ᠬᠦᠳᠡᠯᠮᠦᠷᠢᠴᠢᠳ ᠭᠡᠷᠡᠯᠳᠤ ᠨᠠᠷᠠᠨ᠎ᠠᠴᠠ ᠢᠯᠴᠢᠳᠡᠢ ᠭᠡᠭᠡᠨ ᠰᠠᠷᠠᠨ᠎ᠠᠴᠠ ᠦᠩᠭᠡᠳᠡᠢ
2020-05-01 12:02:55
ᠵᠣᠬᠢᠶᠠᠭ᠍ᠴᠢ᠄
ᠪᠢᠯᠢᠭ᠌ᠲᠦ
ᠣᠩᠱᠢᠭ᠍ᠰᠠᠨ ᠣᠳᠠᠭ᠎ᠠ᠄
★★★☆☆

       — 《5•1》 ᠎ᠤ ᠲᠡᠯᠡᠬᠡᠢ᠎ᠶ᠋ᠢᠨ ᠬᠦᠳᠡᠯᠮᠦᠷᠢᠴᠢᠳ᠎ᠤᠨ ᠪᠠᠶᠠᠷ᠎ᠤᠨ ᠡᠳᠦᠷ᠎ᠲᠤ ᠵᠤᠷᠢᠭᠤᠯᠪᠠ
     ᠡᠭᠡᠯ ᠬᠦᠳᠡᠯᠮᠦᠷᠢᠴᠢᠳ ᠡᠩ ᠶᠢᠷᠳᠢᠨᠴᠤ᠎ᠶ᠋ᠢ ᠪᠦᠲᠦᠭᠡᠪᠡ᠃ ᠡᠭᠡᠱᠢᠭ ᠲᠠᠭᠤᠤ᠂ ᠦᠭᠡ ᠱᠢᠯᠦᠭ᠂ ᠡᠳ᠋ ᠦᠯᠦᠭ᠂ ᠡᠷᠬᠢᠮᠰᠦᠭ ᠤᠷᠳᠤ᠂ ᠠᠦᠭᠡ ᠲᠡᠦᠭᠡ ᠁ ᠡᠭᠡᠯ ᠬᠦᠳᠡᠯᠮᠦᠷᠢᠴᠢᠳ᠎ᠤᠨ ᠠᠷᠢᠭᠤᠨ ᠬᠦᠳᠡᠯᠮᠦᠷᠢ᠎ᠪᠠᠷ ᠴᠤᠬ᠍ᠴᠠᠯᠠᠭ᠍ᠳᠠᠭ᠍ᠰᠠᠭᠠᠷ᠃ ᠬᠦᠳᠡᠯᠮᠦᠷᠢ ᠬᠦᠮᠦᠨ᠎ᠢ ᠪᠦᠲᠦᠭᠡᠵᠦ᠍᠂ ᠬᠦᠳᠡᠯᠮᠦᠷᠢᠴᠢᠳ ᠪᠤᠯᠪᠠᠰᠤᠨ᠎ᠢ ᠡᠬᠦᠳᠪᠡ᠃ ᠬᠦᠳᠡᠯᠮᠦᠷᠢᠴᠢᠳ ᠬᠢᠬᠦ᠌ ᠦᠭᠡᠢ ᠪᠡᠷᠭᠡ ᠠᠵᠦ᠍ ᠪᠠᠢᠬᠤ ᠦᠭᠡᠢ᠂ ᠨᠦᠷᠢᠬᠦ᠌ ᠦᠭᠡᠢ ᠬᠠᠳᠠᠭᠤ ᠤᠷᠤᠰᠭᠠᠯ ᠪᠠᠢᠬᠤ ᠦᠭᠡᠢ᠃ ᠦᠶ᠎ᠡ᠎ᠶ᠋ᠢᠨ ᠦᠶ᠎ᠡ᠎ᠶ᠋ᠢᠨ ᠦᠷᠢᠰᠦᠯᠳᠦᠭᠡᠨ᠎ᠢ ᠢᠯᠠᠨ ᠲᠠᠪᠠᠳᠠᠭ ᠪᠤᠯᠬᠤᠷ ᠬᠦᠳᠡᠯᠮᠦᠷᠢᠴᠢᠳ ᠬᠦᠮᠦᠨ᠎ᠤ ᠤᠷᠴᠢᠯᠠᠩ᠎ᠤᠨ ᠪᠠᠭᠠᠳᠤᠳ ᠪᠤᠶᠤ᠃
     ᠠᠷᠤᠭ ᠡᠬᠦᠷᠦᠭ᠌ᠰᠡᠨ ᠮᠠᠯᠴᠢᠨ ᠪᠦᠰᠡᠬᠦᠢ᠂ ᠠᠨᠵᠢᠰᠤ ᠪᠠᠷᠢᠭ᠍ᠰᠠᠨ ᠲᠠᠷᠢᠶᠠᠴᠢᠨ ᠡᠷ᠎ᠡ᠂ ᠠᠰᠠᠷ ᠪᠤᠰᠭᠠᠭ᠍ᠰᠠᠨ ᠠᠵᠢᠯᠴᠢᠨ ᠵᠠᠯᠠᠭᠤ ᠁ ᠦᠯ ᠬᠤᠭᠤᠯᠠ᠂ ᠦᠶᠦᠭ ᠲᠤᠯᠠᠭᠠᠨ᠂ ᠦᠩᠭᠡ ᠭᠠᠯᠪᠢᠷ᠎ᠤᠨ ᠪᠦᠷᠢᠯᠸ᠎ᠠ; ᠡᠰᠡᠷᠸ᠎ᠠ ᠲᠡᠭ᠌ᠷᠢ᠎ᠶ᠋ᠢᠨ ᠰᠠᠨᠰᠠᠷᠴᠢᠨ᠂ ᠡᠭᠡ ᠤᠷᠤᠨ᠎ᠤ ᠬᠢᠯᠢᠴᠢᠨ᠂ ᠡᠮᠨᠡᠯᠭᠡ᠎ᠶ᠋ᠢᠨ ᠬᠤᠷᠢᠶ᠎ᠠ᠎ᠶ᠋ᠢᠨ ᠰᠤᠪᠢᠯᠠᠭ᠍ᠴᠢ ᠁ ᠡᠩᠭᠡ ᠲᠠᠢᠪᠤᠩ᠂ ᠡᠰᠡᠨ ᠮᠡᠨᠳᠤ᠂ ᠡᠷᠭᠡ ᠵᠢᠷᠭᠠᠯ᠎ᠤᠨ ᠰᠠᠬᠢᠶ᠎ᠠ; ᠬᠦᠮᠦᠰᠭᠡ᠎ᠪᠠᠨ ᠴᠠᠢᠷᠠᠭᠤᠯᠤᠭ᠍ᠰᠠᠨ ᠬᠦᠨᠳᠤᠳᠤ ᠪᠠᠭ᠍ᠰᠢ᠂ ᠬᠦᠯᠦᠰᠦ᠎ᠪᠠᠨ ᠠᠰᠭᠠᠷᠠᠭᠤᠯᠤᠭ᠍ᠰᠠᠨ ᠬᠦᠴᠤᠳᠤ ᠲᠠᠮᠢᠷᠴᠢᠨ᠂ ᠲᠠᠷᠢᠬᠢ᠎ᠪᠠᠨ ᠱᠢᠪᠬᠠᠭ᠍ᠰᠠᠨ ᠱᠢᠨᠵᠢᠯᠡᠬᠦ᠌ ᠤᠬᠠᠭᠠᠨᠳᠠᠨ ᠁ ᠤᠶᠤᠨ ᠮᠡᠳᠡᠯᠭᠡ᠂ ᠦᠷᠨᠢᠯ ᠬᠦᠭ᠌ᠵᠢᠯ᠂ ᠤᠬᠠᠭᠠᠨ ᠲᠠᠮᠢᠷ᠎ᠤᠨ ᠡᠯᠴᠢᠳ᠃
     ᠬᠦᠳᠡᠯᠮᠦᠷᠢ᠎ᠳᠤ ᠡᠷᠬᠢᠮ ᠲᠡᠭᠡᠳᠤ ᠭᠡᠵᠦ᠍ ᠪᠠᠢᠳᠠᠭ ᠦᠭᠡᠢ᠂ ᠬᠦᠳᠡᠯᠮᠦᠷᠢᠴᠢᠳ᠎ᠢ ᠠᠭᠤᠤ ᠡᠭᠡᠯ ᠭᠡᠵᠦ᠍ ᠬᠤᠪᠢᠶᠠᠳᠠᠭ ᠴᠤ᠌ ᠦᠭᠡᠢ᠃ ᠬᠤᠪᠢᠳᠠᠭ᠍ᠰᠠᠨ ᠠᠵᠢᠯ᠂ ᠬᠢᠭ᠌ᠰᠡᠨ ᠦᠢᠯᠡᠰ᠎ᠤᠨ᠎ᠢᠶᠠᠨ ᠲᠦᠯᠦᠭᠡ ᠵᠢᠳᠬᠦᠳᠡᠭ ᠬᠦᠳᠡᠯᠮᠦᠷᠢᠴᠢᠳ ᠭᠡᠷᠡᠯᠳᠤ ᠨᠠᠷᠠᠨ᠎ᠠᠴᠠ ᠢᠯᠴᠢᠳᠡᠢ᠂ ᠭᠡᠭᠡᠨ ᠰᠠᠷᠠᠨ᠎ᠠᠴᠠ ᠦᠩᠭᠡᠳᠡᠢ᠃


     ᠬᠢᠨᠭ᠌ᠭᠠᠨ ᠠᠳᠠᠷ ᠬᠠᠭᠠᠯᠪᠦᠷᠢᠯᠠᠯᠳᠠ᠎ᠶ᠋ᠢᠨ ᠪᠦᠯᠦᠭ᠌ᠯᠠᠯ᠎ᠤᠨ ᠰᠤᠯᠤᠨ ᠮᠠᠯᠵᠢᠯ᠎ᠤᠨ ᠲᠠᠯᠠᠪᠠᠢ᠎ᠶ᠋ᠢᠨ ᠲᠠᠷᠢᠶᠠᠯᠠᠩ᠎ᠤᠨ ᠱᠢᠨᠵᠢᠯᠠᠬᠦ᠌ ᠤᠬᠠᠭᠠᠨ ᠲᠧᠭ᠌ᠨᠢᠡ ᠮᠡᠷᠬᠡᠵᠢᠯ᠎ᠤᠨ ᠵᠢᠱ᠌ᠢᠶ᠎ᠠ ᠦᠵᠡᠬᠦᠯᠬᠦ᠌ ᠬᠦᠷᠢᠶᠡᠯᠡᠩ ᠲᠤᠭᠤᠷᠢᠭ᠎ᠤᠨ ᠲᠤᠯᠠᠭᠠᠨ ᠬᠦᠯᠡᠮᠵᠢᠨ᠎ᠳᠤ ᠠᠵᠢᠯᠴᠢᠳ ᠲᠦᠪᠡᠳ ᠬᠠᠰᠢ᠎ᠶ᠋ᠢᠨ ᠵᠢᠶᠠᠰᠠ ᠪᠤᠰᠭᠠᠨ ᠶᠠᠭᠠᠷᠠᠨ᠎ᠠ᠃  (ᠬᠡᠱᠢᠭ᠌ᠪᠦᠶᠠᠨ ᠰᠡᠬᠦᠳᠡᠷᠯᠡᠪᠠ)


     ᠪᠠᠷᠠᠭᠤᠨ ᠦᠵᠤᠮᠤᠴᠢᠨ ᠬᠤᠱᠢᠭᠤᠨ᠎ᠳᠠᠬᠢ ᠵᠢᠩ ᠨᠸᠡᠭ ᠱᠢᠯᠢ᠎ᠶ᠋ᠢᠨ ᠭᠤᠤᠯ᠎ᠤᠨ ᠴᠠᠭᠢᠯᠭᠠᠨ ᠭᠠᠷᠭᠠᠬᠤ ᠬᠢᠵᠠᠭᠠᠷᠳᠤ ᠺᠤᠮᠫᠠᠨᠢ ᠡᠨᠡ ᠵᠢᠯ᠎ᠤᠨ ᠲᠦᠷᠦᠬᠦᠦ ᠤᠯᠠᠷᠢᠯ᠎ᠳᠤ 12 ᠳ᠋ᠦᠡᠭ᠌ᠰᠢᠭᠤᠷ ᠭᠷᠠᠳᠦ᠋ᠰ ᠴᠠᠬᠢᠯᠭᠠᠨ ᠭᠠᠷᠭᠠᠵᠠᠢ᠃ ᠵᠢᠷᠤᠭ ᠪᠤᠯ ᠺᠤᠮᠫᠠᠨᠢ᠎ᠶ᠋ᠢᠨ ᠠᠵᠢᠯᠳᠠᠨ ᠴᠠᠬᠢᠯᠭᠠᠨ ᠭᠠᠷᠭᠠᠬᠤ ᠮᠠᠱᠢᠨ ᠴᠤᠭ᠍ᠴᠠᠯᠠᠪᠤᠷᠢ᠎ᠶ᠋ᠢᠨ ᠡᠵᠡᠮᠳᠡᠯ᠎ᠤᠨ ᠲᠠᠰᠤᠭ᠎ᠲᠤ ᠬᠠᠮᠢᠶ᠎ᠠ ᠪᠦᠬᠦᠢ ᠲᠤᠭ᠎ᠠ ᠪᠠᠷᠢᠮᠳᠠ᠎ᠶ᠋ᠢ ᠨᠠᠷᠢᠯᠢᠭ ᠬᠢᠨᠠᠨ ᠡᠵᠡᠮᠳᠡᠵᠦ᠍ ᠪᠠᠢᠭ᠎ᠠ᠎ᠨᠢ᠃  (ᠪᠢᠯᠢᠭ᠌ᠪᠡᠭᠠᠳᠤᠷ  ᠰᠡᠬᠦᠳᠡᠷᠯᠠᠪᠠ)


     ᠪᠠᠶᠠᠨᠨᠠᠭᠤᠷ ᠬᠤᠲᠠ᠎ᠶ᠋ᠢᠨ ᠮᠣᠩᠭᠤᠯ ᠡᠮᠨᠡᠯᠭᠡ᠎ᠶ᠋ᠢᠨ ᠬᠤᠷᠢᠶᠠᠨ᠎ᠤ ᠳᠣᠲᠣᠷ ᠡᠮᠨᠡᠯᠭᠡ᠎ᠶ᠋ᠢᠨ ᠰᠠᠯᠠᠭᠠᠨ᠎ᠤ ᠡᠷᠬᠢᠯᠡᠭ᠌ᠴᠢ ᠭᠡᠷᠡᠯᠪᠠᠭᠠᠲᠤᠷ ᠡᠮᠴᠢ ᠤᠳᠠᠯ ᠦᠭᠡᠢ ᠡᠪᠡᠤᠨᠴᠢᠳᠡᠨ᠎ᠳᠤ ᠰᠤᠳᠠᠯ ᠪᠠᠷᠢᠵᠤ ᠥᠭ᠌ᠭᠦᠨ ᠤᠳᠠᠯ ᠦᠭᠡᠢ ᠺᠣᠮᠫᠢᠦ᠋ᠲ᠋ᠧᠷ ᠳᠡᠭᠡᠷ᠎ᠡ᠎ᠪᠠᠨ ᠠᠵᠢᠯ᠎ᠢᠶᠠᠨ ᠭᠦᠢᠴᠡᠳᠭᠡᠵᠦ᠍ ᠲᠣᠯᠣᠭᠠᠢ ᠥᠨᠳᠡᠢᠯ ᠦᠭᠡᠢ ᠶᠠᠭᠠᠷᠠᠨ᠎ᠠ᠃ ᠵᠢᠷᠤᠭ ᠪᠤᠯ ᠭᠡᠷᠡᠯᠪᠠᠭᠠᠲᠤᠷ ᠡᠮᠴᠢ ᠰᠤᠳᠠᠯ ᠪᠠᠷᠢᠵᠦ᠍ ᠪᠠᠢᠭ᠎ᠠ᠎ᠨᠢ᠃  (ᠲᠡᠭᠦᠰᠪᠢᠯᠢᠭ ᠰᠡᠭᠦᠳᠡᠷᠯᠡᠪᠡ)


     ᠲᠥᠩᠯᠢᠶᠤᠤ ᠬᠤᠲᠠ᠎ᠶ᠋ᠢᠨ ᠮᠤᠩᠭᠤᠯ ᠳᠤᠮᠳᠠᠳᠤ ᠰᠤᠷᠭᠠᠭᠤᠯᠢ ᠳᠡᠭᠦᠰᠭᠦ ᠠᠩᠬᠢ᠎ᠠᠴᠠ ᠪᠤᠰᠤᠳ᠎ᠢ ᠱᠢᠨ᠎ᠡ ᠬᠤᠭᠤᠴᠠᠭᠠᠨ᠎ᠤ ᠰᠤᠷᠭᠠᠭᠤᠯᠢ ᠡᠬᠢᠯᠡᠬᠦ᠌᠎ᠶ᠋ᠢ ᠬᠤᠢᠱᠢᠯᠡᠭᠤᠯᠤᠬ᠍ᠰᠠᠨ ᠴᠥ᠍ ᠰᠥᠯᠵᠢᠶᠠᠨ ᠳᠡᠭᠡᠷ᠎ᠡ ᠬᠢᠴᠢᠶᠠᠯ ᠤᠷᠤᠬᠤ᠎ᠶ᠋ᠢ ᠪᠠᠷᠢᠮᠳᠠᠯᠠᠨ ᠰᠤᠷᠤᠬ᠍ᠴᠢᠳ᠎ᠤᠨ ᠬᠢᠴᠢᠶᠡᠯ ᠰᠤᠷᠤᠯᠴᠠᠯᠭ᠎ᠠ᠎ᠶ᠋ᠢ ᠬᠠᠷᠱᠢᠯᠠᠭ᠍ᠰᠠᠨ ᠥᠭᠡᠢ᠃ ᠵᠢᠷᠤᠬ ᠪᠤᠯ ᠲᠤᠰ ᠰᠤᠷᠭᠠᠭᠤᠯᠢ᠎ᠶ᠋ᠢᠨ ᠠᠯᠳᠠᠷᠳᠤ ᠪᠠᠭ᠍ᠰᠢ ᠭᠡᠷ᠎ᠲᠡᠭᠡᠨ ᠰᠥᠯᠵᠢᠶᠠᠨ ᠳᠡᠭᠡᠷ᠎ᠡ ᠬᠢᠴᠢᠶᠠᠯ ᠤᠷᠤᠵᠤ ᠪᠠᠢᠭ᠎ᠠ᠎ᠨᠢ᠃  (ᠪᠤᠤ ᠴᠢᠩ ᠱᠧᠩ ᠰᠡᠭᠦᠳᠡᠷᠯᠡᠪᠡ)


     ᠴᠠᠬᠠᠷ ᠪᠠᠷᠠᠭᠤᠨ ᠭᠠᠷᠤᠨ ᠡᠮᠦᠨᠠᠲᠤ ᠬᠤᠱᠢᠭᠤᠨ᠎ᠤ ᠮᠸᠢ ᠬᠦᠢ ᠶᠢᠩ ᠪᠠᠯᠭᠠᠰᠤᠨ᠎ᠤ ᠫᠠᠨᠭ᠌ ᠵᠢᠶᠠ ᠲᠤᠰᠭᠤᠨ᠎ᠤ ᠠᠷᠠᠳ ᠵᠢᠶᠠ ᠵᠠᠨ ᠶᠤᠸᠠᠨ᠎ᠤ ᠨᠢᠳᠤᠨᠤᠨ᠎ᠤ ᠤᠷᠤᠯᠭ᠎ᠠ᠎ᠨᠢ 10 ᠲᠦᠮᠡ ᠭᠠᠷᠤᠢ ᠲᠦᠭᠦᠷᠢᠭ᠎ᠲᠤ ᠬᠦᠷᠴᠤ᠌᠂ ᠶᠠᠳᠠᠭᠤ ᠡᠷᠤᠬᠡ ᠪᠠᠢᠭ᠍ᠰᠠᠨ᠎ᠠᠴᠠ᠎ᠪᠠᠨ ᠪᠠᠶᠠᠨ ᠡᠷᠤᠬᠡ ᠪᠤᠯᠵᠤ᠂ ᠡᠨᠡ ᠵᠢᠯ 3.5 ᠲᠦᠮᠡᠨ ᠲᠦᠭᠦᠷᠢᠭ ᠵᠠᠷᠤᠴᠠᠭᠤᠯᠤᠨ ᠱᠢᠨ᠎ᠠ ᠲᠷᠠᠺᠲ᠋ᠤᠷ ᠬᠤᠳᠠᠯᠳᠤᠨ ᠠᠪᠤᠭ᠍ᠰᠠᠨ ᠪᠠᠢᠨ᠎ᠠ᠃ (ᠬᠠᠢ ᠵᠢᠶᠦ᠋ᠨ ᠰᠡᠭᠦᠳᠡᠷᠯᠡᠪᠡ)


     ᠲᠥᠩᠯᠢᠶᠤᠤ ᠬᠤᠲᠠ᠎ᠶ᠋ᠢᠨ ᠤᠢ ᠱᠢᠭᠤᠢ᠎ᠶ᠋ᠢᠨ ᠱᠢᠨᠵᠢᠯᠠᠬᠦ᠌ ᠤᠬᠠᠭᠠᠨ᠎ᠤ ᠰᠤᠳᠤᠯᠭᠠᠨ᠎ᠤ ᠬᠥᠷᠢᠶᠡᠯᠡᠩ᠎ᠤᠨ ᠮᠠᠷᠭᠡᠵᠢᠯᠳᠡᠨ ᠬᠠᠨ ᠮᠢᠩ ᠬᠠᠢ ᠢᠨᠵᠧᠨᠧᠷ ᠬᠤᠷᠴᠢᠨ ᠵᠡᠭᠦᠨ ᠭᠠᠷᠤᠨ ᠳᠤᠮᠳᠠᠳᠤ ᠬᠤᠱᠢᠭᠤᠨ᠎ᠤ ᠬᠤᠧᠠᠬᠤᠱᠢᠭᠤ ᠰᠤᠮᠤ᠎ᠶ᠋ᠢᠨ ᠬᠠᠬ᠎ᠤᠨ ᠰᠥᠮ᠎ᠡ ᠭᠠᠴᠠᠭᠠᠨ᠎ᠳᠤ ᠥᠢᠵᠢᠭᠤᠯᠤᠯᠲᠠ ᠬᠢᠵᠤ ᠪᠠᠢᠭ᠎ᠠ᠎ᠨᠢ᠃  (ᠪᠤᠤ ᠴᠢᠩ ᠱᠧᠩ ᠰᠡᠭᠦᠳᠡᠷᠯᠡᠪᠡ)


     ᠣᠳᠤᠬ᠎ᠤᠨ ᠡᠮᠣᠨᠠᠳᠣ ᠬᠤᠱᠢᠭᠤᠨ᠎ᠤ ᠠᠷᠠᠳ᠎ᠤᠨ ᠡᠮᠨᠡᠯᠬᠡ᠎ᠶ᠋ᠢᠨ ᠬᠤᠷᠢᠶᠠᠨ᠎ᠤ ᠨᠠᠮ᠎ᠤᠨ ᠡᠬᠦᠷ᠎ᠤᠨ ᠱᠥᠵᠢ᠂ ᠬᠤᠷᠢᠶᠠᠨ ᠲᠠᠷᠤᠭ᠎ᠠ ᠵᠥ᠍ ᠱᠢᠣᠢ ᠯᠢ ᠬᠥᠳᠡᠭᠡ ᠳᠣᠰᠭᠤᠨ᠎ᠤ ᠠᠢᠯ ᠡᠷᠣᠬᠡ᠎ᠪᠠᠷ ᠬᠥᠨᠵᠡᠬᠡᠢᠷᠠᠵᠣ᠂ ᠵᠢᠵᠢᠭ ᠡᠮ᠎ᠤᠨ ᠬᠠᠢᠷᠴᠠᠬ᠎ᠤᠨ ᠡᠮ᠎ᠢ ᠶᠠᠭᠠᠬᠢᠵᠣ ᠬᠡᠷᠡᠭ᠌ᠯᠡᠬᠦ᠌᠎ᠶ᠋ᠢ ᠲᠠᠢᠯᠪᠤᠷᠢᠯᠠᠨ ᠥᠭ᠌ᠴᠥ ᠪᠠᠢᠭ᠎ᠠ᠎ᠨᠢ᠃  (ᠡᠷᠳᠡᠨᠢᠵᠢᠷᠭᠠᠯ ᠰᠡᠭᠦᠳᠡᠷᠯᠡᠪᠡ)


     ᠪᠠᠭᠠᠷᠢᠨ ᠪᠠᠷᠠᠭᠤᠨ ᠬᠤᠱᠢᠭᠤᠨ᠎ᠤ ᠳ᠋ᠠᠪᠠᠨ ᠪᠠᠯᠭᠠᠰᠤᠨ᠎ᠤ ᠬᠤᠷᠴᠢᠨ ᠭᠠᠴᠠᠭ᠎ᠠ᠎ᠶ᠋ᠢᠨ ᠮᠠᠯᠴᠢᠨ ᠲᠤᠶᠠᠭ᠎ᠠ ᠮᠠᠯ ᠬᠤᠨᠢ᠎ᠪᠠᠨ ᠳᠤᠳᠤᠮᠳᠠᠵᠤ ᠶᠠᠭᠠᠷᠠᠨ᠎ᠠ᠃  (ᠸᠠᠩ ᠲᠠᠨ᠎ᠠ ᠰᠡᠬᠦᠳᠡᠷᠯᠠᠪᠠ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠣᠯᠣᠩᠭ᠎ᠠ
ᠲᠣᠲᠣᠷᠬᠠᠢ ᠦᠭᠡᠢ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号