ᠠᠵᠢᠯ ᠤᠯᠭᠤᠯᠲᠠ᠎ᠶ᠋ᠢ ᠲᠤᠭ᠍ᠲᠠᠪᠤᠷᠢᠵᠢᠭᠤᠯᠵᠤ ᠠᠷᠠᠳ᠎ᠤᠨ ᠠᠮᠢᠲᠤᠷᠠᠯ᠎ᠢ ᠪᠠᠲᠤᠯᠠᠨ᠎ᠠ — ᠶᠠᠷᠦᠩᠬᠡᠢ ᠱᠦᠵᠢ ᠰᠢ᠎ᠶ᠋ᠢᠨ ᠫᠢᠡᠭ᠎ᠤᠨ ᠴᠢᠬᠤᠯᠠ ᠶᠠᠷᠢᠶ᠎ᠠ ᠦᠪᠠᠷᠲᠠᠬᠡᠨ ᠵᠠᠰᠠᠬᠤ ᠤᠷᠤᠨ᠎ᠤ ᠨᠡᠢᠭᠡᠮ᠎ᠤᠨ ᠡᠯ᠎ᠠ ᠡᠳᠡᠭᠡᠳ᠎ᠤᠨ ᠲᠤᠮᠲᠠ ᠴᠢᠩᠭ᠎ᠠ ᠲᠤᠰᠭᠠᠯ ᠭᠠᠷᠪᠠ
2020-05-28 09:13:38
ᠵᠣᠬᠢᠶᠠᠭ᠍ᠴᠢ᠄
ᠪᠤᠤ ᠢᠤᠢ ᠶᠢᠩ ᠦᠨᠢᠷ ᠰᠦᠨ ᠯᠢ ᠶᠢᠩ ᠰᠠᠴᠤᠷᠠᠯ ᠱᠢᠨᠡᠪᠢᠯᠢᠭ ᠸ᠊ · ᠭᠡᠷᠡᠯᠳᠤ ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

     5 ᠰᠠᠷ᠎ᠠ᠎ᠶ᠋ᠢᠨ 22 ᠎ᠤᠨ ᠡᠳᠦᠷ᠎ᠤᠨ ᠦᠳᠡ᠎ᠶ᠋ᠢᠨ ᠬᠤᠢᠨ᠎ᠠ᠂ ᠶᠠᠷᠦᠩᠬᠡᠢ ᠱᠦᠵᠢ ᠰᠢ᠎ᠶ᠋ᠢᠨ ᠫᠢᠡᠭ ᠠᠷᠪᠠᠨ ᠭᠤᠷᠪᠠᠲᠤᠭᠠᠷ ᠬᠤᠭᠤᠴᠠᠭᠠᠨ᠎ᠤ ᠪᠦᠬᠦ᠌ ᠤᠯᠤᠰ᠎ᠤᠨ ᠠᠷᠠᠳ᠎ᠤᠨ ᠲᠦᠯᠤᠬᠡᠯᠡᠭ᠌ᠴᠢᠳ᠎ᠤᠨ ᠶᠡᠭᠡ ᠬᠤᠷᠠᠯ᠎ᠤᠨ ᠭᠤᠷᠪᠠᠲᠤᠭᠠᠷ ᠬᠤᠷᠠᠯ᠎ᠤᠨ ᠦᠪᠤᠷ ᠮᠤᠩᠭᠤᠯ᠎ᠤᠨ ᠲᠦᠯᠤᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠠᠭᠠᠨ 《ᠶᠡᠭᠡ ᠳᠡᠭᠡᠳᠤ ᠰᠤᠷᠭᠠᠭᠤᠯᠢ᠎ᠶ᠋ᠢᠨ ᠲᠡᠭᠦᠰᠭᠦ ᠤᠶᠤᠳᠠᠳ᠂ ᠬᠦᠯᠦᠰᠦᠨ ᠲᠠᠷᠢᠶᠠᠴᠢᠳ᠂ ᠴᠡᠷᠢᠭ᠎ᠠᠴᠠ ᠬᠠᠯᠠᠭ᠍ᠳᠠᠭ᠍ᠰᠠᠳ ᠵᠡᠷᠭᠡ ᠭᠤᠤᠯᠳᠠᠯᠭ᠎ᠠ᠎ᠲᠠᠢ ᠬᠦᠮᠦᠰ᠎ᠲᠤ ᠠᠵᠢᠯ ᠤᠯᠭᠤᠬᠤ ᠠᠵᠢᠯ᠎ᠢ ᠰᠠᠢᠳᠤᠷ ᠬᠢᠬᠦ᠌ ᠬᠡᠷᠡᠭ᠌ᠳᠠᠢ》 ᠭᠡᠵᠦ᠍ ᠱᠠᠭᠠᠷᠳᠠᠵᠠᠢ᠃ ᠡᠨᠡ ᠬᠦ᠌ ᠴᠢᠬᠤᠯᠠ ᠵᠢᠭᠠᠪᠣᠷᠢ᠎ᠨᠢ ᠪᠦᠬᠦ᠌ ᠤᠷᠤᠨ᠎ᠤ ᠡᠯ᠎ᠠ ᠭᠠᠵᠠᠷ ᠣᠷᠣᠨ ᠡᠯ᠎ᠡ ᠰᠠᠯᠠᠭ᠎ᠠ ᠮᠦᠴᠢᠷ᠎ᠤᠨ ᠺᠠᠳ᠋ᠷ ᠠᠵᠢᠯᠲᠠᠨ᠎ᠤ ᠲᠤᠮᠲᠠ ᠴᠢᠩᠭ᠎ᠠ ᠲᠤᠰᠭᠠᠯ ᠭᠠᠷᠪᠠ᠃
     ᠦᠪᠠᠷᠲᠡᠬᠡᠨ ᠵᠠᠰᠠᠬᠤ ᠤᠷᠤᠨ᠎ᠤ ᠬᠦᠮᠤᠨ᠎ᠤ ᠬᠦᠴᠤᠨ᠎ᠤ ᠡᠬᠢ ᠪᠠᠶᠠᠯᠢᠭ ᠪᠠ ᠨᠠᠢᠬᠡᠮ᠎ᠤᠨ ᠪᠠᠲᠤᠯᠠᠭ᠎ᠠ᠎ᠶ᠋ᠢᠨ ᠲᠢᠩᠬᠢᠮ᠎ᠤᠨ ᠺᠠᠳ᠋ᠷ ᠠᠵᠢᠯᠲᠠᠳ᠎ᠠᠴᠠ ᠶᠠᠷᠦᠩᠬᠡᠢ ᠱᠦᠵᠢ ᠰᠢ᠎ᠶ᠋ᠢᠨ ᠫᠢᠡᠭ ᠭᠤᠷᠪᠠᠨ ᠵᠢᠯ ᠳᠠᠷᠠᠭᠠᠯᠠᠨ ᠦᠪᠦᠷ ᠮᠣᠩᠭᠤᠯ᠎ᠤᠨ ᠲᠦᠯᠦᠭᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠨ ᠴᠢᠬᠤᠯᠠ ᠶᠠᠷᠢᠶ᠎ᠠ ᠳᠠᠯᠪᠢᠵᠣ᠂ ᠦᠪᠤᠷ ᠮᠤᠩᠭᠤᠯ᠎ᠤᠨ ᠡᠯ᠎ᠠ ᠳᠠᠯ᠎ᠠ᠎ᠶ᠋ᠢᠨ ᠠᠵᠢᠯ᠎ᠢ ᠲᠦᠢᠯ᠎ᠢᠶᠠᠷ ᠬᠠᠯᠠᠮᠵᠢᠯᠠᠨ᠂ ᠴᠢᠬᠤᠯᠠ ᠵᠢᠭᠠᠪᠤᠷᠢ ᠦᠭ᠌ᠴᠡᠢ᠃ ᠪᠢᠲᠠ ᠶᠠᠷᠦᠩᠬᠡᠢ ᠱᠦᠵᠢ᠎ᠶ᠋ᠢᠨ ᠴᠢᠬᠤᠯᠠ ᠶᠠᠷᠢᠶᠠᠨ᠎ᠤ ᠵᠤᠷᠢᠭ ᠰᠠᠨᠠᠭ᠎ᠠ᠎ᠶ᠋ᠢ ᠬᠦᠨᠵᠡᠬᠡᠢ ᠰᠤᠷᠤᠯᠴᠠᠨ ᠤᠢ᠍ᠢᠯᠠᠭᠠᠵᠤ᠂ ᠬᠦᠮᠤᠨ᠎ᠤ ᠬᠦᠴᠤᠨ᠎ᠤ ᠡᠬᠢ ᠪᠠᠶᠠᠯᠢᠭ᠎ᠤᠨ ᠬᠦᠷᠢᠶᠡᠨ᠎ᠳᠠᠬᠢ ᠡᠯ᠎ᠠ ᠵᠦᠢᠯ᠎ᠤᠨ ᠠᠵᠢᠯ᠎ᠢ ᠪᠦᠬᠦ᠌ ᠬᠦᠴᠤᠨ᠎ᠢᠶᠠᠷ᠎ᠢᠶᠠᠨ ᠰᠠᠢᠲᠤᠷ ᠬᠢᠨ᠎ᠠ᠃ 《ᠠᠵᠢᠯ ᠤᠯᠭᠤᠯᠲᠠ》 ᠎ᠨᠢ ᠵᠠᠰᠠᠭ᠎ᠤᠨ ᠤᠷᠲᠤᠨ᠎ᠤ ᠠᠵᠢᠯ᠎ᠤᠨ ᠢᠯᠡᠳᠭᠡᠯ᠎ᠳᠠᠬᠢ ᠨᠢᠬᠡᠨ ᠵᠠᠩᠬᠢᠯᠠᠭ᠎ᠠ᠎ᠶ᠋ᠢᠨ ᠦᠬᠡ ᠪᠤᠯᠤᠨ᠎ᠠ᠃ ᠢᠯᠡᠳᠭᠡᠯ᠎ᠳᠤ᠂ ᠡᠨᠡ ᠵᠢᠯ ᠠᠵᠢᠯ ᠤᠯᠭᠤᠯᠲᠠ᠎ᠶ᠋ᠢ ᠲᠤᠭ᠍ᠲᠠᠪᠤᠷᠢᠵᠢᠭᠤᠯᠤᠨ ᠠᠷᠠᠳ᠎ᠤᠨ ᠠᠮᠢᠲᠤᠷᠠᠯ᠎ᠢ ᠪᠠᠲᠤᠯᠠᠬᠤ᠎ᠶ᠋ᠢ ᠲᠠᠷᠢᠬᠦᠨ᠎ᠳᠤ ᠲᠠᠯᠪᠢᠵᠤ᠂ 《ᠵᠢᠷᠭᠤᠭ᠎ᠠ᠎ᠶ᠋ᠢ ᠲᠤᠭ᠍ᠲᠠᠪᠤᠷᠢᠵᠢᠭᠤᠯᠬᠤ》 《ᠵᠢᠷᠭᠤᠭ᠎ᠠ᠎ᠶ᠋ᠢ ᠪᠠᠲᠤᠯᠠᠬᠤ》 ᠎ᠶ᠋ᠢ ᠰᠠᠢᠲᠤᠷ ᠠᠳᠭᠤᠵᠤ᠂ ᠠᠵᠤ ᠠᠬᠤᠢ᠍ᠢᠯᠠᠯ᠎ᠢ ᠲᠤᠭ᠍ᠲᠠᠪᠤᠷᠢᠵᠢᠭᠤᠯᠵᠤ ᠠᠵᠢᠯ ᠤᠯᠭᠤᠯᠲᠠ᠎ᠶ᠋ᠢ ᠪᠠᠲᠤᠯᠠᠬᠤ᠎ᠪᠠᠷ ᠬᠦᠴᠤᠯᠠᠨ ᠴᠢᠷᠮᠠᠢᠵᠤ᠂ ᠤᠯᠠᠨ᠎ᠢᠶᠠᠷ᠎ᠢᠶᠠᠨ ᠦᠢᠯᠡᠰ ᠪᠤᠰᠭᠠᠵᠤ ᠨᠠᠢᠲᠠ᠎ᠪᠠᠷ᠎ᠢᠶᠠᠨ ᠱᠢᠨ᠎ᠠ᠎ᠶ᠋ᠢ ᠡᠬᠦᠳᠬᠦ᠌ ᠵᠡᠷᠬᠡ᠎ᠶ᠋ᠢ ᠬᠦᠨᠵᠡᠬᠡᠢ ᠠᠬᠢᠭᠤᠯᠤᠨ᠎ᠠ ᠭᠡᠵᠦ᠍ ᠳᠣᠷᠠᠳᠴᠠᠢ᠃ ᠪᠢᠳᠡ ᠲᠤᠭ᠍ᠲᠠᠭᠤᠨ᠎ᠤ ᠲᠤᠮᠲᠠ ᠤᠷᠤᠭ᠍ᠰᠢᠯᠠᠨ ᠳᠠᠪᠱᠢᠬᠤ ᠠᠵᠢᠯ᠎ᠤᠨ ᠶᠡᠷᠦᠩᠬᠡᠢ ᠬᠦᠭ ᠠᠶᠠᠰ᠎ᠢ ᠡᠵᠡᠮᠳᠡᠵᠦ᠍᠂ ᠱᠢᠨ᠎ᠠ ᠬᠦᠭ᠌ᠵᠢᠯᠲᠠ᠎ᠶ᠋ᠢᠨ ᠤᠢ᠍ᠢᠯᠠᠭᠠᠭ᠍ᠲᠠᠬᠤᠨ᠎ᠢ ᠪᠠᠷᠢᠮᠲᠠᠯᠠᠵᠤ᠂ ᠠᠵᠢᠯ ᠤᠯᠭᠤᠯᠲᠠ᠎ᠶ᠋ᠢ ᠲᠤᠭ᠍ᠲᠠᠪᠤᠷᠢᠵᠢᠭᠤᠯᠬᠤ᠎ᠶ᠋ᠢ ᠴᠢᠬᠤᠯᠠ ᠠᠵᠢᠯ ᠪᠣᠯᠭᠠᠨ ᠴᠢᠩᠭ᠎ᠠ ᠠᠳᠭᠤᠵᠣ᠂ ᠬᠢᠵᠢᠭ᠎ᠤᠨ ᠪᠠᠢᠲᠠᠯ᠎ᠢ ᠰᠡᠷᠬᠡᠢᠯᠠᠨ ᠡᠵᠡᠮᠲᠠᠬᠦ᠌ ᠪᠠ ᠬᠦᠮᠤᠨ᠎ᠤ ᠬᠦᠴᠤᠨ᠎ᠤ ᠡᠬᠢ ᠪᠠᠶᠠᠯᠢᠭ᠎ᠤᠨ ᠬᠦᠷᠢᠶᠡᠨ᠎ᠳᠠᠬᠢ ᠡᠯ᠎ᠠ ᠵᠦᠢᠯ᠎ᠤᠨ ᠠᠵᠢᠯ᠎ᠢ ᠨᠢᠬᠡᠲᠤᠯᠲᠠᠢ ᠲᠦᠯᠤᠪᠵᠢᠬᠦᠯᠤᠨ᠎ᠠ᠃ ᠦᠬᠡᠷᠠᠴᠢᠯᠠᠯᠲᠠ᠎ᠶ᠋ᠢ ᠠᠬᠢᠭᠤᠯᠬᠤ᠂ ᠠᠷᠠᠳ᠎ᠲᠤ ᠠᠱᠢᠭ ᠬᠦᠷᠲᠠᠬᠡᠬᠦ᠂ ᠲᠦᠭ᠌ᠰᠢᠬᠦᠷᠢ᠎ᠶ᠋ᠢ ᠰᠡᠷᠬᠡᠢᠯᠠᠬᠦ᠂ ᠲᠤᠭ᠍ᠲᠠᠭᠤᠨ᠎ᠢ ᠪᠠᠲᠤᠯᠠᠬᠤ᠎ᠪᠠᠷ ᠬᠦᠴᠤᠯᠠᠠ ᠴᠢᠷᠮᠠᠢᠵᠤ᠂ ᠶᠠᠲᠠᠭᠤ᠎ᠠᠴᠠ ᠠᠩᠬᠢᠵᠢᠷᠠᠭᠤᠯᠬᠤ ᠪᠤᠭᠤᠮᠲᠠ ᠱᠢᠪᠲᠤᠯᠬᠤ ᠱᠢᠢᠳᠪᠤᠷᠢᠲᠤ ᠳᠠᠢᠯᠠᠯᠳᠣᠭᠠᠨ᠎ᠤ ᠢᠯᠠᠯᠲᠠ᠎ᠶ᠋ᠢ ᠤᠯᠵᠤ᠂ ᠴᠢᠨᠠᠬᠡᠯᠢᠭ ᠨᠠᠢᠬᠡᠮ᠎ᠢ ᠪᠦᠬᠦ᠌ ᠲᠠᠯ᠎ᠠ᠎ᠪᠠᠷ ᠪᠡᠶᠡᠯᠡᠭᠦᠯᠬᠦ᠌᠎ᠳᠤ ᠬᠦᠮᠤᠨ᠎ᠤ ᠬᠦᠴᠤᠨ᠎ᠤ ᠡᠬᠢ ᠪᠠᠶᠠᠯᠢᠭ ᠪᠠ ᠨᠠᠢᠬᠡᠮ᠎ᠤᠨ ᠪᠠᠲᠤᠯᠠᠭ᠎ᠠ᠎ᠶ᠋ᠢᠨ ᠱᠢᠰᠲ᠋ᠧᠮ᠎ᠤᠨ ᠬᠦᠴᠤᠨ ᠴᠢᠳᠠᠯ᠎ᠢᠶᠠᠨ ᠡᠷᠬᠦᠨ᠎ᠠ ᠬᠡᠵᠤ ᠢᠯᠠᠷᠬᠡᠢᠯᠠᠵᠡᠬᠡᠪᠡ᠃
     ᠪᠦᠬᠦ᠌ ᠣᠷᠣᠨ᠎ᠤ ᠴᠡᠷᠢᠭ᠎ᠠᠴᠠ ᠬᠠᠯᠠᠭ᠍ᠳᠠᠭ᠍ᠰᠠᠳ᠎ᠤᠨ ᠶᠠᠪᠤᠳᠠᠯ᠎ᠤᠨ ᠱᠢᠰᠲ᠋ᠧᠮ᠎ᠤᠨ ᠥᠷᠭᠡᠨ ᠤᠯᠠᠨ ᠺᠠᠳ᠋ᠷ ᠠᠵᠢᠯᠳᠠᠳ ᠶᠡᠷᠦᠩᠬᠡᠢ ᠱᠦᠵᠢ᠎ᠶ᠋ᠢᠨ ᠴᠢᠬᠤᠯᠠ ᠶᠠᠷᠢᠶ᠎ᠠ᠎ᠶ᠋ᠢ ᠰᠣᠨᠣᠰᠣᠭᠠᠳ ᠲᠦᠢᠯ᠎ᠢᠶᠠᠷ ᠤᠷᠮᠠᠱᠢᠨ ᠵᠤᠷᠢᠭ᠍ᠵᠢᠪᠠ᠃ ᠳᠡᠳᠡᠨᠡᠷ᠂ ᠶᠡᠷᠦᠩᠬᠡᠢ ᠱᠦᠵᠢ᠎ᠶ᠋ᠢᠨ ᠴᠢᠬᠤᠯᠠ ᠶᠠᠷᠢᠶ᠎ᠠ᠎ᠨᠢ ᠴᠡᠷᠢᠭ᠎ᠠᠴᠠ ᠬᠠᠯᠠᠭ᠍ᠳᠠᠭ᠍ᠰᠠᠳ᠎ᠤᠨ ᠠᠵᠢᠯ᠎ᠢ ᠰᠠᠢᠲᠤᠷ ᠬᠢᠬᠦ᠌᠎ᠳᠤ ᠴᠢᠭ᠌ᠯᠡᠯ ᠵᠢᠭᠠᠨ ᠦᠭ᠌ᠴᠦ᠂ ᠱᠢᠨ᠎ᠡ ᠱᠠᠭᠠᠷᠳᠠᠯᠭ᠎ᠠ ᠳᠤᠷᠠᠳᠴᠠᠢ᠃ ᠪᠦᠬᠦ᠌ ᠣᠷᠣᠨ᠎ᠤ ᠡᠯ᠎ᠡ ᠱᠠᠲᠤᠨ᠎ᠤ ᠴᠡᠷᠢᠭ᠎ᠠᠴᠠ ᠬᠠᠯᠠᠭ᠍ᠳᠠᠭ᠍ᠰᠠᠳ᠎ᠤᠨ ᠶᠠᠪᠤᠳᠠᠯ᠎ᠤᠨ ᠰᠠᠯᠠᠭ᠎ᠠ ᠮᠥᠴᠢᠷ ᠵᠡᠷᠦᠩᠬᠡᠢ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶᠠᠨ᠎ᠤ ᠵᠣᠷᠢᠭ ᠰᠠᠨᠠᠭ᠎ᠠ᠎ᠶ᠋ᠢ ᠡᠷᠡᠰ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠴᠡᠷᠢᠭ᠎ᠠᠴᠠ ᠬᠠᠯᠠᠭ᠍ᠳᠠᠭ᠍ᠰᠠᠳ᠎ᠤᠨ ᠠᠵᠢᠯ ᠣᠯᠵᠤ ᠦᠢᠯᠡᠰ ᠪᠤᠰᠭᠠᠬᠤ ᠬᠡᠷᠡᠭ᠌ᠴᠡᠭᠡ᠎ᠪᠠᠷ ᠤᠳᠤᠷᠢᠳᠤᠮᠵᠢ ᠪᠣᠯᠭᠠᠵᠤ᠂ ᠠᠵᠢᠯ ᠣᠯᠭᠤᠯᠲᠠ᠎ᠶ᠋ᠢ ᠲᠣᠭ᠍ᠲᠠᠪᠣᠷᠢᠵᠢᠭᠤᠯᠬᠤ᠎ᠪᠠᠷ ᠬᠠᠷᠠᠯᠲᠠ ᠪᠣᠯᠭᠠᠵᠤ᠂ ᠢᠳᠡᠪᠬᠢᠲᠡᠢ ᠪᠥᠭᠡᠳ ᠰᠠᠨᠠᠭᠠᠴᠢᠯᠠᠭ᠎ᠠ᠎ᠲᠠᠢ ᠠᠵᠢᠯᠯᠠᠵᠤ᠂ ᠴᠡᠷᠢᠭ᠎ᠠᠴᠠ ᠬᠠᠯᠠᠭ᠍ᠳᠠᠭ᠍ᠰᠠᠳ᠎ᠤᠨ ᠦᠢᠯᠡᠴᠢᠯᠡᠭᠡ ᠪᠠ ᠪᠠᠲᠤᠯᠠᠭ᠎ᠠ᠎ᠶ᠋ᠢᠨ ᠱᠢᠰᠲ᠋ᠧᠮ᠎ᠢ ᠲᠡᠭᠦᠯᠳᠡᠷᠵᠢᠭᠦᠯᠵᠦ᠍᠂ ᠠᠵᠢᠯ ᠤᠯᠵᠤ ᠦᠢᠯᠡᠰ ᠪᠤᠰᠭᠠᠬᠤ᠎ᠶ᠋ᠢ ᠳᠡᠮᠵᠢᠬᠦ᠌ ᠡᠷᠴᠢᠮ᠎ᠢᠶᠠᠨ ᠴᠢᠩᠭᠠᠷᠠᠭᠤᠯᠤᠨ᠂ ᠠᠵᠢᠯ ᠣᠯᠵᠤ ᠦᠢᠯᠡᠰ ᠪᠣᠰᠭᠠᠬᠤ ᠦᠢᠯᠡᠴᠢᠯᠡᠭᠡᠨ᠎ᠤ ᠲᠠᠪᠴᠠᠩ ᠪᠠᠢᠭᠤᠯᠵᠤ᠂ ᠴᠡᠷᠢᠭ᠎ᠠᠴᠠ ᠬᠠᠯᠠᠭ᠍ᠳᠠᠭ᠍ᠰᠠᠳ᠎ᠤᠨ ᠠᠵᠢᠯ ᠣᠯᠵᠤ ᠦᠢᠯᠡᠰ ᠪᠣᠰᠭᠠᠬᠤ ᠲᠥᠷᠥ᠎ᠶ᠋ᠢᠨ ᠪᠣᠳᠣᠯᠭ᠎ᠠ᠎ᠶ᠋ᠢ ᠪᠦᠬᠦ᠌ ᠲᠠᠯ᠎ᠠ᠎ᠪᠠᠷ ᠨᠠᠢᠳᠠᠪᠤᠷᠢᠵᠢᠭᠤᠯᠵᠤ᠂ ᠴᠡᠷᠢᠭ᠎ᠠᠴᠠ ᠬᠠᠯᠠᠭ᠍ᠳᠠᠭ᠍ᠰᠠᠳ᠎ᠤᠨ ᠦᠢᠯᠡᠳᠦᠯ ᠴᠢᠳᠠᠪᠤᠷᠢ᠎ᠪᠠᠨ ᠭᠦᠢᠴᠡᠳ ᠪᠠᠳᠠᠷᠠᠭᠤᠯᠬᠤ᠎ᠶ᠋ᠢ ᠬᠥᠲᠥᠯᠥᠨ ᠵᠢᠯᠣᠭᠤᠳᠴᠤ᠌ 《ᠣᠯᠠᠨ᠎ᠢᠶᠠᠷ᠎ᠢᠶᠠᠨ ᠱᠢᠨ᠎ᠠ᠎ᠶ᠋ᠢ ᠡᠭᠦᠳᠴᠤ᠌᠂ ᠨᠡᠢᠲᠡ᠎ᠪᠠᠷ᠎ᠢᠶᠠᠨ ᠦᠢᠯᠡᠰ ᠪᠤᠰᠭᠠᠬᠤ》  ᠦᠢᠯᠡᠳᠦᠯᠭᠡ᠎ᠳᠤ ᠢᠳᠡᠪᠬᠢᠲᠡᠢ ᠤᠷᠤᠯᠴᠠᠭᠤᠯᠵᠤ᠂ ᠦᠵᠡᠰᠭᠦᠯᠡᠩᠲᠦ ᠰᠠᠢᠬᠠᠨ ᠥᠪᠥᠷ ᠮᠣᠩᠭᠤᠯ᠎ᠢᠶᠠᠨ ᠪᠥᠲᠥᠭᠡᠨ ᠪᠠᠢᠭᠤᠯᠵᠤ᠂ ᠠᠭᠤᠤ ᠶᠡᠭᠡ ᠳᠤᠮᠳᠠᠳᠤ᠎ᠶ᠋ᠢᠨ ᠵᠡᠭᠦᠳᠦ᠎ᠪᠠᠨ ᠬᠠᠮᠲᠤ᠎ᠪᠠᠷ ᠲᠡᠷᠭᠡᠯᠱᠢᠭᠦᠯᠬᠦ᠌᠎ᠳᠤ ᠬᠤᠪᠢ ᠨᠡᠮᠡᠷᠢ᠎ᠪᠠᠨ ᠦᠵᠡᠭᠦᠯᠦᠨ᠎ᠡ ᠭᠡᠵᠤ ᠢᠯᠡᠷᠬᠡᠢᠯᠡᠵᠡᠭᠡᠪᠡ᠃
     《ᠬᠢᠵᠢᠭ᠎ᠤᠨ ᠪᠠᠢᠳᠠᠯ᠎ᠤᠨ ᠨᠦᠯᠦᠭᠡ᠎ᠠᠴᠠ ᠪᠤᠯᠵᠤ᠂ ᠡᠨᠡ ᠵᠢᠯ᠎ᠤᠨ ᠠᠵᠢᠯ ᠤᠯᠭᠤᠬᠤ ᠡᠭᠦᠷᠭᠡ ᠨᠠᠩ ᠬᠦᠨᠳᠦ ᠪᠣᠯᠵᠠᠢ᠂ ᠦᠪᠡᠷᠳᠡᠭᠡᠨ ᠵᠠᠰᠠᠬᠤ ᠤᠷᠤᠨ᠎ᠤ ᠡᠪᠯᠡᠯ᠎ᠤᠨ ᠬᠤᠷᠢᠶ᠎ᠠ 〈ᠮᠤᠩᠭᠤᠯ ᠮᠤᠷᠢᠨ᠎ᠤ ᠵᠤᠷᠢᠭ ᠰᠠᠨᠠᠭ᠎ᠠ〉 ᠎ᠶ᠋ᠢ ᠶᠡᠭᠡ᠎ᠪᠠᠷ ᠪᠠᠳᠠᠷᠠᠭᠤᠯᠤᠨ᠂ ᠶᠡᠷᠦᠩᠭᠡᠢ ᠱᠦᠵᠢ ᠰᠢ᠎ᠶ᠋ᠢᠨ ᠫᠢᠩ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ ᠦᠶ᠎ᠠ᠎ᠶ᠋ᠢᠨ ᠴᠢᠬᠤᠯᠠ ᠶᠠᠷᠢᠶ᠎ᠠ᠎ᠶ᠋ᠢ ᠰᠠᠢᠳᠤᠷ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠵᠠᠯᠠᠭᠤᠴᠤᠳ᠎ᠤᠨ ᠠᠵᠢᠯ ᠤᠯᠭᠤᠯᠳᠠ᠎ᠳᠤ ᠦᠢᠯᠡᠴᠢᠯᠡᠬᠦ᠌ ᠴᠢᠳᠠᠪᠤᠷᠢ᠎ᠪᠠᠨ ᠦᠨᠡᠨ ᠬᠦ᠌ ᠲᠡᠭᠡᠭ᠌ᠰᠢᠯᠡᠬᠦᠯᠵᠦ᠍᠂ ᠦᠷᠭᠡᠨ ᠤᠯᠠᠨ ᠵᠠᠯᠠᠭᠤᠴᠤᠳ᠎ᠤᠨ ᠠᠵᠢᠯ ᠤᠯᠭᠤᠯᠳᠠ᠎ᠶ᠋ᠢ ᠢᠳᠡᠪᠬᠢᠳᠡᠢ ᠠᠬᠢᠭᠤᠯᠣᠨ᠎ᠠ᠃ ᠡᠪ ᠬᠠᠮᠳᠤ ᠵᠠᠯᠠᠭᠤᠴᠤᠳ᠎ᠤᠨ ᠡᠪᠯᠡᠯ᠎ᠤᠨ ᠵᠤᠬᠢᠶᠠᠨ ᠪᠠᠢᠭᠤᠯᠬᠤ ᠴᠢᠳᠠᠪᠤᠷᠢ᠂ ᠬᠦᠳᠦᠯᠦᠨ ᠲᠠᠭᠠᠭᠤᠯᠬᠤ ᠴᠢᠳᠠᠪᠤᠷᠢ᠎ᠪᠠᠨ ᠨᠠᠩ ᠰᠠᠢᠳᠤᠷ ᠪᠠᠳᠠᠷᠠᠭᠤᠯᠵᠤ᠂ ᠵᠠᠯᠠᠭᠤᠴᠤᠳ᠎ᠤᠨ ᠠᠵᠢᠯ ᠤᠯᠬᠤ ᠪᠠ ᠱᠢᠨ᠎ᠠ᠎ᠶ᠋ᠢ ᠡᠭᠦᠳᠦᠨ ᠦᠢᠯᠡᠰ ᠪᠤᠰᠭᠠᠬᠤ᠎ᠶ᠋ᠢ ᠬᠦᠳᠦᠯᠦᠨ ᠲᠠᠢᠴᠢᠯᠠᠵᠤ᠂ ᠵᠠᠯᠠᠭᠤᠴᠤᠳ᠎ᠤᠨ ᠬᠦᠴᠦᠨ ᠴᠢᠳᠠᠯ᠎ᠢ ᠨᠢᠬ᠍ᠳᠠᠷᠠᠭᠤᠯᠵᠤ᠂ ᠡᠭᠡ ᠤᠯᠤᠰ᠎ᠤᠨ ᠤᠮᠠᠷᠠᠳᠦ᠎ᠶ᠋ᠢᠨ ᠦᠵᠡᠰᠭᠦᠯᠡᠩᠳᠦ ᠰᠠᠢᠬᠠᠨ ᠦᠵᠡᠮᠵᠢ᠎ᠶ᠋ᠢᠨ ᠤᠷᠤᠨ᠎ᠢ ᠴᠣᠭ᠍ᠴᠠᠯᠠᠬᠤ᠎ᠳᠤ ᠭᠠᠪᠢᠶ᠎ᠠ ᠵᠢᠳᠬᠦᠯ ᠦᠵᠡᠭᠦᠯᠦᠨ᠎ᠡ》 ᠭᠡᠵᠦ᠍ ᠦᠪᠡᠷᠳᠡᠭᠡᠨ ᠵᠠᠰᠠᠬᠤ ᠤᠷᠤᠨ᠎ᠤ ᠡᠪᠯᠡᠯ᠎ᠤᠨ ᠬᠤᠷᠢᠶ᠎ᠠ᠎ᠶ᠋ᠢᠨ ᠬᠠᠮᠢᠶ᠎ᠠ ᠪᠦᠬᠦᠢ ᠬᠠᠷᠢᠭᠤᠴᠠᠯᠭᠠᠳᠠᠨ ᠶᠠᠷᠢᠪᠠ᠃
     《ᠶᠡᠷᠦᠩᠬᠡᠢ ᠱᠦᠵᠢ ᠰᠢ᠎ᠶ᠋ᠢᠨ ᠫᠢᠩ ᠦᠪᠦᠷ ᠮᠤᠩᠭᠤᠯ᠎ᠤᠨ ᠲᠦᠯᠦᠭᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠠᠭᠠᠨ᠂ ᠠᠷᠠᠳ ᠲᠦᠮᠡᠨ᠎ᠤ ᠠᠮᠤᠷ ᠵᠢᠮᠤᠷ ᠠᠵᠤ ᠲᠦᠷᠦᠬᠦ᠂ ᠠᠮᠤᠷ ᠲᠦᠪᠱᠢᠨ ᠬᠠᠯᠠᠭᠤᠨ ᠳᠤᠯᠠᠭᠠᠨ ᠪᠠᠢᠬᠤ ᠠᠰᠠᠭᠤᠳᠠᠯ᠎ᠢ ᠢᠮᠠᠬ᠍ᠳᠠ ᠰᠡᠳᠭᠢᠯ᠎ᠳᠡᠭᠡᠨ ᠪᠤᠳᠤᠵᠤ᠂ ᠤᠯᠠᠨ ᠲᠦᠮᠡᠨ᠎ᠤ ᠠᠩᠬᠠᠷᠴᠦ᠍ ᠪᠠᠢᠭ᠎ᠠ ᠠᠵᠢᠯ ᠤᠯᠭᠤᠯᠳᠠ ᠵᠡᠷᠭᠡ ᠪᠤᠳᠠᠳᠠᠢ ᠠᠰᠠᠭᠤᠳᠠᠯ᠎ᠢ ᠰᠡᠳᠭᠢᠯ ᠲᠠᠯᠪᠢᠨ ᠬᠦᠴᠦ᠍ ᠤᠷᠤᠭᠤᠯᠤᠨ ᠱᠢᠢᠳᠪᠦᠷᠢᠯᠡᠵᠤ᠂ ᠨᠢᠭᠡᠳ ᠨᠢᠭᠡ᠎ᠪᠠᠷ ᠨᠠᠢᠳᠠᠪᠤᠷᠢᠵᠢᠭᠤᠯᠵᠤ᠂ ᠪᠤᠳᠠᠳᠠᠢ ᠠᠱᠢᠭ ᠬᠦᠷᠳᠡᠭᠡᠬᠦ᠌᠎ᠪᠠᠷ ᠴᠢᠷᠮᠠᠢᠬᠤ ᠬᠡᠷᠡᠭ᠌ᠳᠠᠢ ᠭᠡᠵᠦ᠍ ᠵᠢᠭᠠᠵᠦ᠍ ᠭᠠᠷᠭᠠᠭ᠍ᠰᠠᠨ ᠪᠦᠭᠡᠳ ᠵᠠᠰᠠᠭ᠎ᠤᠨ ᠤᠷᠲᠦᠨ᠎ᠤ ᠠᠵᠢᠯ᠎ᠤᠨ ᠢᠯᠡᠳᠭᠡᠯ᠎ᠳᠤ ᠴᠦ᠍ ᠵᠡᠮᠳᠡᠭ᠌ᠴᠤᠳ᠎ᠤᠨ ᠳᠣᠬᠠᠢ ᠬᠤᠶᠠᠷ ᠤᠳᠠᠭ᠎ᠠ ᠳᠤᠷᠠᠳᠴᠣ᠂ ᠭᠤᠤᠯᠳᠠᠭᠤ ᠵᠡᠮᠳᠡᠭ᠌ᠴᠤᠳ᠎ᠲᠤ ᠠᠵᠢᠯ ᠤᠯᠭᠤᠬᠤ ᠪᠠ ᠵᠡᠮᠳᠡᠭ᠌ᠴᠤᠳ᠎ᠤᠨ ᠡᠷᠭᠡ ᠠᠱᠢᠭ᠎ᠢ ᠪᠠᠲᠤᠯᠠᠬᠤ᠎ᠲᠠᠢ ᠬᠤᠯᠪᠤᠬ᠍ᠳᠠᠵᠠᠢ᠃ ᠬᠢᠵᠢᠭ᠎ᠤᠨ ᠪᠠᠢᠳᠠᠯ᠎ᠤᠨ ᠡᠮᠦᠨ᠎ᠡ ᠠᠵᠦ᠍ ᠠᠬᠤᠢ᠎ᠶ᠋ᠢᠨ ᠳᠠᠷᠤᠯᠲᠠ ᠬᠦᠨᠳᠦᠷᠡᠵᠦ᠍ ᠪᠠᠢᠭ᠎ᠠ ᠪᠠᠢᠳᠠᠯ ᠳᠤᠤᠷ᠎ᠠ᠂ ᠪᠦᠬᠦ᠌ ᠬᠦᠴᠦᠨ᠎ᠢᠶᠠᠷ᠎ᠢᠶᠠᠨ ᠠᠷᠠᠳ᠎ᠤᠨ ᠠᠮᠢᠳᠤᠷᠠᠯ᠎ᠢ ᠪᠠᠲᠤᠯᠠᠬᠤ᠂ ᠠᠵᠢᠯ ᠤᠯᠭᠤᠯᠲᠠ᠎ᠶ᠋ᠢ ᠲᠤᠬ᠍ᠲᠠᠪᠤᠷᠢᠵᠢᠭᠤᠯᠬᠤ᠂ ᠠᠵᠦ᠍ ᠠᠬᠤᠢ᠍ᠢᠯᠠᠯ᠎ᠤᠨ ᠭᠠᠢᠯᠢ᠎ᠶ᠋ᠢᠨ ᠰᠦᠢᠳᠭᠡᠯ᠎ᠢ ᠬᠠᠰᠤᠵᠦ᠍ ᠬᠡᠯᠲᠦᠷᠢᠬᠦᠯᠬᠦ᠌ ᠵᠡᠷᠭᠡ ᠲᠦᠷᠦ᠎ᠶ᠋ᠢᠨ ᠪᠤᠳᠤᠯᠭ᠎ᠠ᠎ᠶ᠋ᠢ ᠳᠤᠷᠠᠳᠤᠬ᠍ᠰᠠᠨ᠎ᠢ ᠰᠣᠨᠣᠰᠣᠭᠠᠳ ᠪᠢᠳᠡ ᠮᠠᠰᠢ ᠤᠷᠮᠠᠱᠢᠨ ᠵᠤᠷᠢᠬ᠍ᠵᠢᠵᠣ ᠪᠠᠢᠨ᠎ᠠ》 ᠬᠡᠵᠦ᠍ ᠦᠪᠡᠷᠲᠡᠭᠡᠨ ᠵᠠᠰᠠᠬᠤ ᠤᠷᠤᠨ᠎ᠤ ᠵᠡᠮᠳᠡᠭ᠌ᠴᠤᠳ᠎ᠤᠨ ᠬᠤᠯᠪᠤᠭ᠎ᠠ᠎ᠶ᠋ᠢᠨ ᠺᠠᠳ᠋ᠷ ᠠᠵᠢᠯᠳᠠᠳ ᠶᠠᠷᠢᠯ᠎ᠠ᠃
     ᠲᠡᠳᠡ ᠨᠡᠷ᠂ ᠵᠡᠮᠳᠡᠭ᠌ᠴᠤᠳ᠎ᠤᠨ ᠬᠤᠯᠪᠤᠭ᠎ᠠ᠎ᠶ᠋ᠢᠨ ᠺᠠᠳ᠋ᠷ ᠠᠵᠢᠯᠳᠠᠨ ᠪᠤᠯᠤᠬ᠍ᠰᠠᠨ᠎ᠤ ᠬᠤᠪᠢ᠎ᠳᠤ᠂ ᠪᠢᠳᠡ ᠬᠤᠢᠱᠢᠳᠠ᠎ᠶ᠋ᠢᠨ ᠠᠵᠢᠯ ᠳᠣᠮᠳᠠ᠎ᠪᠠᠨ 《ᠵᠢᠷᠭᠤᠭ᠎ᠠ᠎ᠶ᠋ᠢ ᠲᠤᠬ᠍ᠲᠠᠪᠤᠷᠢᠵᠢᠭᠤᠯᠬᠤ》᠂ 《ᠵᠢᠷᠭᠤᠭ᠎ᠠ᠎ᠶ᠋ᠢ ᠪᠠᠲᠤᠯᠠᠬᠤ》 ᠠᠵᠢᠯ᠎ᠤᠨ ᠱᠠᠭᠠᠷᠳᠠᠯᠭ᠎ᠠ ᠶᠤᠰᠤᠭᠠᠷ᠂ ᠦᠷᠬᠦᠯᠵᠢᠯᠡᠨ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠬᠤ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠵᠡᠮᠳᠡᠭ᠌ᠴᠤᠳ᠎ᠤᠨ ᠬᠤᠯᠪᠤᠭ᠎ᠠ᠎ᠶ᠋ᠢᠨ ᠰᠦᠯᠵᠢᠶᠡᠨ ᠳᠡᠭᠡᠷᠡᠬᠢ ᠪᠠ ᠰᠦᠯᠵᠢᠶᠡᠨ ᠲᠤᠤᠷᠠᠬᠢ ᠨᠡᠢᠲᠡ᠎ᠶ᠋ᠢᠨ ᠠᠰᠠᠷᠠᠮᠵᠢ᠎ᠶ᠋ᠢᠨ ᠠᠵᠢᠯᠯᠠᠭ᠎ᠠ᠂ ᠵᠡᠮᠳᠡᠭ᠌ᠴᠦᠳ᠎ᠢ ᠲᠤᠰᠠᠯᠠᠨ ᠠᠵᠢᠯ ᠣᠯᠬᠤ ᠬᠦᠴᠢᠷᠳᠡᠯ᠎ᠢ᠎ᠨᠢ ᠱᠢᠢᠳᠪᠦᠷᠢᠯᠡᠨ ᠦᠭ᠌ᠬᠦ ᠲᠤᠰᠭᠠᠶ ᠠᠵᠢᠯᠯᠠᠭ᠎ᠠ᠂ ᠮᠠᠯᠵᠢᠬᠤ ᠲᠠᠷᠢᠶᠠᠯᠠᠬᠤ ᠣᠷᠣᠨ᠎ᠤ ᠶᠠᠳᠠᠭᠤ ᠬᠦᠴᠢᠷᠳᠡᠯᠲᠡᠶ ᠵᠡᠮᠳᠡᠭ᠌ᠴᠦᠳ᠎ᠢ ᠬᠠᠪᠰᠣᠷᠣᠨ ᠳᠡᠳᠭᠦᠵᠦ᠍ ᠠᠵᠢᠯ ᠣᠯᠭᠤᠬᠤ ᠲᠤᠰᠭᠠᠶ ᠠᠵᠢᠯᠯᠠᠭ᠎ᠠ᠂ ᠵᠡᠮᠳᠡᠭ᠌ᠴᠦᠳ᠎ᠤᠨ ᠡᠯ᠎ᠡ ᠲᠤᠰᠭᠠᠶ ᠨᠡᠢᠭᠡᠮᠯᠢᠭ᠎ᠤᠨ ᠵᠡᠮᠳᠡᠭ᠌ᠴᠦᠳ᠎ᠢ ᠲᠤᠰᠠᠯᠠᠬᠤ ᠬᠠᠮᠢᠶ᠎ᠠ ᠪᠥᠬᠦᠶ ᠠᠵᠢᠯᠯᠠᠭ᠎ᠠ᠂ ᠵᠡᠮᠳᠡᠭ᠌ᠴᠦᠳ᠎ᠤᠨ ᠠᠵᠢᠯ᠎ᠢᠶᠠᠨ ᠰᠡᠷᠭᠦᠭᠡᠵᠦ᠍ ᠦᠢᠯᠡᠳᠪᠦᠷᠢᠯᠡᠯ᠎ᠢᠶᠠᠨ ᠰᠡᠷᠭᠦᠭᠡᠬᠦ᠌᠎ᠶ᠋ᠢ ᠬᠠᠯᠠᠮᠵᠢᠯᠠᠬᠤ ᠠᠵᠢᠯᠯᠠᠭ᠎ᠠ᠎ᠶ᠋ᠢ ᠢᠳᠡᠪᠬᠢᠳᠡᠢ ᠦᠷᠨᠢᠬᠦᠯᠵᠦ᠍᠂ ᠵᠠᠳᠠᠭᠤ᠎ᠠᠴᠠ ᠠᠩᠬᠢᠵᠢᠷᠠᠭᠤᠯᠬᠤ ᠪᠤᠭᠤᠮᠲᠠ ᠱᠢᠪᠲᠤᠯᠬᠤ ᠪᠠ 《ᠵᠢᠷᠭᠤᠭ᠎ᠠ᠎ᠶ᠋ᠢ ᠲᠤᠬ᠍ᠲᠠᠪᠤᠷᠢᠵᠢᠭᠤᠯᠬᠤ》 ᠠᠵᠢᠯ᠎ᠢ ᠨᠢᠬ᠍ᠲᠠ ᠤᠶᠠᠯᠳᠤᠭᠤᠯᠵᠦ᠍᠂ ᠴᠢᠨᠡᠭᠡᠯᠢᠭ ᠨᠡᠢᠬᠡᠮ᠎ᠢ ᠪᠦᠬᠦ᠌ ᠲᠠᠯ᠎ᠠ᠎ᠪᠠᠷ ᠪᠡᠶᠡᠯᠡᠬᠦᠯᠬᠦ᠌ ᠠᠶᠠᠨ ᠵᠠᠮ ᠳᠡᠭᠡᠷ᠎ᠡ ᠨᠢᠭᠡ ᠵᠡᠮᠳᠡᠭ ᠬᠦᠮᠦᠨ᠎ᠢ ᠴᠦ᠍ ᠤᠷᠬᠢᠭ᠍ᠳᠠᠭᠤᠯᠬᠤ ᠦᠬᠡᠢ᠎ᠪᠠᠷ ᠬᠦᠴᠦᠯᠡᠨ ᠴᠢᠷᠮᠠᠢᠨ᠎ᠠ ᠬᠡᠵᠦ᠍ ᠢᠯᠡᠷᠬᠡᠢᠯᠡᠵᠠᠭᠡᠪᠡ᠃
     《ᠶᠡᠭᠡ ᠳᠡᠭᠡᠳᠤ ᠰᠤᠷᠭᠠᠭᠤᠯᠢ᠎ᠶ᠋ᠢᠨ ᠳᠡᠬᠦᠰᠭᠦ ᠤᠶᠤᠳᠠᠳ ᠪᠤᠯ ᠠᠵᠢᠯ ᠤᠯᠭᠤᠬᠤ ᠭᠤᠤᠯᠳᠠᠯᠭ᠎ᠠ᠎ᠲᠠᠢ ᠬᠦᠮᠦᠰ ᠪᠤᠯᠤᠨ᠎ᠠ᠃ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠳᠤ᠂ ᠠᠵᠢᠯ ᠤᠯᠭᠤᠯᠳᠠ᠎ᠶ᠋ᠢ ᠲᠤᠬ᠍ᠳᠠᠪᠤᠷᠢᠵᠢᠭᠤᠯᠬᠤ᠎ᠶ᠋ᠢ ᠨᠡᠩ ᠴᠢᠬᠤᠯᠠ ᠪᠠᠢᠷᠢᠨ᠎ᠳᠤ ᠳᠠᠯᠪᠢᠵᠠᠢ᠂ ᠶᠡᠭᠡ ᠰᠤᠷᠭᠠᠭᠤᠯᠢ᠎ᠶ᠋ᠢᠨ ᠪᠠᠭ᠍ᠰᠢ ᠪᠤᠯᠤᠬ᠍ᠰᠠᠨ᠎ᠤ ᠬᠤᠪᠢ᠎ᠳᠤ᠂ ᠡᠭᠦᠷᠭᠡ ᠬᠠᠷᠢᠭᠤᠴᠠᠯᠭ᠎ᠠ ᠨᠡᠩ ᠬᠦᠨᠳᠤᠷᠡᠭ᠌ᠰᠡᠨ ᠮᠡᠳᠦ ᠰᠠᠨᠠᠭ᠍ᠳᠠᠨ᠎ᠠ᠃ ᠲᠡᠭᠦᠰᠭᠦ ᠤᠯᠠᠷᠢᠯ᠎ᠳᠤ᠂ ᠪᠢᠳᠡ ᠤᠶᠤᠳᠠᠳ᠎ᠤᠨ ᠠᠵᠢᠯ ᠤᠯᠬᠤ᠎ᠳᠤ ᠦᠢᠯᠡᠴᠢᠯᠡᠬᠦ᠌ ᠡᠷᠴᠢᠮ᠎ᠢᠶᠠᠨ ᠦᠷᠬᠦᠯᠵᠢᠯᠠᠨ ᠴᠢᠩᠭᠠᠷᠠᠭᠤᠯᠵᠤ᠂ ᠲᠡᠭᠦᠰᠭᠦ ᠤᠶᠤᠳᠠᠳ᠎ᠤᠨ ᠠᠵᠢᠯ ᠤᠯᠵᠤ ᠦᠢᠯᠡᠰ ᠪᠤᠰᠭᠠᠬᠤ ᠴᠢᠳᠠᠪᠤᠷᠢ᠎ᠶ᠋ᠢ ᠲᠡᠭᠡᠭ᠌ᠰᠢᠯᠡᠬᠦᠯᠵᠦ᠍᠂ ᠠᠵᠢᠯ ᠤᠯᠬᠤ ᠦᠷᠢᠰᠦᠯᠳᠦᠬᠦ᠌ ᠬᠦᠴᠦᠨ᠎ᠢ᠎ᠨᠢ ᠴᠢᠩᠭᠠᠷᠠᠭᠤᠯᠬᠤ᠎ᠶ᠋ᠢᠨ ᠬᠠᠮᠳᠤ ᠠᠵᠢᠯᠳᠠᠨ ᠤᠷᠢᠨ ᠡᠯᠰᠡᠬᠦ᠌ ᠪᠠᠢᠭᠤᠯᠭ᠎ᠠ ᠨᠢᠭᠡᠴᠢ᠎ᠲᠠᠢ ᠢᠳᠡᠪᠬᠢᠳᠡᠢ ᠬᠠᠷᠢᠯᠴᠠᠵᠤ᠂ ᠰᠤᠷᠤᠬ᠍ᠴᠢᠳ᠎ᠢ ᠰᠦᠯᠵᠢᠶᠠᠨ ᠲᠡᠭᠡᠷᠡᠬᠢ ᠪᠤᠯᠪᠠᠰᠤᠷᠠᠯ᠂ ᠠᠵᠢᠯᠳᠠᠨ ᠤᠷᠢᠨ ᠡᠯᠰᠡᠬᠦ᠌ ᠴᠤᠬ᠍ᠯᠠᠭᠠᠨ᠎ᠳᠤ ᠢᠳᠡᠪᠬᠢᠳᠡᠢ ᠤᠷᠤᠯᠴᠠᠭᠤᠯᠣᠨ᠎ᠠ᠃ ᠨᠠᠮ ᠵᠠᠰᠠᠭ᠎ᠤᠨ ᠲᠤᠳᠤᠨᠤ ᠬᠠᠯᠠᠮᠵᠢᠯᠠᠯ ᠲᠤᠤᠷ᠎ᠠ᠂ ᠶᠡᠭᠡ ᠳᠡᠭᠡᠳᠤ ᠰᠤᠷᠭᠠᠭᠤᠯᠢ᠎ᠶ᠋ᠢᠨ ᠲᠡᠭᠦᠰᠦᠭ᠌ᠰᠡᠨ ᠤᠶᠤᠳᠠᠳ ᠠᠮᠵᠢᠯᠳᠠ᠎ᠲᠠᠢ ᠲᠡᠭᠦᠰᠴᠦ᠍ ᠬᠠᠨᠤᠮᠵᠢᠳᠠᠢ ᠠᠵᠢᠯ ᠤᠯᠬᠤ᠎ᠶ᠋ᠢ ᠢᠳᠡᠭᠡᠵᠦ᠍ ᠪᠠᠢᠨ᠎ᠠ》 ᠭᠡᠵᠦ᠍ ᠦᠪᠤᠷ ᠮᠤᠩᠭᠤᠯ᠎ᠤᠨ ᠤᠷᠠᠯᠢᠭ᠎ᠤᠨ ᠲᠡᠭᠡᠳᠦ ᠰᠤᠷᠭᠠᠭᠤᠯᠢ᠎ᠶ᠋ᠢᠨ ᠪᠠᠭ᠍ᠰᠢ ᠶᠦᠡᠭ ᠵᠢᠶᠦ᠋ᠨ ᠢᠳᠡᠭᠡᠯ᠎ᠲᠠᠢ ᠬᠡᠯᠡᠨ᠎ᠡ᠃
     ᠳᠠᠪᠱᠢᠯᠳᠣ ᠪᠣᠯ ᠦᠪᠦᠷ ᠮᠤᠩᠭᠤᠯ᠎ᠤᠨ ᠤᠨᠤᠨ ᠱᠢᠨᠵᠢᠯᠡᠭᠡ ᠮᠡᠷᠬᠡᠵᠢᠯ᠎ᠤᠨ ᠬᠢᠵᠠᠭᠠᠷᠳᠤ ᠺᠤᠮᠫᠠᠨᠢ᠎ᠶ᠋ᠢᠨ ᠶᠡᠷᠦᠩᠬᠡᠢ ᠲᠠᠭᠠᠭᠠᠮᠠᠯ ᠪᠣᠯᠣᠨ᠎ᠠ᠃ ᠦᠪᠦᠷ ᠮᠤᠩᠭᠤᠯ᠎ᠤᠨ ᠲᠠᠷᠢᠶᠠᠯᠠᠩ᠎ᠤᠨ ᠶᠡᠭᠡ ᠰᠤᠷᠭᠠᠭᠤᠯᠢ᠎ᠠᠴᠠ ᠲᠡᠬᠦᠰᠦᠭ᠌ᠰᠡᠨ ᠳᠠᠪᠱᠢᠯᠳᠣ 2017 ᠤᠨ᠎ᠤ 9 ᠰᠠᠷ᠎ᠠ᠎ᠳᠤ ᠦᠪᠦᠷ ᠮᠤᠩᠭᠤᠯ᠎ᠤᠨ ᠤᠨᠤᠨ ᠱᠢᠨᠵᠢᠯᠡᠭᠡ ᠮᠡᠷᠬᠡᠵᠢᠯ᠎ᠤᠨ ᠬᠢᠵᠠᠭᠠᠷᠳᠤ ᠺᠤᠮᠫᠠᠨᠢ᠎ᠶ᠋ᠢ ᠡᠭᠦᠰᠭᠡᠨ ᠪᠠᠢᠭᠤᠯᠵᠣ᠂ ᠬᠢᠮᠡᠯ ᠤᠶᠤᠨ᠎ᠤ ᠬᠦᠷᠢᠶᠡᠨ᠎ᠳᠠᠬᠢ ᠵᠦᠬᠡᠯᠡᠨ ᠲᠤᠨᠤᠬ᠂ ᠬᠠᠳᠠᠭᠤ ᠲᠤᠨᠤᠬ ᠪᠠ ᠬᠠᠮᠢᠶ᠎ᠠ ᠪᠦᠬᠦᠢ ᠦᠢᠯᠡᠳᠬᠦᠨ᠎ᠢ ᠰᠤᠳᠤᠯᠤᠨ ᠨᠡᠬᠡᠬᠡᠬᠦ᠂ ᠦᠢᠯᠡᠳᠪᠦᠷᠢᠯᠡᠬᠦ᠂ ᠠᠰᠠᠭᠤᠵᠤ ᠯᠠᠪᠯᠠᠬᠤ᠂ ᠦᠢᠯᠡᠴᠢᠯᠡᠬᠦ᠂ ᠤᠷᠴᠢᠭᠤᠯᠭ᠎ᠠ ᠵᠡᠷᠬᠡ᠎ᠶ᠋ᠢ ᠡᠵᠡᠩᠨᠡᠵᠣ ᠪᠣᠢ᠃ ᠺᠣᠮᠫᠠᠨᠢ᠎ᠶ᠋ᠢᠨ ᠠᠵᠢᠯ᠎ᠨᠢ ᠶᠠᠭᠠᠷᠠᠣ ᠴᠦ᠍ ᠲᠡᠷᠡ ᠣᠳᠣ ᠶᠠᠬ ᠬᠤᠷᠠᠯᠳᠤᠵᠤ ᠪᠠᠢᠭ᠎ᠠ ᠪᠦᠬᠦ᠌ ᠤᠯᠤᠰ᠎ᠤᠨ ᠬᠤᠶᠠᠷ ᠬᠤᠷᠠᠯ᠎ᠢ ᠠᠩᠬᠠᠷᠬᠤ᠎ᠪᠠᠨ ᠮᠠᠷᠳᠠᠭ᠍ᠰᠠᠨ ᠦᠭᠡᠢ᠃
     ᠶᠡᠷᠦᠩᠬᠡᠢ ᠱᠦᠵᠢ ᠰᠢ᠎ᠶ᠋ᠢᠨ ᠫᠢᠩ᠎ᠤᠨ ᠶᠡᠭᠡ ᠳᠡᠭᠡᠳᠤ ᠰᠤᠷᠭᠠᠭᠤᠯᠢ᠎ᠶ᠋ᠢᠨ ᠲᠡᠭᠦᠰᠭᠦ ᠤᠶᠤᠳᠠᠳ᠂ ᠬᠦᠯᠦᠰᠦᠨ ᠲᠠᠷᠢᠶᠠᠴᠢᠳ᠂ ᠴᠡᠷᠢᠭ᠎ᠠᠴᠠ ᠬᠠᠯᠠᠭ᠍ᠳᠠᠭ᠍ᠰᠠᠳ ᠵᠡᠷᠬᠡ ᠭᠤᠤᠯᠳᠠᠯᠭ᠎ᠠ᠎ᠲᠠᠢ ᠬᠦᠮᠦᠰ᠎ᠲᠤ ᠠᠵᠢᠯ ᠤᠯᠭᠤᠬᠤ ᠠᠵᠢᠯ᠎ᠢ ᠰᠠᠢᠳᠤᠷ ᠬᠢᠬᠦ᠌ ᠬᠡᠷᠡᠭ᠌ᠳᠡᠢ ᠬᠡᠰᠡᠨ ᠵᠢᠭᠠᠪᠣᠷᠢ᠎ᠨᠢ ᠲᠠᠪᠱᠢᠯᠳᠤ᠎ᠳᠤ ᠣᠨᠴᠠᠭᠠᠢ ᠭᠦᠨ ᠰᠠᠭᠤᠭ᠍ᠳᠠᠯ ᠦᠯᠡᠳᠡᠭᠡᠵᠡᠢ᠃
     《ᠮᠠᠨ᠎ᠤ ᠺᠤᠮᠫᠠᠨᠢ ᠪᠠᠢᠭᠤᠯᠤᠬ᠍ᠳᠠᠬ᠍ᠰᠠᠨ᠎ᠠᠴᠠ᠎ᠪᠠᠨ ᠨᠠᠭᠠᠰᠢ ᠰᠤᠷᠭᠠᠭᠤᠯᠢ᠎ᠶ᠋ᠢᠨ ᠬᠦᠷᠢᠶᠡᠨ᠎ᠤ ᠤᠷᠢᠨ ᠬᠡᠷᠡᠭ᠌ᠯᠡᠬᠦ᠌ ᠴᠣᠭ᠍ᠯᠠᠭᠠᠨ ᠵᠡᠷᠬᠡ ᠠᠷᠭ᠎ᠠ ᠵᠠᠮ᠎ᠢᠶᠠᠷ ᠲᠠᠮᠵᠢᠭᠤᠯᠤᠨ᠂ ᠨᠡᠯᠢᠶᠡᠳ ᠤᠶᠤᠳᠠᠨ᠎ᠢ ᠡᠯᠰᠡᠨ ᠬᠡᠷᠡᠭ᠌ᠯᠡᠭ᠌ᠰᠡᠨ᠃ ᠪᠢᠳᠡ ᠬᠤᠢᠱᠢᠳᠠ ᠡᠯᠰᠡᠨ ᠬᠡᠷᠡᠭ᠌ᠯᠡᠭ᠌ᠰᠡᠨ ᠤᠶᠤᠳᠠᠳ᠎ᠤᠨ ᠮᠡᠳᠡᠯᠬᠡ ᠮᠡᠷᠬᠡᠵᠢᠯ᠎ᠢ ᠲᠡᠭᠡᠭ᠌ᠰᠢᠯᠡᠬᠦᠯᠬᠦ᠌ ᠠᠵᠢᠯ᠎ᠢ ᠢᠳᠡᠪᠬᠢᠳᠡᠢ ᠬᠢᠵᠦ᠍᠂ ᠮᠤᠩᠭᠤᠯ ᠤᠶᠤᠳᠠᠳ᠎ᠢ ᠢᠯᠡᠭᠦᠦ ᠡᠯᠰᠡᠨ ᠬᠡᠷᠡᠭ᠌ᠯᠡᠵᠦ᠍᠂ ᠰᠤᠷᠭᠠᠭᠤᠯᠢ ᠠᠵᠤ ᠠᠬᠤᠢ᠍ᠢᠯᠠᠯ᠎ᠤᠨ ᠬᠠᠮᠳᠤᠷᠠᠯᠴᠠᠭ᠎ᠠ᠎ᠶ᠋ᠢ ᠬᠦᠨᠵᠡᠬᠡᠢᠷᠡᠬᠦᠯᠦᠨ᠎ᠠ》 ᠭᠡᠵᠦ᠍ ᠳᠠᠪᠱᠢᠯᠳᠣ ᠶᠠᠷᠢᠵᠦ᠍ ᠪᠠᠢᠯ᠎ᠠ᠃
     ᠤᠳᠤᠬᠠᠨ᠎ᠳᠤ ᠪᠤᠭᠤᠲᠤ ᠬᠤᠳᠠ ᠠᠵᠢᠯ ᠤᠯᠭᠤᠯᠳᠠ᠎ᠶ᠋ᠢ ᠲᠤᠬ᠍ᠳᠠᠪᠤᠷᠢᠵᠢᠭᠤᠯᠵᠤ ᠦᠷᠭᠡᠳᠭᠡᠬᠦ᠌ 28 ᠠᠷᠭ᠎ᠠ᠎ᠶ᠋ᠢ ᠲᠤᠬ᠍ᠳᠠᠭᠠᠨ ᠬᠡᠷᠡᠭ᠌ᠵᠢᠬᠦᠯᠵᠠᠢ᠃ ᠶᠡᠷᠦᠩᠬᠡᠢ ᠱᠦᠵᠢ ᠰᠢ᠎ᠶ᠋ᠢᠨ ᠫᠢᠩ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠤ ᠴᠢᠬᠤᠯᠠᠴᠢᠯᠠᠬ᠍ᠰᠠᠨ ᠭᠤᠤᠯᠳᠠᠯᠭ᠎ᠠ᠎ᠲᠠᠢ ᠬᠦᠮᠦᠰ᠎ᠤᠨ ᠠᠵᠢᠯ ᠤᠯᠭᠤᠯᠳᠠ᠎ᠶ᠋ᠢᠨ ᠠᠵᠢᠯ᠎ᠢ ᠰᠠᠢᠳᠤᠷ ᠬᠢᠬᠦ᠌ ᠬᠡᠷᠡᠭ᠌ᠳᠠᠢ ᠬᠡᠰᠡᠨ ᠵᠢᠭᠠᠪᠤᠷᠢ᠎ᠨᠢ ᠲᠤᠰ ᠬᠤᠳᠠ᠎ᠶ᠋ᠢᠨ ᠺᠠᠳ᠋ᠷ ᠤᠯᠠᠨ ᠲᠦᠮᠡᠨ᠎ᠢ ᠶᠡᠭᠡ᠎ᠪᠠᠷ ᠵᠤᠷᠢᠬ᠍ᠵᠢᠭᠤᠯᠵᠦ᠍᠂ ᠡᠨᠡ ᠬᠦ᠌ ᠪᠤᠶᠠᠠᠰᠠᠭ ᠠᠵᠢᠯ᠎ᠢ ᠯᠠᠪᠳᠠᠢ ᠪᠦᠬᠦ᠌ ᠬᠦᠴᠦᠨ᠎ᠢᠶᠠᠷ᠎ᠢᠶᠠᠨ ᠰᠠᠢᠳᠤᠷ ᠬᠢᠨ᠎ᠠ ᠬᠡᠵᠦ᠍ ᠵᠤᠷᠢᠭ᠎ᠢᠶᠠᠨ ᠢᠯᠡᠳᠭᠡᠵᠡᠭᠡᠪᠡ᠃
     ᠪᠤᠭᠤᠲᠤ ᠬᠤᠳᠠ᠎ᠶ᠋ᠢᠨ ᠠᠵᠢᠯ ᠤᠯᠭᠤᠬᠤ ᠦᠢᠯᠡᠴᠢᠯᠡᠭᠡᠨ᠎ᠤ ᠲᠤᠪᠴᠢᠶ᠎ᠠ᠎ᠶ᠋ᠢᠨ ᠲᠠᠷᠤᠭ᠎ᠠ ᠸᠠᠩ ᠬᠤᠩ ᠶᠦᠩ᠄ 《ᠶᠡᠷᠦᠩᠬᠡᠢ ᠱᠦᠵᠢ ᠰᠢ᠎ᠶ᠋ᠢᠨ ᠫᠢᠩ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠠᠭᠠᠨ ᠶᠡᠭᠡ ᠳᠡᠭᠡᠳᠤ ᠰᠤᠷᠭᠠᠭᠤᠯᠢ᠎ᠶ᠋ᠢᠨ ᠲᠡᠭᠦᠰᠭᠦ ᠤᠶᠤᠳᠠᠳ᠂ ᠬᠦᠯᠦᠰᠦᠨ ᠲᠠᠷᠢᠶᠠᠴᠢᠳ᠂ ᠴᠡᠷᠢᠭ᠎ᠠᠴᠠ ᠬᠠᠯᠠᠭ᠍ᠳᠠᠭ᠍ᠰᠠᠳ ᠵᠡᠷᠭᠡ ᠭᠤᠤᠯᠳᠠᠯᠭ᠎ᠠ᠎ᠲᠠᠢ ᠬᠦᠮᠦᠰ᠎ᠤᠨ ᠠᠵᠢᠯ ᠤᠯᠭᠤᠯᠳᠠ᠎ᠶ᠋ᠢᠨ ᠠᠵᠢᠯ᠎ᠢ ᠰᠠᠢᠳᠤᠷ ᠬᠢᠬᠦ᠌ ᠬᠡᠷᠡᠭ᠌ᠳᠠᠢ ᠬᠡᠵᠦ᠍ ᠴᠢᠬᠤᠯᠠᠴᠢᠯᠠᠵᠠᠢ᠃ ᠲᠠᠷᠠᠭᠠᠴᠢ᠎ᠪᠠᠷ ᠪᠢᠳᠡ ᠶᠡᠷᠦᠩᠬᠡᠢ ᠱᠦᠵᠢ ᠰᠢ᠎ᠶ᠋ᠢᠨ ᠫᠢᠩ᠎ᠤᠨ ᠴᠢᠬᠤᠯᠠ ᠶᠠᠷᠢᠶᠠᠨ᠎ᠤ ᠵᠤᠷᠢᠭ ᠰᠠᠨᠠᠭ᠎ᠠ ᠶᠤᠰᠤᠭᠠᠷ ᠪᠤᠭᠤᠲᠤ ᠬᠤᠳᠠ᠎ᠶ᠋ᠢᠨ ᠠᠵᠢᠯ ᠤᠯᠭᠤᠯᠳᠠ᠎ᠶ᠋ᠢ ᠲᠤᠬ᠍ᠳᠠᠪᠤᠷᠢᠵᠢᠭᠤᠯᠬᠤ ᠦᠷᠭᠡᠳᠭᠡᠬᠦ᠌ 28 ᠠᠷᠭ᠎ᠠ᠎ᠶ᠋ᠢ ᠬᠦᠨᠵᠡᠭᠡᠢ ᠲᠤᠭᠤᠱᠢᠯᠠᠭᠤᠯᠵᠦ᠍᠂ ᠢᠵᠢ ᠪᠦᠷᠢᠳᠦᠬᠦᠯᠬᠦ᠌ ᠦᠢᠯᠡᠰ ᠪᠤᠰᠭᠠᠬᠤ᠂ ᠠᠵᠢᠯ ᠤᠯᠭᠤᠯᠳᠠ᠎ᠶ᠋ᠢᠨ ᠲᠤᠰᠠᠯᠠᠮᠵᠢ᠂ ᠮᠡᠷᠭᠡᠵᠢᠯ᠎ᠤᠨ ᠪᠤᠯᠪᠠᠰᠤᠷᠠᠯ ᠵᠡᠷᠭᠡ ᠲᠦᠷᠦ᠎ᠶ᠋ᠢᠨ ᠪᠤᠳᠤᠯᠭ᠎ᠠ᠎ᠶ᠋ᠢᠨ ᠪᠢᠴᠢᠭ ᠮᠠᠲ᠋ᠧᠷᠢᠶᠠᠯ᠎ᠢ ᠲᠦᠷᠭᠡᠨ ᠲᠤᠬ᠍ᠳᠠᠭᠠᠨ᠂ ᠶᠡᠭᠡ ᠳᠡᠭᠡᠳᠤ ᠰᠤᠷᠭᠠᠭᠤᠯᠢ᠎ᠶ᠋ᠢᠨ ᠲᠡᠭᠦᠰᠭᠦ ᠤᠶᠤᠳᠠᠳ᠎ᠤᠨ ᠠᠵᠢᠯ ᠤᠯᠬᠤ ᠠᠷᠭ᠎ᠠ ᠵᠠᠮ᠎ᠢ ᠢᠳᠡᠪᠬᠢᠳᠠᠢ ᠦᠷᠭᠡᠳᠭᠡᠨ᠂ ᠬᠦᠯᠦᠰᠤᠨ ᠲᠠᠷᠢᠶᠠᠴᠢᠳ᠎ᠢ ᠵᠤᠬᠢᠶᠠᠨ ᠪᠠᠢᠭᠤᠯᠵᠤ ᠬᠦᠳᠡᠯᠮᠤᠷᠢ ᠬᠦᠴᠦᠨ᠎ᠤ ᠬᠠᠮᠵᠢᠯᠴᠠᠭ᠎ᠠ᠎ᠶ᠋ᠢ ᠲᠦᠯᠬᠢᠨ ᠠᠬᠢᠭᠤᠯᠵᠦ᠍᠂ ᠬᠦᠴᠢᠷᠳᠠᠯᠳᠠᠢ ᠤᠯᠠᠨ ᠲᠦᠮᠡᠨ᠎ᠳᠤ ᠠᠵᠢᠯ᠎ᠤᠨ ᠪᠠᠢᠷᠢ ᠬᠠᠩᠭᠠᠬᠤ᠎ᠶ᠋ᠢ ᠴᠢᠷᠮᠠᠢᠨ ᠪᠠᠳᠤᠯᠠᠨ᠎ᠠ》 ᠬᠡᠯ᠎ᠠ᠃
     ᠬᠢᠵᠢᠭ᠎ᠢ ᠰᠡᠷᠭᠡᠢᠯᠡᠨ ᠡᠵᠡᠮᠳᠡᠬᠦ᠌ ᠵᠢᠴᠢ ᠦᠢᠯᠡᠳᠪᠦᠷᠢᠯᠡᠯ᠎ᠢᠶᠠᠨ ᠰᠡᠷᠭᠦᠬᠡᠵᠦ᠍ ᠠᠵᠢᠯ᠎ᠢᠶᠠᠨ ᠰᠡᠷᠬᠦᠭᠡᠬᠦ᠌ ᠱᠠᠭᠠᠷᠳᠠᠯᠭ᠎ᠠ ᠶᠤᠰᠤᠭᠠᠷ᠂ ᠡᠨᠡ ᠵᠢᠯ᠎ᠤᠨ 3 ᠰᠠᠷ᠎ᠠ᠎ᠶ᠋ᠢᠨ 2 ᠎ᠤᠨ ᠡᠳᠦᠷ᠎ᠠᠴᠠ 4 ᠰᠠᠷ᠎ᠠ᠎ᠶ᠋ᠢᠨ 2 ᠎ᠤᠨ ᠡᠳᠦᠷ᠎ᠤᠨ ᠪᠤᠯᠲᠠᠯ᠎ᠠ ᠪᠤᠭᠤᠲᠤ ᠬᠤᠳᠠ᠎ᠶ᠋ᠢᠨ ᠴᠡᠷᠢᠭ᠎ᠠᠴᠠ ᠬᠠᠯᠠᠬ᠍ᠳᠠᠭ᠍ᠰᠠᠳ᠎ᠤᠨ ᠶᠠᠪᠤᠳᠠᠯ᠎ᠤᠨ ᠲᠤᠪᠴᠢᠶ᠎ᠠ ᠰᠦᠯᠵᠢᠶᠡᠨ ᠲᠡᠭᠡᠷᠡᠬᠢ 《ᠴᠡᠷᠢᠭ᠎ᠠᠴᠠ ᠬᠠᠯᠠᠭ᠍ᠳᠠᠭ᠍ᠰᠠᠳ᠎ᠤᠨ ᠠᠵᠢᠯ ᠤᠯᠬᠤ ᠡᠯᠰᠡᠯᠳᠡ᠎ᠶ᠋ᠢᠨ ᠬᠤᠷᠠᠯ》 ᠎ᠢ ᠵᠤᠬᠢᠶᠠᠨ ᠪᠠᠢᠭᠤᠯᠵᠦ᠍᠂ ᠨᠡᠢᠳᠡ 243 ᠠᠵᠤ ᠠᠬᠤᠢ᠍ᠢᠯᠠᠯ ᠤᠷᠤᠯᠴᠠᠨ᠂ 4041 ᠠᠵᠢᠯ᠎ᠤᠨ ᠪᠠᠢᠷᠢ ᠬᠠᠩᠭᠠᠨ᠂ 707 ᠠᠵᠢᠯ ᠤᠯᠬᠤ ᠰᠠᠨᠠᠮᠵᠢ ᠲᠤᠬ᠍ᠳᠠᠵᠦ᠍᠂ 72 ᠤᠳᠠᠭ᠎ᠠ ᠰᠦᠯᠵᠢᠶᠡᠨ ᠲᠡᠭᠡᠷ᠎ᠠ ᠨᠢᠭᠤᠷᠳᠠᠨ ᠱᠢᠯᠭᠠᠯᠳᠠ ᠬᠢᠭ᠌ᠰᠡᠨ ᠪᠠᠢᠨ᠎ᠠ᠃
     ᠪᠤᠭᠤᠲᠤ ᠬᠤᠳᠠ᠎ᠶ᠋ᠢᠨ ᠴᠡᠷᠢᠭ᠎ᠠᠴᠠ ᠬᠠᠯᠠᠬ᠍ᠳᠠᠭ᠍ᠰᠠᠳ᠎ᠤᠨ ᠶᠠᠪᠤᠳᠠᠯ᠎ᠤᠨ ᠲᠤᠪᠴᠢᠶ᠎ᠠ᠎ᠶ᠋ᠢᠨ ᠲᠠᠷᠤᠭ᠎ᠠ ᠡᠦ ᠺᠠᠢ᠄ 《ᠶᠡᠷᠦᠩᠬᠡᠢ ᠱᠦᠵᠢ ᠰᠢ᠎ᠶ᠋ᠢᠨ ᠫᠢᠩ᠎ᠤᠨ ᠦᠪᠤᠷ ᠮᠤᠩᠭᠤᠯ᠎ᠤᠨ ᠲᠦᠯᠥᠬᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ ᠦᠶ᠎ᠡ᠎ᠶ᠋ᠢᠨ ᠴᠢᠬᠤᠯᠠ ᠶᠠᠷᠢᠶ᠎ᠠ᠎ᠨᠢ᠂ ᠮᠠᠨᠤᠰ᠎ᠲᠤ ᠪᠠᠢᠭᠤᠯᠤᠬ᠍ᠳᠠᠭᠠᠳ ᠤᠳᠠᠭᠠᠳᠤᠢ ᠱᠢᠨᠡᠭᠡᠨ ᠪᠠᠢᠭᠤᠯᠭ᠎ᠠ᠎ᠶ᠋ᠢᠨ ᠠᠵᠢᠯ᠎ᠤᠨ ᠤᠳᠭ᠎ᠠ ᠴᠢᠨᠠᠷ᠎ᠢ ᠬᠦᠢᠴᠡᠳ ᠲᠠᠨᠢᠭᠤᠯᠤᠯ᠎ᠠ᠃ ᠪᠢᠳᠡ ᠲᠠᠷᠠᠭᠠᠴᠢ᠎ᠪᠠᠷ ᠶᠡᠷᠦᠩᠬᠡᠢ ᠱᠦᠵᠢ᠎ᠶ᠋ᠢᠨ ᠴᠢᠬᠤᠯᠠ ᠶᠠᠷᠢᠶ᠎ᠠ ᠪᠤᠯᠤᠨ ᠨᠠᠮ᠎ᠤᠨ ᠲᠦᠪ ᠬᠤᠷᠢᠶ᠎ᠠ ᠲᠦᠷᠦ᠎ᠶ᠋ᠢᠨ ᠶᠠᠪᠤᠳᠠᠯ᠎ᠤᠨ ᠬᠤᠷᠢᠶ᠎ᠠ᠎ᠶ᠋ᠢᠨ ᠴᠡᠷᠢᠭ᠎ᠠᠴᠠ ᠬᠠᠯᠠᠬ᠍ᠳᠠᠭ᠍ᠰᠠᠳ᠎ᠤᠨ ᠠᠵᠢᠯ ᠤᠯᠵᠤ ᠦᠢᠯᠡᠰ ᠪᠤᠰᠭᠠᠬᠤ ᠲᠦᠷᠦ᠎ᠶ᠋ᠢᠨ ᠪᠤᠳᠤᠯᠭ᠎ᠠ᠎ᠶ᠋ᠢ ᠨᠠᠷᠢᠨ ᠬᠢᠨᠠᠮᠠᠭᠠᠢ ᠲᠤᠭᠤᠱᠢᠯᠠᠭᠤᠯᠵᠦ᠍᠂ ᠰᠡᠳᠭᠢᠴᠠ ᠤᠢ᠍ᠢᠯᠠᠭᠠᠬ᠍ᠳᠠᠬᠤᠨ᠎ᠢᠶᠠᠨ ᠱᠢᠨᠡᠴᠢᠯᠡᠨ᠂ ᠲᠦᠷᠦᠯ ᠠᠩᠬᠢᠯᠠᠨ ᠵᠢᠯᠤᠭᠤᠤᠠᠬᠤ᠎ᠶ᠋ᠢ ᠴᠢᠩᠭᠠᠳᠭᠠᠵᠦ᠍᠂ ᠢᠳᠡᠪᠬᠢᠳᠠᠢ᠎ᠪᠠᠷ ᠠᠷᠭ᠎ᠠ ᠤᠬᠠᠭᠠᠨ ᠰᠦᠪᠡᠭ᠌ᠴᠢᠯᠡᠵᠦ᠍᠂ ᠴᠡᠷᠢᠭ᠎ᠠᠴᠠ ᠬᠠᠯᠠᠬ᠍ᠳᠠᠭ᠍ᠰᠠᠳ᠎ᠤᠨ ᠠᠵᠢᠯ ᠤᠯᠵᠤ ᠦᠢᠯᠡᠰ ᠪᠤᠰᠭᠠᠬᠤ ᠠᠷᠭ᠎ᠠ ᠵᠠᠮ᠎ᠢ ᠴᠢᠷᠮᠠᠢᠨ ᠦᠷᠭᠡᠳᠭᠡᠨ᠎ᠠ᠃ ᠪᠦᠬᠦ᠌ ᠬᠤᠳᠠ᠎ᠶ᠋ᠢᠨ ᠴᠡᠷᠢᠭ᠎ᠠᠴᠠ ᠬᠠᠯᠠᠬ᠍ᠳᠠᠭ᠍ᠰᠠᠳ᠎ᠤᠨ ᠬᠦᠮᠦᠵᠢᠯ ᠪᠤᠯᠪᠠᠰᠤᠷᠠᠯ᠎ᠤᠨ ᠬᠦᠰᠡᠯ ᠱᠠᠭᠠᠷᠳᠠᠯᠭ᠎ᠠ᠎ᠶ᠋ᠢ ᠲᠤᠳᠤᠷᠬᠠᠢ ᠤᠢ᠍ᠢᠯᠠᠭᠠᠵᠦ᠍᠂ ᠦᠢᠯᠡᠴᠢᠯᠡᠭᠡᠨ᠎ᠤ ᠠᠵᠢᠯ᠎ᠢ ᠰᠠᠢᠳᠤᠷ ᠦᠷᠨᠢᠬᠦᠯᠦᠨ᠎ᠠ᠃ ᠴᠡᠷᠢᠭ᠎ᠠᠴᠠ ᠬᠠᠯᠠᠬ᠍ᠳᠠᠭ᠍ᠰᠠᠳ᠎ᠤᠨ ᠡᠯ᠎ᠠ ᠵᠦᠢᠯ᠎ᠤᠨ ᠲᠦᠪᠬᠢᠨᠡᠬᠦᠯᠬᠦ᠌ ᠲᠦᠷᠤ᠎ᠶ᠋ᠢᠨ ᠪᠤᠳᠤᠯᠭ᠎ᠠ᠎ᠶ᠋ᠢ ᠰᠠᠢᠳᠤᠷ ᠨᠠᠢᠳᠠᠪᠤᠷᠢᠵᠢᠭᠤᠯᠵᠦ᠍᠂ ᠴᠡᠷᠢᠭ᠎ᠠᠴᠠ ᠬᠠᠯᠠᠬ᠍ᠳᠠᠭ᠍ᠰᠠᠳ᠎ᠤᠨ ᠦᠢᠯᠡᠰ ᠪᠤᠰᠭᠠᠬᠤ ᠨᠡᠪᠴᠢᠬᠦᠯᠬᠦ᠌ ᠰᠠᠭᠤᠷᠢᠨ ᠪᠠ ᠴᠡᠷᠢᠭ᠎ᠠᠴᠠ ᠬᠠᠯᠠᠬ᠍ᠳᠠᠭ᠍ᠰᠠᠳ᠎ᠤᠨ ᠠᠵᠢᠯ ᠤᠯᠵᠤ ᠦᠢᠯᠡᠰ ᠪᠤᠰᠭᠠᠬᠤ᠎ᠶ᠋ᠢ ᠠᠬᠢᠭᠤᠯᠬᠤ ᠨᠡᠢᠭᠡᠮᠯᠢᠭ ᠪᠠᠢᠭᠤᠯᠬᠤ᠂ ᠴᠡᠷᠢᠭ᠎ᠠᠴᠠ ᠬᠠᠯᠠᠬ᠍ᠳᠠᠭ᠍ᠰᠠᠳ᠎ᠤᠨ ᠨᠡᠢᠳᠡ᠎ᠶ᠋ᠢᠨ ᠠᠰᠠᠷᠠᠮᠵᠢ᠎ᠶ᠋ᠢᠨ ᠠᠵᠢᠯ᠎ᠤᠨ ᠪᠠᠢᠷᠢ ᠭᠠᠷᠭᠠᠬᠤ ᠵᠡᠷᠭᠡ ᠪᠦᠳᠦᠮᠵᠢᠳᠠᠢ ᠠᠷᠭ᠎ᠠ ᠠᠪᠴᠠᠯ᠎ᠢ ᠰᠦᠪᠡᠭ᠌ᠴᠢᠯᠡᠵᠦ᠍᠂ ᠶᠡᠷᠦᠩᠬᠡᠢ ᠱᠦᠵᠢ᠎ᠶ᠋ᠢᠨ ᠴᠢᠬᠤᠯᠠ ᠶᠠᠷᠢᠶ᠎ᠠ᠎ᠶ᠋ᠢ ᠪᠤᠳᠠᠳᠠᠢ ᠠᠵᠢᠯ ᠲᠡᠭᠡᠷ᠎ᠠ᠎ᠪᠠᠨ ᠨᠠᠷᠢᠨ ᠬᠢᠨᠠᠮᠠᠭᠠᠢ ᠲᠤᠭᠤᠱᠢᠯᠠᠭᠤᠯᠤᠨ᠎ᠠ》 ᠬᠡᠪᠡ᠃
     ᠶᠡᠷᠦᠩᠬᠡᠢ ᠱᠦᠵᠢ ᠰᠢ᠎ᠶ᠋ᠢᠨ ᠫᠢᠩ ᠦᠪᠦᠷ ᠮᠤᠩᠭᠤᠯ᠎ᠤᠨ ᠲᠦᠯᠦᠭᠡᠯᠡᠭ᠌ᠴᠢᠳ᠎ᠤᠨ ᠪᠦᠯᠬᠦᠮ᠎ᠤᠨ ᠬᠢᠨᠠᠨ ᠵᠦᠪᠯᠡᠬᠦ᠌᠎ᠳᠤ ᠤᠷᠤᠯᠴᠠᠬᠤ᠎ᠳᠠᠭᠠᠨ᠄ 《ᠠᠵᠤ ᠦᠢᠯᠡᠰ ᠠᠵᠢᠯ ᠤᠯᠭᠤᠯᠲᠠ᠎ᠪᠠᠷ ᠶᠠᠳᠠᠭᠤ᠎ᠶ᠋ᠢ ᠲᠡᠳᠭᠦᠬᠦ᠌ ᠦᠷ᠎ᠡ ᠪᠦᠲᠦᠮᠵᠢ᠎ᠶ᠋ᠢ ᠪᠠᠬᠢᠵᠢᠭᠦᠯᠦᠨ ᠦᠷᠭᠡᠳᠭᠡᠬᠦ᠌ ᠬᠡᠷᠡᠭ᠌ᠲᠡᠢ》 ᠬᠡᠵᠦ᠍ ᠴᠢᠬᠤᠯᠠᠴᠢᠯᠠᠪᠠ᠃ ᠡᠨᠡ ᠬᠦ᠌ ᠴᠢᠬᠤᠯᠠ ᠵᠢᠭᠠᠪᠤᠷᠢ᠎ᠨᠢ ᠤᠯᠠᠭᠠᠨᠬᠠᠳᠠ ᠬᠤᠳᠠ᠎ᠶ᠋ᠢᠨ ᠨᠡᠢᠭᠡᠮ᠎ᠤᠨ ᠡᠯ᠎ᠡ ᠡᠳᠡᠭᠡᠳ᠎ᠤᠨ ᠲᠤᠮᠳᠠ ᠴᠢᠩᠭ᠎ᠠ ᠲᠤᠰᠭᠠᠯ ᠭᠠᠷᠴᠤ᠌᠂ ᠲᠡᠳᠡ᠂ ᠨᠡᠢᠭᠡᠮ᠎ᠤᠨ ᠪᠦᠬᠦ᠌ ᠬᠦᠴᠦᠨ᠎ᠢ ᠲᠠᠢᠴᠢᠯᠠᠨ᠂ ᠠᠵᠢᠯ ᠤᠯᠭᠤᠯᠳᠠ᠎ᠶ᠋ᠢ ᠦᠷᠭᠡᠳᠭᠡᠨ᠎ᠡ ᠭᠡᠵᠦ᠍ ᠢᠯᠡᠷᠭᠡᠢᠯᠡᠵᠡᠭᠡᠪᠡ᠃
     2019 ᠣᠨ᠎ᠳᠤ᠂ ᠨᠢᠩᠴᠧᠩ ᠱᠢᠶᠠᠨ᠎ᠤ ᠳ᠋ᠠ ᠮᠢᠩ ᠪᠠᠯᠭᠠᠰᠤ ᠤᠤᠯ᠎ᠤᠨ ᠶᠠᠳᠠᠭᠤ᠎ᠶ᠋ᠢ ᠲᠡᠳᠬᠦᠬᠦ᠌ ᠬᠦᠷᠢᠶᠡᠯᠡᠩ ᠲᠣᠭᠤᠷᠢᠭ᠎ᠤᠨ ᠰᠠᠭᠤᠷᠢᠨ ᠳᠡᠭᠡᠷ᠎ᠡ 2800 ᠲᠦᠮᠡᠨ ᠲᠥᠭᠦᠷᠢᠭ᠎ᠤᠨ ᠶᠠᠳᠠᠭᠤ᠎ᠶ᠋ᠢ ᠲᠡᠳᠬᠦᠬᠦ᠌ ᠪᠡᠯᠡ ᠮᠥᠩᠭᠦ᠌ ᠣᠯᠵᠤ᠂ ᠴᠧᠩ ᠰᠢ ᠲᠣᠰᠭᠤᠨ᠎ᠤ ᠲᠦᠬᠦᠭᠡᠷᠦᠮᠵᠢᠲᠦ ᠲᠠᠷᠢᠮᠠᠯ᠎ᠤᠨ ᠬᠦᠷᠢᠶᠡᠯᠡᠩ᠂ ᠡᠯ ᠺᠧᠨ ᠳ᠋ᠦᠩ ᠲᠣᠰᠭᠤᠨ᠎ᠤ ᠰᠡᠷᠢᠭᠦᠨ ᠬᠦᠯᠡᠮᠵᠢ᠎ᠶ᠋ᠢᠨ ᠶᠠᠳᠠᠭᠤ᠎ᠶ᠋ᠢ ᠲᠡᠳᠬᠦᠬᠦ᠌ ᠠᠵᠤ ᠦᠶᠯᠡᠰ᠎ᠤᠨ ᠬᠦᠷᠢᠶᠡᠯᠡᠩ᠂ ᠱᠢᠨ ᠯᠢᠩ ᠲᠣᠰᠭᠤᠨ᠎ᠤ ᠰᠡᠷᠢᠭᠦᠨ ᠬᠦᠯᠡᠮᠵᠢ᠎ᠶ᠋ᠢᠨ ᠠᠵᠤ ᠦᠢᠯᠡᠰ᠎ᠤᠨ ᠬᠦᠷᠢᠶᠡᠯᠡᠩ᠂ ᠭᠠ ᠰᠧ ᠶᠢᠩᠽᠢ ᠲᠤᠰᠭᠤᠨ᠎ᠤ ᠲᠦᠮᠡᠨ ᠭᠠᠭ᠍ᠠᠶ᠎ᠪᠠᠷ ᠶᠠᠳᠠᠭᠤ᠎ᠶ᠋ᠢ ᠲᠡᠳᠬᠦᠬᠦ᠌ ᠠᠵᠤ ᠦᠢᠯᠡᠰ᠎ᠤᠨ ᠬᠦᠷᠢᠶᠡᠯᠡᠩ ᠵᠡᠷᠭᠡ ᠨᠢᠭᠡ ᠪᠦᠯᠦᠭ ᠶᠡᠭᠡ ᠬᠥᠳᠡᠯᠭᠡᠬᠦ᠌ ᠬᠦᠴᠦᠨ᠎ᠲᠠᠢ ᠶᠠᠳᠠᠭᠤ᠎ᠶ᠋ᠢ ᠲᠡᠳᠬᠦᠬᠦ᠌ ᠠᠵᠤ ᠦᠢᠯᠡᠰ᠎ᠤᠨ ᠬᠦᠷᠢᠶᠡᠯᠡᠩ ᠲᠣᠭᠤᠷᠢᠭ᠎ᠢ ᠱᠢᠨ᠎ᠡ᠎ᠪᠠᠷ ᠪᠠᠢᠭᠤᠯᠵᠤ᠂ ᠳᠠᠬᠢᠨ ᠶᠠᠳᠠᠭᠤᠷᠠᠬᠤ᠎ᠶ᠋ᠢ ᠰᠡᠷᠭᠡᠢᠯᠡᠬᠦ᠌᠎ᠳᠤ ᠪᠠᠲᠤ ᠪᠠᠬᠢ ᠠᠵᠤ ᠦᠢᠯᠡᠰ᠎ᠤᠨ ᠰᠠᠭᠤᠷᠢ᠎ᠶ᠋ᠢ ᠲᠠᠯᠪᠢᠵᠠᠢ᠃
     ᠳ᠋ᠠ ᠮᠢᠩ ᠪᠠᠯᠭᠠᠰᠤᠨ᠎ᠤ ᠶᠠᠳᠠᠭᠤ᠎ᠶ᠋ᠢ ᠲᠡᠳᠬᠦᠬᠦ᠌ ᠠᠵᠤ ᠦᠶᠯᠡᠰ᠎ᠤᠨ ᠬᠦᠷᠢᠶᠡᠯᠡᠩ ᠶᠠᠳᠠᠭᠤ ᠬᠦᠴᠢᠷᠳᠡᠯᠲᠡᠶ ᠡᠷᠦᠬᠡ᠎ᠳᠤ 4 ᠵᠦᠶᠯ᠎ᠤᠨ ᠣᠷᠣᠯᠴᠠᠬᠤ ᠵᠠᠭ᠍ᠪᠤᠷ᠎ᠢ ᠬᠠᠩᠭᠠᠵᠠᠢ᠃ ᠤᠳᠤᠬᠠᠨ᠎ᠳᠤ ᠪᠠᠢᠭᠤᠯᠵᠤ ᠪᠠᠢᠭ᠎ᠠ ᠴᠧᠩ ᠾᠸᠦ ᠰᠢ ᠲᠣᠰᠭᠤᠨ᠎ᠤ ᠲᠦᠬᠦᠭᠡᠷᠦᠮᠵᠢᠲᠦ ᠲᠠᠷᠢᠶᠠᠯᠠᠩ᠎ᠤᠨ ᠬᠦᠷᠢᠶᠡᠯᠡᠩ᠎ᠤᠨ ᠶᠡᠷᠦᠩᠬᠡᠶ ᠲᠠᠯᠠᠪᠠᠶ 320 ᠮᠥ᠍ ᠪᠠᠢᠵᠤ᠂ ᠪᠠᠢᠭᠤᠯᠤᠭ᠍ᠳᠠᠭ᠍ᠰᠠᠨ᠎ᠤ ᠳᠠᠷᠠᠭ᠎ᠠ ᠠᠵᠤ ᠠᠬᠤᠢᠯᠠᠯ᠎ᠳᠤ ᠱᠢᠯᠵᠢᠭᠦᠯᠦᠨ ᠲᠦᠷᠢᠶᠡᠰᠦᠯᠡᠭᠦᠯᠵᠦ᠍ ᠡᠵᠡᠩᠨᠡᠭᠦᠯᠪᠡᠯ ᠵᠢᠯ ᠪᠦᠷᠢ 60 ᠲᠦᠮᠡᠨ ᠲᠥᠭᠦᠷᠢᠭ᠎ᠤᠨ ᠠᠱᠢᠭ ᠣᠷᠣᠯᠭ᠎ᠠ ᠣᠯᠵᠤ ᠪᠣᠯᠤᠨ᠎ᠠ᠃ 《ᠪᠢᠳᠠ ᠶᠡᠷᠦᠩᠬᠡᠢ ᠱᠦᠵᠢ᠎ᠶ᠋ᠢᠨ ᠴᠢᠬᠤᠯᠠ ᠶᠠᠷᠢᠶᠠᠨ᠎ᠤ ᠵᠤᠷᠢᠬ ᠰᠠᠨᠠᠭ᠎ᠠ᠎ᠶ᠋ᠢ ᠡᠷᠡᠰ ᠲᠤᠭᠤᠱᠢᠯᠠᠭᠤᠯᠤᠨ ᠨᠠᠢᠳᠠᠪᠤᠷᠢᠵᠢᠭᠤᠯᠵᠦ᠍᠂ ᠡᠨᠡ ᠪᠦᠯᠦᠭ ᠵᠣᠭᠤᠰ᠎ᠢᠶᠠᠷ ᠵᠡᠮᠳᠡᠭ ᠬᠦᠮᠦᠰ᠂ ᠬᠦᠨᠳᠦ ᠡᠪᠡᠳᠴᠢᠲᠡᠨ ᠵᠡᠷᠭᠡ ᠬᠥᠳᠡᠯᠮᠦᠷᠢᠯᠡᠬᠦ᠌ ᠴᠢᠳᠠᠪᠤᠷᠢ ᠥᠬᠡᠶ ᠶᠠᠳᠠᠭᠤ ᠬᠦᠴᠢᠷᠳᠡᠯᠲᠡᠶ ᠡᠷᠦᠬᠡ᠎ᠶ᠋ᠢ ᠲᠡᠮᠵᠢᠨ ᠲᠤᠰᠠᠯᠠᠬᠤ᠂ 10 ᠶᠠᠳᠠᠭᠤ ᠬᠦᠴᠢᠷᠳᠡᠯᠲᠡᠢ ᠡᠷᠦᠭᠡ᠎ᠶ᠋ᠢ ᠬᠦᠷᠢᠶᠡᠯᠡᠩ᠎ᠳᠤ ᠠᠪᠴᠢᠷᠠᠵᠦ᠍ ᠢᠳᠡᠱᠢᠨ ᠨᠤᠭᠤᠭ᠎ᠠ ᠲᠠᠷᠢᠭᠤᠯᠤᠨ᠂ ᠵᠢᠯ᠎ᠤᠨ ᠴᠡᠪᠡᠷ ᠤᠷᠤᠯᠭ᠎ᠠ᠎ᠶ᠋ᠢ 2 ᠲᠦᠮᠡᠨ ᠲᠦᠭᠦᠷᠢᠭ᠎ᠠᠴᠠ ᠳᠤᠤᠷ᠎ᠠ ᠦᠭᠡᠢ ᠪᠠᠢᠬᠤ᠎ᠶ᠋ᠢ ᠪᠠᠲᠤᠯᠠᠬᠤ᠎ᠠᠴᠠ ᠭᠠᠳᠠᠨ᠎ᠠ ᠪᠠᠰᠠ ᠨᠡᠢᠲᠡ᠎ᠶ᠋ᠢᠨ ᠠᠰᠠᠷᠠᠮᠵᠢ᠎ᠶ᠋ᠢᠨ ᠠᠵᠢᠯ᠎ᠤᠨ ᠪᠠᠢᠷᠢ ᠭᠠᠷᠭᠠᠵᠤ᠂ 20 ᠬᠥᠮᠦᠨ᠎ᠳᠤ ᠠᠵᠢᠯ ᠣᠯᠭᠤᠵᠤ᠂ ᠬᠥᠮᠦᠨ ᠳᠤᠮᠳᠠᠴᠢ᠎ᠶ᠋ᠢᠨ ᠴᠡᠪᠡᠷ ᠣᠷᠣᠯᠭ᠎ᠠ᠎ᠶ᠋ᠢ 5000 ᠲᠥᠭᠦᠷᠢᠭ᠎ᠢᠶᠠᠷ ᠪᠠᠲᠤᠯᠠᠨ᠎ᠠ᠃ 50 ᠶᠠᠳᠠᠭᠤ ᠬᠦᠴᠢᠷᠳᠡᠯᠲᠡᠶ ᠬᠥᠮᠦᠨ ᠠᠮᠠ᠎ᠳᠤ ᠠᠵᠢᠯ ᠣᠯᠭᠤᠵᠤ᠂ ᠵᠢᠯ᠎ᠤᠨ ᠬᠥᠯᠥᠰᠥᠨ ᠠᠵᠢᠯ ᠬᠢᠭ᠌ᠰᠡᠨ ᠣᠷᠣᠯᠭ᠎ᠠ᠎ᠶ᠋ᠢ 8000 ᠲᠥᠭᠦᠷᠢᠭ᠎ᠢᠶᠠᠷ ᠪᠠᠲᠤᠯᠠᠵᠤ᠂ ᠲᠣᠭ᠍ᠲᠠᠭᠤᠨ᠎ᠢᠶᠠᠷ ᠶᠠᠳᠠᠭᠤ᠎ᠠᠴᠠ ᠠᠩᠭᠢᠵᠢᠷᠠᠭᠤᠯᠤᠨ᠎ᠠ》 ᠭᠡᠵᠦ᠍ ᠳ᠋ᠠ ᠮᠢᠩ ᠪᠠᠯᠭᠠᠰᠤᠨ᠎ᠤ ᠳᠠᠷᠤᠭ᠎ᠠ ᠵᠠᠩ ᠢᠦᠢ ᠶᠢᠩ ᠲᠠᠨᠢᠯᠴᠠᠭᠤᠯᠤᠨ᠎ᠠ᠃ ᠤᠳᠤ ᠳ᠋ᠠ ᠮᠢᠩ ᠪᠠᠯᠭᠠᠰᠤ ᠨᠢᠭᠡᠨᠲᠡ ᠮᠢᠬ᠎ᠠ᠂ ᠨᠣᠭᠤᠭ᠎ᠠ᠂ ᠠᠮᠤ ᠪᠤᠳᠠᠭ᠎ᠠ ᠵᠡᠷᠭᠡ ᠭᠤᠷᠪᠠᠨ ᠶᠡᠭᠡ ᠶᠠᠳᠠᠭᠤ᠎ᠶ᠋ᠢ ᠲᠡᠳᠬᠦᠬᠦ᠌ ᠠᠵᠤ ᠦᠢᠯᠡᠰ᠎ᠤᠨ ᠰᠠᠭᠤᠷᠢᠨ᠎ᠢ ᠪᠦᠷᠢᠯᠳᠦᠭᠦᠯᠪᠡ᠃ ᠪᠦᠬᠦ᠌ ᠪᠠᠯᠭᠠᠰᠤᠨ᠎ᠤ ᠮᠢᠬᠠᠨ᠎ᠤ ᠦᠬᠡᠷ᠎ᠤᠨ ᠲᠤᠭ᠎ᠠ 1.85 ᠲᠦᠮᠡ᠎ᠳᠤ ᠬᠦᠷᠴᠦ᠍᠂ ᠮᠢᠬᠠᠨ᠎ᠤ ᠬᠤᠨᠢ 2.37 ᠲᠦᠮᠡ᠎ᠳᠤ ᠬᠦᠷᠴᠦ᠍᠂ ᠠᠮᠢᠳᠤ ᠭᠠᠭ᠍ᠠᠶ 21 ᠲᠦᠮᠡ᠎ᠳᠤ ᠬᠦᠷᠴᠡᠶ᠃ ᠳᠥᠷᠪᠡᠨ ᠶᠡᠭᠡ ᠲᠦᠬᠦᠭᠡᠷᠦᠮᠵᠢᠲᠦ ᠲᠠᠷᠢᠮᠠᠯ᠎ᠤᠨ ᠬᠦᠷᠢᠶᠡᠯᠡᠩ᠎ᠤᠨ ᠬᠦᠯᠡᠮᠵᠢ᠎ᠶ᠋ᠢᠨ ᠶᠡᠷᠦᠩᠬᠡᠶ ᠲᠠᠯᠠᠪᠠᠢ 840 ᠮᠦ᠍᠎ᠳᠤ ᠬᠦᠷᠪᠡ᠃ 《ᠶᠡᠷᠦᠩᠬᠡᠢ ᠱᠦᠵᠢ᠎ᠶ᠋ᠢᠨ ᠴᠢᠬᠤᠯᠠ ᠶᠠᠷᠢᠶ᠎ᠠ ᠨᠠᠳᠠᠳᠤ ᠲᠤᠩ ᠶᠡᠭᠡ ᠵᠤᠷᠢᠬ᠍ᠵᠢᠭᠤᠯᠤᠯ ᠪᠤᠯᠤᠭ᠍ᠰᠠᠨ᠃ ᠭᠠᠭ᠍ᠴᠠ ᠬᠦ᠌ ᠨᠠᠩ ᠶᠡᠭᠡ ᠬᠡᠪᠴᠢᠶᠡᠨ᠎ᠳᠤ ᠡᠬᠢ ᠪᠠᠶᠠᠯᠢᠭ᠎ᠢ ᠨᠡᠢᠳᠭᠡᠪᠡᠯ ᠰᠠᠶᠢ ᠦᠢᠯᠡᠳᠪᠦᠷᠢᠯᠡᠯ᠎ᠤᠨ ᠬᠦᠴᠦᠨ᠎ᠢ ᠬᠤᠲᠠ ᠪᠠ ᠱᠢᠶᠠᠩ᠎ᠤᠨ ᠬᠤᠭᠤᠷᠣᠨᠳᠣ᠂ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠠᠵᠤ ᠦᠶᠯᠡᠰ᠎ᠤᠨ ᠬᠤᠭᠤᠷᠣᠨᠳᠣ ᠵᠣᠬᠢᠰᠲᠠᠶ ᠱᠢᠯᠵᠢᠬᠦᠯᠬᠦ᠌ ᠪᠠ ᠱᠢᠯᠢᠳᠡᠭ᠌ᠵᠢᠭᠦᠯᠦᠨ ᠲᠣᠬᠢᠷᠠᠭᠤᠯᠬᠤ᠎ᠶ᠋ᠢ ᠪᠡᠶᠡᠯᠡᠭᠦᠯᠵᠦ᠍᠂ ᠬᠥᠳᠡᠭᠡ ᠲᠣᠰᠭᠤᠨ᠎ᠤ ᠬᠦᠭ᠌ᠵᠢᠨ ᠮᠠᠨᠳᠤᠯᠳᠠ᠂ ᠲᠠᠷᠢᠶᠠᠯᠠᠩ᠎ᠤᠨ ᠬᠡᠯᠪᠡᠷᠢ᠎ᠶ᠋ᠢ ᠬᠤᠪᠢᠷᠠᠭᠤᠯᠤᠨ ᠲᠡᠰ ᠳᠡᠪᠱᠢᠭᠦᠯᠬᠦ᠂ ᠲᠠᠷᠢᠶᠠᠴᠢᠳ᠎ᠤᠨ ᠪᠦᠬᠦ᠌ ᠲᠠᠯ᠎ᠠ᠎ᠪᠠᠷ ᠪᠠᠶᠠᠵᠢᠨ ᠴᠢᠨᠡᠭᠡᠯᠢᠭ᠌ᠵᠢᠬᠦ᠌᠎ᠶ᠋ᠢ ᠪᠡᠶᠡᠯᠡᠭᠦᠯᠵᠦ᠍ ᠴᠢᠳᠠᠨ᠎ᠠ》 ᠭᠡᠵᠦ᠍ ᠵᠠᠩ ᠢᠦᠢ ᠶᠢᠩ ᠰᠤᠷᠪᠤᠯᠵᠢᠯᠠᠭ᠍ᠴᠢ᠎ᠳᠤ ᠶᠠᠷᠢᠨ᠎ᠠ᠃
     ᠬᠠᠷᠠᠨᠠᠭᠤᠷ ᠲᠣᠰᠭᠤᠨ᠎ᠤ ᠶᠠᠳᠠᠭᠤ᠎ᠶ᠋ᠢ ᠲᠡᠳᠬᠦᠬᠦ᠌ ᠦᠶᠯᠡᠳᠪᠦᠷᠢ᠎ᠶ᠋ᠢᠨ ᠳᠠᠰᠤᠭ᠎ᠲᠤ 《ᠲᠡᠷᠳ᠋ ᠲᠡᠷᠳ᠋ ᠲᠡᠷᠳ᠋ ᠁》 ᠭᠡᠬᠦ᠌ ᠣᠶᠣᠳᠠᠯ᠎ᠤᠨ ᠮᠠᠱᠢᠨ᠎ᠤ ᠲᠠᠭᠤ ᠰᠣᠨᠣᠰᠳᠠᠵᠤ᠂ ᠡᠮᠡᠭ᠌ᠲᠡᠢ ᠠᠵᠢᠯᠴᠢᠳ ᠶᠠᠭ ᠳ᠋ᠠᠯᠢᠶᠠᠨ᠎ᠳᠤ ᠪᠣᠷᠣᠯᠠᠭᠤᠯᠬᠤ ᠭᠡᠵᠦ᠍ ᠪᠠᠢᠭ᠎ᠠ ᠨᠢᠭᠡ ᠪᠦᠯᠦᠭ ᠲᠠᠮᠢᠷ᠎ᠤᠨ ᠬᠤᠪᠴᠠᠰᠤ᠎ᠶ᠋ᠢ ᠣᠶᠣᠵᠤ ᠶᠠᠭᠠᠷᠠᠨ᠎ᠠ᠃ ᠡᠨᠡ ᠵᠢᠯ 56 ᠨᠠᠰᠤᠲᠠᠶ ᠶᠠᠳᠠᠭᠤ ᠬᠦᠴᠢᠷᠳᠡᠯᠲᠡᠶ ᠡᠷᠦᠬᠡ ᠸᠠᠩ ᠱᠤ᠌ ᠶᠢᠩ ᠨᠢᠳᠦᠨᠦᠨ᠎ᠤ 2 ᠰᠠᠷ᠎ᠠ᠎ᠶ᠋ᠢᠨ ᠪᠣᠯᠪᠠᠰᠤᠷᠠᠯ᠎ᠢᠶᠠᠷ ᠳᠠᠮᠵᠢᠭᠠᠳ ᠴᠠᠭᠠᠷᠠᠭ᠍ᠰᠠᠨ ᠣᠶᠣᠳᠠᠯᠴᠢᠨ ᠪᠣᠯᠵᠠᠢ᠃ ᠦᠶᠯᠡᠳᠪᠦᠷᠢ᠎ᠶ᠋ᠢᠨ ᠳᠠᠰᠤᠭ ᠤᠶᠤᠳᠠᠯ ᠤᠶᠤᠭ᠍ᠰᠠᠨ ᠲᠤᠭ᠎ᠠ᠎ᠪᠠᠷ᠎ᠨᠢ ᠴᠠᠯᠢᠩ ᠪᠤᠳᠤᠬᠤ ᠳᠦᠷᠢᠮ᠎ᠢ ᠬᠡᠷᠡᠭ᠌ᠵᠢᠭᠦᠯᠵᠦ᠍ ᠪᠠᠢᠭ᠎ᠠ ᠲᠤᠯᠠ ᠲᠡᠷᠡ ᠡᠭᠡᠴᠢ ᠳᠡᠭᠦᠤ ᠨᠡᠷ᠎ᠲᠠᠢ᠎ᠪᠠᠨ ᠦᠷᠭᠦᠯᠵᠢ ᠡᠷᠲᠡᠯᠡᠵᠦ᠍ ᠣᠷᠦ᠋ᠢᠯᠠᠨ᠂ ᠢᠯᠡᠭᠦᠦ ᠠᠵᠢᠯ ᠬᠢᠵᠤ ᠢᠯᠡᠭᠦᠦ ᠴᠠᠯᠢᠩ ᠤᠯᠬᠤ᠎ᠪᠠᠷ ᠴᠢᠷᠮᠠᠢᠨ᠎ᠠ᠃ 《ᠮᠠᠨ᠎ᠤ ᠴᠠᠭᠠᠷᠠᠭ᠍ᠰᠠᠨ ᠠᠵᠢᠯᠴᠢᠨ ᠰᠠᠷ᠎ᠠ ᠪᠦᠷᠢ ᠳᠤᠮᠳᠠᠴᠢ᠎ᠪᠠᠷ 2000 ᠎ᠠᠴᠠ 3000 ᠲᠥᠭᠦᠷᠢᠭ᠎ᠤᠨ ᠴᠠᠯᠢᠩ ᠤᠯᠳᠠᠬ᠃ ᠤᠳᠤ ᠲᠦᠷᠦ᠎ᠶ᠋ᠢᠨ ᠪᠤᠳᠤᠯᠭ᠎ᠠ ᠶᠠᠪᠤᠬᠤ ᠲᠤᠳᠤᠮ ᠰᠠᠢᠨ ᠪᠤᠯᠵᠤ᠂ ᠬᠦᠯᠦᠰᠦᠨ ᠲᠠᠷᠢᠶᠠᠴᠢᠳ᠎ᠤᠨ ᠬᠦᠯᠦᠰᠦ ᠤᠯᠭᠤᠮᠵᠢ ᠨᠡᠮᠡᠭ᠌ᠳᠡᠭ᠌ᠰᠡᠨ᠎ᠢᠶᠠᠷ ᠪᠠᠷᠠᠬᠤ ᠦᠭᠡᠢ ᠠᠵᠢᠯ ᠤᠯᠬᠤ ᠠᠵᠠ ᠵᠠᠪᠱᠢᠶᠠᠨ ᠴᠤ᠌ ᠤᠯᠠᠱᠢᠷᠠᠵᠤ ᠪᠤᠢ᠃ ᠪᠢᠳᠡ ᠤᠳᠤ ᠭᠠᠳᠠᠭ᠍ᠰᠢ ᠭᠠᠷᠴᠤ᠌ ᠬᠥᠯᠥᠰᠥᠨ ᠠᠵᠢᠯ ᠬᠢᠬᠦ᠌ ᠬᠡᠷᠡᠭ ᠦᠭᠡᠢ᠂ ᠶᠠᠳᠠᠭᠤ᠎ᠶ᠋ᠢ ᠲᠡᠳᠭᠦᠬᠦ᠌ ᠦᠢᠯᠡᠳᠪᠦᠷᠢ᠎ᠶ᠋ᠢᠨ ᠲᠠᠰᠤᠭ᠎ᠲᠠᠢ ᠪᠤᠯᠤᠭ᠍ᠰᠠᠨ᠎ᠠᠴᠠ ᠭᠡᠷ ᠪᠦᠯᠢ᠎ᠪᠠᠨ ᠬᠠᠷᠠᠭᠠᠯᠵᠠᠬᠤ᠂ ᠲᠠᠷᠢᠶᠠᠨ ᠠᠵᠢᠯ ᠬᠢᠬᠦ᠌ ᠪᠠ ᠠᠵᠢᠯᠯᠠᠵᠤ ᠵᠣᠭᠤᠰ ᠣᠯᠬᠤ᠎ᠶ᠋ᠢ ᠠᠯᠢ᠎ᠶ᠋ᠢ᠎ᠨᠢ ᠴᠤ᠌ ᠰᠠᠭᠠᠲᠠᠭᠠᠬᠤ ᠦᠭᠡᠢ ᠪᠤᠯᠤᠯ᠎ᠠ》 ᠭᠡᠵᠦ᠍ ᠸᠠᠩ ᠱᠤ᠌ ᠶᠢᠩ ᠪᠠᠶᠠᠷᠲᠠᠢ ᠶᠠᠷᠢᠨ᠎ᠠ᠃
     2018 ᠤᠨ᠎ᠤ 5 ᠰᠠᠷ᠎ᠠ᠎ᠶ᠋ᠢᠨ 18 ᠎ᠤ ᠡᠳᠦᠷ᠂ ᠳ᠋ᠠ ᠮᠢᠩ ᠪᠠᠯᠭᠠᠰᠤ ᠪᠣᠯᠤᠨ ᠤᠯᠠᠭᠠᠨᠬᠠᠳᠠ᠎ᠶ᠋ᠢᠨ ᠹᠦ᠋ ᠶᠧ ᠬᠤᠪᠴᠠᠰᠤ ᠵᠠᠰᠠᠯ᠎ᠤᠨ ᠬᠢᠵᠠᠭᠠᠷᠲᠤ ᠺᠣᠮᠫᠠᠨᠢ ᠬᠠᠮᠲᠤᠷᠠᠨ ᠶᠠᠳᠠᠭᠤ᠎ᠶ᠋ᠢ ᠲᠡᠳᠬᠦᠬᠦ᠌ ᠦᠢᠯᠡᠳᠪᠦᠷᠢ᠎ᠶ᠋ᠢᠨ ᠲᠠᠰᠤᠭ ᠪᠠᠢᠭᠤᠯᠵᠠᠢ᠃ ᠪᠠᠯᠭᠠᠰᠤ ᠲᠠᠯᠠᠪᠤᠷ ᠬᠠᠩᠭᠠᠵᠤ᠂ ᠠᠵᠤ ᠠᠬᠤᠢᠯᠠᠯ ᠬᠤᠪᠴᠠᠰᠤ ᠬᠤᠨᠠᠷ ᠪᠣᠯᠪᠠᠰᠤᠷᠠᠭᠤᠯᠬᠤ ᠲᠥᠬᠦᠭᠡᠷᠦᠮᠵᠢ ᠪᠠ ᠲᠦᠭᠦᠬᠡᠶ ᠮᠠᠲ᠋ᠧᠷᠢᠶᠠᠯ ᠬᠠᠩᠭᠠᠬᠤ᠎ᠶ᠋ᠢᠨ ᠬᠠᠮᠲᠤ ᠲᠤᠰᠭᠠᠶ ᠮᠡᠷᠭᠡᠵᠢᠯ᠎ᠤᠨ ᠵᠢᠭᠠᠨ ᠵᠢᠯᠦᠭᠤᠳᠦᠬ᠍ᠴᠢ ᠲᠣᠮᠢᠯᠠᠨ ᠡᠮᠡᠭ᠌ᠲᠡᠶ ᠠᠵᠢᠯᠴᠢᠨ᠎ᠢ ᠪᠣᠯᠪᠠᠰᠤᠷᠠᠭᠤᠯᠪᠠ᠃ ᠡᠢᠮᠦᠷᠬᠦ᠌ ᠶᠠᠳᠠᠭᠤ᠎ᠶ᠋ᠢ ᠲᠡᠳᠬᠦᠬᠦ᠌ ᠲᠠᠰᠤᠭ᠎ᠤᠨ ᠱᠢᠨ᠎ᠡ ᠬᠡᠪ ᠵᠠᠭ᠍ᠪᠤᠷ᠎ᠨᠢ ᠠᠵᠤ ᠠᠬᠤᠢᠯᠠᠯ᠎ᠳᠤ ᠶᠠᠳᠠᠭᠤ᠎ᠶ᠋ᠢ ᠲᠡᠳᠬᠦᠬᠦ᠌ ᠬᠠᠷᠠᠭᠠᠯᠵᠠᠯ᠎ᠤᠨ ᠲᠥᠷᠥ᠎ᠶ᠋ᠢᠨ ᠪᠣᠳᠣᠯᠭ᠎ᠠ᠎ᠶ᠋ᠢ ᠬᠦᠷᠲᠡᠭᠡᠵᠦ᠍᠂ ᠦᠢᠯᠡᠳᠪᠦᠷᠢᠯᠡᠯ᠎ᠤᠨ ᠥᠪᠡᠷ᠎ᠤᠨ ᠥᠷᠲᠡᠭ᠎ᠢ ᠪᠠᠭᠤᠷᠠᠭᠤᠯᠤᠭ᠍ᠰᠠᠨ᠎ᠢᠶᠠᠷ ᠪᠠᠷᠠᠬᠤ ᠦᠭᠡᠢ ᠬᠥᠳᠡᠭᠡ ᠲᠣᠰᠭᠤᠨ᠎ᠤ ᠶᠠᠳᠠᠭᠤ ᠬᠦᠴᠢᠷᠳᠡᠯᠲᠡᠶ ᠡᠮᠡᠭ᠌ᠲᠡᠢᠴᠦᠳ᠎ᠲᠤ ᠠᠵᠢᠯ ᠣᠯᠬᠤ ᠲᠣᠬᠢᠶᠠᠯ ᠣᠯᠭᠤᠵᠤ᠂ ᠥᠩᠭᠡᠷᠡᠭ᠌ᠰᠡᠨ᠎ᠤ ᠲᠠᠷᠢᠶᠠᠴᠢᠳ᠎ᠤᠨ ᠭᠠᠳᠠᠭ᠍ᠰᠢ ᠭᠠᠷᠴᠤ᠌ ᠬᠦᠴᠦ᠍ ᠶᠠᠪᠤᠭ᠍ᠰᠠᠨ᠎ᠲᠠᠢ ᠬᠠᠷᠢᠴᠠᠭᠤᠯᠪᠠᠯ᠂ ᠡᠨᠡ ᠬᠦ᠌ ᠠᠷᠭ᠎ᠠ᠎ᠨᠢ ᠭᠡᠷ ᠪᠦᠯᠢ᠎ᠪᠠᠨ ᠬᠠᠷᠠᠭᠠᠯᠵᠠᠬᠤ ᠪᠠ ᠬᠥᠯᠥᠰᠥᠨ ᠠᠵᠢᠯ ᠬᠢᠬᠦ᠌᠎ᠶ᠋ᠢ ᠬᠠᠮᠲᠤ᠎ᠳᠤ᠎ᠨᠢ ᠬᠠᠷᠠᠭᠠᠯᠵᠠᠵᠤ᠂ ᠥᠩᠭᠡᠷᠡᠭ᠌ᠰᠡᠨ᠎ᠤ ᠭᠡᠷ᠎ᠲᠡᠭᠡᠨ ᠬᠤᠴᠣᠷᠤᠭ᠍ᠰᠠᠨ ᠬᠡᠤᠬᠡᠳ᠂ ᠭᠡᠷ᠎ᠲᠡᠭᠡᠨ ᠬᠤᠴᠣᠷᠤᠭ᠍ᠰᠠᠨ ᠡᠮᠡᠭ᠌ᠲᠡᠢᠴᠦᠳ᠂ ᠭᠡᠷ᠎ᠲᠡᠭᠡᠨ ᠬᠤᠴᠣᠷᠤᠭ᠍ᠰᠠᠨ ᠨᠠᠰᠤᠲᠠᠤᠨ ᠵᠡᠷᠭᠡ ᠴᠡᠭ᠌ᠴᠡᠯᠡᠨ ᠵᠠᠰᠠᠬᠤ ᠪᠡᠷᠬᠡ ᠠᠰᠠᠭᠤᠳᠠᠯ᠎ᠢ ᠱᠢᠢᠳᠪᠦᠷᠢᠯᠡᠵᠦ᠍᠂ ᠡᠶ᠎ᠡ ᠵᠣᠬᠢᠴᠠᠩᠭᠤᠢ ᠱᠢᠨ᠎ᠡ ᠬᠥᠳᠡᠭᠡ ᠲᠣᠰᠭᠤᠨ᠎ᠤ ᠪᠠᠢᠭᠤᠯᠤᠯᠲᠠ᠎ᠶ᠋ᠢ ᠠᠬᠢᠭᠤᠯᠪᠠ᠃
     ᠠᠵᠤ ᠠᠬᠤᠢᠯᠠᠯ᠎ᠤᠨ ᠬᠠᠷᠢᠭᠤᠴᠠᠯᠭᠠᠲᠠᠨ ᠵᠧᠩ ᠱᠢᠶᠣᠤ ᠵᠢᠶᠧ᠄ 《ᠤᠳᠤ ᠨᠢᠭᠡᠨᠲᠡ 40 ᠭᠠᠷᠤᠢ ᠬᠥᠳᠡᠭᠡ ᠲᠣᠰᠭᠤᠨ᠎ᠤ ᠶᠠᠳᠠᠭᠤ ᠬᠦᠴᠢᠷᠳᠡᠯᠲᠡᠢ ᠡᠮᠡᠭ᠌ᠲᠡᠢᠴᠦᠳ ᠴᠠᠭᠠᠷᠠᠭ᠍ᠰᠠᠨ ᠣᠶᠣᠳᠠᠯᠴᠢᠨ ᠪᠤᠯᠵᠤ᠂ ᠠᠵᠤ ᠠᠬᠤᠢᠯᠠᠯ᠎ᠠᠴᠠ ᠲᠡᠳᠡᠨ᠎ᠳᠤ ᠴᠠᠯᠢᠩ ᠥᠭ᠌ᠴᠦ᠂ ᠨᠢᠭᠡ ᠰᠠᠷ᠎ᠠ 7 ᠲᠦᠮᠡᠨ ᠲᠥᠭᠦᠷᠢᠭ᠎ᠤᠨ ᠴᠠᠯᠢᠩ ᠲᠠᠷᠬᠠᠭᠠᠵᠦ᠍ ᠪᠤᠢ᠃ ᠪᠢᠳᠡ ᠶᠡᠷᠦᠩᠬᠡᠢ ᠱᠦᠵᠢ᠎ᠶ᠋ᠢᠨ ᠵᠢᠭᠠᠪᠤᠷᠢ᠎ᠪᠠᠷ ᠶᠠᠳᠠᠭᠤ᠎ᠶ᠋ᠢ ᠲᠡᠳᠭᠦᠬᠦ᠌ ᠦᠢᠯᠡᠳᠪᠦᠷᠢ᠎ᠶ᠋ᠢᠨ ᠲᠠᠰᠤᠭ᠎ᠢᠶᠠᠨ ᠰᠠᠢᠲᠤᠷ ᠡᠵᠡᠩᠨᠡᠨ᠂ ᠲᠤᠭ᠍ᠲᠠᠭ᠍ᠰᠠᠨ ᠬᠤᠭᠤᠴᠠᠭ᠎ᠠ᠎ᠲᠠᠢ ᠪᠤᠯᠪᠠᠰᠤᠷᠠᠯ ᠡᠷᠬᠢᠯᠡᠵᠦ᠍᠂ ᠨᠡᠩ ᠤᠯᠠᠨ ᠡᠮᠡᠭ᠌ᠲᠡᠢᠴᠦᠳ᠎ᠲᠤ ᠮᠡᠷᠭᠡᠵᠢᠯ ᠵᠢᠭᠠᠵᠤ᠂ ᠭᠠᠷ᠎ᠤᠨ ᠡᠷᠳᠡᠮ᠎ᠳᠡᠭᠡᠨ ᠲᠦᠱᠢᠭ᠌ᠯᠡᠨ ᠠᠵᠢᠯ ᠤᠯᠵᠤ ᠤᠷᠤᠯᠭ᠎ᠠ᠎ᠪᠠᠨ ᠨᠡᠮᠡᠭ᠌ᠳᠡᠭᠦᠯᠬᠦ᠌᠎ᠶ᠋ᠢ᠎ᠨᠢ ᠠᠬᠢᠭᠤᠯᠤᠨ᠎ᠠ》 ᠭᠡᠵᠦ᠍ ᠢᠲᠡᠭᠡᠯ ᠳᠡᠭᠦᠯᠳᠡᠷ ᠬᠡᠯᠡᠨ᠎ᠡ᠃
     (ᠲᠤᠰ ᠰᠤᠨᠢᠨ᠎ᠤ ᠰᠤᠷᠪᠤᠯᠵᠢᠯᠠᠬ᠍ᠴᠢ ᠪᠤᠤ ᠢᠤᠢ ᠶᠢᠩ ᠦᠨᠢᠷ ᠰᠦᠨ ᠯᠢ ᠶᠢᠩ ᠰᠠᠴᠤᠷᠠᠯ ᠱᠢᠨᠡᠪᠢᠯᠢᠭ ᠸ᠊ · ᠭᠡᠷᠡᠯᠳᠤ ᠸᠠᠩ ᠲᠠᠨ᠎ᠠ ᠶᠡᠷᠦᠩᠭᠡᠢᠯᠡᠨ ᠮᠡᠳᠡᠭᠡᠯᠡᠪᠡ)᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号