ᠰᠤᠩᠭᠤᠳᠠᠭ ᠬᠢᠬᠡᠳ ᠰᠤᠩᠭᠤᠳᠠᠬ᠍ᠵᠢᠭᠤᠯᠤᠯ᠎ᠤᠨ ᠠᠰᠠᠭᠤᠳᠠᠯ᠎ᠳᠤ
2020-04-23 18:04:05
ᠵᠣᠬᠢᠶᠠᠭ᠍ᠴᠢ᠄
ᠬᠠᠢᠷᠬᠠᠨ
ᠣᠩᠱᠢᠭ᠍ᠰᠠᠨ ᠣᠳᠠᠭ᠎ᠠ᠄
★★★☆☆

    ᠨᠢᠭᠡ ᠴᠠᠭ ᠦᠶ᠎ᠡ ᠨᠢᠭᠡ ᠴᠠᠭ ᠦᠶ᠎ᠡ᠎ᠶ᠋ᠢᠨ᠎ᠢᠶᠠᠨ ᠤᠳᠭ᠎ᠠ ᠤᠷᠠᠯᠢᠭ᠎ᠲᠠᠢ᠃ ᠡᠷᠳᠡᠨ᠎ᠠᠴᠠ ᠢᠨᠠᠭ᠍ᠰᠢ ᠲᠤᠮᠳᠠᠳᠤ ᠭᠠᠳᠠᠭᠠᠳᠤ᠎ᠶ᠋ᠢᠨ ᠤᠳᠭ᠎ᠠ ᠤᠷᠠᠯᠢᠬ᠍ᠴᠢᠳ ᠲᠤᠭᠠᠯᠠᠰᠢ ᠦᠭᠡᠢ ᠤᠯᠠᠨ ᠤᠳᠭ᠎ᠠ ᠤᠷᠠᠯᠢᠭ᠎ᠤᠨ ᠪᠦᠳᠦᠭᠡᠯ᠎ᠢ ᠵᠤᠬᠢᠶᠠᠨ ᠪᠦᠳᠦᠭᠡᠵᠦ᠍᠂ ᠮᠠᠨ᠎ᠤ ᠡᠨᠡ ᠦᠶ᠎ᠡ᠎ᠳᠤ ᠤᠯᠠᠮᠵᠢᠯᠠᠨ ᠦᠯᠡᠳᠡᠭᠡᠵᠡᠢ᠃ ᠲᠡᠳᠡᠭᠡᠷ᠎ᠤᠨ ᠲᠤᠳᠤᠷᠠᠬᠢ ᠲᠡᠦᠭᠡᠨ ᠱᠢᠭ᠌ᠰᠢᠯᠳᠡ᠎ᠶ᠋ᠢ ᠲᠤᠭᠤᠯᠵᠤ᠂ ᠴᠠᠭ ᠦᠶ᠎ᠡ᠎ᠶ᠋ᠢᠨ ᠱᠢᠯᠭᠠᠯᠳᠠ᠎ᠶ᠋ᠢ ᠲᠠᠭᠠᠭᠠᠵᠤ ᠬᠦᠮᠦᠨ ᠲᠦᠷᠦᠯᠬᠢᠳᠡᠨ᠎ᠤ ᠲᠡᠦᠭᠡᠨ᠎ᠳᠤ ᠤᠳᠤ ᠪᠤᠯᠳᠠᠯ᠎ᠠ ᠬᠢᠯᠠᠯᠵᠠᠭ᠍ᠰᠠᠭᠠᠷ ᠪᠠᠢᠭ᠎ᠠ ᠱᠢᠯᠢᠳᠡᠭ ᠰᠤᠩᠭᠤᠳᠠᠭ ᠪᠦᠳᠦᠭᠡᠯ᠎ᠤᠳ ᠪᠤᠯ ᠬᠦᠮᠦᠨ ᠲᠦᠷᠦᠯᠬᠢᠳᠡᠨ᠎ᠤ ᠦᠵᠡᠯ ᠰᠠᠨᠠᠭ᠎ᠠ ᠰᠤᠶᠤᠯ᠎ᠤᠨ ᠡᠷᠬᠢᠮ ᠨᠠᠨᠳᠢᠨ ᠦᠪ ᠮᠦᠨ᠃ ᠶᠡᠷᠦᠩᠭᠡᠢ ᠱᠦᠵᠢ ᠰᠢ᠎ᠶ᠋ᠢᠨ ᠫᠢᠩ ᠤᠯᠠᠨ ᠤᠳᠠᠭ᠎ᠠ᠎ᠶ᠋ᠢᠨ ᠶᠠᠷᠢᠶ᠎ᠠ᠎ᠳᠠᠭᠠᠨ ᠲᠤᠮᠳᠠᠳᠤ ᠭᠠᠳᠠᠭᠠᠳᠤ᠎ᠶ᠋ᠢᠨ ᠡᠷᠳᠡᠨ ᠡᠳᠦᠭᠡᠬᠢ᠎ᠶ᠋ᠢᠨ ᠰᠤᠩᠭᠤᠳᠠᠭ ᠪᠦᠳᠦᠭᠡᠯ᠎ᠠᠴᠠ ᠡᠰᠢ ᠲᠠᠳᠠᠵᠤ ᠪᠠᠢᠭ᠍ᠰᠠᠨ ᠪᠦᠭᠡᠳ 《ᠭᠡᠰᠡᠷ》᠂ 《ᠵᠠᠩᠭᠠᠷ》᠂ 《ᠮᠠᠨᠠᠰ》 ᠵᠡᠷᠭᠡ ᠮᠠᠨ᠎ᠤ ᠤᠯᠤᠰ᠎ᠤᠨ ᠴᠦᠭᠡᠨ ᠲᠤᠭᠠᠳᠤ ᠦᠨᠳᠦᠰᠦᠳᠡᠨ᠎ᠤ ᠡᠷᠳᠡᠨ᠎ᠤ ᠰᠤᠩᠭᠤᠳᠠᠭ ᠪᠦᠳᠦᠭᠡᠯ᠎ᠤᠨ ᠲᠤᠬᠠᠢ ᠬᠡᠳᠦᠨᠳᠡ ᠦᠨᠳᠦᠷ ᠦᠨᠡᠯᠡᠯᠳᠡ ᠦᠭ᠌ᠴᠦ ᠦᠩᠭᠡᠷᠡᠭ᠌ᠰᠡᠨ ᠪᠢᠯᠠ᠃
    《ᠤᠳᠭ᠎ᠠ ᠤᠷᠠᠯᠢᠭ᠎ᠤᠨ ᠬᠤᠪᠢ ᠵᠠᠶᠠᠭ᠎ᠠ ᠤᠯᠤᠰ᠎ᠤᠨ ᠬᠤᠪᠢ ᠵᠠᠶᠠᠭ᠎ᠠ᠎ᠲᠠᠢ ᠬᠤᠯᠪᠤᠯᠳᠤᠵᠤ᠂ ᠤᠳᠭ᠎ᠠ ᠤᠷᠠᠯᠢᠭ᠎ᠤᠨ ᠠᠮᠢᠨ ᠰᠤᠳᠠᠰᠤ ᠤᠯᠤᠰ᠎ᠤᠨ ᠠᠮᠢᠨ ᠰᠤᠳᠠᠰᠤ᠎ᠲᠠᠢ ᠬᠤᠯᠪᠤᠯᠳᠤᠵᠤ ᠪᠠᠢᠳᠠᠭ᠃》 ᠱᠢᠨ᠎ᠡ ᠴᠠᠭ ᠦᠶ᠎ᠡ᠎ᠳᠤ ᠮᠠᠨ᠎ᠤ ᠤᠷᠤᠨ᠎ᠤ ᠤᠳᠭ᠎ᠠ ᠤᠷᠠᠯᠢᠭ᠍ᠴᠢᠳ ᠦᠨᠳᠦᠰᠦᠳᠡᠨ᠎ᠤ ᠵᠤᠷᠢᠭ ᠰᠠᠨᠠᠭᠠᠨ᠎ᠤ ᠭᠠᠯ ᠪᠠᠮᠪᠠᠷ᠎ᠢ ᠦᠨᠳᠦᠷ ᠡᠷᠬᠦᠵᠦ᠍᠂ ᠬᠡᠬᠦᠳᠡᠭ ᠴᠡᠭᠡᠵᠢᠨ᠎ᠳᠡᠭᠡᠨ ᠶᠡᠭᠡ ᠵᠢᠷᠤᠮ᠎ᠢ ᠪᠠᠭ᠍ᠳᠠᠭᠠᠨ᠂ ᠪᠤᠳᠤᠯ ᠰᠡᠳᠭᠢᠯ᠎ᠳᠡᠭᠡᠨ ᠠᠷᠠᠳ ᠲᠦᠮᠡᠨ᠎ᠢ ᠪᠤᠳᠤᠵᠤ᠂ ᠡᠬᠦᠷᠭᠡ ᠬᠠᠷᠢᠭᠤᠴᠠᠯᠭ᠎ᠠ᠎ᠶ᠋ᠢ ᠮᠦᠷᠦᠨ᠎ᠳᠡᠭᠡᠨ ᠡᠬᠦᠷᠭᠡᠯᠡᠵᠦ᠍᠂ ᠴᠠᠭ ᠦᠶ᠎ᠡ᠎ᠶ᠋ᠢᠨ ᠬᠦᠰᠡᠯ ᠰᠠᠨᠠᠭ᠎ᠠ᠎ᠶ᠋ᠢ ᠲᠤᠰᠭᠠᠭ᠍ᠰᠠᠨ᠂ ᠠᠷᠠᠳ ᠲᠦᠮᠡᠨ᠎ᠤ ᠲᠡᠮᠡᠴᠡᠯ᠎ᠢ ᠢᠯᠡᠷᠡᠬᠦᠯᠦᠭ᠌ᠰᠡᠨ᠂ ᠦᠨᠳᠦᠰᠦᠳᠡᠨ᠎ᠤ ᠵᠤᠷᠢᠭ ᠰᠠᠨᠠᠭ᠎ᠠ᠎ᠶ᠋ᠢ ᠬᠦᠭ᠌ᠵᠢᠭᠡᠭ᠌ᠰᠡᠨ᠂ ᠡᠷᠬᠢᠮ ᠲᠡᠭᠡᠳᠦ ᠵᠠᠩ ᠴᠢᠨᠠᠷ᠎ᠢ ᠬᠦᠮᠦᠵᠢᠬᠦᠯᠦᠭ᠌ᠰᠡᠨ ᠦᠯᠡᠮᠵᠢᠭᠡᠨ ᠱᠢᠯᠢᠳᠡᠭ ᠪᠦᠳᠦᠭᠡᠯ᠎ᠢ ᠵᠤᠬᠢᠶᠠᠨ ᠪᠦᠳᠦᠭᠡᠵᠦ᠍᠂ ᠲᠤᠮᠳᠠᠳᠤ᠎ᠶ᠋ᠢᠨ ᠦᠨᠳᠦᠰᠦᠳᠡᠨ᠎ᠤ ᠠᠭᠤᠤ ᠶᠡᠭᠡ ᠰᠡᠷᠬᠦᠨ ᠮᠠᠨᠳᠤᠯᠳᠠ᠎ᠶ᠋ᠢᠨ ᠴᠠᠭ ᠦᠶ᠎ᠡ᠎ᠶ᠋ᠢᠨ ᠤᠳᠭ᠎ᠠ ᠤᠷᠠᠯᠢᠭ᠎ᠤᠨ ᠤᠷᠬᠢᠯ᠎ᠢ ᠴᠤᠭ᠍ᠴᠠᠯᠠᠬᠤ᠎ᠪᠠᠷ ᠬᠦᠴᠦᠯᠡᠨ ᠴᠢᠷᠮᠠᠢᠨᠠᠮ!
    《ᠲᠡᠯᠡᠭᠡᠢ ᠲᠡᠭᠡᠷ᠎ᠡ ᠶᠠᠮᠠᠷᠪᠠ ᠬᠦᠮᠦᠨ᠎ᠤ ᠬᠦᠴᠦᠨ ᠪᠠ ᠮᠠᠲ᠋ᠧᠷᠢᠶᠠᠯ᠎ᠢᠶᠠᠷ ᠪᠠᠷᠢᠵᠤ ᠦᠯᠦ᠍ ᠲᠡᠢᠯᠬᠦ᠌ ᠤᠷᠳᠤᠨ ᠬᠠᠷᠰᠢ᠂ ᠬᠤᠳᠠ ᠪᠠᠬᠢᠯᠡᠯᠳᠡ᠎ᠶ᠋ᠢ ᠦᠰᠦᠭ ᠪᠢᠴᠢᠭ᠎ᠢᠶᠠᠷ ᠪᠡᠶᠡᠯᠡᠬᠦᠯᠵᠦ᠍ ᠲᠡᠢᠯᠳᠡᠭ》 ᠬᠡᠵᠦ᠍ ᠬᠢᠳᠠᠳ᠎ᠤᠨ ᠠᠯᠳᠠᠷᠳᠤ ᠵᠤᠬᠢᠶᠠᠯᠴᠢ ᠱᠧᠨ ᠼᠦᠩ ᠸᠧᠨ ᠶᠠᠷᠢᠵᠤ ᠦᠩᠭᠡᠷᠡᠭ᠌ᠰᠡᠨ    ᠪᠢᠯᠠ᠃ ᠱᠢᠯᠢᠳᠡᠭ ᠰᠤᠩᠭᠤᠳᠠᠭ ᠪᠦᠳᠦᠭᠡᠯ ᠰᠡᠳᠭᠢᠯ᠎ᠢ ᠤᠮᠳᠠᠯᠠᠵᠤ ᠲᠠᠮᠢᠷ᠎ᠢ ᠱᠢᠮᠡᠵᠢᠬᠦᠯᠵᠦ᠍᠂ ᠬᠡᠪ ᠰᠤᠷᠳᠠᠯ᠎ᠢ ᠬᠦᠳᠦᠯᠦᠨ ᠲᠠᠭᠠᠭᠤᠯᠵᠤ᠂ ᠦᠨᠡᠨ ᠰᠠᠢᠨ ᠰᠠᠢᠬᠠᠨ ᠬᠦᠮᠦᠨ᠎ᠢ ᠬᠦᠮᠦᠵᠢᠬᠦᠯᠬᠦ᠌᠎ᠳᠤ ᠲᠤᠯᠢ ᠪᠤᠯᠳᠠᠭ᠃ ᠦᠨᠦᠳᠦᠷ ᠪᠢᠳᠡ 《ᠰᠤᠩᠭᠤᠳᠠᠭ ᠪᠦᠳᠦᠬᠡᠯ · ᠦᠬᠦᠯᠡᠬᠦᠢ》 ᠤᠨᠴᠠ ᠤᠬᠠᠭᠠᠯᠠᠯ ᠮᠡᠳᠡᠬᠡᠯᠡᠯ᠎ᠢ ᠪᠡᠯᠡᠳᠭᠡᠵᠦ᠍᠂ ᠮᠠᠨ᠎ᠤ ᠤᠷᠤᠨ᠎ᠤ ᠬᠡᠰᠡᠭ ᠵᠤᠬᠢᠶᠠᠯᠴᠢ ᠱᠢᠬᠦᠮᠵᠢᠯᠡᠭ᠌ᠴᠢ᠎ᠶ᠋ᠢᠨ 《ᠰᠤᠩᠭᠤᠳᠠᠭ ᠪᠦᠳᠦᠬᠡᠯ》 ᠎ᠤᠨ ᠲᠤᠬᠠᠢ ᠦᠵᠡᠯᠳᠡ ᠤᠢ᠍ᠢᠯᠠᠭᠠᠯᠳᠠ ᠲᠦᠷᠦᠭ᠌ᠳᠡᠯ᠎ᠠᠴᠠ ᠤᠯᠠᠨ᠎ᠲᠠᠢ ᠬᠤᠪᠢᠶᠠᠯᠴᠠᠵᠦ᠍ ᠪᠠᠢᠨᠠᠮ!




    ᠬᠠᠢᠷᠬᠠᠨ᠄ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠫᠷᠦᠹᠧᠰᠰᠤᠷ᠂ ᠳ᠋ᠤᠺᠲ᠋ᠤᠷᠠᠨᠲ᠎ᠤᠨ ᠵᠢᠯᠤᠭᠤᠳᠤᠭ᠍ᠴᠢ ᠪᠠᠭ᠍ᠰᠢ᠃ ᠪᠧᠯᠬᠢ ᠤᠯᠤᠰ᠎ᠤᠨ ᠯᠸᠤᠸᠢᠨ ᠶᠡᠭᠡ ᠰᠤᠷᠭᠠᠭᠤᠯᠢ᠎ᠶ᠋ᠢᠨ ᠳ᠋ᠣᠺᠲ᠋ᠣᠷᠠᠨᠲ᠎ᠤᠨ ᠵᠢᠯᠤᠭᠤᠳᠤᠭ᠍ᠴᠢ ᠪᠠᠭ᠍ᠰᠢ᠃ 《ᠬᠤᠯᠠ᠎ᠶ᠋ᠢᠨ ᠴᠠᠰᠤᠳᠠᠢ ᠠᠭᠤᠯᠠ》᠂ 《ᠠᠷᠢᠭ ᠤᠰᠤᠨ᠎ᠤ ᠴᠠᠭᠠᠨ ᠲᠤᠭᠤᠷᠤᠤ》᠂ 《ᠠᠭ᠍ᠯᠠᠭ᠎ᠤᠨ ᠦᠨᠳᠦᠷ》 ᠵᠡᠷᠬᠡ ᠱᠢᠯᠦᠭ᠎ᠤᠨ ᠳᠡᠬᠦᠪᠦᠷᠢ᠂ 《ᠱᠢᠨ᠎ᠡ ᠡᠷᠢᠨ᠎ᠤ ᠮᠤᠩᠭᠤᠯ ᠱᠢᠯᠦᠭ᠎ᠲᠠᠬᠢ ᠤᠳᠤᠬᠢᠴᠢ ᠤᠷᠤᠰᠭᠠᠯ ᠪᠦᠯᠦᠭ》᠂ 《ᠤᠤᠭᠠᠯ ᠰᠤᠶᠤᠯ᠎ᠤᠨ ᠱᠢᠯᠦᠭ ᠵᠦᠢ》᠂ 《ᠤᠳᠤ ᠦᠶ᠎ᠡ᠎ᠶ᠋ᠢᠨ ᠮᠤᠩᠭᠤᠯ ᠱᠢᠯᠦᠭ᠎ᠤᠨ ᠶᠡᠷᠦᠩᠭᠡᠢᠯᠡᠭ᠌ᠰᠡᠨ ᠰᠤᠳᠤᠯᠤᠯ》 ᠵᠡᠷᠭᠡ ᠱᠢᠯᠦᠭ ᠵᠦᠢ᠎ᠶ᠋ᠢᠨ ᠰᠣᠳᠣᠯᠭᠠᠨ᠎ᠤ ᠪᠦᠳᠦᠬᠡᠯ᠎ᠲᠠᠢ᠃ ᠦᠪᠡᠷᠳᠡᠭᠡᠨ ᠵᠠᠰᠠᠬᠤ ᠤᠷᠤᠨ᠎ᠤ 《ᠰᠤᠯᠤᠩᠭ᠎ᠠ ᠱᠠᠩᠨᠠᠯ》᠂ ᠤᠳᠭ᠎ᠠ ᠵᠤᠬᠢᠶᠠᠯ᠎ᠤᠨ 《ᠳᠤᠷᠤᠨ᠎ᠠ ᠱᠠᠩᠨᠠᠯ》 ᠪᠠ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶ᠋ᠢᠨ ᠵᠠᠬᠢᠷᠤᠯ᠎ᠤᠨ 《ᠡᠷᠳᠡᠮ᠎ᠢ ᠬᠦᠬᠢᠬᠦᠯᠬᠦ᠌ ᠱᠠᠩᠨᠠᠯ》 ᠵᠡᠷᠬᠡ᠎ᠶ᠋ᠢ ᠲᠤᠰᠴᠦ᠍ ᠦᠡᠭ᠌ᠬᠡᠷᠡᠵᠡᠢ᠃


    ᠰᠤᠩᠭᠤᠳᠠᠭ ᠬᠢᠬᠡᠳ ᠰᠤᠩᠭᠤᠳᠠᠬ᠍ᠵᠢᠭᠤᠯᠤᠯ᠎ᠤᠨ ᠠᠰᠠᠭᠤᠳᠠᠯ᠎ᠳᠤ

                     ● ᠬᠠᠢᠷᠬᠠᠨ

   ᠰᠤᠩᠭᠤᠳᠠᠭ ᠭᠡᠳᠡᠭ ᠤᠬᠠᠭ᠍ᠳᠠᠬᠤᠨ᠎ᠢ ᠠᠩᠭ᠌ᠯᠢ᠎ᠪᠠᠷ 《ᠺᠠᠨᠤᠨ》 ᠭᠡᠵᠦ᠍᠂ ᠬᠢᠳᠡᠳ᠎ᠢᠶᠠᠷ 《经典》 ᠭᠡᠳᠡᠭ᠃ ᠠᠯᠢ ᠠᠯᠢ᠎ᠨᠢ ᠴᠤ᠌ ᠱᠠᠱᠢᠨ᠂ ᠡᠷᠭᠡ ᠰᠦᠷ ᠬᠢᠭᠡᠳ ᠰᠤᠳᠤᠷ ᠪᠢᠴᠢᠭ᠎ᠲᠠᠢ ᠬᠤᠯᠪᠤᠭ᠎ᠠ᠎ᠲᠠᠢ᠃ ᠤᠷᠠᠨ ᠵᠤᠬᠢᠶᠠᠯ ᠳᠤᠮᠳᠠᠬᠢ 《ᠰᠤᠩᠭᠤᠳᠠᠭ》 ᠭᠡᠬᠦ᠌ ᠤᠬᠠᠭ᠍ᠳᠠᠬᠤᠨ᠎ᠨᠢ ᠠᠯᠢ ᠡᠷᠳᠡᠨ᠎ᠤ ᠫᠯᠠᠲ᠋ᠤ᠋᠂ ᠠᠷᠢᠰᠲ᠋ᠤᠲ᠋ᠧᠯ ᠬᠢᠭᠡᠳ ᠺᠦᠩᠽᠢ ᠨᠠᠷ᠎ᠤᠨ ᠲᠢᠭ ᠰᠲ᠋ᠢᠯᠢ ᠪᠤᠶᠤ ᠤᠷᠠᠨ ᠪᠦᠳᠦᠭᠡᠯ᠎ᠢ ᠰᠤᠩᠭᠤᠳᠠᠭ᠍ᠵᠢᠭᠤᠯᠬᠤ ᠠᠵᠢᠯᠯᠠᠭ᠎ᠠ᠎ᠯᠤᠭ᠎ᠠ ᠬᠤᠯᠪᠤᠭ᠎ᠠ᠎ᠲᠠᠢ᠃ ᠭᠡᠪᠡᠴᠤ᠌ ᠡᠬᠦᠨ᠎ᠤ ᠳᠡᠦᠭᠡ ᠭᠠᠷᠤᠯ᠎ᠢ ᠠᠳᠡ ᠳᠡᠯᠭᠡᠨ ᠦᠬᠦᠯᠡᠬᠦ᠌ ᠰᠠᠨᠠᠭ᠎ᠠ ᠦᠭᠡᠢ᠂ ᠰᠤᠨᠢᠷᠬᠠᠯᠳᠠᠢ ᠨᠦᠬᠦᠳ ᠯᠢᠤ ᠢ ᠴᠢᠩ᠎ᠤᠨ 《ᠰᠤᠩᠭᠤᠳᠠᠭ》᠂ ᠯᠢᠤ ᠱᠢᠶᠤᠤ ᠱᠢᠨ᠎ᠤ 《ᠰᠤᠩᠭᠤᠳᠠᠭ》᠂ ᠪᠤᠶᠠᠨᠳᠤᠭ᠍ᠳᠠᠬᠤ᠂ ᠶ᠊ ᠳᠡᠮᠦᠷᠵᠢᠨ ᠨᠠᠷ᠎ᠤᠨ ᠮᠤᠩᠭᠤᠯ ᠤᠷᠠᠨ ᠵᠤᠬᠢᠶᠠᠯ᠎ᠤᠨ ᠰᠤᠩᠭᠤᠳᠠᠭ᠍ᠵᠢᠯ᠎ᠤᠨ ᠠᠰᠠᠭᠤᠳᠠᠯ᠎ᠤᠨ ᠳᠤᠬᠠᠢ ᠦᠬᠦᠯᠡᠯ᠂ ᠬᠠᠷᠤᠯᠳ᠋ · ᠪᠯᠦᠮ᠎ᠤᠨ 《ᠦᠷᠦᠨᠡᠳᠡᠬᠢᠨ᠎ᠤ ᠳᠦᠪ ᠰᠤᠳᠤᠷ》᠂ F.R. ᠯᠸᠧᠢᠰ᠎ᠤᠨ 《ᠠᠭᠤᠤ ᠶᠡᠭᠡ ᠤᠯᠠᠮᠵᠢᠯᠠᠯ》 ᠵᠡᠷᠭᠡ ᠨᠤᠮ᠎ᠢ ᠡᠷᠢᠵᠤ ᠤᠩᠱᠢᠭᠠᠷᠠᠢ᠃
    ᠤᠷᠠᠨ ᠵᠤᠬᠢᠶᠠᠯ᠎ᠤᠨ 《ᠰᠤᠩᠭᠤᠳᠠᠭ》 ᠭᠡᠳᠡᠭ᠎ᠨᠢ ᠭᠡᠳᠦᠨ ᠳᠠᠯᠳᠠ ᠤᠳᠭ᠎ᠠ᠎ᠶ᠋ᠢ ᠨᠢᠭᠤᠴᠠᠯᠠᠵᠤ ᠪᠠᠢᠳᠠᠭ᠃ ᠨᠢᠭᠡ᠎ᠨᠢ᠂ ᠤᠷᠠᠯᠢᠭ᠎ᠤᠨ ᠤᠷᠭᠠᠨᠢᠭ ᠴᠤᠭ᠍ᠴᠠ᠎ᠪᠠᠷ ᠤᠯᠠᠨ᠎ᠠᠴᠠ ᠴᠤᠯᠭᠤᠷᠠᠭ᠍ᠰᠠᠨ; ᠬᠤᠶᠡᠷ᠎ᠲᠤ᠌᠂ ᠡᠷᠭᠡ ᠰᠦᠷᠳᠤ ᠴᠢᠨᠠᠷ᠎ᠲᠠᠢ᠂ ᠦᠶ᠎ᠡ ᠦᠶ᠎ᠡ᠎ᠶ᠋ᠢᠨ ᠡᠷᠳᠡᠮᠳᠡᠨ ᠮᠡᠷᠭᠡᠵᠢᠯᠳᠡᠳ ᠬᠢᠭᠡᠳ ᠠᠯᠪᠠᠨ᠎ᠤ ᠳᠠᠯ᠎ᠠ᠎ᠶ᠋ᠢᠨ ᠨᠤᠳᠠᠯᠠᠯ ᠰᠠᠢᠱᠢᠶᠠᠯ᠎ᠢ ᠤᠯᠤᠭ᠍ᠰᠠᠨ; ᠭᠤᠷᠪᠠ᠂ ᠰᠡᠵᠢᠭ᠌ᠯᠡᠵᠦ᠍ ᠪᠤᠯᠤᠰᠢ ᠦᠭᠡᠢ ᠱᠢᠨᠵᠢ᠎ᠲᠠᠢ᠂ ᠤᠷᠠᠨ ᠵᠤᠬᠢᠶᠠᠯ᠎ᠤᠨ ᠪᠠᠢᠷᠢ ᠰᠠᠭᠤᠷᠢ᠎ᠨᠢ ᠤᠩᠭᠤᠨ ᠳᠠᠷᠬᠠᠨ᠃
    ᠤᠷᠠᠨ ᠵᠤᠬᠢᠶᠠᠯ᠎ᠤᠨ ᠳᠡᠦᠭᠡᠨ᠎ᠳᠤ ᠶᠠᠷᠢᠶᠠᠨ ᠦᠭᠡᠢ ᠰᠤᠩᠭᠤᠳᠠᠭ — ᠰᠤᠩᠭᠤᠳᠠᠭ ᠪᠦᠳᠦᠭᠡᠯ ᠪᠠ ᠰᠤᠩᠭᠤᠳᠠᠭ ᠵᠤᠬᠢᠶᠠᠯᠴᠢ ᠤᠷᠤᠱᠢᠨ᠎ᠠ᠃ ᠤᠷᠪᠠᠭᠤᠯᠤᠭᠠᠳ ᠭᠡᠯᠡᠪᠡᠯ ᠤᠷᠠᠨ ᠵᠤᠬᠢᠶᠠᠯ᠎ᠤᠨ ᠳᠡᠦᠭᠡ ᠪᠤᠯ ᠳᠠᠷᠤᠢ ᠶᠡᠭᠡᠪᠴᠢᠯᠡᠨ ᠰᠤᠩᠭᠤᠳᠠᠭ ᠪᠦᠳᠦᠭᠡᠯ ᠪᠠ ᠰᠤᠩᠭᠤᠳᠠᠭ ᠵᠤᠬᠢᠶᠠᠯᠴᠢ᠎ᠶ᠋ᠢᠨ ᠳᠡᠦᠭᠡ ᠶᠤᠮ᠃ ᠰᠤᠩᠭᠤᠳᠠᠭ ᠪᠦᠳᠦᠭᠡᠯ᠂ ᠰᠤᠩᠭᠤᠳᠠᠭ ᠵᠤᠬᠢᠶᠠᠯᠴᠢ ᠦᠭᠡᠢ ᠤᠷᠠᠨ ᠵᠤᠬᠢᠶᠠᠯ᠎ᠤᠨ ᠳᠡᠦᠭᠡ᠎ᠶ᠋ᠢ ᠰᠡᠳᠭᠢᠬᠦ᠌᠎ᠶ᠋ᠢᠨ ᠠᠷᠭ᠎ᠠ ᠦᠭᠡᠢ᠃ ᠠᠰᠠᠭᠤᠳᠠᠯ᠎ᠤᠨ ᠠᠨᠢᠰᠤ᠎ᠨᠢ 《ᠰᠤᠩᠭᠤᠳᠠᠭ》 ᠎ᠢ ᠭᠡᠷᠬᠢᠨ ᠬᠢᠨᠠᠨ ᠳᠤᠭ᠍ᠳᠠᠭᠠᠬᠤ᠎ᠳᠤ ᠪᠤᠢ᠃ ᠶᠠᠮᠠᠷ 《ᠪᠠᠷᠢᠮᠵᠢᠶ᠎ᠡ》 ᠎ᠪᠠᠷ᠂ 《ᠭᠡᠨ》 (ᠪᠠᠢᠭᠤᠯᠤᠮᠵᠢ)᠂ 《ᠭᠡᠷᠬᠢᠨ》 (ᠠᠷᠭ᠎ᠠ ᠭᠡᠮᠵᠢᠶ᠎ᠡ) ᠬᠢᠨᠠᠨ ᠳᠤᠭ᠍ᠳᠠᠭᠠᠭ᠍ᠰᠠᠨ ᠭᠡᠳᠡᠭ᠎ᠨᠢ ᠴᠢᠬᠤᠯᠠ᠃
    ᠤᠷᠠᠨ ᠵᠤᠬᠢᠶᠠᠯ᠎ᠤᠨ ᠰᠤᠩᠭᠤᠳᠠᠭ᠎ᠤᠨ 《ᠪᠠᠷᠢᠮᠵᠢᠶ᠎ᠡ》 ᠎ᠳᠤ ᠬᠠᠮᠤᠭ᠎ᠤᠨ ᠴᠢᠬᠤᠯᠠ᠎ᠨᠢ ᠭᠤᠸ᠎ᠠ ᠵᠦᠢ᠎ᠶ᠋ᠢᠨ ᠪᠠᠷᠢᠮᠵᠢᠶ᠎ᠡ᠂ ᠳᠠᠷᠤᠢ ᠤᠷᠠᠯᠢᠭ᠎ᠤᠨ ᠤᠷᠭᠠᠨᠢᠭ ᠴᠤᠭ᠍ᠴᠠ᠎ᠶ᠋ᠢᠨ 《ᠴᠤᠯᠭᠤᠷᠠᠭ᠍ᠰᠠᠨ ᠱᠢᠨᠵᠢ》 ᠪᠤᠯᠤᠨ᠎ᠠ᠃ ᠦᠷᠦᠨᠡᠳᠡᠬᠢᠨ᠎ᠤ 《ᠬᠤᠮᠧᠷ᠎ᠤᠨ ᠳᠤᠤᠯᠢᠰ》᠂ 《ᠳᠡᠭ᠌ᠷᠢᠯᠢᠭ ᠳᠤᠤᠯᠢᠰ》᠂ ᠱᠧᠺᠧᠰᠫᠧᠷ᠎ᠤᠨ ᠵᠦᠴᠦᠭᠡ᠂ ᠭᠤᠢᠲ᠋ᠧ᠎ᠤᠨ 《ᠹᠠᠦ᠋ᠰᠲ》; ᠬᠢᠳᠡᠳ ᠦᠨᠳᠦᠰᠦᠳᠡᠨ᠎ᠤ ᠴᠢᠦᠢ ᠶᠤᠸᠠᠨ᠂ ᠯᠢ ᠪᠠᠢ᠂ ᠳ᠋ᠦ᠋ ᠹᠦ᠋ ᠨᠠᠷ᠎ᠤᠨ ᠱᠢᠯᠦᠭ᠂ ᠼᠤᠤ ᠱᠢᠤᠸᠠᠢ ᠴᠢᠨ᠎ᠤ 《ᠤᠯᠠᠭᠠᠨ ᠠᠰᠠᠷ᠎ᠤᠨ ᠵᠡᠬᠦᠳᠦᠨ》; ᠮᠤᠩᠭᠤᠯ ᠦᠨᠳᠦᠰᠦᠳᠡᠨ᠎ᠤ     《ᠵᠠᠩᠭᠠᠷ》᠂ 《ᠭᠡᠰᠡᠷ》᠂ 《ᠮᠤᠩᠭᠤᠯ᠎ᠤᠨ ᠨᠢᠭᠤᠴᠠ ᠳᠤᠪᠴᠢᠶᠠᠨ》᠂ ᠢᠨᠵᠠᠨᠨᠠᠰᠢ᠎ᠶ᠋ᠢᠨ 《ᠬᠦᠭᠡ ᠰᠤᠳᠤᠷ》᠂ 《ᠨᠢᠭᠡᠨ ᠳᠠᠪᠬᠤᠷ ᠠᠰᠠᠷ》 ᠎ᠤᠨ ᠴᠤᠯᠭᠤᠷᠠᠭ᠍ᠰᠠᠨ ᠱᠢᠨᠵᠢ᠎ᠨᠢ ᠰᠡᠵᠢᠭ᠌ᠯᠡᠰᠢ ᠦᠭᠡᠢ ᠭᠡᠳᠡᠭ; ᠬᠤᠶᠠᠳᠤᠭᠠᠷ ᠪᠠᠷᠢᠮᠵᠢᠶ᠎ᠡ᠎ᠨᠢ ᠴᠠᠭ ᠦᠶ᠎ᠡ᠎ᠶ᠋ᠢᠨ (ᠳᠡᠦᠭᠡᠨ) ᠱᠢᠯᠭᠠᠯᠳᠠ᠎ᠶ᠋ᠢ ᠳᠠᠭᠠᠭᠠᠭ᠍ᠰᠠᠨ ᠱᠢᠨᠵᠢ᠎ᠲᠠᠢ ᠪᠠᠢᠬᠤ᠃ ᠨᠢᠭᠡᠨ ᠦᠶ᠎ᠡ᠎ᠶ᠋ᠢᠨ ᠴᠤᠤᠳᠤ ᠪᠦᠳᠦᠭᠡᠯ᠎ᠨᠢ ᠭᠡᠳᠦᠨ ᠠᠷᠪᠠᠨ ᠵᠢᠯ᠎ᠤᠨ ᠳᠠᠷᠠᠭ᠎ᠠ ᠪᠤᠶᠤ ᠭᠡᠳᠦᠨ ᠵᠠᠭᠤᠨ ᠵᠢᠯ᠎ᠤᠨ ᠳᠠᠷᠠᠭ᠎ᠠ ᠳᠠᠭ ᠴᠢᠮᠡᠭᠡ ᠦᠭᠡᠢ ᠪᠤᠯᠵᠤ ᠳᠡᠦᠭᠡᠨ ᠳᠤᠭᠤᠰᠤᠨ᠎ᠳᠤ ᠳᠠᠷᠤᠭ᠍ᠳᠠᠴᠢᠬᠠᠳᠠᠭ᠃ ᠤᠯᠠᠩᠬᠢ ᠳᠡᠯᠭᠡᠷᠡᠮᠡᠯ ᠵᠤᠬᠢᠶᠠᠯ᠂ ᠬᠢᠯᠪᠠᠷᠴᠢᠯᠠᠭ᠍ᠰᠠᠨ ᠪᠦᠳᠦᠭᠡᠯ ᠪᠤᠶᠤ ᠠᠯᠪᠠᠨ᠎ᠤ ᠳᠠᠯ᠎ᠠ᠎ᠠᠴᠠ 《ᠵᠤᠷᠢᠭᠤᠳᠠ ᠳᠠᠷᠬᠠᠨᠴᠢᠯᠠᠭ᠍ᠰᠠᠨ》 ᠪᠦᠳᠦᠭᠡᠯ᠎ᠨᠢ ᠡᠢᠮᠦᠷᠬᠦᠦ 《ᠴᠤᠤᠳᠤ     ᠪᠦᠳᠦᠭᠡᠯ》 ᠪᠠᠢᠳᠠᠭ᠃ ᠠᠩᠭ᠌ᠯᠢ᠎ᠶ᠋ᠢᠨ ᠨᠡᠷᠡᠳᠤ ᠱᠢᠬᠦᠮᠵᠢᠯᠡᠭ᠌ᠴᠢ ᠰᠠᠮᠢᠤᠯ · ᠵᠤᠨᠰᠤᠨ᠎ᠤ ᠦᠵᠡᠬᠦ᠌᠎ᠪᠠᠷ ᠰᠤᠩᠭᠤᠳᠠᠭ ᠪᠦᠳᠦᠭᠡᠯ᠎ᠨᠢ ᠬᠠᠮᠤᠭ᠎ᠤᠨ ᠨᠠᠭᠠᠳᠤ ᠵᠠᠬ᠎ᠠ᠎ᠨᠢ ᠵᠠᠭᠤᠨ ᠵᠢᠯ᠎ᠤᠨ ᠱᠢᠯᠭᠠᠯᠳᠠ᠎ᠶ᠋ᠢ ᠳᠠᠭᠠᠭᠠᠬᠤ ᠭᠡᠷᠡᠭ᠌ᠳᠡᠢ᠃ ᠦᠭᠡᠷ᠎ᠡ᠎ᠪᠠᠷ ᠭᠡᠯᠡᠪᠡᠯ᠂ ᠪᠦᠳᠦᠭᠡᠯ ᠨᠡᠢᠳᠡᠯᠡᠭ᠌ᠳᠡᠭ᠌ᠰᠡᠨ᠎ᠤ ᠵᠠᠭᠤᠨ ᠵᠢᠯ᠎ᠤᠨ ᠳᠠᠷᠠᠭ᠎ᠠ ᠴᠤ᠌ ᠬᠦᠮᠦᠰ᠎ᠤᠨ ᠬᠠᠯᠠᠭᠤᠨ ᠰᠡᠳᠭᠢᠯ ᠪᠠᠭᠤᠷᠠᠭ᠎ᠠ ᠦᠭᠡᠢ᠂ ᠳᠠᠰᠤᠷᠠᠯᠳᠠ ᠦᠭᠡᠢ ᠰᠤᠳᠤᠯᠤᠨ ᠶᠠᠷᠢᠯᠴᠠᠵᠤ ᠤᠩᠱᠢᠵᠤ ᠪᠠᠢᠬᠤ ᠭᠡᠷᠡᠭ᠌ᠳᠡᠢ ᠭᠡᠨ᠎ᠡ; ᠭᠤᠷᠪᠠᠳᠤᠭᠠᠷ ᠪᠠᠷᠢᠮᠵᠢᠶ᠎ᠡ᠎ᠨᠢ ᠤᠷᠤᠨ᠎ᠢ ᠳᠠᠪᠠᠭ᠍ᠰᠠᠨ ᠪᠠᠷᠢᠮᠵᠢᠶ᠎ᠡ᠃ ᠵᠢᠩᠬᠢᠨᠢ ᠰᠤᠩᠭᠤᠳᠠᠭ ᠪᠦᠳᠦᠭᠡᠯ᠎ᠨᠢ ᠳᠡᠦᠭᠡᠨ ᠱᠢᠯᠭᠠᠯᠳᠠ᠎ᠶ᠋ᠢ ᠳᠠᠭᠠᠭᠠᠬᠤ᠎ᠪᠠᠷ ᠪᠠᠷᠠᠬᠤ ᠦᠭᠡᠢ᠂ ᠤᠯᠤᠰ ᠦᠨᠳᠦᠰᠦᠳᠡᠨ᠎ᠤ ᠬᠢᠵᠠᠭᠠᠷ᠎ᠢ ᠳᠠᠪᠠᠵᠤ ᠪᠦᠬᠦ᠌ ᠬᠦᠮᠦᠨ ᠳᠦᠷᠦᠯᠬᠢᠳᠡᠨ᠎ᠳᠤ ᠬᠦᠯᠢᠶᠡᠭ᠌ᠳᠡᠬᠦ᠌ 《ᠳᠦᠭᠡᠮᠡᠯ ᠱᠢᠨᠵᠢ》 ᠎ᠲᠠᠢ ᠪᠠᠢᠬᠤ ᠭᠡᠷᠡᠭ᠌ᠳᠡᠢ᠂ ᠳᠠᠩ ᠭᠠᠭ᠍ᠴᠠ ᠶᠠᠮᠠᠷ ᠨᠢᠭᠡᠨ ᠦᠨᠳᠦᠰᠦᠳᠡᠨ᠎ᠳᠤ ᠳᠤᠬᠢᠷᠠᠳᠠᠭ 《ᠰᠤᠩᠭᠤᠳᠠᠭ ᠪᠦᠳᠦᠭᠡᠯ》 ᠎ᠨᠢ ᠵᠢᠩᠬᠢᠨᠢ ᠶᠤᠰᠤᠨ᠎ᠤ ᠰᠤᠩᠭᠤᠳᠠᠭ ᠪᠦᠳᠦᠭᠡᠯ ᠪᠢᠰᠢ ᠪᠠᠢᠯᠳᠠᠢ᠃
    ᠬᠤᠶᠠᠳᠤᠭᠠᠷ ᠳᠤᠮᠤ ᠠᠰᠠᠭᠤᠳᠠᠯ ᠪᠤᠯ 《ᠭᠡᠨ》 (ᠪᠠᠢᠭᠤᠯᠤᠮᠵᠢ) ᠬᠢᠨᠠᠨ ᠳᠤᠭ᠍ᠳᠠᠭᠠᠬᠤ ᠪᠤᠢ ᠭᠡᠳᠡᠭ ᠠᠰᠠᠭᠤᠳᠠᠯ ᠪᠤᠯᠤᠨ᠎ᠠ᠃ ᠡᠬᠦᠨ᠎ᠳᠤ ᠭᠤᠤᠯᠳᠠᠭᠤ ᠬᠤᠶᠡᠷ ᠳᠤᠮᠤ ᠬᠦᠴᠦᠨ ᠵᠦᠢᠯ ᠤᠷᠤᠱᠢᠨ᠎ᠠ᠃ ᠨᠢᠭᠡ᠎ᠨᠢ᠂ ᠮᠡᠳᠡᠯᠭᠡ᠎ᠶ᠋ᠢᠨ ᠡᠷᠭᠡ ᠰᠦᠷᠳᠡᠨ — ᠮᠡᠷᠭᠡᠵᠢᠯ᠎ᠤᠨ ᠳᠠᠷᠬᠠᠳ ᠬᠢᠨᠠᠨ ᠳᠤᠭ᠍ᠳᠠᠭᠠᠨ᠎ᠠ; ᠬᠤᠶᠡᠷ᠎ᠨᠢ᠂ ᠪᠠᠢᠭᠤᠯᠤᠮᠵᠢ᠎ᠶ᠋ᠢᠨ ᠡᠷᠭᠡ ᠰᠦᠷᠳᠡᠨ — ᠠᠯᠪᠠᠨ ᠵᠠᠰᠠᠭ᠎ᠠᠴᠠ ᠬᠢᠨᠠᠨ ᠳᠤᠭ᠍ᠳᠠᠭᠠᠨ᠎ᠠ᠃ ᠤᠯᠠᠩᠬᠢ ᠪᠠᠢᠳᠠᠯ᠎ᠳᠤ ᠳᠡᠭᠡᠷᠡᠬᠢ ᠬᠤᠶᠡᠷ ᠬᠦᠴᠦᠨ᠎ᠢ ᠢᠯᠭᠠᠨ ᠰᠠᠯᠭᠠᠬᠤ᠎ᠳᠤ ᠬᠦᠴᠢᠷᠳᠡᠢ᠃ ᠳᠠᠩ ᠭᠠᠭ᠍ᠴᠠ ᠠᠯᠪᠠᠨ ᠵᠠᠰᠠᠭ᠎ᠠᠴᠠ ᠬᠢᠨᠠᠨ ᠳᠤᠭ᠍ᠳᠠᠭᠠᠭ᠍ᠰᠠᠨ      《ᠰᠤᠩᠭᠤᠳᠠᠭ》 ᠪᠦᠳᠦᠭᠡᠯ᠎ᠨᠢ ᠮᠡᠷᠭᠡᠵᠢᠯ᠎ᠤᠨ ᠳᠠᠷᠬᠠᠳ᠎ᠤᠨ ᠵᠦᠪᠱᠢᠶᠡᠷᠡᠯ᠎ᠢ ᠤᠯᠬᠤ ᠦᠭᠡᠢ ᠪᠤᠯ ᠠᠶᠠᠨᠳᠠᠭᠠᠨ ᠳᠡᠦᠭᠡᠨ ᠳᠠᠢᠰᠠᠨ᠎ᠠᠴᠠ ᠠᠷᠢᠯᠵᠤ ᠤᠳᠤᠭ᠎ᠠ ᠳᠤᠭᠤᠰᠤ ᠪᠤᠯᠤᠨ᠎ᠠ᠃
    ᠭᠤᠷᠪᠠᠳᠤᠭᠠᠷ᠎ᠨᠢ 《ᠭᠡᠷᠬᠢᠨ》 (ᠠᠷᠭ᠎ᠠ ᠭᠡᠮᠵᠢᠶ᠎ᠡ) ᠬᠢᠨᠠᠨ ᠳᠤᠭ᠍ᠳᠠᠭᠠᠭ᠍ᠰᠠᠨ ᠭᠡᠳᠡᠭ ᠠᠰᠠᠭᠤᠳᠠᠯ᠂ ᠳᠠᠷᠤᠢ ᠰᠤᠩᠭᠤᠳᠠᠭ᠍ᠵᠢᠭᠤᠯᠤᠯ᠎ᠤᠨ ᠠᠵᠢᠯᠯᠠᠭ᠎ᠠ᠎ᠶ᠋ᠢᠨ ᠠᠰᠠᠭᠤᠳᠠᠯ ᠪᠤᠯᠤᠨ᠎ᠠ᠃ ᠬᠠᠮᠤᠭ᠎ᠤᠨ ᠦᠷ᠎ᠡ ᠪᠦᠳᠦᠮᠵᠢ᠎ᠲᠠᠢ᠎ᠨᠢ ᠤᠷᠠᠨ ᠵᠤᠬᠢᠶᠠᠯ᠎ᠤᠨ ᠳᠡᠦᠭᠡ᠎ᠪᠠᠷ ᠳᠠᠷᠬᠠᠯᠠᠬᠤ ᠠᠷᠭ᠎ᠠ᠃ ᠡᠬᠦᠨ᠎ᠢ 《ᠳᠡᠦᠭᠡᠴᠢᠯᠡᠨ ᠳᠠᠷᠬᠠᠯᠠᠬᠤ ᠠᠷᠭ᠎ᠠ》 ᠭᠡᠮᠡᠨ ᠨᠡᠷᠡᠢᠳᠴᠤ᠌ ᠪᠤᠯᠤᠨ᠎ᠠ᠃ ᠳᠡᠦᠭᠡᠴᠢᠯᠡᠨ ᠳᠠᠷᠬᠠᠯᠠᠬᠤ ᠠᠷᠭ᠎ᠠ᠎ᠨᠢ ᠶᠡᠭᠡ ᠳᠦᠯᠦᠪ ᠭᠤᠷᠪᠠᠨ ᠠᠯᠬᠤᠮ᠎ᠢᠶᠠᠷ ᠪᠡᠶᠡᠯᠡᠭ᠌ᠳᠡᠨ᠎ᠡ᠃ ᠶᠠᠭᠤᠨ᠎ᠤ ᠡᠮᠦᠨ᠎ᠡ ᠰᠤᠳᠤᠯᠤᠨ ᠱᠢᠬᠦᠮᠵᠢᠯᠡᠵᠦ᠍᠂ ᠳᠠᠷᠠᠭ᠎ᠠ᠎ᠨᠢ ᠤᠷᠠᠨ ᠵᠤᠬᠢᠶᠠᠯ᠎ᠤᠨ ᠳᠡᠦᠭᠡ᠎ᠳᠤ ᠳᠠᠷᠬᠠᠯᠠᠨ ᠤᠷᠤᠭᠤᠯᠵᠤ᠂ ᠭᠤᠳᠠᠭᠠᠷ᠎ᠲᠤ ᠶᠡᠭᠡ ᠰᠤᠷᠭᠠᠭᠤᠯᠢ᠎ᠶ᠋ᠢᠨ ᠰᠤᠷᠬᠤ ᠪᠢᠴᠢᠭ ᠪᠤᠯᠭᠠᠵᠤ ᠰᠤᠩᠭᠤᠳᠠᠭ ᠪᠠᠢᠷᠢ ᠰᠠᠭᠤᠷᠢ᠎ᠶ᠋ᠢ᠎ᠨᠢ ᠳᠤᠭ᠍ᠳᠠᠭᠠᠬᠤ᠃ ᠡᠬᠦᠨ᠎ᠠᠴᠠ ᠭᠠᠳᠠᠨ᠎ᠠ᠂ 《ᠡᠷᠭᠡ ᠰᠦᠷᠳᠤ ᠰᠤᠩᠭᠤᠮᠠᠯ᠎ᠳᠤ ᠤᠷᠤᠭᠤᠯᠬᠤ ᠠᠷᠭ᠎ᠠ》᠂ 《ᠱᠠᠩᠨᠠᠨ ᠬᠦᠬᠢᠬᠦᠯᠬᠦ᠌ ᠠᠷᠭ᠎ᠠ》᠂ 《ᠪᠠᠭ᠎ᠠ ᠳᠤᠮᠳᠠᠳᠤ ᠰᠤᠷᠭᠠᠭᠤᠯᠢ᠎ᠶ᠋ᠢᠨ ᠰᠤᠷᠬᠤ ᠪᠢᠴᠢᠭ᠎ᠲᠤ ᠤᠷᠤᠭᠤᠯᠬᠤ ᠠᠷᠭ᠎ᠠ》 ᠭᠡᠬᠦ᠌ ᠮᠡᠳᠦ ᠤᠯᠠᠨ ᠠᠷᠭ᠎ᠠ ᠵᠠᠮ ᠪᠠᠢᠳᠠᠭ᠃
     ᠤᠬᠤᠷᠬᠠᠨ ᠱᠢᠭ᠋ 《ᠴᠠᠭ ᠦᠶᠡᠴᠢᠯᠡᠯ》 ᠎ᠳᠤ ᠠᠪᠴᠤ᠌ ᠦᠵᠡᠪᠡᠯ᠂ 《ᠰᠤᠩᠭᠤᠳᠠᠭ᠍ᠵᠢᠭᠤᠯᠬᠤ》 ᠠᠵᠢᠯᠯᠠᠭ᠎ᠠ᠎ᠨᠢ ᠭᠤᠸ᠎ᠠ ᠵᠦᠢ᠎ᠶ᠋ᠢᠨ ᠪᠤᠰᠤ᠂ ᠤᠷᠠᠯᠢᠭ᠎ᠤᠨ ᠪᠤᠰᠤ᠂ ᠮᠡᠷᠭᠡᠵᠢᠯ᠎ᠤᠨ ᠪᠤᠰᠤ ᠡᠯᠧᠮᠧᠨ᠋ᠲ᠎ᠤᠨ ᠬᠠᠷᠱᠢᠯᠠᠯ᠎ᠳᠤ ᠤᠴᠠᠷᠠᠬᠤ᠎ᠨᠢ ᠯᠠᠪᠳᠠᠢ ᠪᠠᠢᠵᠤ ᠴᠦᠭᠡᠨ ᠪᠤᠰᠤ 《ᠴᠠᠭ ᠦᠶ᠎ᠡ᠎ᠶ᠋ᠢᠨ》 ᠰᠤᠩᠭᠤᠳᠠᠭ ᠪᠤᠶᠤ ᠬᠠᠭᠤᠷᠮᠠᠭ ᠰᠤᠩᠭᠤᠳᠠᠭ — ᠵᠤᠬᠢᠶᠠᠯᠴᠢ ᠪᠠ ᠵᠤᠬᠢᠶᠠᠯ ᠪᠦᠳᠦᠭᠡᠯ᠎ᠢ 《ᠳᠠᠷᠬᠠᠯᠠᠳᠠᠭ》᠃ ᠡᠨᠡ᠎ᠨᠢ ᠳᠡᠯᠡᠭᠡᠢ᠎ᠶ᠋ᠢᠨ ᠤᠷᠠᠨ ᠵᠤᠬᠢᠶᠠᠯ᠎ᠤᠨ ᠳᠡᠦᠭᠡᠨ᠎ᠳᠤ ᠴᠤ᠌ ᠮᠠᠰᠢ ᠳᠦᠭᠡᠮᠡᠯ ᠦᠵᠡᠭ᠌ᠳᠡᠯ᠃ ᠭᠡᠪᠡᠴᠤ᠌ ᠤᠷᠳᠤ 《ᠴᠠᠭ ᠦᠶᠡᠴᠢᠯᠡᠯ》 — ᠭᠡᠳᠦᠨ ᠵᠠᠭᠤᠨ ᠵᠢᠯ᠂ ᠴᠢᠨᠠᠭ᠍ᠰᠢᠯᠠᠨ ᠮᠢᠩᠭᠠᠨ ᠵᠢᠯ᠎ᠢᠶᠠᠷ ᠭᠡᠮᠵᠢᠶᠡᠯᠡᠬᠦ᠌ ᠦᠶ᠎ᠡ᠎ᠳᠤ᠂ 《ᠴᠠᠭ ᠦᠶ᠎ᠡ᠎ᠶ᠋ᠢᠨ》 ᠭᠡᠮᠡᠭ᠌ᠳᠡᠭ᠌ᠰᠡᠨ ᠬᠠᠭᠤᠷᠮᠠᠭ ᠰᠤᠩᠭᠤᠳᠠᠭ᠎ᠨᠢ ᠠᠶᠠᠨᠳᠠᠭᠠᠨ ᠳᠡᠦᠭᠡᠨ ᠱᠢᠭ᠌ᠰᠢᠭᠡᠨ᠎ᠳᠤ ᠬᠠᠶᠠᠭ᠍ᠳᠠᠵᠤ᠂ ᠵᠢᠩᠬᠢᠨᠢ ᠰᠤᠩᠭᠤᠳᠠᠭ᠎ᠨᠢ ᠳᠤᠨᠤᠵᠤ ᠦᠯᠡᠳᠡᠳᠡᠭ᠃ ᠳᠡᠦᠭᠡ᠎ᠶ᠋ᠢᠨ ᠤᠷᠳᠤ ᠬᠠᠷᠠᠭᠠᠯᠠᠯ ᠪᠠ ᠴᠠᠭ ᠦᠶ᠎ᠡ᠎ᠶ᠋ᠢᠨ ᠤᠢᠷ᠎ᠠ ᠬᠠᠷᠠᠭᠠᠯᠠᠯ ᠬᠤᠶᠡᠷ᠎ᠢ ᠳᠤᠬᠢᠷᠠᠮᠵᠢᠳᠠᠢ ᠤᠶᠠᠯᠳᠤᠭᠤᠯᠵᠦ᠍᠂ ᠭᠤᠸ᠎ᠠ ᠰᠠᠢᠬᠠᠨ᠎ᠤ 《ᠪᠢᠯᠢᠭ᠎ᠤᠨ ᠨᠢᠳᠤ》 ᠎ᠪᠠᠷ ᠨᠡᠪᠳᠡ ᠳᠤᠯᠢᠳᠠᠵᠤ ᠴᠢᠳᠠᠪᠠᠯ 《ᠰᠤᠩᠭᠤᠳᠠᠭ》 ᠎ᠢ ᠨᠡᠩ ᠤᠨᠤᠪᠴᠢᠳᠠᠢ ᠡᠵᠡᠮᠳᠡᠵᠦ᠍ ᠴᠢᠳᠠᠨ᠎ᠠ᠃
     1947 ᠤᠨ᠎ᠠᠴᠠ ᠡᠬᠢᠯᠡᠵᠦ᠍ ᠪᠤᠳᠤᠪᠠᠯ᠂ ᠮᠤᠩᠭᠤᠯ ᠦᠨᠳᠦᠰᠦᠳᠡᠨ᠎ᠤ ᠤᠳᠤ ᠦᠶ᠎ᠡ᠎ᠶ᠋ᠢᠨ ᠤᠷᠠᠨ ᠵᠤᠬᠢᠶᠠᠯ ᠳᠠᠯᠠᠨ ᠭᠡᠳᠦᠭᠡᠨ ᠵᠢᠯ᠎ᠤᠨ ᠳᠡᠦᠭᠡ᠎ᠲᠠᠢ ᠪᠤᠯᠵᠤ ᠪᠤᠢ᠃ ᠰᠠᠮᠢᠤᠯ · ᠵᠤᠨᠰᠤᠨ᠎ᠤ 《ᠬᠠᠮᠤᠭ ᠨᠠᠭᠠᠳᠤ ᠵᠠᠬ᠎ᠠ᠎ᠨᠢ ᠵᠠᠭᠤᠨ ᠵᠢᠯ᠎ᠤᠨ ᠱᠢᠯᠭᠠᠯᠳᠠ》 ᠭᠡᠳᠡᠭ ᠪᠠᠷᠢᠮᠵᠢᠶ᠎ᠡ᠎ᠪᠠᠷ ᠭᠡᠮᠵᠢᠪᠡᠯ᠂ ᠦᠨᠦᠳᠦᠷ ᠪᠢᠳᠡ ᠤᠳᠤ ᠦᠶ᠎ᠡ᠎ᠶ᠋ᠢᠨ 《ᠰᠤᠩᠭᠤᠳᠠᠭ》 ᠎ᠢ ᠶᠠᠷᠢᠯᠴᠠᠬᠤ ᠴᠠᠭ ᠬᠤᠭᠤᠴᠠᠭ᠎ᠠ ᠠᠷᠠᠢ ᠪᠤᠯᠤᠭ᠎ᠠ ᠦᠭᠡᠢ ᠪᠠᠢᠨ᠎ᠠ᠃ ᠭᠡᠪᠡᠴᠤ᠌ ᠨᠢᠭ᠍ᠳᠠᠯᠠᠨ ᠦᠵᠡᠪᠡᠯ 《ᠳᠡᠦᠭᠡ᠎ᠶ᠋ᠢᠨ ᠱᠢᠯᠭᠠᠯᠳᠠ》 ᠭᠡᠳᠡᠭ ᠪᠤᠯ ᠨᠢᠭᠡ ᠬᠡᠢᠰᠪᠦᠷᠢ ᠤᠬᠠᠭ᠍ᠳᠠᠬᠤᠨ ᠳᠡᠳᠦᠢ᠃ ᠳᠡᠦᠭᠡ᠎ᠶ᠋ᠢᠨ ᠱᠢᠯᠭᠠᠯᠳᠠ᠎ᠨᠢ ᠡᠴᠦᠰ᠎ᠤᠨ ᠡᠴᠦᠰ᠎ᠲᠡᠭᠡᠨ ᠤᠷᠠᠨ ᠪᠦᠳᠦᠭᠡᠯ᠎ᠤᠨ ᠳᠤᠰ ᠴᠠᠭ ᠦᠶ᠎ᠡ᠎ᠶ᠋ᠢᠨ ᠦᠨᠡᠯᠡᠯᠳᠡ ᠬᠢᠭᠡᠳ ᠳᠠᠰᠤᠷᠠᠯᠳᠠ ᠦᠭᠡᠢ ᠳᠠᠬᠢᠨ ᠦᠨᠡᠯᠡᠯᠳᠡ ᠳᠡᠭᠡᠷ᠎ᠡ ᠪᠤᠢ ᠪᠤᠯᠳᠠᠭ᠃ ᠡᠢᠮᠤ᠎ᠠᠴᠠ ᠪᠢᠳᠡ ᠱᠢᠭ 《ᠳᠤᠰ ᠴᠠᠭ ᠦᠶ᠎ᠡ᠎ᠶ᠋ᠢᠨ ᠮᠡᠷᠭᠡᠵᠢᠯᠳᠡᠨ》 ᠎ᠤ ᠦᠨᠡᠯᠡᠯᠳᠡ᠎ᠨᠢ ᠮᠦᠨ ᠴᠤ᠌ 《ᠳᠡᠦᠭᠡ᠎ᠶ᠋ᠢᠨ ᠦᠨᠡᠯᠡᠯᠳᠡ》 ᠎ᠶ᠋ᠢᠨ ᠵᠦᠢ ᠶᠤᠰᠤᠨ᠎ᠤ ᠨᠢᠭᠡᠨ ᠭᠡᠰᠡᠭ᠂ ᠴᠢᠨᠠᠭ᠍ᠰᠢᠯᠠᠨ ᠬᠠᠮᠤᠭ᠎ᠤᠨ ᠴᠢᠬᠤᠯᠠ ᠨᠢᠭᠡᠨ ᠭᠡᠰᠡᠭ ᠶᠤᠮ᠃ ᠵᠦᠪᠭᠡᠨ ᠪᠢᠳᠡᠨ᠎ᠤ ᠰᠤᠩᠭᠤᠳᠠᠭ᠎ᠢ ᠬᠢᠨᠠᠨ ᠳᠤᠭ᠍ᠳᠠᠭᠠᠭ᠍ᠰᠠᠨ ᠪᠠᠷᠢᠮᠵᠢᠶ᠎ᠡ᠎ᠨᠢ ᠶᠡᠭᠡᠪᠴᠢᠯᠡᠨ ᠭᠤᠸ᠎ᠠ ᠵᠦᠢ᠎ᠶ᠋ᠢᠨ᠂ ᠤᠷᠠᠯᠢᠭ᠎ᠤᠨ᠂ ᠮᠡᠷᠭᠡᠵᠢᠯ᠎ᠤᠨ ᠪᠠᠢᠳᠠᠭ ᠪᠤᠯ ᠡᠨᠡ ᠬᠦ᠌ ᠬᠢᠨᠠᠨ ᠳᠤᠭ᠍ᠳᠠᠭᠠᠯᠳᠠ᠎ᠨᠢ ᠬᠦᠴᠦᠨ᠎ᠲᠠᠢ ᠪᠠᠢᠬᠤ᠎ᠨᠢ ᠶᠠᠷᠢᠶᠠᠨ ᠦᠭᠡᠢ᠃
    ᠤᠳᠤ ᠦᠶ᠎ᠡ᠎ᠶ᠋ᠢᠨ ᠤᠷᠠᠨ ᠵᠤᠬᠢᠶᠠᠯ᠎ᠳᠤ 《ᠰᠤᠩᠭᠤᠳᠠᠭ》 — ᠰᠤᠩᠭᠤᠳᠠᠭ ᠵᠤᠬᠢᠶᠠᠯᠴᠢ ᠪᠠ ᠰᠤᠩᠭᠤᠳᠠᠭ ᠪᠦᠳᠦᠭᠡᠯ ᠪᠠᠢᠬᠤ ᠤᠤ? ᠬᠡᠪᠡᠯ᠂ ᠮᠢᠨᠤ ᠪᠤᠳᠤᠬᠤ᠎ᠪᠠᠷ ᠪᠠᠢᠨ᠎ᠠ᠃ ᠰᠤᠩᠭᠤᠳᠠᠭ᠎ᠢ ᠳᠤᠭ᠍ᠳᠠᠭᠠᠬᠤ ᠪᠠᠷᠢᠮᠵᠢᠶ᠎ᠡ ᠳᠦᠮᠡ ᠮᠢᠩᠭ᠎ᠠ ᠪᠠᠢᠭ᠍ᠰᠠᠨ ᠴᠤ᠌ ᠬᠠᠮᠤᠭ᠎ᠤᠨ ᠴᠢᠬᠤᠯᠠ᠎ᠨᠢ ᠨᠢᠭᠡᠨ ᠵᠦᠢᠯ᠂ ᠳᠠᠷᠤᠢ ᠤᠷᠠᠨ ᠵᠤᠬᠢᠶᠠᠯ᠎ᠤᠨ ᠳᠡᠦᠭᠡ᠎ᠶ᠋ᠢᠨ ᠳᠠᠷᠬᠠᠯᠠᠯ᠃ ᠳᠡᠦᠭᠡᠨ᠎ᠳᠤ ᠳᠠᠷᠬᠠᠯᠠᠭ᠍ᠳᠠᠭ᠍ᠰᠠᠨ ᠵᠤᠬᠢᠶᠠᠯᠴᠢ ᠪᠠ ᠵᠤᠬᠢᠶᠠᠯ ᠪᠦᠳᠦᠭᠡᠯ᠎ᠨᠢ ᠳᠠᠷᠤᠢ 《ᠰᠤᠩᠭᠤᠳᠠᠭ》 ᠮᠦᠨ᠃ ᠦ᠊ · ᠱᠤᠭᠠᠷ᠎ᠠ᠂ ᠰᠦᠶᠦᠭᠡ᠂ ᠮ᠊ · ᠵᠠᠯᠫᠦ᠋ᠩᠭ᠎ᠠ ᠵᠡᠷᠭᠡ ᠤᠷᠠᠨ ᠵᠤᠬᠢᠶᠠᠯ᠎ᠤᠨ ᠳᠡᠦᠭᠡᠴᠢᠳ᠎ᠤᠨ ᠠᠳᠠᠯᠢ ᠪᠤᠰᠤ᠎ᠪᠠᠷ ᠭᠡᠪᠯᠡᠯ᠎ᠤᠨ 《ᠮᠤᠩᠭᠤᠯ ᠦᠨᠳᠦᠰᠦᠳᠡᠨ᠎ᠤ ᠤᠳᠤ ᠦᠶ᠎ᠡ᠎ᠶ᠋ᠢᠨ ᠤᠷᠠᠨ ᠵᠤᠬᠢᠶᠠᠯ᠎ᠤᠨ ᠳᠡᠦᠭᠡ》 ᠎ᠳᠤ ᠶᠡᠭᠡ ᠳᠦᠯᠦᠪ ᠠᠳᠠᠯᠢᠪᠳᠤᠷ ᠵᠤᠬᠢᠶᠠᠯᠴᠢ ᠪᠠ ᠵᠤᠬᠢᠶᠠᠯ ᠪᠦᠳᠦᠭᠡᠯ᠎ᠢ ᠰᠤᠩᠭᠤᠨ ᠳᠠᠷᠬᠠᠯᠠᠭ᠍ᠰᠠᠨ ᠪᠠᠢᠪᠠ᠃ ᠡᠬᠦᠨ᠎ᠳᠤ ᠪᠠᠢᠷᠢ ᠳᠤᠭ᠍ᠳᠠᠭᠠᠯᠳᠠ᠂ ᠰᠤᠩᠭᠤᠯᠳᠠ ᠪᠠ ᠦᠨᠡᠯᠡᠯᠳᠡ᠎ᠶ᠋ᠢᠨ ᠳᠠᠯ᠎ᠠ᠎ᠪᠠᠷ ᠡᠳᠦᠢ ᠳᠡᠳᠦᠢ ᠢᠯᠭᠠᠭ᠎ᠠ ᠪᠠ ᠵᠦᠷᠢᠶ᠎ᠡ᠎ᠲᠠᠢ ᠴᠤ᠌᠂ ᠶᠡᠷᠦᠩᠭᠡᠢ ᠵᠠᠷᠴᠢᠮ ᠪᠠ ᠭᠡᠪᠱᠢᠯ᠎ᠤᠨ ᠳᠠᠯ᠎ᠠ᠎ᠪᠠᠷ ᠨᠢᠭᠡᠳᠦᠯᠳᠡᠢ᠃ ᠡᠨᠡ᠎ᠨᠢ ᠦᠨᠡᠯᠡᠭ᠌ᠳᠡᠬᠦᠨ ᠪᠠ ᠦᠨᠡᠯᠡᠭ᠌ᠴᠢ᠎ᠶ᠋ᠢᠨ ᠬᠤᠭᠤᠷᠤᠨᠳᠤᠬᠢ᠂ ᠠᠳᠠᠯᠢ ᠪᠤᠰᠤ ᠦᠨᠡᠯᠡᠭ᠌ᠴᠢ᠎ᠶ᠋ᠢᠨ ᠬᠤᠭᠤᠷᠤᠨᠳᠤᠬᠢ ᠵᠠᠢ᠎ᠨᠢ ᠭᠡᠳᠦ ᠤᠢᠷ᠎ᠠ᠎ᠠᠴᠠ ᠪᠤᠯᠤᠭ᠍ᠰᠠᠨ 《ᠠᠳᠠᠯᠢᠱᠢᠯ》 ᠎ᠤᠨ ᠦᠵᠡᠭ᠌ᠳᠡᠯ ᠶᠤᠮ᠃
    ᠡᠢᠮᠤ᠎ᠠᠴᠠ᠂ ᠦᠨᠦᠳᠦᠷ ᠪᠢᠳᠡ ᠪᠦᠬᠦᠨ᠎ᠤ ᠦᠨᠡᠯᠡᠵᠦ᠍ ᠪᠠᠢᠭ᠎ᠠ 《ᠰᠤᠩᠭᠤᠳᠠᠭ》 — ᠨᠠ᠊ · ᠰᠠᠢᠨᠴᠤᠭ᠍ᠳᠤ᠂ ᠠ᠊ · ᠤᠳᠽᠡᠷ᠂ ᠪ᠊ · ᠪᠦᠷᠢᠨᠪᠠᠬᠢ᠂ ᠴᠢᠮᠡᠳᠳᠤᠷᠵᠢ᠂ ᠮᠠᠯᠴᠢᠨᠬᠦᠦ᠂ ᠳᠤᠭᠠᠷᠰᠦ᠋ᠷᠦᠩ᠂ ᠭᠡᠷᠡᠯᠴᠤᠭ᠍ᠳᠤ᠂ ᠴᠤᠭ᠍ᠳᠤᠨᠠᠷᠠᠨ᠂ ᠨ᠊ · ᠰᠠᠢᠱᠢᠶᠠᠯᠳᠤ᠂ ᠬᠠ᠊ · ᠳ᠋ᠠᠮᠪᠢᠵᠠᠯᠰᠠᠨ᠂ ᠮ᠊ · ᠠᠰᠠᠷ᠂ ᠠᠷᠳᠠᠢ᠂ ᠴᠢ᠊ · ᠮᠡᠷᠭᠡᠨ᠂ ᠯ᠊ · ᠤᠳᠽᠡᠷ᠂ ᠨᠤᠯᠮᠠᠰᠡᠷᠡᠩ᠂ ᠨᠠ᠊ · ᠰᠤᠩᠳᠤᠢ᠂ ᠠᠶᠤᠩᠭ᠎ᠠ᠂ ᠯᠢᠭ᠌ᠳᠡᠨ᠂ ᠰᠠᠢᠨᠪᠠᠶᠠᠷ᠂ ᠪᠠᠳᠤᠮᠦᠩᠭᠡ᠂ ᠪᠦᠭᠡᠳᠡᠯᠭᠡᠷ᠂ ᠮ᠊ · ᠬᠠᠰᠪᠠᠭᠠᠨ᠎ᠠ᠂ ᠤᠶᠠᠭᠠᠳᠠᠢ᠂ ᠭᠠ᠊ · ᠱᠢᠷᠠᠪᠵᠠᠮᠰᠤ᠂ ᠪᠠᠳᠪᠠ᠂ ᠪ᠊ · ᠭᠡᠷᠡᠯᠳᠦ᠂ ᠮᠠᠨᠳᠤᠮᠤᠢ᠂ ᠴᠢ᠊ · ᠤᠳᠭᠤᠨᠴᠢᠮᠡᠭ᠂ ᠰᠤᠪᠤᠳ᠂ ᠪᠦᠷᠢᠨᠳᠡᠬᠦᠰ᠂ ᠪ᠊ · ᠵᠤᠷᠢᠭ᠍ᠳᠤ᠂ ᠦᠯᠵᠡᠢᠪᠦ᠋ᠷᠢᠨ᠂ ᠪ᠊ · ᠪᠤᠶᠠᠨᠬᠡᠱᠢᠭ᠂ ᠳ᠋᠊ · ᠰᠡᠷᠡᠨᠸᠠᠩᠵᠢᠯ᠂ ᠲ᠊ · ᠭᠤᠮᠪᠤᠵᠠᠪ᠂ ᠰ᠊ · ᠤᠳᠭᠤᠨᠪᠠᠶᠠᠷ᠂ ᠷᠢᠨ᠊ · ᠰᠡᠴᠡᠨᠴᠤᠭ᠍ᠳᠤ ᠨᠠᠷ᠎ᠨᠢ ᠴᠠᠭ ᠦᠶ᠎ᠡ᠎ᠶ᠋ᠢᠨ ᠤᠢᠷ᠎ᠠ ᠬᠠᠷᠠᠭᠠᠯᠠᠯ᠎ᠠᠴᠠ ᠬᠢᠨᠠᠨ ᠳᠤᠭ᠍ᠳᠠᠭᠠᠭ᠍ᠳᠠᠭ᠍ᠰᠠᠨ 《ᠴᠠᠭ ᠦᠶ᠎ᠡ᠎ᠶ᠋ᠢᠨ ᠰᠤᠩᠭᠤᠳᠠᠭ》 ᠵᠤᠬᠢᠶᠠᠯᠴᠢ ᠪᠤᠯᠬᠤ᠎ᠨᠢ ᠯᠠᠪᠳᠠᠢ᠃ ᠳᠡᠳᠡ ᠨᠡᠷ᠎ᠤᠨ ᠳᠤᠮᠳᠠ᠎ᠠᠴᠠ 《ᠵᠢᠩᠬᠢᠨᠢ ᠰᠤᠩᠭᠤᠳᠠᠭ》 ᠪᠤᠯᠵᠤ ᠵᠠᠷᠢᠮ᠎ᠨᠢ ᠳᠤᠨᠤᠵᠤ ᠦᠯᠡᠳᠡᠨ᠎ᠡ᠂ ᠳᠡᠳᠡᠨᠡᠷ᠎ᠤᠨ ᠪᠦᠳᠦᠭᠡᠯ᠎ᠠᠴᠠ ᠤᠨᠴᠠ ᠵᠠᠷᠢᠮ᠎ᠨᠢ ᠤᠨ ᠴᠠᠭ᠎ᠤᠨ ᠳᠤᠭᠤᠰᠤᠨ᠎ᠳᠤ ᠪᠤᠯᠠᠭ᠍ᠳᠠᠯ ᠦᠭᠡᠢ ᠮᠦᠩᠭᠡ᠎ᠶ᠋ᠢᠨ ᠬᠢᠯᠪᠠᠭ᠎ᠠ᠎ᠲᠠᠢ ᠪᠤᠯᠵᠤ ᠢᠯᠡᠷᠡᠨ᠎ᠡ᠃ ᠭᠡᠪᠡᠴᠤ᠌ ᠡᠨᠡ᠎ᠨᠢ ᠳᠡᠦᠭᠡ᠎ᠶ᠋ᠢᠨ ᠤᠷᠳᠤ ᠬᠠᠷᠠᠭᠠᠯᠠᠯ᠎ᠤᠨ ᠳ᠋ᠦᠩ ᠤᠴᠢᠷ ᠦᠨᠦᠳᠦᠷ ᠪᠢᠳᠡ ᠤᠨᠢᠰᠤᠭ᠎ᠠ ᠳᠠᠭᠠᠵᠤ ᠪᠠᠢᠭ᠎ᠠ ᠶᠤᠮ ᠱᠢᠭ᠋ 《ᠭᠡᠨ ᠭᠡᠨ》 ᠭᠡᠵᠦ᠍ ᠵᠢᠭᠠᠨ ᠨᠡᠷᠡᠯᠡᠬᠦ᠌᠎ᠨᠢ ᠢᠨᠢᠶᠡᠳᠦᠮᠳᠡᠢ᠃ ᠬᠦᠮᠦᠨ ᠪᠦᠬᠦᠨ ᠦᠪᠡᠷ᠎ᠤᠨ᠎ᠢᠶᠠᠨ ᠳᠠᠭᠠᠪᠤᠷᠢ᠎ᠲᠠᠢ ᠪᠦᠭᠡᠳ ᠡᠯ᠎ᠡ ᠵᠤᠬᠢᠶᠠᠯᠴᠢᠳ ᠴᠦᠮ ᠪᠡᠶ᠎ᠡ᠎ᠳᠡᠭᠡᠨ ᠢᠳᠡᠭᠡᠯ᠎ᠲᠠᠢ᠎ᠨᠢ ᠶᠠᠷᠢᠶᠠᠨ ᠦᠭᠡᠢ᠃ ᠭᠡᠪᠡᠴᠤ᠌ ᠳᠡᠦᠭᠡ ᠭᠡᠭ᠌ᠴᠢ ᠶᠠᠭᠤᠮ᠎ᠠ ᠳᠦᠪ ᠭᠤᠤᠯᠴᠢ ᠮᠦᠷᠳᠡᠭᠡᠨ ᠬᠠᠢᠷ᠎ᠠ ᠨᠠᠢᠷ ᠦᠭᠡᠢ ᠳᠤᠯᠠ 《ᠮᠢᠳᠠᠷᠠᠰᠢ ᠦᠭᠡᠢ ᠬᠤᠵᠢᠮ᠎ᠤᠨ ᠮᠡᠷᠭᠡᠳ》 ᠵᠠᠭᠤ ᠮᠢᠩᠭᠠᠨ ᠵᠢᠯ᠎ᠤᠨ ᠳᠠᠷᠠᠭ᠎ᠠ ᠳᠡᠳᠡ ᠨᠡᠷ᠎ᠤᠨ ᠪᠦᠳᠦᠭᠡᠯ᠎ᠢ ᠤᠢᠭ᠎ᠠ ᠦᠭᠡᠢ ᠤᠯᠠᠨᠳᠠ 《ᠳᠠᠬᠢᠨ ᠦᠨᠡᠯᠡᠬᠦ᠌》 ᠦᠶ᠎ᠡ᠎ᠳᠤ ᠵᠢᠩᠬᠢᠨᠢ ᠰᠤᠩᠭᠤᠳᠠᠭ ᠰᠠᠶᠢ ᠪᠤᠢ    ᠪᠤᠯᠤᠨ᠎ᠠ᠃ ᠠᠳᠡ ᠨᠠᠳᠠᠳᠦ ᠳᠠᠭᠠᠯᠠᠭ᠍ᠳᠠᠭ᠍ᠰᠠᠨ 《ᠰᠤᠩᠭᠤᠳᠠᠭ ᠪᠦᠳᠦᠭᠡᠯ》 ᠎ᠤᠳ᠎ᠢ ᠵᠢᠭ᠍ᠰᠠᠭᠠᠨ ᠦᠷᠦᠵᠦ᠍ ᠲᠠ ᠪᠦᠬᠦᠨ᠎ᠳᠤ ᠵᠤᠭ᠎ᠠ ᠪᠤᠯᠭᠠᠰᠤ᠃ 《ᠬᠦᠭᠡ ᠳᠤᠷᠭᠠᠨ ᠳᠡᠷᠯᠢᠭ》᠂ 《ᠡᠷᠡᠯᠭᠡᠭ ᠪᠠᠭᠠᠳᠤᠷ ᠳᠤᠭ᠍ᠴᠢ ᠮᠢᠨᠢ》᠂ 《ᠮᠦᠩᠬᠦᠨ ᠳᠡᠯᠡᠭᠡᠢ᠎ᠶ᠋ᠢᠨ ᠡᠵᠡᠳ》᠂ 《ᠠᠮᠢᠯᠠᠯ᠎ᠤᠨ ᠪᠡᠯᠭᠡᠳᠦ ᠴᠡᠴᠡᠭ》᠂ 《ᠪᠤᠳᠢ ᠴᠠᠭᠠᠨ ᠬᠦᠷᠦᠭᠡᠰᠦᠨ᠎ᠤ ᠨᠠᠮᠳᠠᠷ》᠂ 《ᠪᠠᠭᠠᠷᠢᠨ ᠬᠡᠬᠦᠦ᠎ᠶ᠋ᠢᠨ ᠤᠨᠠᠭ᠎ᠠ》᠂ 《ᠵᠠᠯᠠᠭᠤ ᠳᠠᠮᠢᠷᠴᠢᠳ》᠂ 《ᠬᠦᠭ᠌ᠰᠢᠨ ᠬᠤᠩᠭᠤᠷ᠎ᠤᠨ ᠮᠢᠨᠢ ᠴᠢᠷᠠᠢ᠎ᠶ᠋ᠢᠨ ᠠᠳᠤᠷᠢᠶ᠎ᠡ》᠂ 《ᠦᠯᠵᠡᠢᠵᠢᠷᠭᠠᠯ᠎ᠤᠨ ᠳᠤᠷᠠᠳᠭᠠᠯ》᠂ 《ᠨᠤᠳᠤᠭ᠎ᠤᠨ ᠵᠤᠨ》 (ᠳᠡᠬᠦᠪᠦᠷᠢ)᠂ 《ᠠᠯᠮᠠᠰ᠎ᠤᠨ ᠳᠠᠭᠤᠤ》᠂ 《ᠤᠨᠠᠭᠠᠨ ᠪᠦᠷᠢᠳᠦ》᠂ 《ᠡᠵᠢ ᠨᠠᠭᠤᠷ》᠂ 《ᠴᠡᠴᠡᠭ᠌ᠳᠤ ᠳᠠᠯ᠎ᠠ》᠂ 《ᠭᠡᠭᠡᠨ᠎ᠤ ᠦᠯᠢᠭᠡᠷ》᠂ 《ᠰᠠᠩᠷᠤᠪ᠎ᠤᠨ᠎ᠬᠢᠨ》᠂ 《ᠠᠯᠳᠠᠨ ᠪᠦᠷᠬᠦᠳ》᠂ 《ᠮᠠᠨᠠᠭ᠍ᠳᠠᠭ᠍ᠰᠠᠨ ᠭᠠᠯ》᠂ 《ᠪᠤᠳᠤᠯ᠎ᠤᠨ ᠴᠡᠩᠭᠡᠷ ᠢᠷᠭᠤᠢ》 (ᠳᠡᠬᠦᠪᠦᠷᠢ)᠂ 《ᠳᠦᠭᠡᠷᠢᠭ᠌ᠰᠡᠨ ᠵᠡᠬᠦᠳᠦ》 (ᠳᠡᠬᠦᠪᠦᠷᠢ)᠂ 《ᠠᠳᠤᠭᠤᠴᠢᠨ᠎ᠤ ᠳᠠᠭᠤᠤ》 (ᠮᠦᠴᠡᠯᠭᠡ ᠱᠢᠯᠦᠭ)᠂ 《ᠨᠠᠪᠴᠢᠨ᠎ᠳᠤ ᠡᠷᠬᠦᠬᠦ᠌ ᠳᠠᠭᠤᠤ》᠂ 《ᠳᠤᠷᠠᠳᠭᠠᠯ ᠪᠤᠯᠠᠰᠢ ᠱᠢᠪᠠᠭᠤ》 (ᠳᠡᠬᠦᠪᠦᠷᠢ)᠂ 《ᠬᠠᠢᠷ᠎ᠠ᠎ᠶ᠋ᠢᠨ ᠱᠢᠬᠦᠳᠡᠷᠢ》 (ᠳᠡᠬᠦᠪᠦᠷᠢ)᠂ 《ᠵᠢᠩ᠎ᠤᠨ ᠬᠤᠩᠬᠤᠨ᠎ᠤ ᠳᠤᠤᠨᠢᠯ》 (ᠳᠡᠬᠦᠪᠦᠷᠢ)᠂ 《ᠭᠤᠷᠪᠠᠳᠤᠭᠠᠷ ᠭᠠᠷᠠᠭ᠎ᠤᠨ ᠳᠤᠩᠬᠠᠭ》᠂ 《ᠬᠢᠵᠢᠶᠠᠯᠢ ᠨᠠᠰᠤ》᠂ 《ᠦᠳᠡᠰᠢ᠎ᠶ᠋ᠢᠨ ᠳᠤᠯᠠᠭᠠᠨ》᠂ 《ᠨᠡᠢᠭᠡᠮ ᠵᠢᠷᠤᠮ ᠭᠤᠸᠠᠢ》᠂ 《ᠳᠠᠷᠬᠠᠨ ᠴᠡᠩᠭᠡᠷ ᠠᠭᠤᠯᠠᠰ》᠂ 《ᠵᠠᠰᠠᠭ᠎ᠤᠨ ᠬᠤᠳᠤᠭᠤᠷ》᠂ 《ᠪᠦᠰᠡᠬᠦᠢ ᠪᠠᠷᠠᠭᠠᠨ ᠽᠠᠮᠪᠦᠯᠢᠩ》᠂ 《ᠳᠦᠷᠦ᠎ᠶ᠋ᠢᠨ ᠬᠠᠷ᠎ᠠ ᠬᠦᠮᠦᠰ》᠂ 《ᠬᠤᠨ᠎ᠤ ᠴᠠᠭᠠᠨ ᠦᠳᠦ》᠂ 《ᠠᠷᠪᠠᠰ ᠠᠭᠤᠯᠠᠨ᠎ᠤ ᠡᠬᠦᠯᠡ ᠮᠠᠨᠠᠨ》᠂ 《ᠬᠦᠮᠦᠨ ᠶᠠᠰᠤᠳᠤ ᠬᠠᠳᠠ》᠂ 《ᠬᠠᠳᠠᠨ ᠴᠤᠤᠷᠠᠢ》᠂ 《ᠬᠠᠷᠢᠬᠤ ᠭᠡᠷᠡᠯ》᠂ 《ᠮᠤᠩᠭᠤᠯᠵᠢᠨ ᠠᠪᠤ》᠂ 《ᠪᠤᠭᠤᠷᠤᠯ ᠭᠠᠯ》᠂ 《ᠭᠤᠷᠮᠤᠰᠤᠨ ᠳᠠᠭᠠᠳᠭᠠᠯ》᠂ 《ᠨᠠᠮᠤᠷ᠎ᠤᠨ ᠨᠠᠪᠴᠢ》᠂ 《ᠬᠠᠨ ᠳᠡᠯᠡᠭᠡᠢ》᠂ 《ᠬᠠᠷ᠎ᠠ ᠱᠢᠷᠤᠢ᠎ᠶ᠋ᠢᠨ ᠭᠠᠵᠠᠷ》᠂ 《ᠨᠡᠬᠦᠳᠡᠯ᠎ᠤᠨ ᠱᠢᠪᠠᠭᠤ》᠂ 《ᠡᠯᠡᠰᠦᠨ ᠬᠦᠨ᠎ᠳᠤ》᠂ 《ᠳᠡᠭ᠌ᠷᠢ᠎ᠶ᠋ᠢᠨ ᠰᠠᠯᠬᠢ》᠂ 《ᠴᠠᠰᠤᠨ᠎ᠤ ᠮᠠᠷᠺ》᠂ 《ᠨᠢᠭᠤᠴᠠ ᠳᠤᠪᠴᠢᠶᠠᠨ᠎ᠠᠴᠠ ᠳᠠᠰᠤᠷᠠᠭ᠍ᠰᠠᠨ ᠠᠳᠤᠭᠤ》᠂ 《ᠳᠦᠷᠦᠭᠡᠨ ᠳᠡᠭᠡᠷ᠎ᠡ ᠦᠨᠳᠡᠢᠭ᠌ᠰᠡᠨ ᠳᠡᠯᠡᠭᠡᠢ》᠂ 《ᠢᠷᠡᠬᠦ᠌ ᠵᠠᠭᠤᠨ᠎ᠤ ᠬᠤᠩᠬᠤᠨ     ᠳᠠᠭᠤᠨ》᠂ 《ᠤᠭᠤᠷᠠᠭ ᠴᠠᠭᠠᠨ ᠡᠷᠬᠢᠴᠡᠬᠦᠯᠦᠯ》᠂ 《ᠠᠯᠠᠭᠠᠨ ᠳᠡᠭᠡᠷ᠎ᠡ ᠱᠢᠷᠬᠢᠭ᠌ᠰᠡᠨ ᠮᠦᠩᠭᠡ᠎ᠶ᠋ᠢᠨ ᠤᠰᠤᠨ》᠂ 《ᠬᠤᠯᠠ᠎ᠶ᠋ᠢᠨ ᠴᠡᠩᠭᠡᠷ ᠳᠤᠤᠺᠢᠣ᠋》᠂ 《ᠡᠷᠳᠡᠨ᠎ᠤ ᠪᠠᠭᠠᠳᠤᠷ᠎ᠤᠨ ᠱᠤᠩᠬᠤᠷ》 ᠁ ᠭᠡᠬᠦ᠌ ᠮᠡᠳᠦ᠃
    ᠰᠡᠬᠦᠯ᠎ᠤᠨ ᠦᠶ᠎ᠡ᠎ᠳᠤ ᠢᠯᠡᠷᠡᠭ᠌ᠰᠡᠨ ᠢᠳᠡᠷ ᠵᠠᠯᠠᠭᠤ ᠤᠷᠠᠨ ᠪᠦᠳᠦᠭᠡᠯᠴᠢᠳ ᠮᠠᠨᠢ ᠶᠠᠭ ᠦᠰᠦᠨ ᠪᠤᠢᠵᠢᠵᠤ ᠬᠤᠪᠢᠷᠠᠨ ᠳᠡᠬᠦᠯᠳᠡᠷᠵᠢᠬᠦ᠌ ᠱᠠᠳᠤᠨ᠎ᠳᠠᠭᠠᠨ ᠪᠠᠢᠭ᠎ᠠ ᠤᠴᠢᠷ᠂ ᠭᠡᠳᠦ ᠡᠷᠳᠡ 《ᠰᠤᠩᠭᠤᠳᠠᠭ᠍ᠵᠢᠭᠤᠯᠤᠨ》 ᠦᠨᠡᠯᠡᠬᠦ᠌᠎ᠨᠢ ᠭᠡᠨᠡᠨ ᠮᠦᠷᠳᠡᠭᠡᠨ ᠬᠠᠷᠢᠭᠤᠴᠠᠯᠭ᠎ᠠ ᠠᠯᠳᠠᠭ᠍ᠰᠠᠨ ᠠᠵᠢᠯᠯᠠᠭ᠎ᠠ ᠪᠤᠯᠬᠤ᠎ᠨᠢ ᠯᠠᠪᠳᠠᠢ᠂ ᠠᠳᠡ ᠵᠢᠭ᠍ᠰᠠᠭᠠᠬᠤ᠎ᠶ᠋ᠢ ᠪᠤᠯᠢᠰᠤ᠃
    ᠠᠩᠭ᠌ᠯᠢ᠎ᠶ᠋ᠢᠨ ᠵᠤᠬᠢᠶᠠᠯᠴᠢ ᠡᠸᠳᠸᠠᠷ · ᠹᠤᠷᠰᠲ᠋ᠧᠷ᠎ᠤᠨ ᠦᠵᠡᠬᠦ᠌᠎ᠪᠠᠷ ᠤᠷᠠᠨ ᠵᠤᠬᠢᠶᠠᠯ᠎ᠤᠨ ᠰᠤᠩᠭᠤᠳᠠᠭ ᠭᠡᠳᠡᠭ ᠶᠠᠭᠤᠮ᠎ᠠ᠎ᠨᠢ ᠶᠠᠭ ᠨᠢᠭᠡᠨ ᠳᠤᠮᠤ ᠳᠦᠬᠦᠷᠢᠭ ᠭᠡᠯᠪᠡᠷᠢ᠎ᠲᠠᠢ ᠬᠤᠭᠤᠯᠠᠨ ᠱᠢᠷᠡᠭᠡ᠎ᠲᠠᠢ ᠠᠳᠠᠯᠢ᠃ ᠠᠳᠠᠯᠢ ᠪᠤᠰᠤ ᠴᠠᠭ ᠦᠶ᠎ᠡ᠎ᠶ᠋ᠢᠨ ᠵᠤᠬᠢᠶᠠᠯᠴᠢᠳ (ᠪᠠ ᠪᠦᠳᠦᠭᠡᠯ) ᠎ᠨᠢ ᠡᠨᠡ ᠱᠢᠷᠡᠭᠡᠨ᠎ᠳᠤ ᠢᠷᠡᠵᠤ᠂ ᠬᠢᠷᠢ ᠳᠡᠩᠴᠡᠭ᠌ᠰᠡᠨ᠎ᠨᠢ ᠨᠢᠭᠡᠨ ᠰᠠᠭᠤᠳᠠᠯ ᠤᠯᠵᠤ᠂ ᠳᠡᠰ ᠪᠠᠭᠤᠷᠠᠭ᠍ᠰᠠᠨ᠎ᠨᠢ ᠬᠠᠷᠠᠮᠰᠠᠯᠳᠠᠢ᠎ᠪᠠᠷ ᠱᠢᠷᠡᠭᠡᠨ᠎ᠠᠴᠠ ᠬᠦᠭᠡᠭᠡᠭ᠌ᠳᠡᠳᠡᠭ᠃ ᠵᠠᠷᠢᠮ 《ᠠᠪᠤᠷᠭᠤ ᠵᠤᠬᠢᠶᠠᠯᠴᠢ》 ᠎ᠨᠢ ᠮᠦᠩᠭᠡ᠎ᠶ᠋ᠢᠨ ᠰᠠᠭᠤᠳᠠᠯ᠎ᠳᠤ ᠦᠨᠢᠳᠡ ᠰᠠᠭᠠᠳᠠᠵᠤ ᠪᠠᠢᠬᠤ᠎ᠳᠤ᠂ ᠬᠦᠪᠡᠭᠡ ᠵᠠᠬ᠎ᠠ᠎ᠶ᠋ᠢᠨ ᠵᠤᠬᠢᠶᠠᠯᠴᠢᠳ᠎ᠨᠢ ᠳᠠᠰᠤᠷᠠᠯᠳᠠ ᠦᠭᠡᠢ ᠰᠤᠯᠢᠭ᠍ᠳᠠᠵᠤ ᠪᠠᠢᠳᠠᠭ᠃ 《ᠮᠦᠩᠭᠡ᠎ᠶ᠋ᠢᠨ ᠰᠠᠭᠤᠳᠠᠯ》 ᠎ᠨᠢ ᠴᠤ᠌ ᠠᠪᠤᠷᠭᠤ ᠵᠤᠬᠢᠶᠠᠯᠴᠢᠳ᠎ᠤᠨ ᠱᠢᠨ᠎ᠡ ᠨᠡᠮᠡᠭ᠌ᠳᠡᠯ᠎ᠢᠶᠠᠷ ᠤᠷᠤᠨ ᠪᠠᠢᠷᠢ᠎ᠪᠠᠨ ᠳᠠᠰᠤᠷᠠᠯᠳᠠ ᠦᠭᠡᠢ ᠰᠤᠯᠢᠨ᠎ᠠ᠃ 《ᠠᠭᠤᠯᠠ ᠤᠰᠤᠨ᠎ᠠ ᠦᠶ᠎ᠡ ᠪᠦᠷᠢ᠎ᠳᠤ ᠱᠢᠨ᠎ᠡ ᠠᠪᠢᠶᠠᠰᠳᠠᠨ᠎ᠢ ᠬᠦᠯᠢᠶᠡᠵᠦ᠍᠂ ᠦᠪᠡᠷ ᠦᠪᠡᠷ᠎ᠤᠨ ᠤᠳᠭ᠎ᠠ ᠤᠶᠠᠩᠭ᠎ᠠ᠎ᠪᠠᠷ ᠭᠡᠳᠦᠨ ᠵᠠᠭᠤᠨ᠎ᠢ ᠳᠠᠭᠠᠭᠤᠯᠤᠮᠤᠢ》᠃ ᠦᠨᠳᠦᠰᠦᠳᠡᠨ᠎ᠤ ᠤᠷᠠᠨ ᠵᠤᠬᠢᠶᠠᠯ᠎ᠤᠨ ᠳᠡᠦᠭᠡᠨ᠎ᠳᠤ ᠳᠡᠳᠦᠢ ᠪᠢᠰᠢ᠂ ᠬᠠᠷᠢᠨ ᠳᠡᠯᠡᠭᠡᠢ᠎ᠶ᠋ᠢᠨ ᠤᠷᠠᠨ ᠵᠤᠬᠢᠶᠠᠯ᠎ᠤᠨ ᠳᠡᠦᠭᠡᠨ᠎ᠳᠤ ᠰᠠᠭᠤᠳᠠᠯ ᠤᠯᠵᠤ᠂ ᠴᠢᠨᠠᠭ᠍ᠰᠢᠯᠠᠨ ᠮᠦᠩᠭᠡ᠎ᠶ᠋ᠢᠨ ᠰᠠᠭᠤᠳᠠᠯ ᠤᠯᠵᠤ ᠰᠠᠭᠤᠬᠤ᠎ᠨᠢ ᠵᠤᠬᠢᠶᠠᠯᠴᠢᠳ ᠪᠢᠳᠡᠨ᠎ᠤ ᠳᠡᠭᠡᠳᠦ ᠬᠦᠰᠡᠯᠡᠩ ᠪᠤᠯᠬᠤ ᠶᠤᠰᠤᠳᠠᠢ ᠪᠤᠯᠪᠠᠤ᠃  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号