ᠲᠠᠯᠠᠨ ᠭᠤᠷᠪᠠᠳᠠᠢ ᠨᠠᠰᠤᠳᠠᠨ᠎ᠤ ᠠᠢᠯᠠᠳᠤᠬ᠍ᠰᠠᠨ ᠲᠦᠷᠦ᠎ᠶ᠋ᠢᠨ ᠪᠤᠳᠤᠯᠭ᠎ᠠ᠎ᠶ᠋ᠢᠨ ᠬᠢᠴᠢᠶᠡᠯ
2020-05-26 16:58:04
ᠵᠣᠬᠢᠶᠠᠭ᠍ᠴᠢ᠄
ᠭᠦᠨᠪᠢᠯᠢᠭ ᠪᠢᠯᠢᠭ᠍ᠪᠠᠭᠠᠳᠤᠷ
ᠣᠩᠱᠢᠭ᠍ᠰᠠᠨ ᠣᠳᠠᠭ᠎ᠠ᠄
★★★☆☆

      ᠰᠤᠷᠪᠤᠯᠵᠢᠯᠠᠭ᠍ᠴᠢ᠎ᠶ᠋ᠢᠨ ᠰᠤᠨᠢᠭᠤᠴᠢ ᠬᠠᠷᠠᠭᠠᠨ᠎ᠳᠤ ᠰᠤᠳᠤᠨ ᠰᠡᠪᠡᠭᠦᠨ ᠶᠠᠭᠤᠮ᠎ᠠ ᠠᠯᠳᠠᠭ᠍ᠳᠠᠳᠠᠭ ᠦᠭᠡᠢ᠂ ᠰᠤᠨᠢᠨ ᠰᠡᠪᠡᠭᠦᠭᠡᠨ ᠵᠤᠭᠤᠭ ᠨᠠᠷᠭᠢᠶ᠎ᠠ᠎ᠶ᠋ᠢᠨ ᠳᠤᠮᠳᠠ᠎ᠠᠴᠠ ᠰᠦᠪᠡᠭ᠌ᠴᠢ ᠬᠠᠢᠵᠤ ᠤᠯᠤᠭ᠍ᠰᠠᠨ᠎ᠢᠶᠠᠨ ᠪᠠᠶᠠᠷᠬᠠᠳᠠᠭ ᠪᠢᠯᠠ᠃ ᠤᠨᠴᠠᠭᠠᠢᠯᠠᠨ ᠦᠨᠳᠦᠰᠦᠨ ᠱᠠᠳᠤᠨ᠎ᠳᠤ ᠭᠦᠨᠵᠡᠭᠡᠢᠷᠡᠭᠦ᠎ᠨᠢ ᠰᠤᠷᠪᠤᠯᠵᠢᠯᠠᠭ᠍ᠴᠢ᠎ᠳᠤ ᠠᠪᠴᠤ᠌ ᠭᠡᠯᠡᠪᠡᠯ ᠰᠤᠨᠢᠨ ᠮᠡᠳᠡᠭᠡᠨ᠎ᠤ ᠰᠦᠪᠡᠭ᠌ᠴᠢ ᠬᠠᠢᠬᠤ ᠰᠠᠢᠬᠠᠨ ᠵᠠᠪᠱᠢᠶᠠᠨ ᠳᠠᠷᠠ ᠪᠢᠯᠠ᠃
      — ᠪᠠᠶᠠᠨᠬᠤᠱᠢᠭᠤ᠎ᠶ᠋ᠢᠨ ᠳᠡᠮᠳᠢᠨᠳᠤᠷᠵᠢ ᠭᠤᠸᠠᠢ ᠪᠤᠯ ᠶᠤᠰᠤᠳᠠᠢ 70 ᠎ᠶ᠋ᠢᠨ ᠳᠠᠪᠠᠭ᠎ᠠ᠎ᠶ᠋ᠢ ᠳᠠᠪᠠᠵᠤ ᠶᠠᠪᠤᠭ᠎ᠠ ᠴᠦ᠍ ᠦᠭᠡ᠎ᠶ᠋ᠢ ᠭᠠᠵᠠᠷ ᠳᠤᠰᠠᠬᠠᠳᠠᠭ ᠦᠭᠡᠢ ᠶᠠᠷᠢᠶᠠᠴᠢ ᠡᠪᠦᠭᠡᠨ ᠱᠢᠤ᠃
      — ᠬᠠᠷᠢᠨ ᠳᠠᠷᠠ ᠨᠠᠰᠤᠳᠠᠨ᠎ᠤ ᠳᠦᠷᠦ᠎ᠶ᠋ᠢᠨ ᠪᠤᠳᠤᠯᠭ᠎ᠠ᠂ ᠤᠯᠤᠰ ᠳᠦᠷᠦ᠎ᠶ᠋ᠢ ᠶᠠᠷᠢᠬᠤ ᠪᠤᠯ ᠶᠤᠰᠤᠳᠠᠢ ᠳᠤᠮᠤ ᠪᠠᠭ᠍ᠰᠢ ᠱᠢᠬ ᠱᠢᠦ᠃ ᠨᠠᠰᠤᠳᠠᠨ ᠭᠤᠸᠠᠢ ᠡᠨᠡ ᠬᠤᠭᠤᠷᠤᠨᠳᠤ ᠪᠦᠭᠦ᠌ ᠤᠯᠤᠰ᠎ᠤᠨ ᠬᠤᠶᠠᠷ ᠬᠤᠷᠠᠯ᠎ᠢ ᠮᠠᠰᠢ ᠨᠠᠷᠢᠨ ᠳᠤᠳᠤᠷᠬᠠᠢ ᠴᠡᠭᠡᠵᠢᠯᠡᠵᠤ᠂ 8 ᠶᠡᠭᠡ ᠳᠠᠯ᠎ᠠ᠎ᠪᠠᠷ 90 ᠵᠢᠵᠢᠭ ᠵᠤᠷᠪᠤᠰ᠎ᠲᠤ ᠭᠡᠷᠭᠢᠨ ᠪᠠᠭ᠍ᠳᠠᠭᠠᠭ᠍ᠰᠠᠨ ᠭᠡᠵᠤ ᠤᠷᠤᠰᠭᠠᠵᠤ ᠪᠠᠢᠭ᠍ᠰᠠᠨ ᠳ᠋ᠠ ᠁  




      ᠬᠤᠶᠠᠷ ᠬᠤᠷᠠᠯ᠎ᠤᠨ ᠦᠨᠳᠦᠰᠦᠨ ᠱᠠᠳᠤᠨ᠎ᠤ ᠰᠤᠷᠪᠤᠯᠵᠢᠯᠠᠭ᠎ᠠ᠎ᠪᠠᠷ ᠪᠠᠷᠠᠭᠤᠨ ᠦᠵᠦᠮᠦᠴᠢᠨ ᠬᠤᠱᠢᠭᠤᠨ᠎ᠳᠤ ᠭᠦᠨᠵᠡᠭᠡᠢᠷᠡᠭᠦ᠎ᠳᠡᠭᠡᠨ ᠪᠢᠳᠠ ᠬᠠᠮᠳᠦ ᠶᠠᠪᠤᠯᠴᠠᠭ᠍ᠰᠠᠨ ᠠᠵᠢᠯ ᠨᠢᠭᠡᠳᠠᠳ᠎ᠤᠨ ᠶᠠᠷᠢᠶᠠᠨ᠎ᠠᠴᠠ ᠰᠡᠵᠢᠭᠦᠷ ᠠᠪᠴᠦ᠍ ᠡᠨᠡᠭᠦ᠌ ᠶᠠᠷᠢᠶᠠᠴᠢ ᠨᠠᠰᠤᠳᠠᠨ᠎ᠤ ᠴᠤᠬᠤᠮ ᠶᠠᠮᠠᠷ ᠱᠢᠤᠬᠠᠨ 《ᠭᠡᠴᠡᠭᠦᠦ》 ᠪᠠᠢᠳᠠᠭ᠎ᠢ ᠰᠤᠷᠠᠬᠤ ᠭᠡᠵᠤ ᠳᠠᠳᠠᠨᠠᠢᠬᠢᠨ᠎ᠳᠤ ᠭᠦᠷᠦᠭ᠌ᠰᠡᠨ ᠪᠢᠯᠠ᠃
      ᠪᠠᠶᠠᠨᠬᠤᠱᠢᠭᠤ ᠰᠤᠮᠤᠨ᠎ᠤ ᠰᠠᠢᠬᠠᠨᠨᠠᠭᠤᠷ ᠭᠠᠴᠠᠭᠠᠨ᠎ᠤ ᠪᠤᠷᠤᠯᠳᠦ ᠬᠤᠱᠢᠭᠤ ᠨᠤᠳᠤᠭ᠎ᠪᠠᠷ ᠰᠠᠭᠤᠷᠢᠱᠢᠯ᠎ᠲᠠᠢ ᠳᠠᠮᠷᠢᠨᠳᠤᠷᠵᠢ ᠨᠠᠰᠤᠳᠠᠨ ᠡᠨᠡ ᠵᠢᠯ 73 ᠨᠠᠰᠤ᠎ᠶ᠋ᠢ ᠵᠤᠭᠤᠭ᠍ᠯᠠᠵᠤ᠂ 8 ᠭᠡᠤᠭᠡᠳ᠎ᠢ ᠦᠰᠭᠡᠨ ᠭᠦᠮᠦᠵᠢᠭᠦᠯᠵᠤ ᠭᠦᠯ᠎ᠳᠤ ᠭᠦᠷᠭᠡᠭ᠌ᠰᠡᠨ ᠦᠷ᠎ᠠ ᠰᠠᠳᠦ᠎ᠶ᠋ᠢᠨ ᠦᠯᠡᠮᠵᠢᠭᠡᠨ ᠪᠤᠶᠠᠨ᠎ᠲᠠᠢ ᠨᠢᠭᠡᠨ ᠪᠠᠢᠯ᠎ᠠ᠃
      ᠠᠮᠢᠳᠤᠷᠠᠯ᠎ᠳᠠᠭᠠᠨ ᠡᠪᠡᠳᠴᠢᠨ ᠵᠤᠪᠠᠯᠠᠩ᠎ᠢ ᠳᠤᠭᠤᠯᠵᠤ᠂ ᠦᠷ᠎ᠠ ᠭᠡᠤᠭᠡᠳ᠎ᠢᠶᠠᠨ ᠦᠰᠭᠡᠨ᠎ᠠ ᠭᠡᠵᠤ ᠭᠠᠮᠱᠢᠬ᠍ᠳᠠᠵᠤ ᠭᠠᠴᠢᠬ᠍ᠳᠠᠵᠤ ᠶᠠᠪᠤᠭ᠍ᠰᠠᠨ ᠳᠠᠮᠳᠢᠨᠳᠤᠷᠵᠢ ᠨᠠᠰᠤᠳᠠᠨ ᠨᠠᠮ ᠵᠠᠰᠠᠭ᠎ᠤᠨ ᠪᠤᠶᠠᠨ᠂ ᠴᠠᠭ ᠳᠦᠷᠦ᠎ᠶ᠋ᠢᠨ ᠰᠠᠢᠬᠠᠨ᠎ᠢ ᠪᠢᠱᠢᠷᠠᠨ ᠱᠢᠳᠦᠵᠤ ᠶᠠᠪᠤᠳᠠᠭ᠂ ᠳᠠᠷᠠᠴᠢᠯᠠᠨ ᠠᠮᠢ ᠪᠡᠶᠡᠨ ᠳᠡᠭᠡᠷ᠎ᠠ᠎ᠪᠠᠨ ᠡᠨᠡ ᠰᠠᠢᠨ ᠰᠠᠢᠬᠠᠨ ᠪᠤᠶᠠᠨ ᠤᠢ᠍ᠢᠯᠠ᠎ᠶ᠋ᠢ ᠡᠳ᠋ᠯᠠᠵᠤ ᠭᠦᠷᠳᠡᠵᠤ ᠢᠷᠡᠭ᠌ᠰᠡᠨ᠎ᠳᠡᠭᠡᠨ ᠤᠳᠤ 70 ᠎ᠶ᠋ᠢᠨ ᠳᠠᠪᠠᠭ᠎ᠠ᠎ᠶ᠋ᠢ ᠳᠠᠪᠠᠵᠤ ᠶᠠᠪᠤᠭ᠎ᠠ ᠴᠤ᠌ ᠨᠠᠮ ᠵᠠᠰᠠᠭ᠎ᠤᠨ ᠬᠤᠷᠠᠯ ᠴᠤᠭ᠍ᠯᠠᠭ᠎ᠠ᠂ ᠱᠢᠨ᠎ᠠ ᠳᠦᠷᠦ᠎ᠶ᠋ᠢᠨ ᠪᠤᠳᠤᠯᠭ᠎ᠠ᠎ᠶ᠋ᠢ ᠠᠯᠳᠠᠯ ᠦᠭᠡᠢ ᠠᠩᠬᠠᠷᠴᠤ᠌ ᠬᠠᠯᠠᠮᠵᠢᠯᠠᠨ᠂ ᠦᠷ᠎ᠠ ᠭᠡᠤᠭᠡᠳ᠎ᠳᠡᠭᠡᠨ ᠵᠢᠭᠠᠵᠤ ᠳᠤᠬᠢᠬᠤ᠎ᠶ᠋ᠢ ᠠᠯᠳᠠᠳᠠᠭ ᠦᠭᠡᠢ ᠭᠡᠨ᠎ᠠ᠃  




      ᠳᠦᠷᠦ᠎ᠶ᠋ᠢᠨ ᠪᠤᠳᠤᠯᠭ᠎ᠠ᠂ ᠶᠠᠷᠦᠩᠭᠡᠢ ᠱᠦᠵᠢ᠎ᠶ᠋ᠢᠨ ᠶᠠᠷᠢᠶ᠎ᠠ᠂ ᠬᠤᠶᠠᠷ ᠬᠤᠷᠠᠯ᠎ᠤᠨ ᠵᠤᠷᠢᠭ ᠰᠠᠨᠠᠭ᠎ᠠ ᠵᠡᠷᠭᠡ᠎ᠶ᠋ᠢ ᠳᠤᠭᠤᠷᠠᠳᠠᠯ᠎ᠠ ᠴᠡᠭᠡᠵᠢᠯᠡᠨ ᠤᠷᠤᠰᠳᠠᠯ᠎ᠠ ᠶᠠᠷᠢᠵᠤ ᠭᠦᠮᠦᠰ᠎ᠤᠨ ᠭᠠᠢᠬᠠᠰᠢ᠎ᠶ᠋ᠢ ᠠᠯᠳᠠᠭᠤᠯᠵᠤ᠂ ᠦᠨᠳᠦᠰᠦᠨ ᠱᠠᠳᠤᠨ᠎ᠳᠤ ᠰᠤᠷᠪᠤᠯᠵᠢᠯᠠᠭ᠍ᠰᠠᠨ ᠪᠢᠳᠠᠠ᠎ᠳᠤ ᠳᠦᠷᠦ᠎ᠶ᠋ᠢᠨ ᠪᠤᠳᠤᠯᠭ᠎ᠠ᠎ᠶ᠋ᠢᠨ ᠳᠤᠬᠠᠢ ᠭᠢᠴᠢᠶᠠᠯ ᠰᠤᠨᠤᠷᠳᠠᠭᠤᠯᠵᠤ᠂ ᠨᠢᠭᠡ᠎ᠶ᠋ᠢ ᠮᠡᠳᠡᠭᠦᠯᠦᠭ᠌ᠰᠡᠨ ᠪᠢᠯᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号