ᠦᠨᠳᠦᠰᠦᠳᠡᠨ᠎ᠤ ᠪᠦᠯᠬᠦᠮᠳᠡᠯ ᠳᠠᠪᠱᠢᠯᠳᠠ᠎ᠶ᠋ᠢᠨ ᠱᠢᠨ᠎ᠡ ᠢᠷᠠᠭᠤ ᠬᠠᠭᠤᠳᠠᠰᠤ᠎ᠶ᠋ᠢ ᠬᠠᠮᠳᠤ᠎ᠪᠠᠷ ᠪᠢᠴᠢᠭ᠌ᠯᠡᠰᠦᠬᠡᠢ — ᠶᠡᠷᠦᠩᠬᠡᠢ ᠱᠦᠵᠢ ᠰᠢ᠎ᠶ᠋ᠢᠨ ᠫᠢᠩ᠎ᠤᠨ ᠦᠪᠦᠷ ᠮᠤᠩᠭᠤᠯ᠎ᠤᠨ ᠲᠦᠯᠦᠭᠡᠯᠡᠭ᠌ᠴᠢᠳ᠎ᠤᠨ ᠪᠦᠯᠭᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ ᠦᠶ᠎ᠡ᠎ᠶ᠋ᠢᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠨᠠᠷᠢᠨ ᠬᠢᠨᠠᠮᠠᠭᠠᠢ ᠰᠤᠷᠤᠯᠴᠠᠨ ᠲᠤᠭᠤᠱᠢᠯᠠᠭᠤᠯᠵᠦ᠍ ᠨᠠᠢᠳᠠᠪᠦᠷᠢᠵᠢᠭᠤᠯᠬᠤ ᠲᠤᠬᠠᠢ ᠲᠠᠪᠤᠨᠳᠠ ᠦᠭᠦᠯᠡᠬᠦ᠌᠎ᠨᠢ
2020-05-28 09:15:22
ᠵᠣᠬᠢᠶᠠᠭ᠍ᠴᠢ᠄
ᠦᠪᠦᠷ ᠮᠤᠩᠭᠤᠯ᠎ᠤᠨ ᠡᠳᠦᠷ᠎ᠤᠨ ᠰᠤᠨᠢᠨ᠎ᠤ ᠱᠢᠭᠦᠮᠵᠢᠯᠡᠭ᠌ᠴᠢ
ᠣᠩᠱᠢᠭ᠍ᠰᠠᠨ ᠣᠳᠠᠭ᠎ᠠ᠄
★★★☆☆

       ᠬᠠᠮᠤᠭ᠎ᠤᠨ ᠠᠭᠤᠤ ᠶᠡᠭᠡ ᠬᠦᠴᠦᠨ᠎ᠨᠢ ᠰᠡᠳᠭᠢᠯ ᠨᠢᠬᠡᠳᠦᠨ ᠬᠦᠴᠦ᠎ᠪᠠᠨ ᠬᠠᠮᠳᠤᠳᠭᠠᠬᠤ᠎ᠳᠤ ᠪᠤᠢ᠂ ᠬᠠᠮᠤᠭ᠎ᠤᠨ ᠪᠠᠳᠤ ᠪᠠᠬᠢ ᠰᠠᠭᠤᠷᠢ᠎ᠨᠢ ᠦᠨᠳᠦᠰᠦᠳᠡᠨ᠎ᠤ ᠪᠦᠯᠬᠦᠮᠳᠡᠯ᠎ᠳᠤ ᠪᠤᠢ᠃
       ᠶᠡᠷᠦᠩᠬᠡᠢ ᠱᠦᠵᠢ ᠰᠢ᠎ᠶ᠋ᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠳᠦᠯᠦᠬᠡᠯᠡᠭ᠌ᠴᠢᠳ᠎ᠤᠨ ᠶᠡᠭᠡ ᠬᠤᠷᠠᠯ᠎ᠤᠨ ᠭᠤᠷᠪᠠᠳᠤᠭᠠᠷ ᠬᠤᠷᠠᠯ᠎ᠤᠨ ᠦᠪᠦᠷ ᠮᠤᠩᠭᠤᠯ᠎ᠤᠨ ᠳᠦᠯᠦᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠠᠭᠠᠨ᠄ 《ᠦᠪᠤᠷ ᠮᠤᠩᠭᠤᠯ᠎ᠤᠨ ᠦᠪᠡᠷᠳᠡᠭᠡᠨ ᠵᠠᠰᠭᠠᠤ ᠤᠷᠤᠨ ᠪᠤᠯ ᠮᠠᠨ᠎ᠤ ᠤᠯᠤᠰ᠎ᠤᠨ ᠬᠠᠮᠤᠭ᠎ᠤᠨ ᠡᠷᠳᠡ ᠪᠠᠢᠭᠤᠯᠤᠬ᠍ᠳᠠᠬ᠍ᠰᠡᠨ ᠦᠨᠳᠤᠰᠤᠳᠡᠨ᠎ᠤ ᠦᠪᠡᠷᠳᠡᠭᠡᠨ ᠵᠠᠰᠭᠠᠤ ᠤᠷᠤᠨ ᠪᠤᠯᠤᠨ᠎ᠡ᠂ ᠦᠨᠳᠤᠰᠤᠳᠡᠨ᠎ᠤ ᠤᠷᠤᠨ᠎ᠤ ᠦᠪᠡᠷᠳᠡᠭᠡᠨ ᠵᠠᠰᠭᠠᠤ ᠪᠠᠢᠭᠤᠯᠤᠯ᠎ᠢ ᠪᠠᠷᠢᠮᠳᠠᠯᠡᠨ ᠲᠡᠬᠦᠯᠳᠡᠷᠵᠢᠬᠦᠯᠵᠤ᠂ ᠦᠨᠳᠤᠰᠤᠳᠡᠨ᠎ᠨᠦᠭᠦᠳ᠎ᠤᠨ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠴᠢᠩᠭᠠᠳᠭᠠᠨ᠂ ᠦᠨᠳᠤᠰᠤᠳᠡᠨ᠎ᠤ ᠤᠷᠤᠨ᠎ᠤ ᠠᠵᠤ ᠠᠬᠤᠢ ᠨᠡᠢᠭᠡᠮ᠎ᠤᠨ ᠬᠦᠭ᠌ᠵᠢᠯᠳᠠ᠎ᠶ᠋ᠢᠨ ᠠᠯᠬᠤᠭ᠎ᠠ᠎ᠶ᠋ᠢ ᠲᠦᠷᠭᠡᠳᠭᠡᠵᠤ᠂ ᠡᠯ᠎ᠡ ᠦᠨᠳᠤᠰᠤᠳᠡᠨ᠎ᠤ ᠪᠦᠯᠬᠦᠮᠳᠡᠯ ᠲᠠᠪᠱᠢᠯᠳᠠ᠎ᠶ᠋ᠢ ᠠᠬᠢᠭᠤᠯᠬᠤ ᠲᠠᠯ᠎ᠡ᠎ᠪᠠᠷ ᠦᠷᠭᠦᠯᠵᠢᠯᠡᠨ ᠡᠮᠤᠨ᠎ᠡ ᠡᠩᠨᠡᠭᠡᠨ᠎ᠳᠤ ᠬᠤᠱᠢᠭᠤᠷᠠᠬᠤ ᠭᠡᠷᠡᠭ᠌ᠳᠠᠢ》 ᠬᠡᠵᠥ᠍ ᠵᠢᠭᠠᠵᠥ᠍ ᠭᠠᠷᠭᠠᠪᠠ᠃ ᠡᠨᠡ ᠪᠤᠯ ᠱᠠᠭᠠᠷᠳᠠᠯᠭ᠎ᠠ ᠪᠤᠯᠬᠤ᠎ᠪᠠᠷ ᠪᠠᠷᠠᠬᠤ ᠦᠬᠡᠢ ᠪᠠᠰᠠ ᠬᠦᠰᠡᠯ ᠡᠷᠡᠮᠡᠯᠵᠡᠯ ᠪᠠᠢᠵᠥ᠍᠂ ᠨᠡᠩ ᠴᠤ᠌ ᠪᠦᠬᠦ᠌ ᠤᠷᠤᠨ᠎ᠤ ᠦᠨᠳᠦᠰᠦᠳᠡᠨ᠎ᠨᠦᠭᠦᠳ᠎ᠤᠨ 2500 ᠭᠠᠷᠤᠢ ᠳᠦᠮᠡᠨ ᠠᠷᠠᠳ ᠳᠦᠮᠡᠨ᠎ᠤ ᠳᠡᠮᠡᠴᠡᠬᠦ᠌ ᠬᠠᠷᠠᠯᠳᠠ ᠪᠠ ᠴᠢᠷᠮᠠᠢᠬᠤ ᠴᠢᠭ᠌ᠯᠡᠯ ᠪᠤᠯᠬᠤ ᠶᠤᠮ᠃
       《ᠮᠢᠩᠭᠠᠨ ᠭᠠᠵᠠᠷ᠎ᠤᠨ ᠤᠯᠤᠰ᠎ᠤᠨ ᠬᠢᠯᠢ᠎ᠶ᠋ᠢ ᠠᠷᠠᠳ ᠢᠷᠭᠡᠳ ᠰᠠᠬᠢᠨ ᠬᠠᠮᠠᠭᠠᠯᠠᠳᠠᠭ》᠃ ᠦᠪᠦᠷ ᠮᠤᠩᠭᠤᠯ ᠪᠤᠯ ᠳᠡᠥᠬᠡᠨ᠎ᠠᠴᠠ᠎ᠪᠠᠨ ᠠᠪᠤᠭᠠᠳ ᠤᠯᠠᠨ ᠦᠨᠳᠦᠰᠦᠳᠡᠨ ᠲᠦᠪᠯᠡᠷᠡᠨ ᠰᠠᠭᠤᠷᠢᠱᠢᠬ᠍ᠰᠠᠨ ᠭᠠᠵᠠᠷ ᠤᠷᠤᠨ ᠪᠠᠢᠵᠥ᠍᠂ ᠮᠠᠨ᠎ᠤ ᠤᠯᠤᠰ᠎ᠤᠨ ᠨᠢᠬᠡᠳᠦᠯᠳᠡᠢ ᠤᠯᠠᠨ ᠦᠨᠳᠦᠰᠦᠳᠡᠨ᠎ᠲᠠᠢ ᠳᠤᠮᠤ ᠬᠡᠷ ᠪᠦᠯᠢ᠎ᠶ᠋ᠢᠨ ᠬᠤᠷᠢᠶᠠᠩᠭᠤᠢ ᠳᠦᠷᠰᠤ ᠪᠤᠯᠬᠤ ᠶᠤᠮ᠃ ᠦᠪᠦᠷ ᠮᠤᠩᠭᠤᠯ᠎ᠤᠨ ᠬᠦᠭ᠌ᠵᠢᠯᠳᠡ᠎ᠶ᠋ᠢᠨ ᠲᠡᠦᠬᠡ᠎ᠶ᠋ᠢ ᠡᠷᠬᠢᠴᠡᠬᠦᠯᠬᠦᠶ᠎ᠡ᠂ ᠪᠦᠬᠦ᠌ ᠤᠷᠤᠨ᠎ᠤ ᠦᠨᠳᠦᠰᠦᠳᠡᠨ᠎ᠨᠦᠭᠦᠳ᠎ᠤᠨ ᠠᠷᠠᠳ ᠳᠦᠮᠡᠨ ᠱᠢᠷᠭᠠᠭᠤ ᠬᠠᠳᠠᠭᠤᠵᠢᠯᠳᠠᠢ ᠲᠡᠮᠡᠴᠡᠵᠤ ᠬᠠᠷᠰᠢ ᠰᠠᠭᠠᠳ᠎ᠢ ᠢᠯᠠᠨ ᠳᠠᠪᠠᠭ᠍ᠰᠠᠨ᠎ᠢᠶᠠᠷ ᠪᠢᠳᠡ ᠰᠠᠢ ᠦᠨᠤᠳᠤᠷ᠎ᠤᠨ ᠪᠦᠯᠬᠦᠮᠳᠡᠯ ᠳᠤᠭ᠍ᠳᠠᠭᠤᠨ᠂ ᠬᠦᠭ᠌ᠵᠢᠯ ᠴᠡᠴᠡᠭ᠌ᠯᠡᠯ᠎ᠤᠨ ᠰᠠᠢᠨ ᠰᠠᠢᠬᠠᠨ ᠪᠠᠢᠳᠠᠯ᠎ᠲᠠᠢ ᠪᠤᠯᠵᠥ᠍ ᠴᠢᠳᠠᠵᠠᠢ; ᠪᠦᠬᠦ᠌ ᠤᠷᠤᠨ᠎ᠤ ᠦᠨᠳᠦᠰᠦᠳᠡᠨ᠎ᠨᠦᠭᠦᠳ᠎ᠤᠨ ᠠᠷᠠᠳ ᠳᠦᠮᠡᠨ ᠰᠠᠬᠢᠨ ᠪᠠᠷᠠᠯᠠᠵᠥ᠍ ᠬᠠᠷᠢᠯᠴᠠᠨ ᠬᠠᠪᠰᠤᠷᠤᠯᠴᠠᠵᠥ᠍᠂ ᠬᠠᠮᠳᠤ᠎ᠪᠠᠷ ᠳᠡᠮᠡᠴᠡᠭ᠌ᠰᠡᠨ᠎ᠠᠴᠠ ᠪᠢᠳᠡ ᠰᠠᠢ ᠡᠯ᠎ᠡ ᠵᠦᠢᠯ᠎ᠤᠨ ᠠᠵᠢᠯ ᠦᠢᠯᠡᠰ᠎ᠤᠨ ᠬᠦᠭ᠌ᠵᠢᠯᠳᠠ ᠳᠠᠪᠱᠢᠯᠳᠠ᠎ᠶ᠋ᠢ ᠤᠯᠵᠥ᠍᠂ 《ᠵᠢᠱ᠌ᠢᠶᠠᠴᠢ ᠦᠪᠡᠷᠳᠡᠭᠡᠨ ᠵᠠᠰᠠᠬᠤ ᠤᠷᠤᠨ》 ᠎ᠤ ᠡᠷᠬᠢᠮ ᠳᠡᠬᠡᠳᠤ ᠢᠷᠠᠭᠤ ᠠᠯᠳᠠᠷ᠎ᠢ ᠪᠠᠳᠤᠯᠠᠵᠥ᠍ ᠴᠢᠳᠠᠵᠠᠢ᠃ ᠱᠢᠨ᠎ᠡ ᠪᠠᠢᠳᠠᠯ ᠱᠢᠨ᠎ᠡ ᠡᠬᠦᠷᠬᠡ ᠱᠢᠨ᠎ᠡ ᠱᠠᠭᠠᠷᠳᠠᠯᠭ᠎ᠠ᠎ᠶ᠋ᠢᠨ ᠡᠮᠤᠨ᠎ᠡ᠂ ᠪᠢᠳᠡ ᠡᠷᠬᠡᠪᠰᠢ ᠶᠡᠷᠦᠩᠬᠡᠢ ᠱᠦᠵᠢ᠎ᠶ᠋ᠢᠨ ᠬᠦᠰᠡᠯ ᠨᠠᠢᠳᠠᠯᠭ᠎ᠠ᠎ᠶ᠋ᠢ ᠪᠠᠳᠤ ᠴᠡᠬᠡᠵᠢᠯᠡᠨ᠂ ᠡᠬᠦᠷᠬᠡ ᠬᠠᠷᠢᠭᠤᠴᠠᠯᠭ᠎ᠠ᠎ᠳᠠᠭᠠᠨ ᠦᠯᠦ᠍ ᠤᠰᠤᠯᠳᠠᠵᠤ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠰᠡᠳᠭᠢᠯ ᠵᠢᠷᠦᠬᠡ᠎ᠪᠠᠨ ᠬᠤᠯᠪᠤᠨ᠂ ᠭᠠᠷ ᠭᠠᠷ᠎ᠢᠶᠠᠨ ᠬᠤᠯᠪᠤᠳᠠᠭ ᠢᠷᠠᠭᠤ ᠤᠯᠠᠮᠵᠢᠯᠠᠯ᠎ᠢ ᠵᠠᠯᠭᠠᠮᠵᠢᠯᠠᠨ ᠪᠠᠳᠠᠷᠠᠭᠤᠯᠵᠥ᠍᠂ ᠦᠨᠳᠦᠰᠦᠳᠡᠨ᠎ᠨᠦᠭᠦᠳ᠎ᠤᠨ ᠺᠠᠳ᠋ᠷ ᠤᠯᠠᠨ ᠲᠦᠮᠡᠨ᠎ᠤ ᠢᠳᠡᠪᠬᠢᠵᠢᠯ᠂ ᠰᠠᠨᠠᠭᠠᠴᠢᠯᠠᠭᠠᠳᠤ ᠴᠢᠨᠠᠷ᠂ ᠪᠦᠳᠦᠬᠡᠯᠴᠢ ᠴᠢᠨᠠᠷ᠎ᠢ ᠬᠦᠢᠴᠡᠳ ᠲᠠᠢᠴᠢᠯᠠᠨ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠢ ᠪᠦᠯᠬᠦᠮᠳᠡᠭᠦᠯᠦᠨ ᠲᠠᠭᠠᠭᠤᠯᠵᠥ᠍ ᠪᠠᠢᠭᠠᠳ ᠲᠡᠷᠢᠬᠦᠨ᠎ᠤ᠎ᠬᠢ ᠪᠤᠯᠵᠤ᠂ ᠡᠮᠤᠨ᠎ᠡ ᠡᠩᠨᠡᠬᠡᠨ᠎ᠳᠤ ᠬᠤᠱᠢᠭᠤᠷᠠᠬᠤ᠎ᠪᠠᠷ ᠴᠢᠷᠮᠠᠢᠵᠤ᠂ ᠡᠬᠡ ᠤᠯᠤᠰ᠎ᠤᠨ ᠬᠢᠯᠢ ᠬᠢᠵᠠᠭᠠᠷ᠎ᠢ ᠬᠠᠮᠳᠤ᠎ᠪᠠᠷ ᠰᠠᠬᠢᠨ ᠬᠠᠮᠠᠭᠠᠯᠠᠵᠥ᠍᠂ ᠰᠠᠢᠨ ᠰᠠᠢᠬᠠᠨ ᠠᠮᠢᠳᠤᠷᠠᠯ᠎ᠢ ᠬᠠᠮᠳᠤ᠎ᠪᠠᠷ ᠴᠤᠭ᠍ᠴᠠᠯᠠᠬᠤ ᠬᠡᠷᠡᠭ᠌ᠳᠡᠢ᠃
       ᠦᠨᠳᠦᠰᠦᠳᠡᠨ᠎ᠤ ᠪᠦᠯᠬᠦᠮᠳᠡᠯ᠎ᠢ ᠴᠢᠩᠭᠠᠳᠭᠠᠬᠤ᠎ᠳᠤ ᠦᠨᠳᠦᠰᠦᠨ ᠵᠦᠢᠯ᠎ᠨᠢ ᠦᠨᠳᠦᠰᠦᠳᠡᠨ᠎ᠤ ᠤᠷᠤᠨ᠎ᠤ ᠦᠪᠡᠷᠳᠡᠭᠡᠨ ᠵᠠᠰᠠᠬᠤ ᠪᠠᠢᠭᠤᠯᠤᠯ᠎ᠢ ᠪᠠᠷᠢᠮᠳᠠᠯᠠᠨ ᠲᠡᠬᠦᠯᠳᠡᠷᠵᠢᠬᠦᠯᠬᠦ᠌᠎ᠳᠤ ᠪᠠᠢᠨ᠎ᠠ᠃ ᠦᠢᠯᠡᠳᠦᠯᠭᠡ ᠭᠡᠷᠡᠴᠢᠯᠡᠭ᠌ᠰᠡᠨ᠎ᠨᠢ᠂ ᠦᠨᠳᠦᠰᠦᠳᠡᠨ᠎ᠤ ᠤᠷᠤᠨ᠎ᠤ ᠦᠪᠡᠷᠳᠡᠭᠡᠨ ᠵᠠᠰᠠᠬᠤ ᠪᠠᠢᠭᠤᠯᠤᠯ᠎ᠢ ᠬᠡᠷᠡᠭ᠌ᠵᠢᠬᠦᠯᠥᠭ᠌ᠰᠡᠡ᠎ᠠᠴᠠ ᠨᠠᠭᠠᠰᠢ᠂ ᠦᠪᠤᠷ ᠮᠤᠩᠭᠤᠯ᠎ᠤᠨ ᠡᠬᠡ ᠭᠠᠵᠠᠷ᠎ᠲᠤ ᠲᠡᠭ᠌ᠷᠢ ᠭᠠᠵᠠᠷ᠎ᠢ ᠲᠤᠩᠰᠤᠯᠭᠠᠮ᠎ᠠ ᠬᠤᠪᠢᠷᠡᠯᠳᠡ ᠭᠠᠷᠴᠦ᠍᠂ ᠦᠨᠳᠦᠰᠦᠳᠡᠨ᠎ᠤ ᠤᠷᠤᠨ᠎ᠤ ᠦᠪᠡᠷᠳᠡᠭᠡᠨ ᠵᠠᠰᠠᠬᠤ ᠪᠠᠢᠭᠤᠯᠤᠯ᠎ᠤᠨ ᠲᠠᠪᠠᠭᠤᠯᠢᠭ ᠪᠤᠯᠤᠨ ᠠᠮᠢᠵᠢᠷᠡᠯ᠎ᠤᠨ ᠬᠦᠴᠦᠨ᠎ᠢ ᠠᠮᠢᠳᠤᠯᠢᠭ᠎ᠢᠶᠠᠷ ᠲᠠᠢᠯᠪᠤᠷᠢᠯᠠᠬ᠍ᠰᠠᠠ ᠪᠠᠢᠨ᠎ᠠ᠃ ᠨᠠᠮ᠎ᠤᠨ ᠦᠨᠳᠦᠰᠦᠳᠡᠨ᠎ᠤ ᠤᠷᠤᠨ᠎ᠤ ᠦᠪᠡᠷᠳᠡᠭᠡᠨ ᠵᠠᠰᠠᠬᠤ ᠪᠠᠢᠭᠤᠯᠤᠯ᠎ᠢ ᠬᠠᠮᠤᠭ᠎ᠤᠨ ᠡᠷᠳᠡ ᠦᠢᠯᠡᠳᠦᠯᠬᠡᠵᠢᠬᠦᠯᠥᠭ᠌ᠰᠡᠨ ᠭᠠᠵᠠᠷ ᠤᠷᠤᠨ ᠪᠤᠯᠤᠬ᠍ᠰᠠᠠ᠎ᠤ ᠬᠤᠪᠢ᠎ᠳᠤ᠂ ᠦᠨᠳᠦᠰᠦᠳᠡᠨ᠎ᠤ ᠤᠷᠤᠨ᠎ᠤ ᠦᠪᠡᠷᠳᠡᠭᠡᠨ ᠵᠠᠰᠠᠬᠤ ᠪᠠᠢᠭᠤᠯᠤᠯ᠎ᠢ ᠪᠠᠷᠢᠮᠳᠠᠯᠠᠨ ᠲᠡᠬᠦᠯᠳᠡᠷᠵᠢᠬᠦᠯᠬᠦ᠌ ᠲᠡᠯ᠎ᠡ᠎ᠪᠠᠷ ᠵᠢᠱ᠌ᠢᠶᠡᠴᠢ᠎ᠶ᠋ᠢᠨ ᠦᠢᠯᠡᠳᠦᠯ᠎ᠢᠶᠠᠨ ᠦᠷᠬᠦᠯᠵᠢᠯᠡᠨ ᠪᠠᠳᠠᠷᠠᠭᠤᠯᠵᠥ᠍᠂ ᠡᠨᠡ ᠬᠦ᠌ ᠦᠨᠳᠦᠰᠦᠨ ᠤᠯᠤᠰ ᠲᠦᠷᠦ᠎ᠶ᠋ᠢᠨ ᠪᠠᠢᠭᠤᠯᠤᠯ᠎ᠤᠨ ᠯᠤᠳᠤ ᠶᠡᠭᠡ ᠲᠠᠪᠠᠭᠤᠯᠢᠭ᠎ᠢ ᠴᠢᠨᠠᠬ᠍ᠰᠢᠳᠠ ᠦᠨᠳᠦᠰᠦᠳᠡᠨ᠎ᠨᠦᠭᠦᠳ᠎ᠤᠨ ᠪᠦᠯᠬᠦᠮᠳᠡᠨ ᠲᠡᠮᠡᠴᠡᠬᠦ᠌᠎ᠶ᠋ᠢ ᠠᠬᠢᠭᠤᠯᠬᠤ ᠰᠦᠷ ᠲᠠᠯᠠᠢᠴᠠᠳᠠᠢ ᠬᠦᠴᠦᠨ ᠪᠤᠯᠭᠠᠨ ᠬᠤᠪᠢᠷᠠᠭᠤᠯᠪᠠᠯ ᠰᠠᠶᠢ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠡᠶ᠎ᠡ ᠨᠠᠢᠷᠳᠡᠢ᠎ᠪᠠᠷ ᠬᠠᠮᠳᠤ ᠤᠷᠤᠱᠢᠬᠤ᠂ ᠰᠡᠳᠭᠢᠯ ᠨᠢᠬᠡᠳᠤᠨ ᠬᠦᠴᠦ᠎ᠪᠠᠨ ᠬᠠᠮᠳᠤᠳᠭᠠᠬᠤ᠂ ᠡᠶ᠎ᠡ ᠵᠤᠬᠢᠴᠠᠩᠭᠤᠢ᠎ᠪᠠᠷ ᠬᠦᠭ᠌ᠵᠢᠬᠦ᠌ ᠰᠠᠢᠨ ᠰᠠᠢᠬᠠᠨ ᠪᠠᠢᠳᠠᠯ᠎ᠢ ᠲᠠᠰᠤᠷᠠᠯᠳᠡ ᠦᠭᠡᠢ ᠪᠠᠬᠢᠵᠢᠬᠦᠯᠵᠥ᠍᠂ ᠪᠦᠬᠦ᠌ ᠤᠷᠤᠨ᠎ᠤ ᠦᠨᠳᠦᠰᠦᠳᠡᠨ᠎ᠤ ᠪᠦᠯᠬᠦᠮᠳᠡᠯ ᠲᠠᠪᠱᠢᠯᠳᠠ᠎ᠶ᠋ᠢᠨ ᠦᠢᠯᠡᠰ᠎ᠤᠨ ᠲᠠᠰᠤᠷᠠᠯᠳᠡ ᠦᠬᠡᠢ ᠤᠷᠤᠭ᠍ᠰᠢ ᠬᠦᠭ᠌ᠵᠢᠬᠦ᠌᠎ᠶ᠋ᠢ ᠠᠬᠢᠭᠤᠯᠵᠤ ᠴᠢᠳᠠᠨ᠎ᠠ᠃
       ᠤᠯᠠᠨ᠎ᠤ ᠬᠦᠴᠦᠨ᠎ᠳᠤ ᠤᠪᠤᠭ᠎ᠠ ᠪᠤᠰᠤᠨ᠎ᠠ᠃ ᠤᠳᠤᠬᠠᠨ᠎ᠤ ᠪᠠᠢᠳᠠᠯ᠎ᠢ ᠠᠵᠢᠬᠤᠶ᠎ᠠ᠂ ᠮᠠᠨ᠎ᠤ ᠤᠷᠤᠨ᠎ᠤ ᠬᠦᠭ᠌ᠵᠢᠯᠳᠡ᠎ᠳᠤ ᠴᠢᠬᠤᠯᠠ ᠶᠡᠭᠡ ᠲᠡᠤᠬᠡᠨ ᠠᠵᠠ ᠳᠤᠬᠢᠶᠠᠯ ᠲᠤᠯᠭᠠᠷᠠᠵᠤ ᠪᠠᠢᠬᠤ ᠪᠦᠭᠡᠳ ᠴᠦᠬᠡᠨ ᠪᠤᠰᠤ ᠠᠶᠤᠯ ᠲᠦᠭ᠌ᠰᠢᠭᠦᠷᠢ ᠦᠷᠢᠰᠦᠯᠳᠦᠭᠡᠨ᠎ᠳᠤ ᠲᠤᠯᠭᠠᠷᠠᠵᠤ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠭᠠᠷ ᠬᠤᠯᠪᠤᠨ ᠮᠦᠷᠦ᠍ ᠵᠡᠷᠭᠡᠴᠡᠵᠤ᠂ ᠬᠠᠮᠳᠦ᠎ᠪᠠᠷ ᠴᠢᠷᠮᠠᠢᠨ ᠲᠡᠮᠡᠴᠡᠬᠦ᠌᠎ᠶ᠋ᠢ ᠨᠡᠩ ᠢᠯᠡᠭᠦᠦ ᠱᠠᠭᠠᠷᠳᠠᠵᠤ ᠪᠤᠢ᠃ ᠡᠯ᠎ᠠ ᠭᠠᠵᠠᠷ ᠤᠷᠤᠨ ᠡᠯ᠎ᠠ ᠰᠠᠯᠠᠭ᠎ᠠ ᠮᠦᠴᠢᠷ᠎ᠤᠨ᠎ᠬᠢᠨ ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠶ᠋ᠢᠨ ᠮᠦᠨ ᠴᠢᠨᠠᠷ ᠪᠠ ᠪᠠᠶᠠᠯᠢᠭ ᠠᠭᠤᠯᠤᠭ᠍ᠳᠠᠬᠤᠨ᠎ᠢ ᠭᠦᠨᠵᠡᠭᠡᠢ ᠤᠢ᠍ᠢᠯᠠᠭᠠᠨ ᠡᠵᠡᠮᠳᠡᠵᠤ᠂ ᠱᠢᠨ᠎ᠠ ᠪᠠᠢᠳᠠᠯ ᠳᠤᠤᠷᠠᠬᠢ ᠦᠨᠳᠦᠰᠦᠳᠡᠨ᠎ᠤ ᠠᠵᠢᠯ᠎ᠢ ᠰᠠᠢᠳᠤᠷ ᠬᠢᠬᠦ᠌ ᠤᠬᠠᠮᠰᠠᠷ ᠪᠠ ᠵᠤᠷᠢᠭ᠎ᠢᠶᠠᠨ ᠲᠠᠰᠤᠷᠠᠯᠳᠠ ᠦᠭᠡᠢ ᠪᠠᠳᠤᠳᠭᠠᠬᠤ ᠬᠡᠷᠡᠭ᠌ᠳᠠᠢ; ᠦᠨᠳᠦᠰᠦᠳᠡᠨ᠎ᠤ ᠶᠡᠭᠡ ᠪᠦᠯᠬᠦᠮᠳᠡᠯ᠎ᠤᠨ ᠲᠤᠭ᠎ᠢ ᠦᠨᠳᠦᠷ ᠮᠠᠨᠳᠤᠭᠤᠯᠤᠨ᠂ ᠦᠨᠳᠦᠰᠦᠳᠡᠨ᠎ᠨᠦᠭᠦᠳ᠎ᠤᠨ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠠᠬᠢᠭᠤᠯᠵᠤ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠬᠠᠮᠳᠦ᠎ᠪᠠᠷ ᠰᠠᠭᠤᠷᠢᠱᠢᠬᠤ᠂ ᠬᠠᠮᠳᠦ᠎ᠪᠠᠷ ᠰᠤᠷᠤᠯᠴᠠᠬᠤ᠂ ᠬᠠᠮᠳᠦ᠎ᠪᠠᠷ ᠠᠵᠢᠯᠯᠠᠬᠤ᠂ ᠬᠠᠮᠳᠦ᠎ᠪᠠᠷ ᠪᠠᠶᠠᠰᠭᠤ ᠨᠡᠢᠭᠡᠮ᠎ᠤᠨ ᠨᠦᠬᠦᠴᠡᠯ᠎ᠢ ᠡᠭᠦᠳᠴᠤ᠌᠂ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠢ ᠳᠤᠮᠳᠠᠳᠤ᠎ᠶ᠋ᠢᠨ ᠦᠨᠳᠦᠰᠦᠳᠡᠨ᠎ᠤ ᠶᠡᠭᠡ ᠭᠡᠷ ᠪᠦᠯᠢ᠎ᠳᠤ ᠠᠬ᠎ᠠ ᠳᠡᠭᠦᠦ ᠮᠡᠳᠦ ᠲᠤᠳᠤᠨᠤᠰᠤᠭ ᠪᠠᠢᠯᠭᠠᠨ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠭᠤᠯᠬᠤ ᠬᠡᠷᠡᠭ᠌ᠳᠠᠢ; ᠦᠨᠳᠦᠰᠦᠳᠡᠨ᠎ᠤ ᠪᠦᠯᠬᠦᠮᠳᠡᠯ ᠳᠠᠪᠱᠢᠯᠳᠠ᠎ᠶ᠋ᠢ ᠡᠭᠦᠳᠤᠨ ᠪᠠᠢᠭᠤᠯᠬᠤ ᠠᠵᠢᠯ᠎ᠢ ᠪᠦᠬᠦ᠌ ᠲᠠᠯ᠎ᠠ᠎ᠪᠠᠷ ᠭᠦᠨᠵᠡᠭᠡᠢ ᠲᠠᠭᠠᠭᠠᠮᠠᠭᠠᠢ ᠦᠷᠨᠢᠭᠦᠯᠵᠤ᠂ 《ᠭᠤᠷᠪᠠᠨ ᠰᠠᠯᠵᠤ ᠳᠡᠢᠯᠬᠦ᠌ ᠦᠭᠡᠢ》᠂ 《ᠲᠠᠪᠤᠨ ᠬᠠᠮᠳᠤ᠎ᠶ᠋ᠢᠨ ᠲᠠᠨᠢᠯᠳᠠ》 ᠎ᠶ᠋ᠢ ᠦᠨᠳᠦᠰᠦᠳᠡᠨ᠎ᠨᠦᠭᠦᠳ᠎ᠤᠨ ᠠᠷᠠᠳ ᠲᠦᠮᠡᠨ᠎ᠤ ᠰᠡᠳᠭᠢᠯ᠎ᠳᠤ ᠭᠦᠨ ᠬᠠᠳᠠᠩᠱᠢᠭᠤᠯᠵᠤ᠂ ᠳᠤᠮᠳᠠᠳᠤ᠎ᠶ᠋ᠢᠨ ᠦᠨᠳᠦᠰᠦᠳᠡᠨ᠎ᠤ ᠬᠠᠮᠳᠤ᠎ᠶ᠋ᠢᠨ ᠴᠤᠭ᠍ᠴᠠ᠎ᠶ᠋ᠢᠨ ᠤᠬᠠᠮᠰᠠᠷ᠎ᠢ ᠪᠠᠳᠤ ᠴᠤᠭ᠍ᠴᠠᠯᠠᠨ᠂ ᠡᠬᠡ ᠤᠯᠤᠰ᠎ᠤᠨ ᠤᠮᠠᠷᠠᠳᠤ᠎ᠶ᠋ᠢᠨ ᠡᠨᠡ ᠬᠦ᠌ ᠦᠵᠡᠮᠵᠢ᠎ᠶ᠋ᠢᠨ ᠤᠷᠤᠨ᠎ᠢᠶᠠᠨ ᠨᠡᠩ ᠦᠵᠡᠰᠭᠦᠯᠡᠩᠳᠤ ᠰᠠᠢᠬᠠᠨ ᠪᠤᠯᠭᠠᠨ ᠪᠦᠲᠦᠭᠡᠨ ᠪᠠᠢᠭᠤᠯᠬᠤ ᠬᠡᠷᠡᠭ᠌ᠳᠠᠢ᠃
       ᠦᠩᠭᠡᠷᠡᠭ᠌ᠰᠡᠨ᠎ᠢ ᠡᠷᠭᠢᠴᠡᠭᠦᠯᠬᠦᠶ᠎ᠠ᠂ ᠦᠨᠳᠦᠰᠦᠳᠡᠨ᠎ᠨᠦᠭᠦᠳ᠎ᠤᠨ ᠠᠷᠠᠳ ᠲᠦᠮᠨᠨ ᠭᠠᠷ ᠬᠤᠯᠪᠤᠨ ᠡᠷᠡᠮᠡᠬᠡᠢᠯᠡᠨ ᠤᠷᠤᠭ᠍ᠰᠢᠯᠠᠬ᠍ᠰᠠᠨ ᠦᠵᠡᠭ᠌ᠳᠡᠯ ᠨᠢᠳᠦᠨ ᠡᠮᠦᠨ᠎ᠠ ᠳᠤᠳᠤᠷᠠᠨ᠎ᠠ; ᠢᠷᠡᠭᠡᠳᠦᠢ᠎ᠶ᠋ᠢ ᠪᠠᠷᠠᠯᠠᠬᠤᠶ᠎ᠠ᠂ ᠦᠨᠳᠦᠰᠦᠳᠡᠨ᠎ᠨᠦᠭᠦᠳ᠎ᠤᠨ ᠠᠷᠠᠳ ᠲᠦᠮᠡᠨ ᠬᠦᠰᠡᠯ ᠵᠡᠭᠦᠳᠦ᠎ᠪᠠᠨ ᠬᠠᠮᠳᠦ᠎ᠪᠠᠷ ᠳᠡᠷᠭᠡᠯᠱᠢᠭᠦᠯᠬᠦ᠌ ᠠᠯᠤᠰ ᠢᠷᠡᠭᠡᠳᠦᠢ ᠬᠦᠮᠦᠰ᠎ᠢ ᠤᠷᠮᠠᠱᠢᠭᠤᠯᠤᠨ᠎ᠠ᠃ ᠪᠢᠳᠡ ᠶᠡᠷᠦᠩᠬᠡᠢ ᠱᠦᠵᠢ ᠰᠢ᠎ᠶ᠋ᠢᠨ ᠫᠢᠩ᠎ᠤᠨ ᠬᠦᠰᠡᠯ ᠨᠠᠢᠳᠠᠯᠭ᠎ᠠ᠎ᠶ᠋ᠢ ᠪᠠᠳᠤ ᠴᠡᠭᠡᠵᠢᠯᠡᠵᠤ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ ᠪᠦᠯᠬᠦᠮᠳᠡᠨ ᠲᠡᠮᠡᠴᠡᠵᠤ᠂ ᠴᠤᠴᠠᠯᠳᠠ ᠦᠭᠡᠢ ᠤᠷᠤᠭ᠍ᠰᠢᠯᠠᠨ᠂ ᠬᠠᠷᠠᠬᠤ ᠨᠢᠳᠦᠨ᠎ᠤ ᠴᠡᠴᠡᠭᠡᠢ᠎ᠪᠠᠨ ᠬᠠᠢᠷᠠᠯᠠᠬᠤ ᠮᠡᠳᠦ᠎ᠪᠠᠷ ᠦᠨᠳᠦᠰᠦᠳᠡᠨ᠎ᠤ ᠪᠦᠯᠬᠦᠮᠳᠡᠯ᠎ᠢ ᠬᠠᠢᠷᠠᠯᠠᠨ ᠬᠠᠮᠠᠭᠠᠯᠠᠵᠤ᠂ ᠠᠮᠢ ᠨᠠᠰᠤ᠎ᠪᠠᠨ ᠨᠠᠨᠳᠢᠩᠨᠠᠬᠤ ᠮᠡᠳᠦ᠎ᠪᠠᠷ ᠦᠨᠳᠦᠰᠦᠳᠡᠨ᠎ᠤ ᠪᠦᠯᠬᠦᠮᠳᠡᠯ᠎ᠢ ᠨᠠᠨᠳᠢᠩᠨᠠᠵᠤ᠂ ᠮᠠᠨ᠎ᠤ ᠤᠷᠤᠨ᠎ᠤ ᠦᠨᠳᠦᠰᠦᠲᠡᠨ᠎ᠤ ᠪᠦᠯᠬᠦᠮᠳᠡᠯ ᠳᠠᠪᠱᠢᠯᠳᠠ᠎ᠶ᠋ᠢᠨ ᠱᠢᠨ᠎ᠠ ᠢᠷᠠᠭᠤ ᠬᠠᠭᠤᠳᠠᠰᠤ᠎ᠶ᠋ᠢ ᠪᠢᠴᠢᠭ᠌ᠯᠡᠰᠦᠬᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号