2020 ᠣᠨ᠎ᠤ ᠪᠠᠷᠠᠭᠤᠨ ᠣᠷᠣᠨ᠎ᠤ ᠲᠥᠯᠥᠪᠯᠡᠭᠡ᠎ᠶ᠋ᠢᠨ ᠰᠠᠢᠨ ᠳᠤᠷᠠᠴᠤᠳ ᠡᠯᠰᠡᠬᠦ᠌ ᠲᠠᠷᠠᠭᠠᠯᠠᠯ᠎ᠢ ᠨᠡᠢᠳᠡᠯᠡᠪᠡ
2020-04-13 10:21:17
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

      ᠶᠡᠭᠡ ᠰᠤᠷᠭᠠᠭᠤᠯᠢ᠎ᠶ᠋ᠢᠨ ᠤᠶᠤᠲᠠᠳ ᠰᠠᠢᠨ ᠳᠤᠷ᠎ᠠ᠎ᠠᠴᠠ᠎ᠪᠠᠨ ᠪᠠᠷᠠᠭᠤᠨ ᠤᠷᠤᠨ᠎ᠳᠤ ᠦᠶᠯᠡᠴᠢᠯᠡᠬᠦ᠌ ᠲᠥᠯᠥᠪᠯᠡᠭᠡ (ᠪᠠᠷᠠᠭᠤᠨ ᠣᠷᠣᠨ᠎ᠤ ᠲᠥᠯᠥᠪᠯᠡᠭᠡ ᠭᠡᠵᠦ᠍ ᠳᠦᠭᠦᠮᠴᠢᠯᠡᠪᠡ) ᠎ᠶ᠋ᠢ 2003 ᠣᠨ᠎ᠠᠴᠠ ᠡᠬᠢᠯᠡᠨ ᠬᠡᠷᠡᠭ᠌ᠵᠢᠭᠦᠯᠦᠭ᠌ᠰᠡᠨ᠎ᠠᠴᠠ ᠨᠠᠭᠠᠰᠢ᠂ ᠶᠡᠭᠡ ᠳᠡᠭᠡᠳᠦ ᠰᠤᠷᠭᠠᠭᠤᠯᠢ᠎ᠠᠴᠠ ᠲᠡᠭᠦᠰᠦᠭ᠌ᠰᠡᠨ 33 ᠲᠦᠮᠡ ᠭᠠᠷᠤᠶ ᠤᠶᠤᠳᠠᠨ ᠪᠠ ᠰᠤᠳᠤᠯᠬᠤ ᠰᠤᠷᠤᠬ᠍ᠴᠢ ᠡᠯᠰᠡᠭ᠌ᠰᠡᠨ ᠪᠠᠢᠨ᠎ᠠ᠃ ᠲᠡᠳᠡ ᠳᠤᠮᠳᠠ ᠪᠠᠷᠠᠭᠤᠨ ᠣᠷᠣᠨ᠎ᠳᠤ ᠬᠦᠷᠴᠤ᠌᠂ ᠦᠨᠳᠦᠰᠦᠨ ᠱᠠᠲᠤᠨ᠎ᠤ ᠰᠠᠭᠤᠷᠢ ᠰᠤᠷᠭᠠᠨ ᠬᠥᠮᠦᠵᠢᠯ᠂ ᠡᠮ ᠡᠮᠨᠡᠯᠭᠡ ᠡᠷᠡᠭᠦᠯ ᠬᠠᠮᠠᠭᠠᠯᠠᠯ᠂ ᠦᠨᠳᠦᠰᠦᠨ ᠱᠠᠲᠤᠨ᠎ᠤ ᠵᠠᠯᠠᠭᠤᠴᠤᠳ᠎ᠤᠨ ᠠᠵᠢᠯ᠂ ᠦᠨᠳᠦᠰᠦᠨ ᠱᠠᠲᠤᠨ᠎ᠤ ᠨᠡᠢᠭᠡᠮ᠎ᠤᠨ ᠬᠠᠮᠢᠶᠠᠷᠤᠯᠲᠠ᠂ ᠱᠢᠨᠵᠢᠶᠠᠩ᠎ᠳᠤ ᠦᠢᠯᠡᠴᠢᠯᠡᠬᠦ᠂ ᠲᠥᠪᠡᠳ᠎ᠲᠤ ᠦᠢᠯᠡᠴᠢᠯᠡᠬᠦ᠌ ᠵᠡᠷᠭᠡ ᠲᠠᠯ᠎ᠠ᠎ᠪᠠᠷ ᠰᠠᠢᠨ ᠳᠤᠷ᠎ᠠ᠎ᠶ᠋ᠢᠨ ᠦᠢᠯᠡᠴᠢᠯᠡᠭᠡ ᠬᠠᠩᠭᠠᠪᠠ᠃
      《2020 ᠣᠨ᠎ᠤ ᠪᠠᠷᠠᠭᠤᠨ ᠣᠷᠣᠨ᠎ᠤ ᠲᠥᠯᠥᠪᠯᠡᠭᠡ᠎ᠶ᠋ᠢᠨ ᠰᠠᠢᠨ ᠳᠤᠷᠠᠴᠤᠳ ᠡᠯᠰᠡᠬᠦ᠌ ᠲᠠᠷᠠᠭᠠᠯᠠᠯ》 ᠎ᠢ ᠨᠢᠭᠡᠨᠲᠡ ᠨᠡᠢᠲᠡᠯᠡᠵᠦ᠍᠂ ᠲᠨ ᠨᠠᠷ᠎ᠤᠨ ᠣᠷᠣᠯᠴᠠᠬᠤ᠎ᠶ᠋ᠢ ᠬᠦᠰᠡᠨ ᠬᠦᠯᠢᠶᠡᠵᠦ᠍ ᠪᠤᠢ!
      2020 ᠣᠨ᠎ᠤ ᠪᠠᠷᠠᠭᠤᠨ ᠣᠷᠣᠨ᠎ᠤ ᠲᠥᠯᠥᠪᠯᠡᠭᠡ᠎ᠶ᠋ᠢᠨ ᠰᠠᠢᠨ ᠳᠤᠷᠠᠴᠤᠳ ᠡᠯᠰᠡᠬᠦ᠌ ᠲᠠᠷᠠᠭᠠᠯᠠᠯ (ᠳᠤᠤᠷᠠᠬᠢ ᠶᠠᠪᠤᠴᠠ᠎ᠳᠤ ᠬᠢᠵᠢᠭ᠎ᠤᠨ ᠪᠠᠢᠳᠠᠯ᠎ᠢ ᠦᠨᠳᠦᠰᠦᠯᠡᠨ ᠲᠣᠬᠢᠷᠠᠭᠤᠯᠤᠯᠲᠠ ᠬᠢᠨ᠎ᠠ)
      4 ᠰᠠᠷ᠎ᠠ᠎ᠶ᠋ᠢᠨ ᠳᠤᠮᠳᠠᠴᠢ᠎ᠠᠴᠠ 5 ᠰᠠᠷ᠎ᠠ᠎ᠶ᠋ᠢᠨ 31 ᠎ᠤ ᠡᠳᠦᠷ ᠪᠣᠯᠲᠠᠯ᠎ᠠ —
      ᠶᠡᠭᠡ ᠳᠡᠭᠡᠳᠦ ᠰᠤᠷᠭᠠᠭᠤᠯᠢ᠎ᠠᠴᠠ ᠲᠡᠭᠦᠰᠦᠭ᠌ᠰᠡᠨ ᠤᠶᠤᠲᠠᠳ ᠪᠠᠷᠠᠭᠤᠨ ᠣᠷᠣᠨ᠎ᠤ ᠲᠥᠯᠥᠪᠯᠡᠭᠡ᠎ᠶ᠋ᠢᠨ ᠠᠯᠪᠠᠨ ᠰᠦᠯᠵᠢᠶ᠎ᠡ᠎ᠳᠤ ᠭᠠᠷᠴᠤ᠌᠂ ᠪᠠᠷᠠᠭᠤᠨ ᠣᠷᠣᠨ᠎ᠤ ᠲᠥᠯᠥᠪᠯᠡᠭᠡ᠎ᠶ᠋ᠢᠨ ᠨᠡᠷ᠎ᠡ ᠮᠡᠳᠡᠭᠦᠯᠬᠦ᠌ ᠱᠢᠰᠲ᠋ᠧᠮ᠎ᠳᠤ ᠳᠠᠩᠰᠠᠯᠠᠭᠤᠯᠵᠤ᠂ ᠨᠡᠷ᠎ᠡ ᠮᠡᠳᠡᠭᠦᠯᠬᠦ᠌ ᠬᠦᠰᠦᠨᠦᠭ᠌ᠲᠦ ᠲᠠᠭ᠍ᠯᠠᠬᠤ᠎ᠶ᠋ᠢᠨ ᠬᠠᠮᠲᠤ ᠦᠶᠯᠡᠴᠢᠯᠡᠬᠦ᠌ ᠰᠠᠨᠠᠭ᠎ᠠ᠎ᠲᠠᠢ ᠭᠤᠷᠪᠠᠨ ᠮᠤᠵᠢ ᠤᠷᠤᠨ᠎ᠢ ᠰᠣᠩᠭᠤᠵᠤ ᠪᠣᠯᠤᠨ᠎ᠠ᠃ ᠨᠡᠷ᠎ᠡ ᠮᠡᠳᠡᠭᠦᠯᠬᠦ᠌ ᠬᠦᠰᠦᠨᠦᠭ᠌ᠲᠦ᠎ᠪᠠᠨ ᠪᠠᠭᠤᠯᠭᠠᠵᠤ ᠳᠠᠷᠤᠮᠠᠯᠯᠠᠭ᠍ᠰᠠᠨ᠎ᠤ ᠳᠠᠷᠠᠭ᠎ᠠ᠂ ᠪᠠᠢᠭ᠎ᠠ ᠶᠡᠭᠡ ᠳᠡᠭᠡᠳᠦ ᠰᠤᠷᠭᠠᠭᠤᠯᠢ᠎ᠶ᠋ᠢᠨ᠎ᠢᠶᠠᠨ ᠲᠡᠭᠡᠳᠤ ᠰᠤᠷᠭᠠᠭᠤᠯᠢ (ᠰᠠᠯᠪᠤᠷᠢ) ᠎ᠶ᠋ᠢᠨ ᠡᠪᠯᠡᠯ᠎ᠤᠨ ᠬᠤᠷᠢᠶ᠎ᠠ᠎ᠪᠠᠷ ᠬᠢᠨᠠᠭᠤᠯᠤᠨ ᠲᠠᠮᠠᠭ᠎ᠠ ᠳᠠᠷᠤᠭᠤᠯᠵᠤ᠂ ᠪᠠᠢᠭ᠎ᠠ ᠶᠡᠭᠡ ᠳᠡᠭᠡᠳᠦ ᠰᠤᠷᠭᠠᠭᠤᠯᠢ᠎ᠶ᠋ᠢᠨ᠎ᠢᠶᠠᠨ ᠲᠥᠷᠥᠯ  ᠵᠦᠢᠯ᠎ᠤᠨ ᠠᠯᠪᠠᠨ ᠬᠡᠷ (ᠡᠪᠯᠡᠯ᠎ᠤᠨ ᠬᠤᠷᠢᠶ᠎ᠠ᠎ᠳᠤ ᠪᠤᠢ) ᠎ᠲᠤ ᠲᠤᠱᠢᠶᠠᠵᠤ ᠬᠢᠨᠠᠭᠤᠯᠤᠨ ᠳᠠᠩᠰᠠᠯᠠᠭᠤᠯᠤᠨ᠎ᠠ᠃
      6 ᠰᠠᠷ᠎ᠠ᠎ᠶ᠋ᠢᠨ 10 ᠎ᠤ ᠡᠳᠦᠷ᠎ᠠᠴᠠ ᠡᠮᠦᠨ᠎ᠡ —
      ᠡᠯᠰᠡᠬᠦ᠌ ᠡᠯ᠎ᠡ ᠮᠣᠵᠢ ᠤᠷᠤᠨ᠎ᠤ᠎ᠬᠢᠨ ᠵᠠᠷᠴᠢᠮ ᠳᠡᠭᠡᠷ᠎ᠡ᠎ᠪᠠᠨ ᠱᠢᠯᠢᠨ ᠰᠣᠩᠭᠤᠬᠤ ᠠᠵᠢᠯ᠎ᠢᠶᠠᠨ ᠭᠦᠢᠴᠡᠳᠭᠡᠨ᠎ᠡ᠃
      6 ᠰᠠᠷ᠎ᠠ᠎ᠶ᠋ᠢᠨ 19 ᠎ᠤ ᠡᠳᠦᠷ᠎ᠠᠴᠠ ᠡᠮᠦᠨ᠎ᠡ —
      ᠡᠯᠰᠡᠬᠦ᠌ ᠡᠯ᠎ᠡ ᠮᠣᠵᠢ ᠤᠷᠤᠨ᠎ᠤ᠎ᠬᠢᠨ ᠪᠡᠶ᠎ᠡ᠎ᠶ᠋ᠢᠨ ᠪᠠᠢᠴᠠᠭᠠᠯᠲᠠ᠎ᠶ᠋ᠢᠨ ᠠᠵᠢᠯ᠎ᠢ ᠭᠦᠢᠴᠡᠳᠭᠡᠨ᠎ᠡ᠃
      6 ᠰᠠᠷ᠎ᠠ᠎ᠶ᠋ᠢᠨ 26 ᠎ᠤ ᠡᠳᠦᠷ᠎ᠠᠴᠠ ᠡᠮᠦᠨ᠎ᠡ —
      ᠡᠯᠰᠡᠬᠦ᠌ ᠮᠤᠵᠢ᠎ᠶ᠋ᠢᠨ᠎ᠬᠢᠨ ᠰᠠᠢᠨ ᠲᠤᠷᠠᠴᠤᠳ᠎ᠯᠤᠭ᠎ᠠ ᠡᠯᠰᠡᠬᠦ᠌ ᠬᠡᠯᠡᠯᠴᠡᠭᠡᠷ᠎ᠤᠨ ᠪᠢᠴᠢᠭ ᠳᠤᠬᠢᠷᠠᠯᠴᠠᠬᠤ᠎ᠶ᠋ᠢᠨ ᠬᠠᠮᠲᠤ ᠰᠠᠢᠨ ᠳᠤᠷᠠᠴᠤᠳ᠎ᠲᠤ 《ᠨᠤᠳᠠᠯᠠᠯᠳᠠ ᠬᠢᠭ᠌ᠰᠡᠨ ᠮᠡᠳᠡᠭ᠌ᠳᠡᠯ᠎ᠤᠨ ᠪᠢᠴᠢᠭ》 ᠲᠠᠷᠬᠠᠭᠠᠨ᠎ᠠ᠃
      7 ᠰᠠᠷ᠎ᠠ᠎ᠶ᠋ᠢᠨ 20 ᠎ᠤ ᠡᠳᠦᠷ᠎ᠠᠴᠠ 31 ᠎ᠤ ᠡᠳᠦᠷ ᠪᠣᠯᠲᠠᠯ᠎ᠠ —
      ᠰᠠᠢᠨ ᠳᠤᠷᠠᠴᠤᠳ 《ᠨᠤᠳᠠᠯᠠᠯᠳᠠ ᠬᠢᠭ᠌ᠰᠡᠨ ᠮᠡᠳᠡᠭ᠌ᠳᠡᠯ᠎ᠤᠨ ᠪᠢᠴᠢᠭ》᠂ ᠲᠡᠭᠦᠰᠭᠦ ᠦᠨᠡᠮᠯᠡᠯ ᠪᠤᠶᠤ ᠡᠷᠳᠡᠮ᠎ᠤᠨ ᠴᠣᠯᠠ᠎ᠶ᠋ᠢᠨ ᠦᠨᠡᠮᠯᠡᠯ᠂ ᠬᠤᠪᠢ ᠬᠥᠮᠦᠨ᠎ᠤ ᠪᠡᠶ᠎ᠡ᠎ᠶ᠋ᠢᠨ ᠦᠨᠡᠮᠯᠡᠯ᠎ᠢᠶᠠᠨ ᠠᠪᠴᠤ᠌᠂ ᠡᠯᠰᠡᠬᠦ᠌ ᠮᠤᠵᠢ ᠤᠷᠤᠨ᠎ᠤ ᠲᠥᠷᠥᠯ ᠵᠦᠢᠯ᠎ᠤᠨ ᠠᠯᠪᠠᠨ ᠬᠡᠷ᠎ᠤᠨ ᠵᠣᠬᠢᠶᠠᠨ ᠪᠠᠢᠭᠤᠯᠤᠯᠳᠠ᠎ᠪᠠᠷ ᠲᠠᠮᠵᠢᠨ ᠦᠢᠯᠡᠴᠢᠯᠡᠬᠦ᠌ ᠮᠤᠵᠢ᠎ᠶ᠋ᠢᠨ ᠪᠣᠯᠪᠠᠰᠤᠷᠠᠯ᠎ᠤᠨ ᠭᠠᠵᠠᠷ᠎ᠲᠤ ᠨᠡᠷ᠎ᠡ ᠮᠡᠳᠡᠭᠦᠯᠬᠦ᠌᠎ᠶ᠋ᠢᠨ ᠬᠠᠮᠲᠤ ᠪᠣᠯᠪᠠᠰᠤᠷᠠᠯ᠎ᠳᠤ ᠣᠷᠣᠯᠴᠠᠨ᠎ᠠ᠂ ᠪᠤᠯᠪᠠᠰᠤᠷᠠᠯ᠎ᠤᠨ ᠴᠠᠬ᠎ᠨᠢ 4 ᠡᠳᠦᠷ᠎ᠠᠴᠠ ᠳᠤᠲᠠᠭᠤ ᠪᠠᠢᠵᠤ ᠪᠣᠯᠬᠤ ᠥᠬᠡᠶ᠃
      8 ᠰᠠᠷ᠎ᠠ᠎ᠶ᠋ᠢᠨ 14 ᠎ᠤ ᠡᠳᠦᠷ᠎ᠠᠴᠠ ᠡᠮᠦᠨ᠎ᠡ —
      ᠲᠥᠪᠯᠡᠷᠡᠭᠦᠯᠦᠨ ᠪᠣᠯᠪᠠᠰᠤᠷᠠᠭᠤᠯᠬᠤ ᠠᠵᠢᠯ ᠳᠠᠭᠤᠰᠤᠭ᠍ᠰᠠᠨ᠎ᠤ ᠳᠠᠷᠠᠭ᠎ᠠ᠂ ᠦᠶᠯᠡᠴᠢᠯᠡᠬᠦ᠌ ᠱᠢᠶᠠᠨ᠎ᠤ ᠲᠥᠷᠥᠯ  ᠵᠦᠢᠯ᠎ᠤᠨ ᠠᠯᠪᠠᠨ ᠭᠡᠷ᠎ᠠᠴᠠ ᠲᠣᠰ ᠱᠢᠶᠠᠨ᠎ᠤ ᠰᠠᠢᠨ ᠳᠤᠷᠠᠴᠤᠳ᠎ᠢᠶᠠᠨ ᠬᠦᠯᠢᠶᠠᠨ ᠠᠪᠴᠤ᠌ ᠭᠤᠷᠪᠠᠨ ᠲᠠᠯ᠎ᠠ᠎ᠶ᠋ᠢᠨ ᠬᠡᠯᠡᠯᠴᠡᠭᠡᠷ ᠲᠣᠭ᠍ᠲᠠᠬᠤ᠎ᠶ᠋ᠢᠨ ᠬᠠᠮᠲᠤ 《ᠬᠤᠶᠠᠳᠠᠬᠢ ᠤᠳᠠᠭ᠎ᠠ ᠳᠠᠩᠰᠠᠯᠠᠭᠤᠯᠤᠨ᠎ᠠ》᠃
      9 ᠰᠠᠷ᠎ᠠ᠎ᠶ᠋ᠢᠨ 10 ᠎ᠤ ᠡᠳᠦᠷ᠎ᠠᠴᠠ ᠡᠮᠦᠨ᠎ᠡ —
      ᠦᠢᠯᠡᠴᠢᠯᠡᠬᠦ᠌ ᠮᠤᠵᠢ᠎ᠶ᠋ᠢᠨ ᠲᠥᠷᠥᠯ ᠵᠦᠶᠯ᠎ᠤᠨ ᠠᠯᠪᠠᠨ ᠬᠡᠷ᠎ᠠᠴᠠ ᠨᠥᠬᠦᠨ ᠡᠯᠰᠡᠬᠦ᠌ ᠠᠵᠢᠯ᠎ᠢ ᠬᠦᠢᠴᠡᠳᠭᠡᠨ᠎ᠡ᠃
       ᠳᠠᠷᠠᠭᠠᠬᠢ ᠮᠡᠷᠭᠡᠨ ᠴᠤᠬᠤᠷ᠎ᠢ ᠱᠢᠷᠪᠢᠵᠤ ᠨᠠᠷᠢᠨ ᠠᠭᠤᠯᠭ᠎ᠠ᠎ᠶ᠋ᠢ ᠤᠢ᠍ᠢᠯᠠᠭᠠᠭᠠᠷᠠᠢ!    




ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号