《717》 ᠬᠤᠷᠴᠢᠨ ᠨᠤᠲᠤᠬ᠎ᠤᠨ ᠳᠠᠭᠤᠤ ᠬᠥᠭ᠌ᠵᠢᠮᠳᠤ ᠠᠮᠳᠠᠳᠤ ᠢᠳᠡᠭᠡᠨ᠎ᠤ ᠨᠠᠢᠷ ᠡᠬᠢᠯᠡᠯ᠎ᠡ
2020-07-19 12:32:19
ᠵᠣᠬᠢᠶᠠᠭ᠍ᠴᠢ᠄
ᠪᠤᠤ ᠴᠢᠩ ᠱᠧᠩ
ᠣᠩᠱᠢᠭ᠍ᠰᠠᠨ ᠣᠳᠠᠭ᠎ᠠ᠄
★★★☆☆

7 ᠰᠠᠷ᠎ᠠ᠎ᠶ᠋ᠢᠨ 17 ᠎ᠤ ᠤᠷᠤᠢ ᠲᠥᠩᠯᠢᠶᠤᠤ ᠬᠤᠲᠠ᠎ᠶ᠋ᠢᠨ ᠱᠢᠷᠠᠮᠦᠷᠡᠨ ᠴᠡᠴᠡᠷᠯᠢᠭ᠎ᠲᠤ ᠤᠶᠠᠩᠭᠠᠳᠤ ᠳᠠᠭᠤᠤ ᠬᠠᠩᠬᠢᠨᠠᠨ ᠪᠤᠷᠬᠢᠶ᠎ᠠ ᠪᠤᠯᠠᠬ ᠰᠤᠯᠤᠩᠭᠠᠷᠠᠵᠤ᠂ ᠠᠮᠳᠠᠳᠤ ᠢᠳᠡᠭᠡᠨ᠎ᠤ ᠱᠠᠩᠳᠠᠭᠤᠨ ᠥᠨᠥᠷ ᠭᠠᠵᠠᠷ ᠪᠥᠬᠦᠨ᠎ᠳᠤ ᠰᠠᠩᠬᠢᠨᠠᠨ᠎ᠠ᠃ 2020 ᠤᠨ᠎ᠤ ᠬᠤᠷᠴᠢᠨ ᠨᠤᠲᠤᠬ᠎ᠤᠨ ᠳᠠᠭᠤᠤ ᠬᠥᠭ᠌ᠵᠢᠮᠳᠤ ᠠᠮᠳᠠᠳᠤ ᠢᠳᠡᠭᠡᠨ᠎ᠤ ᠨᠠᠢᠷ ᠠᠳᠡ ᠨᠢᠵᠢᠬᠢᠷ ᠰᠠᠢᠬᠠᠨ ᠡᠬᠢᠯᠡᠵᠦ᠍ ᠪᠠᠢᠯ᠎ᠠ᠃

ᠲᠤᠰ ᠠᠵᠢᠯᠯᠠᠭ᠎ᠠ᠎ᠨᠢ ᠲᠦᠩᠯᠢᠶᠣᠤ ᠬᠤᠲᠠ᠎ᠶ᠋ᠢᠨ ᠬᠤᠷᠴᠢᠨ ᠰᠣᠶᠣᠯ ᠵᠢᠭᠤᠯᠴᠢᠯᠠᠯ᠎ᠤᠨ ᠨᠡᠷᠡᠲᠦ ᠲᠡᠮᠳᠡᠭ᠎ᠢ ᠪᠦᠬᠦ᠌ ᠲᠠᠯ᠎ᠠ᠎ᠪᠠᠷ ᠳᠡᠯᠭᠡᠨ ᠦᠵᠡᠭᠦᠯᠵᠦ᠍᠂ ᠬᠤᠲᠠ᠎ᠶ᠋ᠢᠨ ᠬᠡᠷᠡᠭ᠌ᠯᠡᠭᠡ᠎ᠶ᠋ᠢ ᠳᠠᠢᠴᠢᠯᠠᠨ᠂ ᠵᠠᠬ᠎ᠠ ᠳᠡᠯᠭᠡᠭᠦᠷ᠎ᠤᠨ ᠠᠮᠢᠵᠢᠷᠠᠯ᠎ᠤᠨ ᠬᠦᠴᠦᠨ᠎ᠢ ᠬᠥᠭ᠌ᠵᠢᠭᠡᠵᠦ᠍᠂ ᠲᠤᠰ ᠬᠤᠲᠠ᠎ᠶ᠋ᠢᠨ 《818》 ᠵᠢᠷᠢᠮ᠎ᠤᠨ ᠮᠤᠷᠢᠨ ᠤᠷᠤᠯᠳᠤᠭᠠᠨ᠎ᠤ ᠰᠤᠶᠤᠯ ᠵᠢᠭᠤᠯᠴᠢᠯᠠᠯ᠎ᠤᠨ ᠨᠡᠷᠡᠳᠥ ᠳᠡᠮᠳᠡᠭ᠎ᠤᠨ ᠳᠠᠷᠠᠭᠠᠬᠢ ᠪᠠᠰᠠ ᠨᠢᠭᠡᠨ ᠰᠤᠶᠤᠯ ᠵᠢᠭᠤᠯᠴᠢᠯᠠᠯ᠎ᠤᠨ ᠨᠡᠷᠡᠳᠥ ᠳᠡᠮᠳᠡᠭ ᠪᠤᠯᠬᠤ 《717》 ᠬᠤᠷᠴᠢᠨ ᠨᠤᠲᠤᠭ᠎ᠤᠨ ᠳᠠᠭᠤᠤ ᠬᠥᠭ᠌ᠵᠢᠮᠳᠤ ᠠᠮᠲᠠᠲᠤ ᠢᠳᠡᠭᠡᠨ᠎ᠤ ᠨᠠᠢᠷ᠎ᠢ ᠡᠭᠦᠳᠥᠨ ᠪᠠᠢᠭᠤᠯᠬᠤ᠎ᠪᠠᠷ ᠵᠤᠷᠢᠵᠠᠢ᠃ ᠲᠤᠰ ᠠᠵᠢᠯᠯᠠᠭ᠎ᠠ᠎ᠨᠢ 7 ᠰᠠᠷ᠎ᠠ᠎ᠶ᠋ᠢᠨ ᠡᠬᠢᠨ᠎ᠠᠴᠠ 10 ᠰᠠᠷ᠎ᠠ᠎ᠶ᠋ᠢᠨ 7 ᠎ᠤ ᠡᠳᠦᠷ ᠪᠣᠯᠲᠠᠯ᠎ᠠ ᠶᠠᠪᠤᠬ᠍ᠳᠠᠵᠤ᠂ ᠪᠥᠬᠦ᠌ ᠬᠤᠲᠠ᠎ᠶ᠋ᠢᠨ ᠡᠯ᠎ᠡ ᠬᠤᠱᠢᠭᠤ ᠱᠢᠶᠠᠨ ᠬᠤᠲᠠ ᠲᠣᠭᠤᠷᠢᠭ᠎ᠨᠢ ᠠᠭᠤᠳᠠᠮ ᠲᠠᠯᠠᠪᠠᠶ ᠪᠠ ᠦᠵᠡᠮᠵᠢ᠎ᠶ᠋ᠢᠨ ᠣᠷᠣᠨ᠎ᠢ ᠰᠣᠩᠭᠤᠵᠤ ᠬᠠᠮᠢᠶ᠎ᠠ ᠪᠥᠬᠦᠶ ᠠᠵᠢᠯᠯᠠᠭ᠎ᠠ᠎ᠶ᠋ᠢ ᠦᠷᠨᠢᠭᠦᠯᠬᠦ᠌ ᠪᠣᠯᠤᠨ᠎ᠠ᠃

《2020 ᠣᠨ᠎ᠤ ᠬᠤᠷᠴᠢᠨ ᠨᠤᠲᠤᠭ᠎ᠤᠨ ᠳᠠᠭᠤᠤ ᠬᠥᠭ᠌ᠵᠢᠮ᠎ᠤᠨ ᠠᠮᠲᠠᠲᠤ ᠢᠳᠡᠭᠡᠨ᠎ᠤ ᠤᠯᠠᠷᠢᠯ》 ᠎ᠤᠨ ᠠᠵᠢᠯᠯᠠᠭ᠎ᠠ᠎ᠳᠤ ᠭᠤᠤᠯᠳᠠᠭᠤ 《ᠥᠪᠥᠷ ᠮᠣᠩᠭᠤᠯ᠎ᠤᠨ ᠳᠠᠭᠤᠤ ᠬᠥᠭ᠌ᠵᠢᠮ᠎ᠢ ᠰᠣᠨᠢᠷᠬᠠᠵᠤ᠂ ᠥᠪᠥᠷ ᠮᠣᠩᠭᠤᠯ᠎ᠤᠨ ᠦᠨᠦᠷ ᠠᠮᠲᠠ᠎ᠶ᠋ᠢ ᠠᠮᠲᠠᠯᠠᠨ᠂ ᠥᠪᠥᠷ ᠮᠣᠩᠭᠤᠯ᠎ᠤᠨ ᠰᠠᠢᠨ ᠪᠠᠷᠠᠭ᠎ᠠ᠎ᠶ᠋ᠢ ᠳᠠᠭᠠᠭᠤᠯᠬᠤ》 ᠭᠤᠷᠪᠡᠨ ᠶᠡᠭᠡ ᠭᠤᠤᠯ ᠰᠡᠳᠦᠪᠲᠦ ᠠᠵᠢᠯᠯᠠᠭ᠎ᠠ᠎ᠶ᠋ᠢ ᠥᠷᠨᠢᠭᠦᠯᠬᠦ᠌᠎ᠶ᠋ᠢᠨ ᠬᠠᠮᠳᠤ᠂ ᠤᠯᠠᠨ ᠵᠥᠢᠯ᠎ᠤᠨ ᠬᠡᠯᠪᠡᠷᠢ᠎ᠪᠠᠷ 《ᠡᠷᠡᠭᠦᠯ ᠡᠩᠬᠡ ᠳᠥᠩᠯᠢᠶᠤᠤ》 ᠎ᠶ᠋ᠢᠨ ᠱᠢᠷᠢᠰ ᠠᠵᠢᠯᠯᠠᠭ᠎ᠠ᠎ᠶ᠋ᠢ ᠥᠷᠨᠢᠭᠦᠯᠥᠨ᠎ᠡ᠃ ᠪᠠᠰᠠ ᠲᠥᠩᠯᠢᠶᠤᠤ ᠬᠤᠲᠠ᠎ᠶ᠋ᠢᠨ ᠰᠣᠶᠣᠯ ᠵᠢᠭᠤᠯᠴᠢᠯᠠᠯ᠎ᠤᠨ ᠰᠠᠯᠠᠭ᠎ᠠ ᠮᠥᠴᠢᠷ᠂ ᠬᠤᠳᠠᠯᠳᠤᠭᠠᠨ᠎ᠤ ᠶᠠᠪᠤᠳᠠᠯ᠎ᠤᠨ ᠰᠠᠯᠠᠭ᠎ᠠ ᠮᠥᠴᠢᠷ᠎ᠤᠨ ᠤᠳᠠᠯ ᠥᠬᠡᠶ ᠡᠷᠭᠢᠯᠡᠬᠦ᠌ 《ᠪᠥᠬᠦ᠌ ᠬᠤᠲᠠ᠎ᠶ᠋ᠢᠨ ᠠᠩᠬᠠᠳᠤᠭᠠᠷ ᠬᠤᠭᠤᠴᠠᠭᠠᠨ᠎ᠤ ᠠᠨᠳᠠᠶ ᠪᠥᠵᠢᠭ᠎ᠤᠨ ᠲᠤᠮᠤ ᠤᠷᠤᠯᠳᠤᠭᠠᠨ》᠂ 《ᠪᠥᠬᠦ᠌ ᠬᠤᠲᠠ᠎ᠶ᠋ᠢᠨ ᠤᠯᠠᠭᠠᠨᠮᠥ᠋ᠴᠢᠷ᠎ᠤᠨ ᠤᠷᠠᠯᠢᠭ᠎ᠤᠨ ᠨᠠᠢᠷ》 ᠵᠡᠷᠭᠡ᠎ᠶ᠋ᠢ 《2020 ᠣᠨ᠎ᠤ ᠬᠤᠷᠴᠢᠨ ᠨᠤᠲᠤᠭ᠎ᠤᠨ ᠳᠠᠭᠤᠤ ᠬᠥᠭ᠌ᠵᠢᠮᠳᠥ ᠠᠮᠲᠠᠲᠤ ᠢᠳᠡᠭᠡᠨ᠎ᠤ ᠤᠯᠠᠷᠢᠯ》 ᠎ᠤᠨ ᠠᠵᠢᠯᠯᠠᠭ᠎ᠠ᠎ᠳᠤ ᠣᠷᠣᠭᠤᠯᠵᠤ ᠵᠣᠯᠭᠠᠭᠤᠯᠤᠨ ᠠᠭᠤᠰᠤᠯᠴᠠᠭᠤᠯᠵᠤ᠂ ᠬᠠᠷᠢᠯᠴᠠᠨ ᠠᠬᠢᠭᠤᠯᠬᠤ ᠪᠤᠯᠤᠨ᠎ᠠ᠃

ᠡᠨᠡ ᠬᠦ᠌ ᠠᠵᠢᠯᠯᠠᠭ᠎ᠠ᠎ᠨᠢ ᠲᠤᠰ ᠨᠤᠲᠤᠭ᠎ᠤᠨ ᠤᠷᠠᠯᠢᠬ᠎ᠤᠨ ᠪᠥᠯᠬᠦᠮ ᠪᠤᠶᠤ ᠬᠠᠮᠲᠤᠯᠢᠭ᠎ᠢ ᠰᠣᠩᠭᠤᠨ ᠲᠣᠭ᠍ᠯᠠᠯᠲᠠ᠎ᠳᠤ ᠣᠷᠣᠯᠴᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠤᠳᠭ᠎ᠠ ᠤᠷᠠᠯᠢᠭ᠎ᠤᠨ ᠬᠦᠷᠢᠶᠡᠯᠡᠩ ᠪᠦᠯᠬᠦᠮ᠎ᠤᠨ᠎ᠬᠢᠨ᠎ᠢ ᠤᠷᠢᠵᠤ ᠬᠠᠮᠳᠤᠷᠠᠬ᠍ᠰᠠᠨ ᠲᠣᠭ᠍ᠯᠠᠯᠲᠠ ᠭᠠᠷᠭᠠᠨ᠎ᠠ᠃ ᠲᠠᠯ᠎ᠠ ᠨᠤᠲᠤᠭ᠎ᠤᠨ ᠱᠢᠯᠢᠳᠡᠭ ᠳᠠᠭᠤᠴᠢᠳ᠎ᠢ ᠤᠷᠢᠵᠤ ᠣᠯᠠᠨ ᠲᠦᠮᠡᠨ᠎ᠤ ᠳᠤᠮᠳᠠ ᠭᠦᠨᠵᠡᠭᠡᠢᠷᠡᠬᠦᠯᠥᠨ ᠬᠤᠷᠴᠢᠨ ᠳᠠᠭᠤᠤ ᠬᠥᠭ᠌ᠵᠢᠮ᠎ᠢ ᠠᠭᠤᠳᠠᠯᠬᠤ᠎ᠶ᠋ᠢᠨ ᠬᠠᠮᠳᠤ᠂ ᠡᠯ᠎ᠡ ᠭᠠᠵᠠᠷ ᠣᠷᠣᠨ᠎ᠤ ᠤᠳᠭ᠎ᠠ ᠤᠷᠠᠯᠢᠭ᠎ᠤᠨ ᠱᠢᠯᠢᠳᠡᠭ ᠫᠷᠥᠭ᠌ᠷᠠᠮ᠎ᠢ ᠣᠷᠣᠭᠤᠯᠤᠨ ᠠᠪᠴᠢᠷᠠᠵᠤ᠂ ᠲᠠᠯ᠎ᠠ ᠨᠤᠲᠤᠭ᠎ᠤᠨ ᠦᠨᠳᠦᠰᠦᠲᠡᠨ᠎ᠤ ᠳᠠᠭᠤᠤ ᠬᠥᠭ᠌ᠵᠢᠮ᠎ᠤᠨ ᠪᠦᠲᠦᠭᠡᠯᠴᠢ ᠴᠢᠨᠠᠷᠲᠠᠶ ᠬᠤᠪᠢᠷᠠᠯᠲᠠ ᠪᠣᠯᠤᠨ ᠱᠢᠨ᠎ᠡ᠎ᠶ᠋ᠢ ᠡᠭᠦᠳᠬᠦ᠌ ᠴᠢᠨᠠᠷᠲᠠᠶ ᠬᠥᠭ᠌ᠵᠢᠯᠲᠡ᠎ᠶ᠋ᠢ ᠠᠬᠢᠭᠤᠯᠥᠨ᠂ ᠬᠤᠷᠴᠢᠨ ᠳᠠᠭᠤᠤ ᠬᠥᠭ᠌ᠵᠢᠮ᠎ᠤᠨ ᠬᠥᠭ᠌ᠵᠢᠯᠲᠡ᠎ᠶ᠋ᠢᠨ ᠳᠣᠲᠣᠭᠠᠳᠤ ᠬᠥᠳᠡᠯᠭᠡᠬᠦ᠌ ᠬᠦᠴᠦᠨ᠎ᠢ ᠬᠥᠭ᠌ᠵᠢᠭᠡᠬᠦ᠌ ᠪᠤᠯᠤᠨ᠎ᠡ; ᠬᠤᠷᠴᠢᠨ᠎ᠤ ᠣᠨᠴᠠᠯᠢᠭ᠍ᠲᠤ ᠢᠳᠡᠭᠡᠨ ᠤᠮᠳᠠᠭᠠᠨ᠎ᠤ ᠰᠣᠶᠣᠯ᠎ᠢ ᠳᠡᠯᠭᠡᠨ ᠦᠵᠡᠭᠦᠯᠬᠦ᠌᠎ᠪᠠᠷ ᠭᠤᠤᠯ ᠪᠣᠯᠭᠠᠨ᠂ ᠬᠤᠷᠴᠢᠨ᠎ᠤ ᠰᠣᠩᠭᠤᠳᠠᠭ ᠠᠮᠲᠠᠲᠤ ᠢᠳᠡᠭᠡᠨ᠎ᠤ IP ᠎ᠶ᠋ᠢ ᠡᠭᠦᠳᠬᠦ᠌᠎ᠶ᠋ᠢᠨ ᠬᠠᠮᠲᠤ᠌᠂ ᠥᠷᠭᠡᠨ ᠣᠯᠠᠨ ᠬᠤᠲᠠ᠎ᠶ᠋ᠢᠨ ᠠᠷᠠᠳ᠎ᠤᠨ ᠤᠷᠤᠢ ᠭᠡᠷ᠎ᠠᠴᠠ᠎ᠪᠠᠨ ᠭᠠᠷᠴᠤ᠌ ᠰᠡᠯᠡᠭᠦᠴᠡᠨ ᠳᠤᠭᠤᠷᠢᠵᠤ᠂ ᠠᠮᠲᠠᠲᠤ ᠢᠳᠡᠭᠡᠨ ᠪᠣᠯᠤᠨ ᠳᠠᠭᠤᠤ ᠬᠥᠭ᠌ᠵᠢᠮ᠎ᠤᠨ ᠣᠷᠭᠠᠨᠢᠭ ᠤᠶᠠᠯᠳᠤᠯ᠎ᠢ ᠪᠡᠶᠡᠯᠡᠭᠦᠯᠥᠨ᠂ ᠣᠷᠣᠨ ᠨᠤᠲᠤᠭ᠎ᠤᠨ 《ᠰᠥᠨᠢ᠎ᠶ᠋ᠢᠨ ᠠᠵᠤ ᠠᠬᠤᠶ》 ᠎ᠶ᠋ᠢᠨ ᠬᠥᠭ᠌ᠵᠢᠯᠲᠡ᠎ᠶ᠋ᠢ ᠳᠠᠢᠴᠢᠯᠠᠨ᠎ᠠ; ᠲᠠᠯ᠎ᠠ ᠨᠤᠲᠤᠭ᠎ᠤᠨ ᠳᠠᠭᠤᠤ ᠬᠥᠭ᠌ᠵᠢᠮᠳᠥ ᠠᠮᠲᠠᠲᠤ ᠢᠳᠡᠭᠡᠨ᠎ᠤ ᠠᠵᠢᠯᠯᠠᠭᠠᠨ᠎ᠤ ᠣᠷᠣᠨ᠎ᠳᠤ 《717》 ᠬᠤᠷᠴᠢᠨ ᠣᠨᠴᠠᠯᠢᠭ᠍ᠲᠤ ᠰᠠᠢᠨ ᠪᠠᠷᠠᠭ᠎ᠠ᠎ᠶ᠋ᠢᠨ ᠣᠷᠣᠨ ᠪᠠᠢᠭᠤᠯᠵᠤ᠂ ᠬᠤᠲᠠ᠂ ᠬᠤᠱᠢᠭᠤ ᠱᠢᠶᠠᠨ᠎ᠤ ᠬᠠᠮ ᠵᠠᠭᠤᠴᠢᠯᠠᠭᠤᠷ᠎ᠤᠨ ᠲᠠᠪᠴᠠᠩ᠎ᠢ ᠠᠱᠢᠭ᠍ᠯᠠᠨ᠂ ᠴᠤᠤᠷᠢᠶ ᠎ᠠ᠂ ᠪᠤᠱᠢᠭᠤ ᠭᠠᠷ᠂ ᠲᠤᠤ ᠪᠦᠦ᠂ ᠵᠢᠩ ᠳ᠋ᠦᠩ ᠵᠡᠷᠭᠡ ᠲᠠᠪᠴᠠᠩ᠎ᠲᠠᠢ ᠬᠠᠮᠵᠢᠯᠴᠠᠵᠤ᠂ ᠲᠤᠬᠠᠢ᠎ᠶ᠋ᠢᠨ ᠭᠠᠵᠠᠷ᠎ᠤᠨ ᠨᠡᠷᠡᠳᠥ ᠭᠤᠤᠯ ᠨᠡᠪᠲᠡᠷᠡᠭᠦᠯᠦᠭ᠌ᠴᠢ᠂ ᠤᠷᠢᠬ᠍ᠰᠠᠨ ᠰᠥᠯᠵᠢᠶᠠᠨ᠎ᠤ ᠨᠠᠷᠠᠲᠤ ᠬᠥᠮᠦᠰ᠎ᠲᠤ ᠲᠥᠱᠢᠭ᠌ᠯᠡᠨ᠂ 《ᠲᠣᠭ᠍ᠲᠠᠮᠠᠯ ᠱᠢᠭᠤᠳ ᠨᠡᠪᠲᠡᠷᠡᠭᠦᠯᠭᠡ + ᠨᠡᠭᠦᠳᠡᠯ ᠱᠢᠭᠤᠳ ᠨᠡᠪᠲᠡᠷᠡᠭᠦᠯᠭᠡ》 ᠎ᠶ᠋ᠢᠨ ᠠᠷᠭ᠎ᠠ᠎ᠪᠠᠷ ᠬᠤᠳᠠᠯᠳᠤᠭᠠᠨ᠎ᠤ ᠶᠠᠪᠤᠳᠠᠯ᠂ ᠲᠠᠷᠢᠶᠠᠯᠠᠩ ᠮᠠᠯ ᠠᠵᠤ ᠠᠬᠤᠶ᠂ ᠶᠠᠳᠠᠭᠤ᠎ᠶ᠋ᠢ ᠲᠡᠳᠬᠦᠬᠦ᠌ ᠵᠡᠷᠭᠡ ᠰᠠᠯᠠᠭ᠎ᠠ ᠮᠥᠴᠢᠷ᠎ᠲᠠᠢ ᠬᠠᠮᠲᠤᠷᠠᠨ᠂ ᠣᠨᠴᠠ ᠭᠠᠷᠤᠯᠲᠠ᠎ᠶ᠋ᠢ ᠰᠦᠯᠵᠢᠶᠡᠨ ᠳᠡᠭᠡᠷ᠎ᠡ ᠳᠠᠭᠠᠭᠤᠯᠤᠨ ᠬᠤᠳᠠᠯᠳᠤᠬᠤ ᠠᠵᠢᠯᠯᠠᠭ᠎ᠠ ᠥᠷᠨᠢᠭᠦᠯᠬᠦ᠌ ᠪᠤᠯᠤᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号