ᠲᠧᠯᠸᠢᠰ᠎ᠤᠨ ᠤᠷᠴᠢᠭᠤᠯᠭ᠎ᠠ᠎ᠶ᠋ᠢᠨ ᠵᠠᠷᠢᠮ ᠠᠰᠠᠭᠤᠳᠠᠯ᠎ᠢ ᠵᠠᠳᠠᠯᠬᠤ᠎ᠨᠢ
2020-06-02 09:19:45
ᠵᠣᠬᠢᠶᠠᠭ᠍ᠴᠢ᠄
ᠮᠦᠩᠬᠡᠪᠠᠶᠠᠷ
ᠣᠩᠱᠢᠭ᠍ᠰᠠᠨ ᠣᠳᠠᠭ᠎ᠠ᠄
★★★☆☆

       [ ᠠᠭᠤᠯᠭ᠎ᠠ᠎ᠶ᠋ᠢᠨ ᠲᠣᠪᠴᠢ ] ᠲᠤᠰ ᠦᠭᠦᠯᠡᠯ᠎ᠳᠤ ᠲᠧᠯᠸᠢᠰ᠎ᠤᠨ ᠣᠷᠴᠢᠭᠤᠯᠭ᠎ᠠ ᠲᠤᠮᠳᠠᠬᠢ ᠬᠢᠲᠠᠳ ᠦᠰᠦᠭ᠎ᠢ ᠱᠢᠭᠤᠳ ᠣᠷᠴᠢᠭᠤᠯᠬᠤ ᠪᠤᠶᠤ ᠪᠣᠷᠣᠭᠤ ᠣᠷᠴᠢᠭᠤᠯᠵᠤ ᠪᠠᠢᠬᠤ ᠦᠵᠡᠭ᠌ᠳᠡᠯ᠎ᠢ ᠵᠠᠳᠠᠯᠵᠦ᠍᠂ ᠤᠷᠴᠢᠭᠤᠯᠭ᠎ᠠ᠎ᠶ᠋ᠢᠨ ᠠᠵᠢᠯ᠎ᠳᠤ ᠠᠩᠬᠠᠷᠬᠤ ᠴᠢᠬᠤᠯᠠᠳᠠᠢ ᠠᠰᠠᠭᠤᠳᠠᠯ᠎ᠤᠨ ᠲᠠᠯ᠎ᠠ᠎ᠪᠠᠷ ᠲᠦᠭᠦᠮ ᠦᠬᠦᠯᠡᠭ᠌ᠰᠡᠨ ᠪᠠᠢᠨ᠎ᠠ᠃
       [ ᠵᠠᠩᠭᠢᠯᠠᠭ᠎ᠠ᠎ᠶ᠋ᠢᠨ ᠦᠭᠡ ] ᠲᠧᠯᠸᠢᠰ᠂ ᠣᠷᠴᠢᠭᠤᠯᠭ᠎ᠠ᠂ ᠠᠰᠠᠭᠤᠳᠠᠯ
       ᠨᠢᠭᠡ᠂ ᠲᠧᠯᠸᠢᠰ᠎ᠤᠨ ᠣᠷᠴᠢᠭᠤᠯᠭ᠎ᠠ᠎ᠶ᠋ᠢᠨ ᠴᠢᠬᠤᠯᠠ ᠴᠢᠨᠠᠷ
       ᠲᠧᠯᠸᠢᠰ ᠪᠣᠯ ᠲᠦᠢᠯ᠎ᠤᠨ ᠥᠷᠭᠡᠨ ᠳᠡᠯᠭᠡᠷ ᠨᠥᠯᠥᠭᠡ᠎ᠲᠠᠢ ᠰᠣᠨᠢᠨ ᠮᠡᠳᠡᠭᠡᠨ᠎ᠤ ᠵᠠᠭᠤᠴᠢ ᠮᠥᠨ᠂ ᠮᠠᠯᠵᠢᠬᠤ ᠲᠠᠷᠢᠶᠠᠯᠠᠬᠤ ᠣᠷᠣᠨ᠎ᠤ ᠬᠠᠮᠤᠭ᠎ᠤᠨ ᠦᠷᠭᠡᠨ ᠮᠡᠳᠡᠭᠡ ᠵᠠᠩᠭᠢ᠎ᠶ᠋ᠢᠨ ᠠᠴᠢᠶᠠᠯᠠᠪᠤᠷᠢ ᠪᠣᠯᠤᠨ ᠰᠣᠶᠣᠯ ᠴᠡᠩᠭᠡᠯ᠎ᠤᠨ ᠪᠠᠭᠠᠵᠢ ᠮᠦᠨ᠃ ᠡᠢᠮᠦ᠎ᠠᠴᠠ ᠲᠧᠯᠸᠢᠰ᠎ᠤᠨ ᠤᠷᠴᠢᠭᠤᠯᠭ᠎ᠠ᠎ᠶ᠋ᠢᠨ ᠡᠭᠦᠷᠭᠡ ᠦᠢᠯᠡᠳᠦᠯ᠎ᠢ ᠡᠷᠬᠡᠪᠰᠢ ᠰᠠᠢᠳᠤᠷ ᠪᠠᠳᠠᠷᠠᠭᠤᠯᠬᠤ᠎ᠨᠢ ᠴᠠᠭ ᠲᠤᠬᠠᠢ᠎ᠳᠤᠨᠢ ᠵᠥᠪ ᠣᠨᠣᠪᠴᠢᠲᠠᠶ᠂ ᠤᠢ᠍ᠢᠯᠠᠭᠠᠮᠵᠢᠳᠠᠢ᠂ ᠳᠥᠭᠦᠮ ᠳᠥᠲᠡ ᠣᠷᠴᠢᠭᠤᠯᠵᠤ ᠨᠠᠮ᠎ᠤᠨ ᠱᠤᠭᠤᠮ᠂ ᠴᠢᠭ᠌ᠯᠡᠯᠲᠡ᠂ ᠲᠦᠷᠦ᠎ᠶ᠋ᠢᠨ ᠪᠣᠳᠣᠯᠭ᠎ᠠ᠂ ᠲᠡᠷᠢᠭᠦᠨ᠎ᠤ ᠰᠣᠶᠣᠯ ᠪᠠ ᠱᠢᠨᠵᠢᠯᠡᠬᠦ᠌ ᠤᠬᠠᠭᠠᠨ ᠮᠡᠷᠭᠡᠵᠢᠯ᠎ᠢ ᠥᠷᠭᠡᠨ᠎ᠢᠶᠠᠷ ᠤᠬᠠᠭᠤᠯᠤᠨ ᠲᠠᠯᠭᠡᠷᠡᠬᠦᠯᠵᠤ᠂ ᠪᠦᠬᠦ᠌ ᠠᠷᠠᠳ᠎ᠤᠨ ᠬᠡᠪ ᠴᠢᠨᠡᠷ᠎ᠢ ᠲᠡᠭᠡᠭ᠌ᠰᠢᠯᠡᠬᠦᠯᠬᠦ᠂ ᠠᠵᠤ ᠠᠬᠤᠢ ᠨᠡᠢᠭᠡᠮ᠎ᠤᠨ ᠬᠦᠭ᠌ᠵᠢᠯ ᠲᠠᠪᠱᠢᠯᠳᠠ᠎ᠶ᠋ᠢ ᠠᠬᠢᠭᠤᠯᠬᠤ᠎ᠳᠤ ᠮᠠᠰᠢ ᠴᠢᠬᠤᠯᠠ ᠦᠢᠯᠡᠳᠦᠯ᠎ᠲᠠᠢ᠃ ᠡᠨᠡ ᠤᠳᠭ᠎ᠠ᠎ᠠᠴᠠ ᠠᠪᠴᠤ᠌ ᠬᠡᠯᠡᠪᠡᠯ᠂ ᠲᠧᠯᠸᠢᠰ᠎ᠤᠨ ᠣᠷᠴᠢᠭᠤᠯᠭ᠎ᠠ ᠪᠣᠯ ᠨᠠᠮ ᠵᠠᠰᠠᠭ᠂ ᠮᠦᠨ ᠴᠤ᠌ ᠦᠨᠳᠦᠰᠦᠲᠡᠨ᠎ᠤ ᠬᠡᠯᠡ ᠪᠢᠴᠢᠭ᠎ᠤᠨ ᠠᠵᠢᠯ᠎ᠤᠨ ᠴᠢᠬᠤᠯᠠ ᠪᠦᠷᠢᠯᠳᠦᠬᠦᠨ ᠬᠡᠰᠡᠭ ᠮᠥᠨ᠃
       ᠬᠤᠶᠠᠷ᠂ ᠲᠧᠯᠸᠢᠰ᠎ᠤᠨ ᠣᠷᠴᠢᠭᠤᠯᠭ᠎ᠠ᠎ᠳᠤ ᠣᠷᠣᠱᠢᠵᠤ ᠪᠠᠢᠭ᠎ᠠ ᠠᠰᠠᠭᠤᠳᠠᠯ
       1. ᠬᠢᠲᠠᠳ ᠦᠭᠡ᠎ᠶ᠋ᠢ ᠱᠢᠭᠤᠤᠨ ᠣᠷᠴᠢᠭᠤᠯᠬᠤ ᠠᠰᠠᠭᠤᠳᠠᠯ ᠠᠷᠪᠢᠨ ᠢᠯᠡᠷᠡᠵᠤ ᠪᠣᠢ᠃ ᠱᠢᠭᠤᠳ ᠣᠷᠴᠢᠭᠤᠯᠬᠤ᠎ᠶ᠋ᠢᠨ ᠭᠤᠣᠯ ᠴᠢᠮᠦᠭᠡ ᠪᠣᠯ 《ᠣᠨᠣᠪᠴᠢᠲᠠᠢ》 ᠪᠣᠯᠣᠨ᠎ᠠ᠂ ᠣᠷᠴᠢᠭᠤᠯᠬᠤ ᠬᠡᠯᠡᠨ᠎ᠤ ᠳᠦᠷᠢᠮ ᠭᠤᠷᠢᠮ᠎ᠢ ᠮᠦᠷᠳᠡᠬᠦ᠌ ᠪᠣᠯ ᠡᠩ ᠲᠡᠷᠢᠭᠦᠨ᠎ᠤ ᠦᠨᠳᠦᠰᠦᠨ ᠰᠠᠭᠤᠷᠢ ᠠᠰᠠᠭᠤᠳᠠᠯ ᠶᠣᠮ ᠭᠡᠵᠦ᠍ ᠪᠢ ᠦᠵᠡᠨ᠎ᠡ᠃ ᠪᠢᠳᠡ ᠬᠢᠲᠡᠳ᠎ᠢ ᠮᠣᠩᠭᠤᠯ᠎ᠢᠶᠠᠷ ᠣᠷᠴᠢᠭᠤᠯᠬᠤ᠎ᠳᠠᠭᠠᠨ ᠬᠢᠲᠡᠳ ᠬᠡᠯᠡᠨ᠎ᠤ ᠦᠭᠡ ᠪᠠ ᠰᠡᠳᠭᠢᠭᠦᠢ᠎ᠶ᠋ᠢᠨ ᠨᠦᠯᠦᠭᠡ᠎ᠶ᠋ᠢ ᠬᠠᠯᠢᠨ ᠲᠠᠪᠠᠵᠦ᠍ ᠮᠣᠩᠭᠤᠯ ᠬᠡᠯᠡᠨ᠎ᠤ᠎ᠪᠠᠨ ᠰᠡᠳᠭᠢᠭᠦᠢ᠎ᠪᠠᠷ ᠡᠩ ᠲᠡᠷᠢᠭᠦᠨ᠎ᠳᠤ ᠮᠣᠩᠭᠤᠯ ᠦᠭᠡᠨ᠎ᠤ ᠦᠭᠡᠰ᠎ᠤᠨ ᠰᠠᠩ᠎ᠠᠴᠠ ᠣᠣᠯ ᠦᠭᠡᠨ᠎ᠤ ᠣᠳᠭ᠎ᠠ᠎ᠳᠤ ᠨᠡᠢᠴᠡᠬᠦ᠌ ᠠᠯᠢ ᠣᠨᠣᠪᠴᠢᠲᠠᠢ ᠦᠭᠡ᠎ᠶ᠋ᠢ ᠰᠤᠩᠭᠤᠬᠤ ᠪᠦᠭᠡᠳ ᠮᠣᠩᠭᠤᠯ ᠬᠡᠯᠡᠨ᠎ᠤ ᠳᠦᠷᠢᠮ᠂ ᠠᠪᠢᠶᠠᠨ ᠵᠦᠢ᠂ ᠬᠡᠯᠡᠨ ᠵᠦᠢ᠂ ᠦᠭᠦᠯᠡᠪᠦᠷᠢ ᠵᠦᠢ᠂ ᠨᠡᠢᠷᠠᠭᠤᠯᠭ᠎ᠠ ᠵᠦᠢ᠎ᠳᠤ ᠨᠡᠢᠴᠡᠬᠦᠯᠵᠦ᠍ ᠤᠷᠴᠢᠭᠤᠯᠬᠤ ᠶᠣᠰᠣᠲᠠᠢ᠃ ᠣᠳᠣ᠎ᠶ᠋ᠢᠨ ᠨᠡᠢᠲᠡᠮ ᠣᠷᠣᠱᠢᠵᠦ᠍ ᠪᠠᠢᠭ᠎ᠠ ᠠᠰᠠᠭᠤᠳᠠᠯ ᠪᠣᠯ ᠣᠷᠴᠢᠭᠤᠯᠬᠤ᠎ᠳᠠᠭᠠᠨ ᠤᠭ ᠬᠡᠯᠡᠨ᠎ᠤ᠎ᠪᠠᠨ ᠦᠭᠡ ᠪᠠ ᠰᠡᠳᠭᠢᠬᠦᠢ᠎ᠳᠤᠨᠢ ᠬᠡᠳᠦ ᠪᠠᠷᠢᠭ᠍ᠳᠠᠵᠦ᠍ ᠲᠡᠭᠦᠨ᠎ᠠᠴᠠ ᠰᠠᠯᠵᠦ᠍ ᠴᠢᠳᠠᠬᠤ ᠦᠭᠡᠢ ᠪᠠᠢᠭ᠎ᠠ ᠶᠠᠪᠤᠳᠠᠯ ᠪᠤᠯᠤᠨ᠎ᠠ᠃
       2. ᠮᠣᠩᠭᠤᠯ ᠬᠡᠯᠡᠨ᠎ᠤ᠎ᠪᠠᠨ ᠲᠠᠯ᠎ᠠ᠎ᠠᠴᠠ ᠠᠪᠴᠦ᠍ ᠬᠡᠯᠡᠭ᠌ᠰᠡᠨ ᠴᠦ᠍ ᠦᠭᠡᠰ᠎ᠤᠨ ᠰᠠᠩ᠎ᠠᠴᠠ ᠣᠨᠣᠪᠴᠢᠲᠠᠢ ᠦᠭᠡ ᠡᠷᠢᠨ ᠱᠦᠬᠦᠵᠦ᠍᠂ ᠦᠭᠡ ᠨᠠᠢᠷᠠᠯᠭ᠎ᠠ᠎ᠶ᠋ᠢ ᠲᠣᠩᠭᠠᠨ ᠱᠢᠷᠭᠠᠭᠠᠬᠤ ᠶᠠᠪᠣᠳᠠᠯ ᠴᠠᠯᠠᠭᠠᠢᠳᠠᠵᠦ᠍ ᠪᠠᠢᠨ᠎ᠠ᠃ ᠣᠷᠴᠢᠭᠤᠯᠪᠡᠯ ᠪᠣᠯᠴᠢᠬᠠᠨ᠎ᠠ ᠭᠡᠰᠡᠨ ᠱᠢᠭ᠋ ᠨᠠᠷᠢᠪᠴᠢᠯᠠᠨ ᠰᠡᠳᠭᠢᠬᠦ᠌ ᠦᠭᠡᠢ᠂ ᠵᠠᠷᠢᠮ᠎ᠨᠢ ᠮᠡᠳᠡᠪᠡᠴᠦ᠍ ᠶᠠᠷᠱᠢᠭ ᠭᠡᠳ ᠬᠠᠰᠢ ᠶᠠᠰᠢ ᠬᠠᠷᠢᠭᠤᠴᠠᠯᠭ᠎ᠠ ᠦᠭᠡᠢ ᠬᠠᠨᠳᠤᠵᠦ᠍ ᠪᠣᠢ᠃ ᠬᠠᠷᠢᠭᠤᠴᠠᠯᠭ᠎ᠠ ᠦᠭᠡᠢ ᠪᠠᠢᠬᠤ᠎ᠨᠢ ᠰᠣᠶᠣᠯ᠎ᠢᠶᠠᠨ ᠳᠠᠯᠬᠢᠳᠠᠬᠤ ᠵᠦᠭ ᠶᠠᠪᠣᠵᠣ ᠪᠠᠢᠬᠤ᠎ᠶ᠋ᠢᠨ ᠢᠯᠡᠷᠡᠯ ᠬᠠᠨᠳᠣᠰᠢ ᠮᠦᠨ᠃ ᠨᠢᠭᠡ ᠪᠦᠯᠦᠭ ᠬᠦᠮᠦᠰ᠎ᠨᠢ ᠠᠮᠢᠳᠣᠯᠢᠭ ᠮᠣᠩᠭᠤᠯ ᠦᠭᠡᠰ᠎ᠤᠨ ᠰᠠᠩ ᠪᠠᠢᠬᠤ ᠦᠭᠡᠢ ᠪᠤᠯᠬᠤᠷ ᠲᠣᠯᠢ ᠪᠢᠴᠢᠭ᠎ᠠᠴᠠ ᠦᠭᠡ ᠬᠠᠢᠵᠤ ᠪᠠᠢᠨ᠎ᠠ᠃ ᠦᠨᠡᠨ᠎ᠳᠡᠭᠡᠨ ᠮᠠᠨ᠎ᠤ ᠠᠮᠢᠳᠦ ᠶᠠᠷᠢᠶᠠᠨ᠎ᠤ ᠬᠡᠯᠡ ᠪᠣᠯ ᠵᠢᠩᠬᠢᠨᠢ ᠠᠷᠠᠳ ᠲᠦᠮᠡᠨ᠎ᠤ ᠲᠤᠮᠳᠠ᠎ᠠᠴᠠ ᠢᠷᠡᠳᠡᠭ᠂ ᠮᠣᠩᠭᠤᠯ ᠠᠮᠢᠳᠣᠷᠠᠯ᠎ᠲᠠᠢ᠂ ᠮᠣᠩᠭᠤᠯ ᠰᠡᠳᠭᠢᠭᠦᠢ᠎ᠲᠠᠢ ᠮᠠᠯᠴᠢᠨ ᠲᠠᠷᠢᠶᠠᠴᠢᠨ ᠪᠦᠬᠦᠢ ᠦᠨᠳᠦᠰᠦᠨ ᠱᠠᠲᠣᠨ᠎ᠠᠴᠠ ᠯᠠ ᠢᠷᠡᠳᠡᠭ᠃ ᠶᠠᠮᠠᠷ ᠨᠢᠭᠡᠨ ᠭᠠᠵᠠᠷ ᠣᠷᠣᠨ᠂ ᠤᠷᠤᠨ ᠨᠤᠳᠤᠭ ᠬᠤᠪᠢᠶᠠᠵᠦ᠍᠂ 《ᠡᠨᠡ᠎ᠨᠢ ᠲᠡᠳᠡᠨ᠎ᠤ ᠦᠭᠡ᠂ ᠲᠡᠷᠡ᠎ᠨᠢ ᠪᠢᠳᠡᠨ᠎ᠤ ᠦᠭᠡ》 ᠭᠡᠵᠦ᠍ ᠬᠤᠪᠢᠶᠠᠭ᠍ᠰᠡᠨ᠎ᠤ ᠬᠡᠷᠡᠭ ᠦᠭᠡᠢ᠂ ᠮᠣᠩᠭᠤᠯ ᠦᠭᠡᠨ᠎ᠳᠤ ᠨᠢᠭᠡ ᠯᠠ ᠬᠡᠯᠡᠨ ᠵᠦᠢ ᠪᠠᠢᠳᠠᠭ᠂ ᠭᠠᠭ᠍ᠴᠠᠬᠠᠨ ᠰᠣᠩᠭᠤᠳᠠᠭ ᠪᠢᠴᠢᠭ᠎ᠤᠨ ᠬᠡᠯᠡ ᠪᠠᠢᠳᠠᠭ ᠶᠤᠮ᠃
       3. ᠣᠯᠠᠨ᠎ᠤ ᠮᠡᠳᠡᠭᠡᠵᠢ᠎ᠪᠠᠷ᠂ ᠤᠷᠴᠢᠭᠤᠯᠭ᠎ᠠ᠎ᠳᠤ ᠪᠠᠰᠠ ᠤᠷᠴᠢᠭᠤᠯᠬᠤ ᠲᠦᠷᠢᠮ ᠭᠤᠷᠢᠮ᠂ ᠵᠠᠷᠴᠢᠮ ᠬᠡᠵᠦ᠍ ᠪᠤᠢ᠃ ᠵᠢᠱ᠌ᠢᠶᠡᠯᠡᠪᠡᠯ 《姐妹饭店》 ᠎ᠢ 《ᠵᠢᠶᠧ ᠮᠸᠢ ᠬᠤᠭᠤᠯᠠᠨ ᠭᠡᠷ》 ᠭᠡᠵᠦ᠍᠂ 《温馨提示》 ᠭᠡᠲᠡᠭ᠎ᠢ 《ᠸᠧᠨ ᠱᠢᠨ ᠰᠠᠨᠠᠭᠤᠯᠤᠮᠵᠢ》 ᠭᠡᠵᠦ᠍ ᠤᠷᠴᠢᠭᠤᠯᠤᠭ᠍ᠰᠠᠨ ᠬᠠᠷᠠᠭ᠍ᠳᠠᠨ᠎ᠠ᠃ ᠲᠤᠰ ᠵᠢᠱ᠌ᠢᠶᠠᠨ᠎ᠳᠤ ᠱᠢᠭᠤᠳ ᠠᠪᠢᠶᠠᠴᠢᠯᠠᠨ ᠤᠷᠴᠢᠭᠤᠯᠬᠤ ᠠᠷᠭ᠎ᠠ᠎ᠶ᠋ᠢ ᠬᠡᠷᠡᠭ᠌ᠯᠡᠭ᠌ᠰᠡᠨ᠎ᠨᠢ ᠤᠤᠯ ᠦᠭᠡᠨ᠎ᠤ ᠤᠳᠭ᠎ᠠ᠎ᠶ᠋ᠢ᠎ᠨᠢ ᠪᠠᠯᠠᠷᠬᠠᠢ ᠪᠤᠯᠭᠠᠵᠠᠢ᠃ ᠡᠭᠦᠨ᠎ᠢ 《ᠡᠭᠡᠴᠢ ᠲᠡᠭᠦᠦ᠎ᠶ᠋ᠢᠨ ᠬᠤᠭᠤᠯᠠᠨ ᠭᠡᠷ》᠂ 《ᠤᠷᠢᠨᠰᠠᠭ ᠰᠠᠨᠠᠭᠤᠯᠤᠮᠵᠢ》 ᠭᠡᠵᠦ᠍ ᠤᠷᠴᠢᠭᠤᠯᠪᠠᠯ᠂ ᠬᠤᠶᠠᠷ ᠲᠠᠯ᠎ᠠ᠎ᠶ᠋ᠢᠨ ᠨᠠᠪᠳᠡᠷᠡᠯᠴᠡᠭᠡ ᠪᠠ ᠤᠢ᠍ᠢᠯᠠᠭᠠᠯᠳᠠ᠎ᠶ᠋ᠢᠨ ᠲᠠᠯ᠎ᠠ᠎ᠶ᠋ᠢᠨ ᠬᠠᠷᠰᠢ ᠰᠠᠭᠠᠳ᠎ᠢ ᠠᠷᠢᠯᠭᠠᠴᠢᠬᠠᠨ᠎ᠠ᠃
       4. ᠪᠣᠷᠣᠭᠤ ᠤᠷᠴᠢᠭᠤᠯᠵᠤ ᠲᠠᠱᠢᠶ᠎ᠠ ᠪᠢᠴᠢᠭ᠌ᠰᠡᠨ ᠦᠵᠡᠭ᠌ᠳᠡᠯ ᠪᠠᠢᠨ᠎ᠠ᠃ ᠭᠤᠤᠯᠴᠢ᠎ᠪᠠᠷ ᠬᠡᠯᠡᠬᠦ᠌᠎ᠳᠤ᠂ ᠬᠦᠮᠦᠰ᠎ᠤᠨ ᠭᠦᠴᠦ᠍ ᠬᠦᠲᠡᠯᠮᠦᠷᠢ ᠤᠷᠤᠭᠤᠯᠵᠤ ᠪᠠᠢᠬᠤ᠎ᠶ᠋ᠢ᠎ᠨᠢ ᠦᠨᠡᠯᠡᠬᠦᠱᠢᠲᠠᠢ᠃ ᠭᠡᠪᠡᠴᠦ᠍ ᠬᠢᠲᠠᠳ᠎ᠤᠨ ᠬᠡᠪᠱᠢᠭ᠌ᠰᠡᠨ ᠬᠡᠯᠡᠯᠭᠡ᠎ᠳᠤ 《ᠪᠠᠷᠰ ᠠᠪᠤᠭᠠᠢ ᠴᠤ᠌ ᠲᠤᠭ᠍ᠬᠢᠭᠠᠳ ᠠᠪᠲᠠᠭ ᠶᠤᠮ ᠴᠢᠨᠢ》 ᠭᠡᠲᠡᠭ᠎ᠢᠶᠠᠷ᠂ ᠲᠡᠷᠡ ᠪᠦᠬᠦᠲᠡ᠎ᠶ᠋ᠢ ᠱᠢᠯᠭᠠᠨ ᠪᠠᠢᠴᠠᠭᠠᠵᠤ᠂ ᠵᠠᠰᠠᠵᠤ ᠵᠠᠯᠠᠷᠠᠭᠤᠯᠤᠭᠠᠳ ᠠᠮᠵᠢᠲᠠᠭ ᠦᠭᠡᠢ ᠴᠤ᠌ ᠪᠤᠯᠤᠯᠲᠠᠢ᠂ ᠠᠲᠡᠬᠦᠦ ᠤᠷᠴᠢᠭᠤᠯᠤᠬ᠍ᠰᠠᠨ᠂ ᠲᠠᠱᠢᠶ᠎ᠠ ᠪᠢᠴᠢᠭ᠌ᠰᠡᠨ ᠭᠠᠵᠠᠷ ᠬᠠᠶᠠ ᠬᠠᠷᠠᠭ᠍ᠲᠠᠭᠠᠳ ᠪᠠᠢᠨ᠎ᠠ᠃
       ᠭᠤᠷᠪᠠ᠂ ᠵᠢᠵᠢᠭ ᠳ᠋ᠦᠩᠨᠡᠯᠲᠡ
       ᠬᠡᠳᠦ᠋ᠢᠪᠡᠷ ᠣᠷᠴᠢᠭᠤᠯᠭ᠎ᠠ᠎ᠶ᠋ᠢᠨ ᠲᠣᠬᠠᠢ ᠲᠣᠲᠣᠷᠬᠠᠢ ᠲᠣᠭ᠍ᠲᠠᠭᠠᠭ᠍ᠰᠡᠨ ᠣᠯᠠᠨ ᠳᠦᠷᠢᠮ ᠵᠡᠷᠴᠢᠮ ᠪᠣᠶᠣ ᠡᠷᠳᠡᠮᠲᠡᠳ ᠮᠡᠷᠭᠡᠳ᠎ᠠᠴᠠ ᠵᠢᠱ᠌ᠢᠶᠡᠯᠡᠵᠦ᠍ ᠵᠢᠭᠠᠭ᠍ᠰᠠᠨ ᠨᠤᠮ ᠦᠭᠦᠯᠡᠯ ᠣᠯᠠᠨ ᠪᠠᠢᠪᠠᠴᠦ᠍ ᠬᠦᠮᠦᠰ ᠡᠭᠦᠨ᠎ᠢ ᠦᠨᠳᠦᠰᠦᠯᠡᠨ ᠬᠢᠴᠢᠶᠠᠵᠦ᠍ ᠮᠦᠷᠳᠡᠬᠦ᠌ ᠶᠡᠪᠣᠳᠠᠯ ᠲᠣᠩ ᠬᠤᠪᠣᠷ ᠪᠠᠢᠨ᠎ᠠ᠃ ᠲᠡᠷᠡ ᠮᠥᠷᠲᠡᠭᠡᠨ ᠣᠳᠣ᠎ᠶ᠋ᠢᠨ ᠶᠡᠭᠡᠩᠬᠢ ᠵᠠᠯᠠᠭᠤᠴᠣᠳ ᠮᠣᠩᠭᠤᠯ ᠭᠠᠵᠠᠷ ᠦᠰᠴᠦ᠍ ᠮᠣᠩᠭᠤᠯ᠎ᠢᠶᠠᠷ ᠰᠣᠷᠴᠦ᠍ ᠠᠵᠢᠯ᠎ᠤᠨ ᠪᠠᠢᠷᠢᠨ᠎ᠳᠤ ᠭᠠᠷᠣᠭ᠍ᠰᠡᠨ ᠪᠣᠯᠪᠠᠴᠦ᠍ ᠮᠣᠩᠭᠤᠯ ᠬᠡᠯᠡ᠎ᠶ᠋ᠢ ᠲᠡᠢᠮᠦ᠍ ᠭᠦᠨ ᠭᠦᠨᠵᠡᠭᠡᠢ ᠰᠠᠢᠨ ᠰᠣᠷᠣᠭ᠍ᠰᠡᠨ ᠦᠭᠡᠢ᠂ ᠬᠢᠲᠠᠳ ᠬᠡᠯᠡᠨ᠎ᠤ ᠨᠦᠯᠦᠭᠡ᠎ᠶ᠋ᠢ ᠶᠡᠭᠡ ᠬᠦᠷᠳᠡᠭ᠌ᠰᠡᠨ᠎ᠠᠴᠠ ᠱᠢᠯᠳᠠᠭᠠᠯᠠᠵᠤ ᠲᠡᠭᠡᠷᠡᠬᠢ ᠮᠡᠳᠤ ᠱᠢᠭᠤᠳ ᠤᠷᠴᠢᠭᠤᠯᠬᠤ ᠪᠤᠶᠤ ᠪᠣᠷᠣᠭᠤ ᠣᠷᠴᠢᠭᠤᠯᠬᠤ ᠦᠵᠡᠭ᠌ᠳᠡᠯ ᠣᠯᠠᠨ ᠭᠠᠷᠴᠤ᠌ ᠪᠠᠢᠨ᠎ᠠ᠃
       ᠤᠷᠴᠢᠭᠤᠯᠭ᠎ᠠ ᠪᠤᠯ ᠬᠤᠶᠠᠷ ᠵᠦᠢᠯ᠎ᠤᠨ ᠠᠳᠠᠯᠢ ᠪᠤᠰᠤ ᠤᠯᠤᠰ ᠦᠨᠳᠤᠰᠤᠳᠡᠨ᠎ᠤ ᠰᠤᠶᠤᠯ᠎ᠤᠨ ᠬᠤᠭᠤᠷᠤᠨᠳᠤᠬᠢ ᠬᠠᠷᠢᠯᠴᠠᠭᠠᠨ᠎ᠤ ᠬᠦᠬᠦᠷᠭᠡ ᠪᠤᠶᠤ ᠨᠢᠭᠡ ᠤᠯᠤᠰ ᠦᠨᠳᠤᠰᠤᠳᠡᠨ᠎ᠤ ᠦᠭᠡ ᠬᠡᠯᠨ᠎ᠶ᠋ᠢ ᠪᠤᠰᠤᠳ ᠤᠯᠤᠰ ᠦᠨᠳᠤᠰᠤᠳᠡᠨ᠎ᠤ ᠦᠭᠡ ᠬᠡᠯᠨ᠎ᠪᠠᠷ ᠢᠯᠡᠳᠭᠡᠬᠦ᠌ ᠶᠠᠪᠤᠳᠠᠯ ᠪᠤᠯᠬᠤ ᠶᠤᠮ᠃ ᠮᠤᠩᠭᠤᠯ ᠤᠷᠴᠢᠭᠤᠯᠭ᠎ᠠ᠎ᠶ᠋ᠢᠨ ᠦᠢᠯᠡᠰ ᠴᠤ᠌ ᠦᠨᠢ ᠤᠳᠠᠭᠠᠨ ᠲᠡᠦᠭᠡ᠎ᠲᠠᠢ ᠶᠤᠮ᠃ ᠲᠧᠯᠸᠢᠰ᠎ᠤᠨ ᠣᠷᠴᠢᠭᠤᠯᠭ᠎ᠠ᠎ᠶ᠋ᠢᠨ ᠠᠵᠢᠯᠲᠠᠨ ᠪᠣᠯᠤᠭ᠍ᠰᠠᠨ᠎ᠤ ᠬᠤᠪᠢ᠎ᠳᠤ᠂ ᠣᠷᠴᠢᠭᠤᠯᠭ᠎ᠠ᠎ᠶ᠋ᠢᠨ ᠮᠡᠷᠭᠡᠵᠢᠯ᠎ᠢ ᠡᠵᠡᠮᠱᠢᠵᠦ᠍᠂ ᠬᠤᠶᠠᠷ ᠵᠦᠢᠯ᠎ᠤᠨ ᠦᠭᠡ ᠬᠡᠯᠡ᠂ ᠰᠡᠳᠭᠢᠬᠦᠶ᠎ᠶ᠋ᠢᠨ ᠤᠨᠴᠠᠯᠢᠭ᠎ᠲᠤ ᠰᠠᠭᠤᠷᠢᠯᠠᠵᠦ᠍᠂ ᠬᠤᠶᠠᠷ ᠵᠦᠢᠯ᠎ᠤᠨ ᠰᠣᠶᠣᠯ᠎ᠤᠨ ᠤᠯᠠᠮᠵᠢᠯᠠᠯ᠂ ᠰᠡᠳᠭᠢᠬᠦᠶ᠎ᠶ᠋ᠢᠨ ᠳᠠᠳᠭᠠᠯ ᠪᠠ ᠢᠯᠡᠳᠭᠡᠬᠦ᠌ ᠠᠷᠭ᠎ᠠ ᠮᠠᠶᠢᠭ᠎ᠢ ᠢᠯᠡᠷᠡᠭᠦᠯᠬᠦ᠌᠎ᠶ᠋ᠢᠨ ᠬᠠᠮᠲᠤ ᠦᠢᠯᠡᠳᠦᠯᠭᠡ᠎ᠶ᠋ᠢᠨ ᠳᠤᠮᠳᠠ ᠮᠠᠯᠴᠢᠨ ᠲᠠᠷᠢᠶᠠᠴᠢᠨ ᠲᠦᠮᠡᠨ᠎ᠤ ᠤᠢ᠍ᠢᠯᠠᠭᠠᠬᠤ ᠴᠢᠳᠠᠪᠤᠷᠢ᠎ᠶ᠋ᠢ ᠦᠨᠳᠦᠰᠦᠯᠡᠨ᠂ ᠣᠷᠴᠢᠭᠤᠯᠭ᠎ᠠ᠎ᠶ᠋ᠢ ᠠᠯᠢ ᠴᠢᠳᠠᠬᠤ᠎ᠪᠠᠷ ᠤᠢ᠍ᠢᠯᠠᠭᠠᠮᠵᠢᠳᠠᠢ ᠣᠷᠴᠢᠭᠤᠯᠬᠤ ᠶᠤᠰᠤᠳᠠᠢ᠃ ᠣᠷᠴᠢᠭᠤᠯᠭ᠎ᠠ᠎ᠨᠢ ᠬᠤᠶᠠᠷ ᠦᠨᠳᠦᠰᠦᠲᠡᠨ᠎ᠤ ᠬᠤᠭᠤᠷᠣᠨᠳᠣᠬᠢ ᠰᠣᠶᠣᠯ᠎ᠤᠨ ᠰᠣᠯᠢᠯᠴᠠᠭ᠎ᠠ ᠪᠠ ᠬᠥᠭ᠌ᠵᠢᠯᠲᠡ᠎ᠶ᠋ᠢ ᠠᠬᠢᠭᠤᠯᠳᠠᠭ ᠪᠣᠯᠬᠤᠷ ᠵᠠᠪᠠᠯ ᠬᠠᠷᠢᠭᠤᠴᠠᠯᠭᠠᠳᠤ ᠰᠡᠳᠭᠢᠯᠭᠡ᠎ᠪᠠᠨ ᠤᠯᠠᠮ ᠨᠢᠭᠡ ᠠᠯᠬᠤᠮ ᠴᠢᠩᠭᠠᠳᠭᠠᠵᠤ᠂ ᠵᠣᠬᠢᠶᠠᠯ ᠪᠦᠲᠦᠭᠡᠯ᠎ᠤᠨ ᠳᠣᠲᠣᠷᠠᠬᠢ ᠦᠨᠳᠦᠰᠦᠲᠡᠨ᠎ᠤ ᠠᠬᠤᠶ ᠪᠠᠢᠳᠠᠯ᠎ᠠᠴᠠ ᠡᠭᠦᠰᠴᠦ᠍᠂ ᠵᠣᠬᠢᠶᠠᠯ ᠪᠦᠲᠦᠭᠡᠯ᠎ᠤᠨ ᠭᠦᠨ ᠭᠦᠨᠵᠡᠭᠡᠶ ᠠᠭᠤᠯᠤᠭ᠍ᠳᠠᠬᠤᠨ᠎ᠢ ᠡᠵᠡᠮᠱᠢᠭ᠌ᠰᠡᠨ᠎ᠤ ᠳᠠᠷᠠᠭ᠎ᠠ ᠰᠠᠶᠢ ᠣᠷᠴᠢᠭᠤᠯᠵᠦ᠍᠂ ᠣᠯᠠᠨ᠎ᠳᠠᠭᠠᠨ ᠲᠠᠭᠠᠱᠢᠶᠠᠬ᠍ᠳᠠᠵᠦ᠍ ᠮᠡᠳᠡᠷᠡᠭ᠌ᠳᠡᠭ᠌ᠰᠡᠨ ᠤᠷᠴᠢᠭᠤᠯᠭ᠎ᠠ᠎ᠪᠠᠷ ᠲᠠᠮᠵᠢᠭᠤᠯᠤᠨ ᠮᠠᠯᠴᠢᠨ ᠲᠠᠷᠢᠶᠠᠴᠢᠳ᠎ᠲᠠᠭᠠᠨ ᠰᠠᠢᠳᠤᠷ ᠦᠢᠯᠡᠴᠢᠯᠡᠵᠦ᠍᠂ ᠱᠢᠨ᠎ᠠ ᠴᠠᠭ ᠦᠶ᠎ᠠ᠎ᠶ᠋ᠢᠨ ᠲᠧᠯᠧᠢᠰ᠎ᠤᠨ ᠡᠯ᠎ᠠ ᠵᠦᠢᠯ᠎ᠤᠨ ᠠᠵᠢᠯ ᠡᠭᠦᠷᠭᠡ᠎ᠪᠠᠨ ᠰᠠᠢᠳᠤᠷ ᠬᠦᠢᠴᠡᠳᠭᠡᠬᠦ᠌᠎ᠳᠡᠭᠡᠨ ᠲᠠᠭᠠᠷᠠᠨ᠎ᠠ᠃
       (ᠵᠤᠬᠢᠶᠠᠬ᠍ᠴᠢ᠎ᠶ᠋ᠢᠨ ᠬᠠᠶᠢᠭ᠄ ᠱᠢᠨᠵᠢᠶᠠᠩ᠎ᠤᠨ ᠪᠠᠶᠠᠨᠭᠤᠤᠯ ᠮᠣᠩᠭᠤᠯ ᠥᠪᠡᠷᠲᠡᠭᠡᠨ ᠵᠠᠰᠠᠬᠤ ᠵᠧᠦ᠎ᠶ᠋ᠢᠨ ᠮᠣᠩᠭᠤᠯ ᠬᠡᠯᠡ᠎ᠪᠠᠷ ᠺᠢᠨᠣ᠋ ᠲᠧᠯᠸᠢᠰ ᠵᠦᠴᠦᠬᠡ ᠣᠷᠴᠢᠭᠤᠯᠤᠨ ᠦᠢᠯᠡᠳᠬᠦ᠌ ᠲᠦᠪ)
       ᠠᠱᠢᠬ᠍ᠯᠠᠭ᠍ᠰᠠᠨ ᠮᠠᠲ᠋ᠧᠷᠢᠶᠠᠯ
       [1] ᠰᠠᠢᠴᠦᠩᠭ᠎ᠠ᠄ 《ᠣᠷᠴᠢᠭᠤᠯᠭ᠎ᠠ᠎ᠶ᠋ᠢᠨ ᠤᠬᠠᠭᠠᠨ᠎ᠤ ᠰᠠᠭᠤᠷᠢ ᠰᠤᠳᠤᠯᠤᠯ》᠂ ᠥᠪᠦᠷ ᠮᠣᠩᠭᠤᠯ᠎ᠤᠨ ᠶᠡᠭᠡ ᠰᠣᠷᠭᠠᠭᠤᠯᠢ᠎ᠶ᠋ᠢᠨ ᠬᠡᠪᠯᠡᠯ᠎ᠤᠨ ᠬᠤᠷᠢᠶ᠎ᠠ᠂ 2017 ᠤᠨ
       [2] ᠪᠠᠲᠤᠣ᠋ᠳᠽᠡᠷ᠄ 《ᠮᠣᠩᠭᠤᠯ ᠬᠢᠲᠠᠳ ᠬᠤᠣᠰ ᠬᠡᠯᠡᠨ᠎ᠤ ᠣᠷᠴᠢᠭᠤᠯᠭ᠎ᠠ᠎ᠶ᠋ᠢᠨ ᠪᠠᠢᠳᠠᠯ》᠂ ᠥᠪᠦᠷ ᠮᠣᠩᠭᠤᠯ᠎ᠤᠨ ᠶᠡᠭᠡ ᠰᠣᠷᠭᠠᠭᠤᠯᠢ᠎ᠶ᠋ᠢᠨ ᠬᠡᠪᠯᠡᠯ᠎ᠤᠨ ᠬᠤᠷᠢᠶ᠎ᠠ᠂ 2018 ᠣᠨ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号