ᠯᠢᠥ ᠯᠢ ᠹᠧᠨ᠄ ᠪᠥᠬᠦ᠌ ᠣᠯᠣᠰ᠎ᠤᠨ ᠬᠤᠶᠠᠷ ᠬᠤᠷᠠᠯ᠎ᠤᠨ ᠵᠣᠷᠢᠬ ᠰᠠᠨᠠᠭ᠎ᠠ᠎ᠶ᠋ᠢ ᠨᠣᠳᠤᠬ ᠣᠷᠣᠨ᠎ᠳᠠᠭᠠᠨ ᠣᠯᠠᠮᠵᠢᠯᠠᠨ᠎ᠠ
2020-06-10 10:33:11
ᠵᠣᠬᠢᠶᠠᠭ᠍ᠴᠢ᠄
ᠡᠷᠳᠡᠨᠢᠵᠢᠷᠭᠠᠯ
ᠣᠩᠱᠢᠭ᠍ᠰᠠᠨ ᠣᠳᠠᠭ᠎ᠠ᠄
★★★☆☆

     5 ᠰᠠᠷ᠎ᠠ᠎ᠶ᠋ᠢᠨ 29 ᠎ᠤ ᠡᠳᠣᠷ᠂ ᠪᠥᠬᠦ᠌ ᠣᠯᠣᠰ᠎ᠤᠨ ᠠᠷᠠᠳ᠎ᠤᠨ ᠳᠥᠯᠥᠬᠡᠯᠡᠭ᠌ᠴᠢ᠂ ᠥᠪᠣᠷ ᠮᠣᠩᠭᠤᠯ᠎ᠤᠨ ᠮᠧᠩ ᠰᠢ ᠱᠥᠢᠨᠢ᠎ᠶ᠋ᠢᠨ ᠬᠤᠪᠢᠴᠠᠭᠠᠲᠤ ᠬᠢᠵᠡᠭᠠᠷᠲᠤ ᠺᠣᠮᠫᠠᠨᠢ᠎ᠶ᠋ᠢᠨ ᠪᠠᠢᠴᠠᠭᠠᠨ ᠱᠢᠯᠭᠠᠬᠤ ᠠᠯᠪᠠᠨ ᠬᠡᠷ᠎ᠤᠨ ᠡᠷᠬᠢᠯᠡᠭ᠌ᠴᠢ᠂ ᠣᠳᠤᠬ ᠬᠤᠱᠢᠭᠤᠨ᠎ᠤ ᠣᠬᠠᠭᠤᠯᠣᠨ ᠲᠠᠢᠯᠪᠣᠷᠢᠯᠠᠬ᠍ᠴᠢ ᠯᠢᠥ ᠯᠢ ᠹᠧᠨ ᠪᠥᠬᠦ᠌ ᠣᠯᠣᠰ᠎ᠤᠨ ᠬᠤᠶᠠᠷ ᠬᠤᠷᠠᠯ᠎ᠳᠤ ᠤᠷᠤᠯᠴᠠᠨ ᠪᠤᠴᠠᠵᠤ ᠢᠷᠡᠮᠡᠭ᠌ᠴᠡ ᠮᠠᠯᠵᠢᠬᠤ ᠲᠡᠷᠢᠶᠠᠯᠠᠬᠤ ᠣᠷᠣᠨ᠂ ᠥᠢᠯᠡᠳᠪᠣᠷᠢ ᠠᠭᠤᠷᠬᠠᠢ᠎ᠪᠠᠷ ᠬᠥᠨᠵᠡᠬᠡᠢᠷᠠᠵᠣ᠂ ᠨᠣᠳᠤᠬ ᠣᠷᠣᠨ᠎ᠤ ᠠᠷᠠᠳ ᠳᠥᠮᠡᠨ᠎ᠳᠡᠭᠡᠨ ᠪᠥᠬᠦ᠌ ᠣᠯᠣᠰ᠎ᠤᠨ ᠬᠤᠶᠠᠷ ᠬᠤᠷᠠᠯ᠎ᠤᠨ ᠵᠣᠷᠢᠬ ᠰᠠᠨᠠᠭ᠎ᠠ᠎ᠶ᠋ᠢ ᠣᠯᠠᠮᠵᠢᠯᠠᠪᠠ᠃
     ᠣᠳᠤᠬ ᠬᠤᠱᠢᠭᠤᠨ᠎ᠤ ᠱᠧᠩ ᠨᠥᠩ ᠲᠠᠷᠢᠶᠠᠯᠠᠩ᠎ᠤᠨ ᠬᠤᠷᠱᠢᠶ᠎ᠠ᠎ᠶ᠋ᠢᠨ ᠠᠬᠤᠢ ᠲᠠᠯᠠᠪᠠᠢ᠎ᠳᠤ ᠲᠠᠷᠢᠶᠠᠴᠢᠳ ᠯᠢᠥ ᠯᠢ ᠹᠧᠨ᠎ᠤ ᠲᠡᠢᠯᠪᠣᠷᠢᠯᠡᠬᠤ᠎ᠶ᠋ᠢ ᠰᠤᠨᠤᠰᠭᠤ᠎ᠪᠠᠷ ᠬᠦᠯᠢᠶᠠᠵᠠᠭᠡᠨ᠎ᠠ᠃ ᠯᠢᠤ ᠯᠢ ᠹᠸᠠ ᠲᠦᠯᠦᠬᠡᠯᠡᠭ᠌ᠴᠢ ᠨᠢᠰᠭᠡᠯ᠎ᠤᠨ ᠪᠠᠭᠤᠳᠠᠯ᠎ᠠᠴᠠ ᠱᠢᠭᠤᠳ ᠠᠳᠠ ᠢᠷᠡᠪᠠ᠃ ᠲᠡᠷᠡ ᠳᠣᠰᠭᠤᠨ᠎ᠤ ᠲᠠᠷᠢᠶᠠᠴᠢᠳ᠎ᠲᠤ ᠬᠤᠶᠠᠷ ᠬᠤᠷᠠᠯ᠎ᠤᠨ ᠠᠷᠠᠳ᠎ᠲᠤ ᠬᠠᠷᠠᠭᠠᠯᠵᠠᠯ ᠥᠵᠡᠬᠦᠯᠬᠦ᠌ ᠰᠠᠢᠨ ᠳᠥᠷᠥ᠎ᠶ᠋ᠢᠨ ᠪᠣᠳᠣᠯᠭ᠎ᠠ᠎ᠨᠤᠭᠤᠳ᠎ᠢ ᠨᠢᠬᠡᠳ ᠨᠢᠬᠡ᠎ᠪᠠᠷ ᠨᠠᠷᠢᠨ ᠲᠡᠢᠯᠪᠤᠷᠢᠯᠠᠠ ᠣᠯᠠᠮᠵᠢᠯᠠᠨ᠎ᠠ᠃ ᠳᠣᠬᠠᠢ᠎ᠶ᠋ᠢᠨ ᠲᠠᠯᠠᠪᠠᠢ᠎ᠳᠠᠬᠢ ᠲᠠᠷᠢᠶᠠᠴᠢᠳ ᠰᠣᠨᠣᠰᠣᠭᠠᠳ ᠰᠡᠳᠭᠢᠯ ᠳᠣᠬ᠍ᠳᠣᠯᠣᠨ ᠥᠶ᠎ᠠ ᠥᠶ᠎ᠠ ᠠᠯᠠᠭ᠎ᠠ ᠲᠠᠱᠢᠵᠠᠭᠠᠨ᠎ᠠ᠃ ᠲᠡᠷᠡ᠄ 《ᠶᠡᠷᠣᠩᠬᠡᠢ ᠱᠥᠵᠢ ᠰᠢ᠎ᠶ᠋ᠢᠨ ᠫᠢᠩ ᠮᠠᠠ᠎ᠤ ᠤᠷᠤᠠ᠎ᠤ ᠳᠥᠯᠥᠬᠡᠯᠡᠭ᠌ᠴᠢᠳ᠎ᠤᠨ ᠪᠥᠯᠬᠦᠮ᠎ᠤᠨ ᠬᠢᠨᠠᠨ ᠵᠥᠪᠯᠡᠬᠦ᠌᠎ᠳᠤ ᠣᠷᠣᠯᠴᠠᠬᠤ᠎ᠳᠠᠭᠠᠨ ᠮᠠᠯᠴᠢᠨ ᠲᠠᠷᠢᠶᠠᠴᠢᠳ᠎ᠢ ᠲᠡᠳᠬᠦᠬᠦ᠌ ᠲᠤᠬᠠᠢ ᠤᠨᠴᠠᠯᠠᠠ ᠴᠢᠬᠤᠯᠠᠴᠢᠯᠠᠪᠠ᠃ ᠮᠠᠨ᠎ᠤ ᠬᠤᠱᠢᠭᠤ ᠣᠳᠣ ᠶᠠᠬ 〈ᠬᠠᠪᠰᠣᠷᠬᠤ ᠬᠡᠷᠡᠭ᠌ᠳᠡᠢ᠂ ᠲᠡᠳᠬᠦᠬᠦ᠌ ᠬᠡᠷᠡᠭ᠌ᠳᠡᠢ᠂ ᠥᠪᠡᠷ᠎ᠢᠶᠠᠨ ᠰᠠᠢᠨ ᠬᠢᠬᠦ᠌ ᠬᠡᠷᠡᠭ᠌ᠳᠡᠢ〉 ᠬᠡᠬᠦ᠌ ᠠᠵᠢᠯᠯᠠᠭ᠎ᠠ ᠥᠷᠨᠢᠬᠦᠯᠵᠣ᠂ ᠮᠠᠯᠴᠢᠨ ᠲᠠᠷᠢᠶᠠᠴᠢᠳ᠎ᠲᠤ ᠥᠨᠡᠨ ᠬᠦ᠌ ᠣᠯᠣᠯᠳᠠ᠎ᠲᠠᠢ᠂ ᠵᠢᠷᠭᠠᠯ᠎ᠲᠠᠢ᠂ ᠠᠮᠣᠷ ᠲᠠᠢᠪᠣᠩ ᠠᠮᠢᠳᠣᠷᠠᠯ ᠡᠳ᠋ᠯᠡᠬᠦᠯᠬᠦ᠌᠎ᠪᠠᠷ ᠴᠢᠷᠮᠠᠢᠵᠣ ᠪᠠᠢᠨ᠎ᠠ》 ᠬᠡᠪᠡ᠃
     ᠲᠠᠷᠢᠶᠠᠴᠢᠨ ᠯᠢᠥ᠎ᠶ᠋ᠢᠨ᠎ᠶ᠋ᠢᠨ᠄ 《ᠨᠠᠮ ᠵᠠᠰᠠᠬ᠎ᠠᠴᠠ ᠬᠠᠪᠰᠣᠷᠴᠥ᠍ ᠪᠠᠢᠨ᠎ᠠ᠂ ᠲᠡᠳᠬᠦᠵᠣ ᠪᠠᠢᠨ᠎ᠠ᠂ ᠪᠢᠳᠠ ᠥᠪᠡᠷᠰᠠᠳ᠎ᠢᠶᠠᠨ ᠪᠠᠰᠠ ᠰᠠᠢᠨ ᠴᠢᠷᠮᠠᠢᠨ ᠠᠵᠢᠯᠯᠠᠬᠤ ᠬᠡᠷᠡᠭ᠌ᠳᠡᠢ᠃ ᠯᠢᠤ ᠳᠥᠯᠥᠬᠡᠯᠡᠭ᠌ᠴᠢ᠎ᠶ᠋ᠢᠨ ᠶᠠᠷᠢᠶ᠎ᠠ᠎ᠶ᠋ᠢ ᠰᠣᠨᠣᠰᠣᠭᠠᠳ ᠣᠯᠠᠮ ᠵᠣᠷᠢᠬ᠍ᠵᠢᠯ᠎ᠠ᠂ ᠵᠥᠪᠬᠡᠨ ᠣᠯᠣᠰ᠎ᠤᠨ ᠴᠢᠷᠡᠢ᠎ᠶ᠋ᠢ ᠬᠠᠷᠠᠭᠠᠳ ᠪᠣᠯᠬᠤ ᠥᠬᠡᠢ᠂ ᠥᠪᠡᠷᠰᠠᠳ᠎ᠢᠶᠠᠨ ᠪᠠᠰᠠ ᠰᠠᠢᠨ ᠴᠢᠷᠮᠠᠢᠬᠤ ᠬᠡᠷᠡᠭ᠌ᠳᠡᠢ》 ᠬᠡᠵᠣ ᠪᠣᠳᠣᠯ᠎ᠢᠶᠠᠨ ᠰᠤᠷᠪᠤᠯᠵᠢᠯᠠᠭ᠍ᠴᠢ᠎ᠳᠤ ᠬᠡᠯᠡᠨ᠎ᠠ᠃
     ᠮᠧᠩ ᠰᠢ ᠲᠡᠬᠡᠳᠥ ᠱᠢᠨ᠎ᠠ ᠮᠠᠷᠬᠡᠵᠢᠯ᠎ᠤᠨ ᠠᠵᠣ ᠥᠢᠯᠡᠳᠪᠣᠷᠢ᠎ᠶ᠋ᠢᠨ ᠳᠣᠭᠤᠷᠢᠬ᠎ᠲᠤ ᠪᠠᠢᠭ᠎ᠠ ᠥᠪᠣᠷ ᠮᠣᠩᠭᠤᠯ᠎ᠤᠨ ᠮᠧᠩ ᠰᠢ ᠱᠥᠢᠨᠢ᠎ᠶ᠋ᠢᠨ ᠬᠤᠪᠢᠴᠠᠭᠠᠲᠤ ᠬᠢᠵᠠᠭᠠᠷᠲᠤ ᠺᠣᠮᠫᠠᠨᠢ᠎ᠳᠤ ᠯᠢᠥ ᠯᠢ ᠹᠧᠨ ᠬᠠᠮᠳᠣ ᠠᠵᠢᠯᠯᠠᠬ᠍ᠰᠠᠳ᠎ᠲᠠᠭᠠᠨ ᠪᠠᠰᠠ ᠬᠤᠶᠠᠷ ᠬᠤᠷᠠᠯ᠎ᠤᠨ ᠵᠣᠷᠢᠬ ᠰᠠᠨᠠᠭ᠎ᠠ᠎ᠶ᠋ᠢ ᠣᠯᠠᠮᠵᠢᠯᠠᠵᠥ᠍᠂ 《ᠬᠤᠶᠠᠷ ᠬᠤᠷᠠᠯ ᠲᠡᠬᠡᠷ᠎ᠠ ᠠᠵᠣ ᠠᠬᠤᠢ᠍ᠢᠯᠠᠯ᠎ᠤᠨ ᠥᠢᠯᠡᠳᠪᠣᠷᠢᠯᠠᠯ᠎ᠤᠨ ᠥᠪᠡᠷ᠎ᠤᠨ ᠥᠷᠳᠡᠭ᠎ᠢ ᠪᠠᠭᠤᠷᠠᠭᠤᠯᠵᠤ᠂ ᠭᠠᠢᠯᠢ ᠰᠥᠢᠳᠭᠡᠯ᠎ᠢ ᠪᠠᠭᠤᠷᠠᠭᠤᠯᠬᠤ ᠡᠷᠴᠢᠮ᠎ᠢ ᠴᠢᠩᠭᠠᠷᠠᠭᠤᠯᠬᠤ᠎ᠪᠠᠷ ᠳᠣᠷᠠᠳᠣᠯ᠎ᠠ᠂ ᠡᠨᠡ᠎ᠨᠢ ᠮᠠᠨ᠎ᠤ ᠠᠵᠣ ᠠᠬᠤᠢ᠍ᠢᠯᠠᠯ᠎ᠳᠤ ᠠᠪᠴᠥ᠍ ᠬᠡᠯᠡᠪᠡᠯ ᠠᠱᠢᠬ᠍ᠳᠡᠢ ᠰᠠᠢᠨ ᠳᠥᠷᠥ᠎ᠶ᠋ᠢᠨ ᠪᠣᠳᠣᠯᠭ᠎ᠠ ᠪᠣᠯᠣᠨ᠎ᠠ᠃ ᠪᠢᠳᠠ ᠵᠠᠪᠠᠯ ᠡᠷᠴᠢ ᠵᠣᠷᠢᠬ᠎ᠢᠶᠠᠨ ᠬᠦᠪᠴᠢᠯᠡᠵᠦ᠍᠂ ᠴᠢᠨᠡᠬᠡᠯᠢᠭ ᠨᠠᠢᠬᠡᠮ᠎ᠢ ᠪᠥᠬᠦ᠌ ᠲᠠᠯ᠎ᠠ᠎ᠪᠠᠷ ᠪᠡᠶᠡᠯᠡᠭᠦᠯᠬᠦ᠌᠎ᠪᠠᠷ ᠡᠷᠡᠯᠬᠡᠭ᠌ᠯᠡᠨ ᠣᠷᠣᠬ᠍ᠰᠢᠯᠠᠬᠤ ᠶᠤᠰᠤᠳᠠᠢ》 ᠬᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号