《ᠨᠤᠭᠤᠭᠠᠨ ᠡᠮᠵᠢᠶᠡᠷᠢ》 ᠎ᠲᠠᠢ ᠲᠡᠭ᠌ᠷᠢ ᠡᠯᠡᠰᠦ
2020-07-12 09:43:31
ᠵᠣᠬᠢᠶᠠᠭ᠍ᠴᠢ᠄
ᠰᠠᠷᠭᠠᠢ ᠯᠢᠶᠠᠨ ᠵᠧᠨ
ᠣᠩᠱᠢᠭ᠍ᠰᠠᠨ ᠣᠳᠠᠭ᠎ᠠ᠄
★★★☆☆

ᠲᠡᠭ᠌ᠷᠢ ᠡᠯᠡᠰᠤ ᠪᠤᠯ ᠮᠠᠨ᠎ᠤ ᠤᠯᠤᠰ᠎ᠤᠨ ᠲᠦᠷᠪᠡᠳᠤᠬᠡᠷ ᠶᠡᠭᠡ ᠡᠯᠡᠰᠤᠨ ᠴᠦᠯ ᠮᠦᠨ᠂ ᠲᠡᠷᠡ᠎ᠨᠢ ᠪᠠᠷᠠᠭᠤᠨ ᠬᠤᠢᠰᠢ᠎ᠪᠠᠨ ᠪᠠᠳᠠᠢ᠎ᠶ᠋ᠢᠨ ᠵᠢᠷᠠᠨ᠎ᠤ ᠡᠯᠡᠰᠤ᠎ᠲᠠᠢ ᠠᠭᠤᠯᠨ ᠠᠯᠤᠰᠯᠠᠨ ᠪᠠᠢᠷᠢᠯᠠᠵᠤ᠂ ᠵᠡᠬᠦᠨ ᠬᠤᠢᠰᠢ᠎ᠪᠠᠨ ᠤᠯᠠᠭᠠᠨᠪᠤᠬ᠎ᠠ᠎ᠶ᠋ᠢᠨ ᠡᠯᠡᠰᠤ᠎ᠲᠠᠢ ᠬᠦᠷᠱᠢᠯᠡᠵᠤ ᠪᠤᠢ᠃ ᠤᠯᠠᠨ ᠵᠢᠯ᠎ᠤᠨ ᠲᠤᠷᠰᠢ᠂ ᠠᠯᠠᠱᠠ ᠠᠢᠮᠠᠭ ᠪᠤᠯᠤᠨ ᠠᠯᠠᠱᠠ ᠵᠡᠬᠦᠨ ᠬᠤᠱᠢᠭᠤ᠎ᠶ᠋ᠢᠨ᠎ᠬᠢᠨ ᠤᠮᠠᠷᠠᠳᠤ᠎ᠶ᠋ᠢᠨ ᠭᠤᠷᠪᠠᠨ ᠤᠷᠤᠨ᠎ᠤ ᠬᠠᠯᠬᠠᠪᠴᠢ ᠤᠢ᠎ᠶ᠋ᠢᠨ ᠪᠦᠳᠦᠬᠡᠨ ᠪᠠᠢᠭᠤᠯᠤᠯᠳᠠ᠂ ᠪᠠᠢᠭᠠᠯᠢ᠎ᠶ᠋ᠢᠨ ᠤᠢ᠎ᠶ᠋ᠢᠨ ᠬᠠᠮᠠᠭᠠᠯᠠᠯᠳᠠ ᠵᠡᠷᠬᠡ ᠠᠮᠢ ᠠᠬᠤᠢ᠎ᠶ᠋ᠢᠨ ᠭᠤᠤᠯᠳᠠᠯᠭ᠎ᠠ᠎ᠲᠠᠢ ᠢᠨᠵᠧᠨᠧᠷᠢᠩ᠎ᠳᠤ ᠲᠦᠱᠢᠭ᠌ᠯᠡᠵᠤ᠂ ᠪᠢᠳᠡᠬᠦᠮᠵᠢᠯᠡᠵᠤ ᠤᠢ᠍ᠢᠵᠢᠭᠤᠯᠬᠤ᠂ ᠨᠢᠰᠭᠡᠯ᠎ᠢᠶᠠᠷ ᠤᠢ᠍ᠢᠵᠢᠭᠤᠯᠬᠤ᠂ ᠨᠡᠢᠳᠡ᠎ᠶ᠋ᠢᠨ ᠠᠰᠠᠷᠠᠮᠵᠢ᠎ᠶ᠋ᠢᠨ ᠮᠤᠳᠤ ᠲᠠᠷᠢᠵᠤ ᠤᠢ᠍ᠢᠵᠢᠭᠤᠯᠬᠤ ᠵᠡᠷᠬᠡ ᠠᠷᠭ᠎ᠠ ᠬᠡᠯᠪᠡᠷᠢ᠎ᠪᠠᠷ ᠲᠡᠭ᠌ᠷᠢ ᠡᠯᠡᠰᠤ᠎ᠶ᠋ᠢᠨ ᠵᠡᠬᠦᠨ ᠡᠮᠤᠨ᠎ᠠ ᠵᠠᠬ᠎ᠠ᠎ᠪᠠᠷ 3 — 20 ᠺᠢᠯᠦᠮᠧᠳ᠋ᠷ ᠦᠷᠬᠡᠨ᠂ 350 ᠭᠠᠷᠤᠢ ᠺᠢᠯᠦᠮᠧᠲᠷ ᠤᠷᠳᠤ᠎ᠶ᠋ᠢᠨ ᠬᠠᠯᠬᠠᠪᠴᠢ ᠤᠢ᠎ᠶ᠋ᠢᠨ ᠪᠦᠰᠡ ᠤᠢ᠍ᠢᠵᠢᠭᠤᠯᠵᠤ᠂ ᠲᠡᠭ᠌ᠷᠢ ᠡᠯᠡᠰᠤᠨ᠎ᠳᠤ 《ᠨᠤᠭᠤᠭᠠᠨ ᠡᠮᠵᠢᠶᠡᠷᠢ》 ᠰᠠᠭᠤᠯᠭᠠᠨ ᠲᠠᠯᠡᠵᠤ ᠦᠷᠬᠡᠵᠢᠬᠦ᠌᠎ᠶ᠋ᠢ᠎ᠨᠢ ᠬᠤᠷᠢᠭ᠍ᠯᠠᠭ᠍ᠰᠠᠨ᠎ᠢᠶᠠᠷ ᠪᠠᠷᠠᠬᠤ ᠦᠬᠡᠢ ᠲᠡᠭ᠌ᠷᠢ ᠡᠯᠡᠰᠤ᠂ ᠪᠠᠳᠠᠢ᠎ᠶ᠋ᠢᠨ ᠵᠢᠷᠠᠨ᠎ᠤ ᠡᠯᠡᠰᠤ᠂ ᠤᠯᠠᠭᠠᠨᠪᠤᠬ᠎ᠠ᠎ᠶ᠋ᠢᠨ ᠡᠯᠡᠰᠤ᠎ᠶ᠋ᠢᠨ ᠨᠡᠢᠯᠡᠵᠤ ᠵᠠᠯᠭᠠᠯᠳᠤᠬᠤ᠎ᠶ᠋ᠢ ᠪᠦᠳᠦᠮᠵᠢᠳᠠᠢ ᠬᠤᠷᠢᠭ᠍ᠯᠠᠪᠠ᠃ ᠦᠪᠡᠷᠳᠡᠭᠡᠨ ᠵᠠᠰᠠᠬᠤ ᠤᠷᠤᠨ᠎ᠤ ᠴᠠᠭ ᠠᠭᠤᠷ᠎ᠤᠨ ᠲᠤᠪᠴᠢᠶ᠎ᠠ᠎ᠶ᠋ᠢᠨ ᠨᠡᠢᠳᠡᠯᠡᠭ᠌ᠰᠡᠨ 《2019 ᠤᠨ᠎ᠤ ᠪᠦᠬᠦ᠌ ᠤᠷᠤᠨ᠎ᠤ ᠠᠮᠢ ᠠᠬᠤᠢ᠎ᠶ᠋ᠢᠨ ᠴᠠᠭ ᠠᠭᠤᠷ᠎ᠤᠨ ᠶᠡᠷᠤᠩᠬᠡᠢᠯᠡᠭ᠌ᠰᠡᠨ ᠬᠢᠨᠡᠨ ᠬᠡᠮᠵᠢᠯᠳᠡ ᠪᠤᠯᠤᠨ ᠦᠨᠡᠯᠡᠯᠳᠡ᠎ᠶ᠋ᠢᠨ ᠮᠡᠳᠡᠬᠦᠯᠦᠯᠳᠡ》 ᠎ᠶ᠋ᠢ ᠦᠨᠳᠦᠰᠦᠯᠡᠪᠡᠯ᠂ 1990 ᠤᠨ᠎ᠠᠴᠠ 2019 ᠤᠨ ᠪᠤᠯᠳᠠᠯᠡᠬᠢ 30 ᠭᠠᠷᠤᠢ ᠵᠢᠯ᠎ᠳᠤ ᠲᠡᠭ᠌ᠷᠢ ᠡᠯᠡᠰᠦ᠎ᠶ᠋ᠢᠨ ᠲᠠᠯᠠᠪᠠᠢ ᠬᠠᠷᠢᠴᠠᠩᠭᠤᠢ᠎ᠪᠠᠷ ᠲᠤᠭ᠍ᠳᠠᠪᠤᠷᠢᠵᠢᠵᠤ᠂ ᠪᠠᠭᠠᠰᠭᠤ ᠬᠠᠨᠳᠤᠰᠢ᠎ᠲᠠᠢ ᠪᠤᠯᠵᠤ ᠪᠠᠢᠨ᠎ᠠ᠃


downLoad-20200712102639.JPG


downLoad-20200712102618.JPG


downLoad-20200712102606.JPG


ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号