᠢᠭᠤᠯᠤᠬ᠍ᠰᠠᠨ ᠠᠩᠬᠠᠨ᠎ᠤ ᠰᠠᠭᠤᠷᠢᠨ ᠪᠤᠯᠤᠨ᠎ᠠ᠃ ᠲᠤᠰ ᠰᠠᠭᠤᠷᠢᠨ᠎ᠤ ᠬᠠᠮᠵᠢᠯᠴᠠᠭ᠎ᠠ᠎ᠶ᠋ᠢᠨ ᠪᠢᠴᠢᠭ᠎ᠤᠨ ᠠᠩᠬᠠᠨ᠎ᠤ ᠲᠦᠰᠦᠯ ᠪᠤᠯ 〈ᠬᠦᠷᠢᠶ᠎ᠠ ᠲᠡᠤᠭᠡ ᠰᠤᠶᠤᠯ ᠰᠤᠳᠤᠯᠤᠯ᠎ᠤᠨ ᠴᠤᠪᠤᠷᠠᠯ ᠪᠢᠴᠢᠭ〉 ᠢ ᠬᠠᠮᠳᠤᠷᠠᠨ ᠬᠡᠪᠯᠡᠬᠦᠯᠬᠦ᠌ ᠠᠵᠢᠯ ᠪᠠᠢᠬ᠍ᠰᠠᠨ ᠶᠤᠮ》 ᠬᠡᠵᠦ᠍ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠮᠤᠩᠭᠤᠯ ᠰᠤᠳᠤᠯᠤᠯ᠎ᠤᠨ ᠲᠡᠬᠡᠳᠦ ᠰᠤᠷᠭᠠᠭᠤᠯᠢ᠎ᠶ᠋ᠢᠨ ᠲᠡᠳ᠋ ᠵᠠᠬᠢᠷᠦᠯ ᠡᠦ ᠶᠢᠩ ᠵᠧ ᠡᠷᠬᠢᠴᠡᠬᠦᠯᠦᠨ᠎ᠠ᠃
《ᠬᠦᠷᠢᠶ᠎ᠠ ᠨᠤᠳᠤᠭ᠎ᠤᠨ ᠤᠯᠠᠨ ᠲᠦᠮᠡᠨ᠎ᠤ 300 ᠭᠠᠷᠤᠢ ᠵᠢᠯ᠎ᠤᠨ ᠲᠤᠷᠰᠢ ᠤᠯᠠᠮᠵᠢᠯᠠᠨ ᠱᠢᠨᠡᠴᠢᠯᠡᠵᠦ᠍᠂ ᠡᠬᠦᠳᠦᠨ ᠪᠦᠳᠦᠭᠡᠭ᠌ᠰᠡᠨ ᠠᠮᠢᠵᠢᠷᠡᠯ᠎ᠤᠨ ᠬᠦᠴᠦᠨ ᠪᠦᠬᠦᠢ ᠠᠷᠠᠳ᠎ᠤᠨ ᠰᠤᠶᠤᠯ᠎ᠤᠨ ᠡᠯᠧᠮᠧᠨ᠋ᠲ᠎ᠢ ᠠᠭᠤᠳᠠᠯᠤᠨ ᠴᠤᠭ᠍ᠯᠠᠭᠤᠯᠵᠦ᠍᠂ ᠡᠷᠢᠨ ᠢᠯᠡᠷᠡᠬᠦᠯᠵᠦ᠍᠂ ᠠᠬᠤᠭᠤᠯᠤᠮᠵᠢ ᠦᠨ᠎ᠠ ᠴᠠᠨᠠᠶ᠋ᠢᠨᠢ ᠱᠢᠨᠵᠢᠯᠡᠨ ᠰᠤᠳᠤᠯᠵᠦ᠍᠂ ᠲᠡᠨᠢᠨ ᠮᠡᠳᠡᠵᠦ᠍᠂ ᠵᠠᠯᠭᠠᠮᠵᠢᠯᠠᠨ ᠬᠦᠭ᠌ᠵᠢᠬᠦᠯᠵᠦ᠍᠂ ᠬᠤᠱᠢᠭᠤ ᠨᠤᠳᠤᠭ᠎ᠤᠨ ᠰᠤᠶᠤᠯ ᠪᠤᠯᠪᠠᠰᠤᠨ᠎ᠢ ᠲᠡᠭᠡᠭ᠌ᠰᠢᠯᠡᠬᠦᠯᠬᠦ᠌᠎ᠨᠢ ᠴᠤᠪᠤᠷᠠᠯ ᠪᠢᠴᠢᠭ᠎ᠢ ᠲᠤᠭᠤᠷᠪᠢᠨ ᠬᠡᠪᠯᠡᠬᠦᠯᠬᠦ᠌ ᠵᠤᠷᠢᠯᠭ᠎ᠠ ᠪᠤᠯᠬᠤ ᠶᠤᠮ᠃ 10 ᠭᠠᠷᠤᠢ ᠵᠢᠯ᠎ᠤᠨ ᠬᠤᠭᠤᠴᠠᠭᠠᠨ᠎ᠳᠤ᠂ ᠶᠡᠭᠡ ᠰᠤᠷᠭᠠᠭᠤᠯᠢ ᠬᠢᠬᠡᠳ ᠤᠷᠤᠨ ᠨᠤᠳᠤᠭ᠎ᠤᠨ ᠬᠠᠮᠳᠤᠷᠠᠯ᠂ ᠰᠡᠳᠦᠪ ᠰᠤᠩᠭᠤᠯᠳᠠ᠎ᠶ᠋ᠢᠨ ᠬᠠᠮᠳᠤᠷᠠᠯ᠂ ᠡᠷᠬᠢᠯᠡᠨ ᠨᠡᠢᠷᠡᠭᠤᠯᠤᠬ᠍ᠴᠢ᠂ ᠵᠤᠬᠢᠶᠠᠬ᠍ᠴᠢ᠂ ᠬᠡᠪᠯᠡᠭ᠌ᠴᠢᠶ᠋ᠢᠨ ᠬᠠᠮᠳᠦ᠎ᠶ᠋ᠢᠨ ᠴᠢᠷᠮᠠᠢᠯᠭ᠎ᠠ᠎ᠪᠠᠷ ᠲᠤᠰ ᠢᠵᠢ ᠴᠤᠪᠤᠷᠠᠯ ᠪᠢᠴᠢᠭ ᠬᠡᠪᠯᠡᠭ᠌ᠳᠡᠯᠠ᠃ ᠠᠳᠡ ᠠᠷᠪᠠᠨ ᠵᠢᠯ᠎ᠤᠨ ᠬᠤᠭᠤᠴᠠᠭᠠᠨ᠎ᠳᠤ ᠨᠠᠰᠦ ᠨᠦᠭ᠌ᠴᠢᠭ᠌ᠰᠡᠨ ᠲᠠᠪᠤᠨ ᠶᠠᠰᠤᠳᠠᠨ ᠵᠤᠬᠢᠶᠠᠬ᠍ᠴᠢ᠎ᠶ᠋ᠢᠨ ᠭᠠᠪᠢᠶ᠎ᠠ ᠵᠢᠳᠬᠦᠯ᠎ᠢ ᠲᠤᠷᠠᠰᠤᠨ ᠲᠡᠮᠳᠡᠭ᠌ᠯᠡᠵᠦ᠍᠂ ᠲᠤᠷᠠᠰᠦᠨ ᠰᠠᠨᠠᠭᠠᠯᠵᠠᠵᠦ᠍ ᠪᠠᠢᠭ᠎ᠠ᠎ᠪᠠᠨ ᠢᠯᠡᠳᠭᠡᠶ᠎ᠠ! ᠴᠤᠪᠤᠷᠠᠯ ᠪᠢᠴᠢᠭ᠎ᠢ ᠬᠡᠪᠯᠡᠬᠦᠯᠬᠦ᠌ ᠶᠠᠪᠤᠴᠠ᠎ᠳᠤ ᠬᠠᠪᠰᠤᠷᠤᠨ ᠲᠠᠮᠵᠢᠭ᠍ᠰᠡᠨ ᠨᠡᠢᠬᠡᠮ᠎ᠤᠨ ᠡᠯ᠎ᠠ ᠡᠳᠡᠭᠡᠳᠤᠨᠬᠢᠨᠳᠤ ᠲᠠᠯᠠᠷᠬᠠᠯ᠎ᠠ᠃ ᠲᠠᠯᠠᠢᠭᠠᠴᠢ ᠨᠠᠴᠢᠨᠱᠤᠩᠬᠤᠷ 30 ᠵᠢᠯ᠎ᠤᠨ ᠬᠡᠬᠡᠷ᠎ᠠ᠎ᠶ᠋ᠢᠨ ᠪᠠᠢᠴᠠᠭᠠᠯᠳᠠ ᠬᠢᠵᠦ᠍ ᠴᠤᠭ᠍ᠯᠠᠭᠤᠯᠤᠨ ᠡᠮᠬᠢᠳᠭᠡᠭ᠌ᠰᠡᠨ 100 ᠱᠢᠬᠠᠮ ᠵᠦᠢᠯ᠎ᠤᠨ ᠪᠦᠬᠡ᠎ᠶ᠋ᠢᠨ ᠲᠠᠭᠤᠳᠠᠯᠭ᠎ᠠ᠎ᠶ᠋ᠢ ᠪᠦᠬᠦᠨ᠎ᠢ ᠦᠯᠡᠳᠡᠭᠡᠨ ᠦᠭ᠌ᠬᠦᠭ᠌ᠰᠡᠨ; ᠬᠦᠷᠢᠶ ᠠ ᠶᠠᠪᠠᠭᠠᠨ ᠦᠯᠢᠬᠡᠷ᠎ᠤᠨ ᠲᠡᠮᠳᠡᠭ᠌ᠯᠡᠯ ᠬᠤᠭᠤᠰᠤᠨ ᠪᠠᠢᠭ᠎ᠠ ᠦᠶ᠎ᠠ᠎ᠳᠤ᠂ ᠨᠠᠰᠦ ᠠᠬᠢᠬ᠍ᠰᠠᠨ ᠪᠠᠭᠠᠳᠤᠷ ᠪᠠᠭ᠍ᠰᠢ ᠶᠠᠪᠠᠭᠠᠨ ᠦᠯᠢᠬᠡᠷᠴᠢ ᠡᠬᠡᠨᠡᠷ ᠬᠡᠷᠡᠯ᠎ᠤᠨ᠎ᠢᠶᠠᠨ ᠶᠡᠷᠢᠬ᠍ᠰᠠᠨ 70 ᠱᠢᠬᠠᠮ ᠶᠠᠪᠠᠭᠠᠨ ᠦᠯᠢᠬᠡᠷ᠎ᠢ ᠲᠡᠮᠳᠡᠭ᠌ᠯᠡᠵᠦ᠍ ᠦᠭ᠌ᠭᠦᠭ᠌ᠰᠡᠨ᠃ ᠪᠠᠰᠠ ᠪᠠᠭ᠍ᠰᠢ ᠪᠦᠬᠡᠳ ᠵᠤᠬᠢᠶᠠᠯᠴᠢ ᠱᠤᠸᠡᠩ᠎ᠶ᠋ᠢᠨ ᠬᠤᠸᠠ ᠶᠠᠪᠠᠭᠠᠨ ᠦᠯᠢᠬᠡᠷᠴᠢ ᠡᠮᠡᠭᠡ᠎ᠶ᠋ᠢᠨ᠎ᠢᠶᠠᠨ ᠬᠡᠯᠡᠭ᠌ᠰᠡᠨ ᠶᠠᠪᠠᠭᠠᠨ ᠦᠯᠢᠬᠡᠷ᠎ᠢ 70 ᠭᠠᠷᠤᠢ ᠲᠡᠮᠳᠡᠭ᠌ᠯᠡᠵᠦ᠍᠂ ᠲᠡᠮᠳᠡᠭ᠌ᠯᠡᠯ᠎ᠤᠨ ᠲᠡᠪᠳᠡᠷ᠎ᠢᠶᠠᠨ ᠢᠯᠡᠬᠡᠵᠦ᠍ ᠦᠭ᠌ᠭᠦᠭ᠌ᠰᠡᠨ ᠵᠡᠷᠬᠡ ᠰᠡᠳᠭᠢᠯ ᠬᠦᠳᠡᠯᠬᠡᠮ᠎ᠠ ᠦᠯᠢᠭᠡᠷ ᠤᠯᠠᠨ ᠪᠤᠢ》 ᠬᠡᠵᠦ᠍ ᠲᠤᠰ ᠴᠤᠪᠤᠷᠠᠯ ᠨᠤᠮ᠎ᠤᠨ ᠶᠡᠷᠦᠩᠬᠡᠢ ᠡᠷᠬᠢᠯᠡᠨ ᠨᠠᠢᠷᠠᠭᠤᠯᠤᠬ᠍ᠴᠢ᠂ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠬᠦᠷᠡᠯᠱᠠ ᠫᠷᠤᠹᠧᠰᠰᠤᠷ ᠶᠠᠷᠢᠵᠦ᠍ ᠪᠠᠢᠬ᠍ᠰᠠᠨ ᠶᠤᠮ᠃
《ᠬᠦᠷᠢᠶ᠎ᠠ ᠲᠡᠤᠭᠡ ᠰᠤᠶᠤᠯ ᠰᠤᠳᠤᠯᠤᠯ᠎ᠤᠨ ᠴᠤᠪᠤᠷᠠᠯ ᠪᠢᠴᠢᠭ》 (1 — 18 ᠪᠤᠳᠢ) ᠨᠢ 《ᠬᠦᠷᠢᠶ᠎ᠠ ᠠᠨᠳᠠᠢ ᠲᠤᠪᠴᠢᠶ᠎ᠠ》᠂ 《ᠬᠦᠷᠢᠶ᠎ᠠ ᠬᠤᠭᠤᠷ᠎ᠤᠨ ᠦᠯᠢᠬᠡᠷ᠂ ᠬᠤᠯᠪᠤᠭ᠎ᠠ᠂ ᠲᠦᠷᠪᠡᠨ ᠤᠳᠠᠰᠦᠳᠦ ᠬᠤᠭᠤᠷ᠎ᠤᠨ ᠬᠦᠭ᠌ᠵᠢᠮ᠎ᠤᠨ ᠲᠦᠢᠮᠦ᠍》᠂ 《ᠬᠦᠷᠢᠶ᠎ᠠ ᠮᠤᠩᠭᠤᠯ ᠬᠡᠯᠡ ᠠᠮᠠᠨ ᠶᠠᠷᠢᠶ ᠠ ᠰᠤᠳᠤᠯᠤᠯ》᠂ 《ᠬᠦᠷᠢᠶ᠎ᠡ ᠭᠠᠵᠠᠷ᠎ᠤᠨ ᠨᠡᠷ᠎ᠠ᠎ᠶ᠋ᠢᠨ ᠰᠤᠶᠤᠯ ᠰᠤᠳᠤᠯᠤᠯ》᠂ 《ᠬᠦᠷᠢᠶ᠎ᠠ ᠨᠤᠳᠤᠭ ᠤᠰᠤᠨ᠎ᠤ ᠤᠷᠠᠨ ᠵᠤᠬᠢᠶᠠᠯ ᠰᠤᠳᠤᠯᠤᠯ》᠂ 《ᠬᠦᠷᠢᠶ᠎ᠠ ᠠᠷᠠᠳ᠎ᠤᠨ ᠶᠠᠪᠠᠭᠠᠨ ᠦᠯᠢᠬᠡᠷ᠎ᠤᠨ ᠴᠤᠮᠤᠷᠯᠢᠭ》᠂ 《ᠬᠦᠷᠢᠶ᠎ᠠ ᠠᠷᠠᠳ᠎ᠤᠨ ᠲᠠᠭᠤᠤ᠎ᠶ᠋ᠢᠨ ᠴᠤᠮᠤᠷᠯᠢᠭ》᠂ 《ᠬᠦᠷᠢᠶ᠎ᠠ ᠮᠤᠩᠭᠤᠯᠴᠤᠳ᠎ᠤᠨ ᠤᠪᠤᠭ ᠤᠭ᠍ᠰᠠᠭ᠎ᠠ᠎ᠶ᠋ᠢᠨ ᠴᠢᠭᠤᠯᠭ᠎ᠠ》᠂ 《ᠬᠦᠷᠢᠶ᠎ᠠ ᠲᠡᠤᠭᠡ ᠰᠤᠶᠤᠯ᠎ᠤᠨ ᠲᠤᠮᠤᠭ᠎ᠤᠨ ᠴᠤᠮᠤᠷᠯᠢᠬ》᠂ 《ᠬᠦᠷᠢᠶ᠎ᠠ ᠪᠦᠬᠡ ᠮᠦᠷᠬᠦᠯ᠎ᠤᠨ ᠲᠤᠪᠴᠢᠶ᠎ᠠ》᠂ 《ᠬᠦᠷᠢᠶ᠎ᠠ ᠪᠤᠷᠠᠬ᠍ᠨ ᠱᠠᠱᠢᠨ᠎ᠤ ᠲᠤᠪᠴᠢᠶ᠎ᠠ》᠂ 《ᠬᠦᠷᠢᠶ᠎ᠠ ᠨᠡᠷᠡᠳᠦ ᠬᠦᠮᠦᠰ᠎ᠤᠨ ᠴᠢᠭᠤᠯᠭ᠎ᠠ》᠂ 《ᠬᠦᠷᠢᠶ᠎ᠠ ᠤᠷᠠᠨ ᠪᠦᠳᠦᠬᠡᠯ᠎ᠤᠨ ᠴᠤᠮᠤᠷᠯᠢᠭ》᠂ 《ᠬᠦᠷᠢᠶ᠎ᠠ᠎ᠶ᠋ᠢᠨ ᠰᠤᠶᠤᠯ᠎ᠤᠨ ᠦᠪ᠎ᠤᠨ ᠲᠤᠪᠴᠢᠶ᠎ᠠ》᠂ 《ᠬᠦᠷᠢᠶ᠎ᠠ ᠮᠤᠩᠭᠤᠯᠴᠤᠳ᠎ᠤᠨ ᠵᠠᠩ ᠦᠢᠯᠡ᠎ᠶ᠋ᠢᠨ ᠲᠤᠪᠴᠢᠶ᠎ᠠ》᠂ 《ᠬᠦᠷᠢᠶ᠎ᠠ ᠮᠤᠩᠭᠤᠯ ᠰᠤᠷᠭᠠᠨ ᠬᠦᠮᠦᠵᠢᠯ᠎ᠤᠨ ᠲᠤᠪᠴᠢᠶ᠎ᠠ》᠂ 《20 ᠳ᠋ᠤᠭᠠᠷ ᠵᠠᠭᠤᠨ᠎ᠤ ᠡᠬᠢᠨ ᠬᠠᠭᠠᠰᠲᠠᠬᠢ ᠬᠦᠷᠢᠶ᠎ᠠ᠎ᠶ᠋ᠢᠨ ᠶᠠᠫᠤᠨ ᠬᠡᠯᠡᠨ᠎ᠤ ᠮᠠᠲ᠋ᠧᠷᠢᠶᠠᠯ᠎ᠤᠨ ᠰᠤᠩᠭᠤᠮᠠᠯ》᠂ 《ᠬᠦᠷᠢᠶ᠎ᠠ ᠳᠡᠳ᠋ ᠠᠮᠠᠨ ᠠᠶᠠᠯᠭᠤ᠎ᠶ᠋ᠢᠨ ᠦᠬᠡ ᠬᠡᠯᠡᠯᠬᠡ᠎ᠶ᠋ᠢᠨ ᠮᠠᠲ᠋ᠧᠷᠢᠶᠠᠯ》 ᠵᠡᠷᠬᠡ 18 ᠪᠤᠳᠢ᠎ᠪᠠᠷ ᠪᠦᠷᠢᠯᠳᠦᠵᠦ᠍᠂ ᠨᠡᠢᠳᠡ 18 ᠪᠤᠳᠢ᠂ 1020 ᠲᠦᠮᠡᠨ ᠦᠬᠡ ᠦᠰᠦᠭ᠎ᠲᠠᠢ ᠲᠤᠮᠦ᠍ ᠪᠦᠳᠦᠬᠡᠯ ᠪᠤᠯᠤᠨ᠎ᠠ᠃
— 10 ᠵᠢᠯ᠎ᠤᠨ ᠲᠤᠷᠰᠢ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠬᠦᠷᠡᠯᠱᠠ ᠫᠷᠤᠹᠧᠰᠰᠤᠷ᠎ᠢᠶᠠᠷ ᠲᠦᠷᠦᠬᠦᠯᠡᠬᠦᠯᠦᠭ᠌ᠰᠡᠨ ᠤᠯᠠᠨ ᠡᠷᠳᠡᠮᠳᠡᠨ ᠰᠤᠳᠤᠯᠭᠠᠳᠠᠳ ᠦᠨᠳᠦᠰᠦᠳᠡᠨ᠎ᠤ ᠰᠤᠶᠤᠯ᠎ᠢᠶᠠᠨ ᠭᠡᠰᠡᠨ ᠭᠠᠯ ᠬᠠᠯᠠᠭᠤᠨ ᠰᠡᠳᠭᠢᠯᠬᠡ᠂ ᠭᠠᠨᠭ᠌ ᠪᠤᠯᠤᠳ ᠵᠤᠷᠢᠭ᠎ᠢᠶᠠᠷ᠂ ᠬᠦᠴᠢᠷ ᠪᠡᠷᠬᠡ᠎ᠶ᠋ᠢ ᠲᠤᠭᠤᠯᠤᠨ᠂ ᠴᠢᠨᠡᠷ ᠰᠠᠢᠳᠠᠢ᠂ ᠦᠨᠳᠦᠷ ᠪᠠᠷᠢᠮᠵᠢᠶ᠎ᠡ ᠪᠦᠬᠦᠢ ᠲᠤᠰ ᠴᠤᠪᠤᠷᠠᠯ ᠨᠤᠮ᠎ᠢ ᠪᠦᠳᠦᠬᠡᠵᠡᠢ᠃ 《ᠴᠤᠪᠤᠷᠠᠯ ᠪᠢᠴᠢᠭ》 ᠨᠢ ᠬᠦᠷᠢᠶ᠎ᠠ ᠬᠤᠱᠢᠭᠤ᠎ᠶ᠋ᠢᠨ ᠲᠡᠤᠭᠡ ᠰᠤᠶᠤᠯ᠎ᠤᠨ ᠦᠨᠡᠳᠦ ᠰᠤᠳᠤᠷ ᠪᠠᠢᠵᠦ᠍᠂ ᠲᠡᠬᠦᠨ᠎ᠤ ᠬᠡᠪᠯᠡᠭ᠌ᠳᠡᠭ᠌ᠰᠡᠨ᠎ᠨᠢ ᠬᠦᠷᠢᠶ᠎ᠠ ᠬᠤᠱᠢᠭᠤᠨ᠎ᠤ ᠠᠵᠦ᠍ ᠠᠬᠤᠢ᠂ ᠨᠡᠢᠬᠡᠮ᠎ᠤᠨ ᠴᠢᠨᠡᠷ ᠰᠠᠢᠳᠠᠢ ᠬᠦᠭ᠌ᠵᠢᠯᠳᠡ᠎ᠶ᠋ᠢ ᠠᠭᠢᠭᠤᠯᠬᠤ ᠪᠠ ᠬᠦᠷᠢᠶ᠎ᠠ ᠬᠤᠱᠢᠭᠤᠨ᠎ᠤ ᠨᠡᠷ᠎ᠠ ᠠᠯᠳᠠᠷᠱᠢᠯ᠎ᠢ ᠲᠡᠭᠡᠭ᠌ᠰᠢᠯᠡᠬᠦᠯᠬᠦ᠌᠎ᠳᠤ ᠠᠯᠤᠰ ᠬᠡᠳᠦ᠎ᠶ᠋ᠢᠨ ᠠᠴᠢ ᠬᠤᠯᠪᠤᠭ᠍ᠳᠠᠯ᠎ᠲᠠᠢ ᠶᠤᠮ ᠭᠡᠵᠦ᠍ ᠬᠦᠷᠢᠶ᠎ᠠ ᠬᠤᠱᠢᠭᠤᠨ᠎ᠤ ᠨᠠᠮ᠎ᠤᠨ ᠬᠤᠷᠢᠶ᠎ᠠ᠎ᠶ᠋ᠢᠨ ᠪᠠᠢᠡᠭ᠌ᠭᠤ᠎ᠶ᠋ᠢᠨ ᠬᠡᠱᠢᠬᠦᠨ ᠪᠤᠤ ᠸᠧᠡ ᠯᠠᠨ ᠰᠡᠳᠭᠢᠯ ᠲᠤᠭ᠍ᠳᠤᠯᠤᠨ ᠶᠠᠷᠢᠵᠦ᠍ ᠪᠠᠢᠬ᠍ᠰᠠᠨ ᠶᠤᠮ᠃
ᠤ᠊ ᠷᠤᠨ ᠨᠤᠳᠤᠭ᠎ᠤᠨ ᠰᠤᠶᠤᠯ᠎ᠤᠨ ᠪᠦᠬᠦᠯᠢ ᠴᠤᠭ᠍ᠴᠠ᠎ᠳᠦ ᠰᠤᠳᠤᠯᠤᠯ᠎ᠤᠨ ᠰᠤᠳᠤᠨ ᠪᠦᠳᠦᠬᠡᠯ
ᠤᠳᠤᠬᠠᠨ᠎ᠳᠤ᠂ ᠮᠤᠩᠭᠤᠯ ᠰᠤᠳᠤᠯᠤᠯ ᠬᠤᠶᠡᠷ ᠶᠡᠭᠡ ᠱᠤᠭᠤᠮ᠎ᠢᠶᠠᠷ ᠬᠦᠨᠵᠡᠬᠡᠢᠷᠡᠬᠦ᠌ ᠬᠠᠨᠳᠤᠰᠢ᠎ᠲᠠᠢ᠃ ᠨᠢᠬᠡ᠎ᠨᠢ᠂ ᠮᠤᠩᠭᠤᠯᠴᠤᠳ᠎ᠤᠨ ᠬᠦᠮᠦᠨ ᠲᠦᠷᠦᠯᠬᠢᠳᠡᠨ᠎ᠳᠤ ᠦᠵᠡᠬᠦᠯᠦᠭ᠌ᠰᠡᠨ ᠬᠤᠪᠢ ᠨᠡᠮᠡᠷᠢ᠎ᠶ᠋ᠢ ᠬᠤᠷᠸ᠎ᠠ ᠲᠠᠯ᠎ᠠ᠎ᠠᠴᠠ ᠰᠤᠳᠤᠯᠵᠦ᠍᠂ ᠨᠦᠬᠦᠬᠡ᠎ᠨᠢ ᠮᠤᠩᠭᠤᠯᠴᠤᠳ᠎ᠤᠨ ᠤᠪᠤᠭ ᠠᠢᠮᠠᠬ᠎ᠠᠴᠠ ᠤᠷᠤᠨ ᠨᠤᠳᠤᠭ ᠬᠦᠷᠳᠡᠯᠡᠬᠢ ᠪᠢᠴᠢᠯ ᠰᠤᠳᠤᠯᠭᠠᠨ ᠪᠤᠯᠬᠤ ᠶᠤᠮ᠃ ᠡᠬᠦᠨ᠎ᠳᠤ᠂ ᠰᠠᠶᠢᠬᠠᠨ ᠬᠡᠪᠯᠡᠭ᠌ᠳᠡᠭ᠌ᠰᠡᠨ 《ᠬᠦᠷᠢᠶ᠎ᠠ ᠲᠡᠤᠭᠡ ᠰᠤᠶᠤᠯ ᠰᠤᠳᠤᠯᠤᠯ᠎ᠤᠨ ᠴᠤᠪᠤᠷᠠᠯ ᠪᠢᠴᠢᠭ》 ᠪᠤᠯ ᠤᠷᠤᠨ ᠨᠤᠳᠤᠭ᠎ᠲᠤ ᠴᠢᠭ᠌ᠯᠡᠬᠦᠯᠦᠭ᠌ᠰᠡᠨ ᠪᠢᠴᠢᠯ ᠰᠤᠳᠤᠯᠭᠠᠨ᠎ᠤ ᠴᠢᠬᠤᠯᠠ ᠨᠢᠬᠡᠨ ᠲᠦᠯᠦᠭᠡᠯᠡᠭ᠌ᠴᠢ ᠪᠤᠯᠤᠨ᠎ᠠ᠄ ᠲᠤᠬᠠᠢᠯᠠᠪᠠᠯ᠂ ᠤᠷᠤᠨ ᠨᠤᠳᠤᠭ᠎ᠤᠨ ᠬᠠᠮᠢᠶ ᠠ ᠪᠦᠬᠦᠢ ᠰᠤᠷᠪᠤᠯᠵᠢ ᠪᠢᠴᠢᠭ᠎ᠢ ᠬᠠᠢᠨ ᠱᠢᠬᠦᠬᠦ᠂ ᠬᠡᠬᠡᠷ ᠠ᠎ᠶ᠋ᠢᠨ ᠪᠠᠢᠴᠠᠭᠠᠯᠳᠠ᠎ᠪᠠᠷ ᠮᠠᠲ᠋ᠧᠷᠢᠶᠠᠯ ᠴᠤᠭ᠍ᠯᠠᠭᠤᠯᠬᠤ᠂ 18 ᠲᠡᠯ᠎ᠠ᠎ᠠᠴᠠ ᠤᠷᠤᠨ ᠨᠤᠳᠤᠭ᠎ᠤᠨ ᠰᠤᠶᠤᠯ᠎ᠢ ᠤᠨᠤᠯ᠎ᠤᠨ ᠦᠨᠳᠦᠷ ᠲᠦᠪᠱᠢᠨ᠎ᠠᠴᠠ ᠨᠡᠯᠢᠶᠡᠳ ᠬᠦᠨᠵᠡᠬᠡᠢ ᠱᠢᠰᠲ᠋ᠧᠮ᠎ᠲᠠᠢ ᠰᠤᠳᠤᠯᠵᠦ᠍᠂ ᠬᠦᠷᠢᠶ᠎ᠠ ᠰᠤᠶᠤᠯ᠎ᠤᠨ ᠦᠨᠳᠦᠰᠦᠨ ᠰᠤᠶᠤᠯ᠎ᠤᠨ ᠲᠤᠭ᠍ᠳᠠᠯᠴᠠᠭ᠎ᠠ᠎ᠶ᠋ᠢ ᠪᠠᠢᠭᠤᠯᠵᠦ᠍᠂ ᠬᠦᠷᠢᠶ᠎ᠠ ᠰᠤᠶᠤᠯ᠎ᠤᠨ ᠶᠡᠷᠦᠩᠬᠡᠢ ᠤᠨᠴᠠᠯᠢᠭ᠎ᠢ ᠡᠵᠡᠮᠳᠡᠭ᠌ᠰᠡᠨ; ᠲᠡᠬᠡᠳᠦ ᠰᠤᠷᠭᠠᠭᠤᠯᠢ᠎ᠶ᠋ᠢᠨ ᠡᠷᠳᠡᠮᠳᠡᠨ ᠪᠤᠯᠤᠨ ᠤᠷᠤᠨ ᠨᠤᠳᠤᠭ᠎ᠤᠨ ᠡᠷᠳᠡᠮᠳᠡᠨ᠂ ᠲᠡᠬᠡᠳᠦ ᠰᠤᠷᠭᠠᠭᠤᠯᠢ᠎ᠶ᠋ᠢᠨ ᠡᠷᠳᠡᠮᠳᠡᠨ ᠪᠤᠯᠤᠨ ᠤᠷᠤᠨ ᠨᠤᠳᠤᠬ᠎ᠤᠨ ᠵᠠᠰᠠᠬ᠎ᠤᠨ ᠤᠷᠳᠤᠨ᠂ ᠬᠦᠷᠢᠶ᠎ᠠ ᠨᠤᠳᠤᠭ᠎ᠲᠠᠢ ᠡᠷᠳᠡᠮᠳᠡᠨ ᠪᠤᠯᠤᠨ ᠪᠤᠰᠤᠳ ᠨᠤᠳᠤᠭ᠎ᠤᠨ ᠡᠷᠳᠡᠮᠳᠡᠨ ᠬᠠᠮᠳᠤᠷᠠᠨ ᠪᠦᠳᠦᠭᠡᠭ᠌ᠰᠡᠨ ᠤᠷᠤᠨ ᠨᠤᠳᠤᠭ᠎ᠤᠨ ᠰᠤᠶᠤᠯ ᠲᠡᠤᠭᠡ᠎ᠶ᠋ᠢᠨ ᠠᠮᠵᠢᠯᠳᠡ᠎ᠲᠠᠢ ᠲᠤᠷᠱᠢᠴᠠ ᠪᠤᠯᠬᠤ᠎ᠶ᠋ᠢ ᠬᠤᠷᠠᠯ᠎ᠳᠤ ᠤᠷᠤᠯᠴᠠᠬ᠍ᠰᠠᠨ ᠡᠷᠳᠡᠮᠳᠡᠳ ᠰᠠᠨᠠᠯ ᠨᠢᠬᠡᠳᠡᠢ ᠦᠵᠡᠵᠡᠬᠡᠵᠦ᠍ ᠪᠠᠢᠯ᠎ᠠ᠃
ᠦᠪᠦᠷ ᠮᠤᠩᠭᠤᠯ᠎ᠤᠨ ᠨᠡᠢᠬᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠲᠡᠳ᠋ ᠵᠡᠬᠢᠷᠦᠯ᠂ ᠰᠤᠳᠤᠯᠤᠬ᠍ᠴᠢ᠂ ᠲᠤᠮᠳᠠᠳᠦ ᠤᠯᠤᠰ᠎ᠤᠨ ᠮᠤᠩᠭᠤᠯ ᠰᠤᠳᠤᠯᠤᠯ᠎ᠤᠨ ᠨᠡᠢᠬᠡᠮᠯᠢᠭ᠎ᠤᠨ ᠶᠡᠷᠦᠩᠬᠡᠢ ᠨᠡᠷᠢᠨ ᠪᠢᠴᠢᠭ᠎ᠤᠨ ᠲᠠᠷᠤᠭ᠎ᠠ᠎ᠶ᠋ᠢᠨ ᠬᠠᠢ ᠳ᠋ᠤᠺᠲ᠋ᠤᠷ᠎ᠠᠴᠠ ᠲᠤᠰ ᠴᠤᠪᠤᠷᠠᠯ ᠪᠢᠴᠢᠭ᠎ᠤᠨ ᠤᠨᠴᠠᠯᠢᠭ᠎ᠢ 《ᠠᠭᠤᠯᠭ᠎ᠠ ᠪᠦᠷᠢᠨ᠂ ᠬᠠᠷᠠᠭᠠᠰᠦ ᠦᠷᠬᠡᠨ᠂ ᠠᠷᠭ᠎ᠠ ᠤᠯᠠᠨ; ᠰᠤᠳᠤᠯᠭᠠᠨ᠎ᠤ ᠱᠢᠰᠲ᠋ᠧᠮ᠎ᠳᠦ ᠴᠢᠨᠡᠷ ᠪᠤᠯᠤᠨ ᠡᠷᠳᠡᠮ ᠱᠢᠨᠵᠢᠯᠡᠬᠡᠨ᠎ᠤ ᠲᠦᠷᠢᠮᠵᠢᠯ᠎ᠢᠶᠠᠷ ᠴᠢᠩᠭ᠎ᠠ; ᠤᠷᠤᠨ ᠨᠤᠳᠤᠭ᠎ᠤᠨ ᠰᠤᠶᠤᠯ᠎ᠤᠨ ᠡᠯᠧᠮᠧᠨ᠋ᠲ᠂ ᠦᠵᠡᠭ᠌ᠳᠡᠯ᠂ ᠲᠡᠤᠭᠡ ᠰᠤᠶᠤᠯ᠎ᠤᠨ ᠨᠡᠷᠡᠳᠦ ᠬᠦᠮᠦᠰ᠎ᠤᠨ ᠲᠠᠨᠢᠯᠴᠠᠭᠤᠯᠭ᠎ᠠ ᠪᠤᠯᠤᠨ ᠦᠨᠡᠯᠡᠯᠳᠡ᠎ᠨᠢ ᠪᠤᠰᠤᠳᠴᠢ; ᠬᠦᠷᠢᠶ᠎ᠠ ᠬᠤᠱᠢᠭᠤᠨ᠎ᠤ ᠰᠤᠶᠤᠯ᠎ᠤᠨ ᠬᠤᠷᠸ᠎ᠠ ᠵᠠᠬ᠍ᠪᠤᠷ ᠪᠤᠯᠤᠨ ᠬᠤᠮᠠᠬᠢ ᠮᠡᠳᠡᠯᠬᠡ᠎ᠶ᠋ᠢᠨ ᠱᠢᠰᠲ᠋ᠧᠮ ᠵᠢᠴᠢ ᠪᠤᠰᠤᠳ ᠰᠤᠶᠤᠯ᠎ᠤᠨ ᠡᠯᠧᠮᠧᠨ᠋ᠲ᠎ᠤᠨ ᠦᠨᠳᠦᠰᠤᠨ ᠤᠨᠤᠯ᠎ᠤᠨ ᠱᠢᠰᠲ᠋ᠧᠮ᠎ᠢ ᠴᠤᠭ᠍ᠴᠠᠯᠠᠬ᠍ᠰᠠᠨ; ᠰᠤᠳᠤᠯᠭᠠᠨ ᠬᠦᠨᠵᠡᠬᠡᠢ ᠬᠤᠷᠢᠶᠠᠩᠭᠤᠢ᠍ᠢᠯᠠᠯ ᠤᠨᠤᠪᠴᠢᠳᠠᠢ᠃ ᠬᠦᠷᠢᠶ᠎ᠠ ᠰᠤᠶᠤᠯ᠎ᠤᠨ ᠠᠭᠤᠤᠴᠢ ᠪᠦᠳᠦᠴᠡ᠎ᠶ᠋ᠢᠨ ᠱᠢᠰᠲᠧᠮ ᠪᠤᠯᠤᠨ ᠪᠢᠴᠢᠯ ᠮᠡᠳᠡᠯᠬᠡ᠎ᠶ᠋ᠢᠨ ᠲᠤᠭ᠍ᠳᠠᠯᠴᠠᠭᠠ᠂ ᠵᠡᠷᠢᠮ ᠰᠤᠶᠤᠯ᠎ᠤᠨ ᠡᠯᠧᠮᠧᠨ᠋ᠲ᠎ᠤᠨ ᠤᠨᠤᠯ᠎ᠤᠨ ᠲᠤᠭ᠍ᠳᠠᠯᠴᠠᠭ᠎ᠠ᠎ᠶ᠋ᠢ ᠪᠦᠳᠦᠬᠡᠵᠦ᠍᠂ ᠦᠨᠳᠦᠰᠦᠳᠡᠨ᠎ᠤ ᠨᠡᠢᠳᠡᠯᠢᠭ ᠱᠢᠨᠵᠢ ᠪᠠ ᠤᠷᠤᠨ ᠨᠤᠳᠤᠭ᠎ᠤᠨ ᠦᠪᠡᠷᠮᠢᠴᠡ ᠱᠢᠨᠵᠢ᠎ᠶ᠋ᠢ ᠢᠯᠡᠷᠡᠬᠦᠯᠵᠡᠢ᠃ ᠴᠤᠪᠤᠭ᠎ᠠ ᠴᠠᠬ ᠪᠤᠯᠤᠨ ᠬᠠᠮ ᠴᠠᠬ᠎ᠤᠨ ᠱᠢᠨᠵᠢᠯᠡᠬᠡᠨ᠎ᠢᠶᠠᠷ ᠬᠦᠷᠢᠶ᠎ᠠ ᠰᠤᠶᠤᠯ᠎ᠤᠨ ᠪᠦᠬᠦᠯᠢ ᠴᠤᠭ᠍ᠴᠠ᠎ᠶ᠋ᠢᠨ ᠶᠡᠷᠦᠩᠬᠡᠢ ᠤᠨᠴᠠᠯᠢᠭ᠎ᠢ ᠬᠤᠷᠢᠶᠠᠩᠭᠤᠢ᠍ᠢᠯᠠᠵᠠᠢ》 ᠭᠡᠬᠦ᠌ ᠵᠡᠷᠬᠡ᠎ᠪᠠᠷ ᠦᠨᠡᠯᠡᠨ ᠶᠠᠷᠢᠬ᠍ᠰᠠᠨ ᠶᠤᠮ᠃
ᠲᠦᠪ᠎ᠤᠨ ᠦᠨᠳᠦᠰᠦᠳᠡᠨ᠎ᠤ ᠶᠡᠭᠡ ᠰᠤᠷᠭᠠᠭᠤᠯᠢ᠎ᠶ᠋ᠢᠨ ᠫᠷᠤᠹᠧᠰᠰᠤᠷ ᠰᠡᠷᠡᠨᠬᠡᠷᠡᠯᠠᠴᠠ᠂ 《ᠬᠦᠷᠢᠶ᠎ᠠ ᠪᠦᠬᠡ ᠮᠦᠷᠬᠦᠯ᠎ᠤᠨ ᠲᠤᠪᠴᠢᠶ᠎ᠠ》 ᠨᠢ ᠵᠦᠪᠬᠡᠨ ᠪᠦᠬᠡ ᠮᠦᠷᠬᠦᠯ᠎ᠤᠨ ᠬᠦᠷᠢᠶᠡᠨ᠎ᠳᠤ ᠲᠡᠳᠦᠢ ᠦᠬᠡᠢ᠂ ᠨᠡᠢᠳᠡ ᠮᠤᠩᠭᠤᠯ ᠰᠤᠳᠤᠯᠤᠯ᠎ᠤᠨ ᠬᠤᠯᠪᠤᠭ᠍ᠳᠠᠯ ᠪᠦᠬᠦᠢ ᠡᠯ᠎ᠠ ᠬᠦᠷᠢᠶᠠᠨ᠎ᠳᠤ ᠰᠤᠳᠤᠯᠭᠠᠨ᠎ᠤ ᠱᠢᠨ᠎ᠠ ᠰᠠᠨᠠᠭ᠎ᠠ ᠤᠳᠭ᠎ᠠ᠂ ᠱᠢᠨ᠎ᠠ ᠰᠡᠳᠦᠪ᠂ ᠱᠢᠨ᠎ᠠ ᠴᠢᠭ ᠬᠠᠨᠳᠤᠯᠭ᠎ᠠ᠂ ᠴᠢᠨᠠᠭ᠍ᠰᠢᠯᠠᠪᠠᠯ ᠱᠢᠨ᠎ᠠ ᠰᠤᠳᠤᠯᠭᠠᠨ᠎ᠤ ᠬᠦᠷᠢᠶ᠎ᠠ ᠴᠡᠷ᠎ᠠ ᠨᠡᠬᠡᠬᠡᠭ᠌ᠰᠡᠨ ᠠᠴᠢ ᠬᠤᠯᠪᠤᠬ᠍ᠳᠠᠯ᠎ᠲᠠᠢ; ᠮᠤᠩᠭᠤᠯ ᠤᠯᠨᠨ ᠤᠪᠤᠭ ᠶᠠᠰᠦᠳᠠᠨᠤ ᠪᠦᠬᠡ ᠮᠦᠷᠬᠦᠯ᠎ᠤᠨ ᠬᠦᠭ᠌ᠵᠢᠯ᠎ᠤᠨ ᠲᠡᠤᠭᠡ ᠵᠢᠴᠢ ᠰᠤᠳᠤᠯᠭᠠᠨ᠎ᠤ ᠲᠡᠤᠭᠡᠨ ᠴᠠᠬ ᠦᠶ᠎ᠠ᠎ᠶ᠋ᠢ ᠵᠠᠭᠠᠬ᠍ᠯᠠᠬ᠍ᠰᠠᠨ ᠠᠴᠢ ᠬᠤᠯᠪᠤᠬ᠍ᠳᠠᠯ᠎ᠲᠠᠢ ᠪᠦᠳᠦᠬᠡᠯ ᠪᠤᠯᠵᠠᠢ ᠬᠡᠪᠡ᠃
ᠦᠪᠦᠷ ᠮᠤᠩᠭᠤᠯ᠎ᠤᠨ ᠦᠨᠳᠦᠰᠦᠳᠡᠨ᠎ᠤ ᠶᠡᠭᠡ ᠰᠤᠷᠭᠠᠭᠤᠯᠢ᠎ᠶ᠋ᠢᠨ ᠫᠷᠤᠹᠧᠰᠰᠤᠷ ᠭᠠ᠊ · ᠤᠯᠠᠭᠠᠨᠪᠠᠭᠠᠳᠤᠷ᠎ᠠᠴᠠ᠂ ᠲᠤᠰ ᠴᠤᠪᠤᠷᠠᠯ ᠪᠢᠴᠢᠭ᠎ᠨᠢ ᠲᠤᠮᠳᠠᠳᠦ ᠤᠯᠤᠰ᠎ᠤᠨ ᠮᠤᠩᠭᠤᠯ ᠦᠨᠳᠦᠰᠦᠳᠡᠨ᠎ᠤ ᠤᠷᠠᠨ ᠵᠤᠬᠢᠶᠠᠯ᠎ᠤᠨ ᠰᠤᠳᠤᠯᠭᠠᠨ᠎ᠤ ᠬᠦᠷᠢᠶᠠᠨ᠎ᠳᠤ ᠬᠤᠱᠢᠭᠤ ᠨᠤᠳᠤᠭ᠎ᠤᠨ ᠤᠷᠠᠨ ᠵᠤᠬᠢᠶᠠᠯ᠎ᠢ ᠠᠩᠬ᠎ᠠ ᠠᠯᠬᠤᠮ᠂ ᠨᠠᠷᠢᠯᠢᠬ᠂ ᠬᠦᠨᠵᠡᠬᠡᠢ᠂ ᠱᠢᠰᠲ᠋ᠧᠮ᠎ᠲᠠᠢ ᠰᠤᠳᠤᠯᠵᠠᠢ᠃ ᠲᠤᠬᠠᠢᠯᠠᠪᠠᠯ ᠨᠤᠳᠤᠬ ᠤᠰᠤᠨ᠎ᠤ ᠤᠷᠠᠨ ᠵᠤᠬᠢᠶᠠᠯ᠎ᠤᠨ ᠤᠨᠤᠯ᠎ᠤᠨ ᠰᠦᠪᠡᠭ᠌ᠴᠢᠯᠡᠯ᠂ ᠨᠤᠳᠤᠬ ᠤᠰᠤᠨ᠎ᠤ ᠤᠷᠠᠨ ᠵᠤᠬᠢᠶᠠᠯ᠎ᠤᠨ ᠱᠢᠰᠲ᠋ᠧᠮ᠎ᠳᠦ ᠰᠤᠳᠤᠯᠭᠠᠨ᠎ᠤ ᠱᠢᠨ᠎ᠠ ᠵᠠᠬ᠍ᠪᠤᠷ᠂ ᠲᠡᠤᠭᠡ᠎ᠶ᠋ᠢᠨ ᠬᠠᠷᠠᠭᠠᠰᠦᠨᠤ ᠲᠤᠯᠢᠳᠡᠯ ᠪᠤᠯᠤᠨ ᠬᠤᠱᠢᠭᠤ ᠨᠤᠳᠤᠭ᠎ᠤᠨ ᠤᠷᠠᠨ ᠵᠤᠬᠢᠶᠠᠯ᠎ᠤᠨ ᠶᠡᠷᠦᠩᠬᠡᠢᠯᠡᠭ᠌ᠰᠡᠨ ᠰᠤᠳᠤᠯᠭᠠᠨ᠎ᠤ ᠡᠬᠢᠯᠡᠯᠳᠡ᠎ᠶ᠋ᠢ ᠲᠠᠯᠪᠢᠵᠦ᠍᠂ ᠰᠤᠳᠤᠯᠭᠠᠨ᠎ᠤ ᠬᠠᠷᠠᠭᠠᠰᠦ᠂ ᠦᠷᠬᠡᠴᠡ᠂ ᠬᠦᠨᠴᠡ᠂ ᠦᠨᠳᠦᠷᠴᠡᠪᠠᠷᠢᠶᠠᠨ ᠲᠤᠮᠳᠠᠳᠦ ᠤᠯᠤᠰ᠎ᠤᠨ ᠮᠤᠩᠭᠤᠯ ᠦᠨᠳᠦᠰᠦᠳᠡᠨ᠎ᠤ ᠨᠤᠳᠤᠭ ᠤᠰᠤᠨ᠎ᠤ ᠤᠷᠠᠨ ᠵᠤᠬᠢᠶᠠᠯ᠎ᠤᠨ ᠰᠤᠳᠤᠯᠭᠠᠨ᠎ᠤ ᠱᠢᠨ᠎ᠠ ᠱᠢᠪᠳᠤᠯᠤᠯᠳᠠ᠎ᠶ᠋ᠢ ᠪᠡᠶᠡᠯᠡᠬᠦᠯᠵᠡᠢ ᠬᠡᠪᠡ᠃
ᠪᠤᠭᠤᠳᠦ᠎ᠶ᠋ᠢᠨ ᠪᠠᠭ᠍ᠰᠢ᠎ᠶ᠋ᠢᠨ ᠲᠡᠭᠡᠳᠦ ᠰᠤᠷᠭᠠᠭᠤᠯᠢ᠎ᠶ᠋ᠢᠨ ᠲᠡᠳ᠋ ᠵᠡᠬᠢᠷᠦᠯ᠂ ᠫᠷᠤᠹᠧᠰᠰᠤᠷ ᠱᠤᠸᠠᠩ ᠱᠠᠨ ᠶᠡᠭᠡ ᠲᠡᠬᠡᠳᠦ ᠰᠤᠷᠭᠠᠭᠤᠯᠢ᠎ᠶ᠋ᠢᠨ ᠤᠳᠤᠷᠢᠳᠤᠯᠭ᠎ᠠ᠎ᠶ᠋ᠢᠨ ᠵᠤᠭ᠍ᠰᠤᠴᠠᠠᠴᠠ 《ᠬᠦᠷᠢᠶ᠎ᠠ ᠨᠤᠳᠤᠭ ᠤᠰᠤᠨ᠎ᠤ ᠤᠷᠠᠨ ᠵᠤᠬᠢᠶᠠᠯ ᠰᠤᠳᠤᠯᠤᠯ》 ᠤᠨ ᠬᠠᠮᠳᠤᠷᠠᠯ᠎ᠤᠨ ᠵᠠᠬ᠍ᠪᠤᠷ ᠪᠤᠯᠤᠨ ᠲᠡᠬᠦᠨ᠎ᠤ ᠤᠳᠭ᠎ᠠ ᠠᠭᠤᠯᠭ᠎ᠠ᠎ᠶ᠋ᠢ ᠱᠢᠨᠵᠢᠯᠡᠵᠦ᠍᠂ ᠲᠤᠰ ᠪᠦᠳᠦᠬᠡᠯ ᠪᠤᠯ ᠶᠡᠭᠡ ᠲᠡᠬᠡᠳᠦ ᠰᠤᠷᠭᠠᠭᠤᠯᠢ ᠪᠤᠯᠤᠨ ᠤᠷᠤᠨ ᠨᠤᠳᠤᠭ ᠬᠠᠮᠳᠤᠷᠠᠨ ᠠᠵᠢᠯᠯᠠᠬᠤ᠂ ᠶᠡᠭᠡ ᠲᠡᠭᠡᠳᠦ ᠰᠤᠷᠭᠠᠭᠤᠯᠢ ᠤᠷᠤᠨ ᠨᠤᠳᠤᠭ᠎ᠲᠤ ᠦᠢᠯᠡᠴᠢᠯᠡᠬᠦ᠌ ᠲᠡᠯ᠎ᠠ᠎ᠪᠠᠷ᠎ᠬᠢ ᠪᠦᠳᠦᠮᠵᠢᠳᠡᠢ ᠨᠢᠬᠡᠨ ᠵᠢᠱ᠌ᠢᠶ᠎ᠠ ᠪᠤᠯᠤᠬ᠍ᠰᠠᠨ ᠬᠡᠵᠦ᠍ ᠶᠡᠷᠢᠬ᠍ᠰᠠᠨ ᠪᠠᠢᠨ᠎ᠠ᠃
ᠡᠬᠦᠨ᠎ᠠᠴᠠ ᠭᠠᠳᠠᠨ᠎ᠠ᠂ ᠡᠷᠳᠡᠮᠳᠡᠳ ᠪᠠᠰᠠ ᠬᠦᠷᠢᠶ᠎ᠠ ᠰᠤᠶᠤᠯ᠎ᠤᠨ ᠶᠡᠷᠦᠩᠬᠡᠢᠯᠡᠭ᠌ᠰᠡᠨ ᠴᠢᠨᠡᠷᠳᠡᠢ ᠬᠤᠷᠢᠶᠠᠩᠭᠤᠢ᠎ᠶ᠋ᠢ ᠪᠢᠴᠢᠬᠦ᠂ ᠬᠦᠷᠢᠶ᠎ᠠ ᠰᠤᠶᠤᠯ᠎ᠤᠨ ᠲᠡᠤᠭᠡ ᠪᠤᠶᠤ ᠨᠡᠪᠳᠡᠷᠬᠡᠢ ᠲᠡᠤᠭᠡ᠎ᠶ᠋ᠢ ᠪᠢᠴᠢᠬᠦ᠂ ᠬᠦᠷᠢᠶ ᠠ ᠰᠤᠶᠤᠯ᠎ᠤᠨ ᠲᠦᠬᠡᠮᠡᠯ ᠪᠠᠢᠴᠠᠭᠠᠯᠳᠠ ᠬᠢᠵᠦ᠍ ᠶᠡᠷᠦᠩᠬᠡᠢ ᠪᠠᠢᠳᠠᠯ᠎ᠢ ᠡᠮᠬᠢᠳᠭᠡᠬᠦ᠂ ᠬᠦᠷᠢᠶ᠎ᠠ ᠵᠤᠷᠢᠭ ᠰᠠᠨᠠᠭ᠎ᠠ᠎ᠶ᠋ᠢ ᠪᠤᠯᠪᠠᠰᠤᠷᠠᠭᠤᠯᠤᠨ ᠬᠤᠷᠢᠶᠠᠩᠭᠤᠢ᠍ᠢᠯᠠᠬᠤ᠂ ᠤᠯᠠᠨ ᠲᠦᠮᠡᠨ᠎ᠳᠤ ᠬᠠᠨᠳᠤᠭᠤᠯᠤᠬ᠍ᠰᠠᠨ 《ᠬᠦᠷᠢᠶ᠎ᠠ ᠰᠤᠶᠤᠯ᠎ᠤᠨ ᠤᠡᠭ᠌ᠰᠢᠪᠤᠷᠢ》 ᠶ᠋ᠢ ᠬᠡᠪᠯᠡᠬᠦᠯᠬᠦ᠌ ᠵᠡᠷᠬᠡ᠎ᠪᠠᠷ ᠤᠷᠤᠨ ᠨᠤᠳᠤᠭ᠎ᠤᠨ ᠰᠤᠶᠤᠯ ᠱᠢᠨᠵᠢᠯᠡᠯᠤᠨ ᠲᠡᠯ᠎ᠠ᠎ᠪᠠᠷ ᠤᠬᠠᠭᠠᠨ ᠱᠢᠪᠬᠠᠵᠦ᠍ ᠤᠴᠢᠷᠳᠠᠢ ᠶᠠᠷᠢᠯᠴᠠᠵᠠᠭᠠᠬ᠍ᠰᠠᠨ ᠪᠢᠯᠡ᠃