
ᠠᠳᠢᠶ᠎ᠠ᠂ ᠪᠤᠭᠤᠳᠤ ᠬᠤᠳᠠ᠎ᠶ᠋ᠢᠨ ᠲᠠᠷᠬᠠᠨ ᠮᠤᠤᠮᠢᠩᠭᠠᠨ ᠬᠤᠯᠪᠤᠭᠠᠳᠤ ᠬᠤᠱᠢᠭᠤᠨ᠎ᠤ ᠮᠠᠨᠳᠤᠯ᠎ᠠ ᠪᠠᠯᠭᠠᠰᠤᠨ᠎ᠤ ᠪᠠᠶᠠᠨᠬᠠᠷ᠎ᠠ ᠭᠠᠴᠠᠭ᠎ᠠ᠎ᠶ᠋ᠢᠨ ᠮᠠᠯᠴᠢᠨ᠃ ᠳᠠᠷᠠ 36 ᠵᠢᠯ᠎ᠤᠨ ᠳᠤᠷᠰᠢ ᠰᠠᠢᠨ ᠳᠤᠷ᠎ᠠ᠎ᠠᠴᠠ᠎ᠪᠠᠨ ᠬᠢᠯᠢ ᠬᠢᠵᠠᠭᠠᠷ᠎ᠢ ᠴᠠᠬ᠍ᠳᠠᠨ ᠰᠠᠬᠢᠵᠤ᠂ 10 ᠳᠦᠮᠡ ᠭᠠᠷᠤᠢ ᠺᠢᠯᠤᠮᠧᠲᠷ ᠶᠠᠪᠤᠵᠤ᠂ ᠴᠡᠷᠢᠭ ᠴᠠᠬ᠍ᠳᠠᠭ᠎ᠠ ᠠᠷᠠᠳ᠎ᠤᠨ ᠬᠤᠯᠪᠤᠭᠠᠯᠠᠬ᠍ᠰᠠᠨ ᠬᠢᠯᠢ ᠬᠢᠵᠠᠭᠠᠷ᠎ᠢ ᠴᠠᠬ᠍ᠳᠠᠨ ᠰᠠᠬᠢᠬᠤ ᠠᠵᠢᠯ᠎ᠳᠤ 100 ᠢᠯᠡᠬᠦᠦ ᠤᠳᠠᠭ᠎ᠠ ᠤᠷᠤᠯᠴᠠᠵᠥ᠍᠂ ᠬᠢᠯᠢ ᠬᠢᠵᠠᠭᠠᠷ᠎ᠤᠨ ᠳᠤᠮᠢᠯᠠᠬ᠍ᠰᠠᠨ ᠰᠠᠯᠪᠤᠷᠢ᠎ᠶ᠋ᠢ ᠬᠠᠪᠰᠤᠷᠤᠨ ᠬᠢᠯᠢ ᠬᠢᠵᠠᠭᠠᠷ᠎ᠲᠠᠢ ᠬᠤᠯᠪᠤᠬ᠍ᠳᠠᠬ᠍ᠰᠠᠨ ᠬᠡᠳᠤᠨ ᠠᠷᠪᠠᠨ ᠬᠡᠷᠡᠭ᠎ᠢ ᠢᠯᠡᠷᠡᠭᠦᠯᠵᠡᠢ᠂ ᠳᠤᠬᠠᠢ᠎ᠶ᠋ᠢᠨ ᠭᠠᠵᠠᠷ᠎ᠤᠨ ᠺᠠᠳ᠋ᠷ ᠤᠯᠠᠨ ᠳᠦᠮᠡᠨ ᠲᠡᠭᠦᠨ᠎ᠢ 《ᠮᠠᠨ᠎ᠤ ᠬᠢᠯᠢ ᠬᠠᠮᠠᠭᠠᠯᠠᠬ᠍ᠴᠢ》 ᠬᠡᠮᠡᠨ ᠳᠤᠳᠤᠨᠤᠴᠢᠯᠠᠨ ᠲᠠᠭᠤᠳᠠᠳᠠᠭ᠃
ᠨᠢᠮ᠎ᠠ᠂ ᠠᠯᠠᠱᠠ ᠠᠢᠮᠠᠬ᠎ᠤᠨ ᠠᠯᠠᠱᠠ ᠪᠠᠷᠠᠭᠤᠨ ᠬᠤᠱᠢᠭᠤᠨ᠎ᠤ ᠲᠠᠩᠰᠤᠬ᠍ᠪᠤᠯᠠᠬ ᠰᠤᠮᠤ᠎ᠶ᠋ᠢᠨ ᠮᠠᠯᠴᠢᠨ᠃ ᠳᠡᠷᠡ᠎ᠪᠠᠷ 49 ᠵᠢᠯ᠎ᠤᠨ ᠲᠤᠷᠰᠢ ᠬᠢᠯᠢ ᠬᠢᠵᠠᠭᠠᠷ᠎ᠢ ᠰᠠᠬᠢᠨ ᠬᠠᠮᠠᠭᠠᠯᠠᠵᠤ᠂ ᠡᠳᠤᠷ ᠪᠦᠷᠢ 40 ᠭᠠᠷᠤᠢ ᠺᠢᠯᠤᠮᠧᠳ᠋ᠷ᠎ᠤᠨ ᠬᠢᠯᠢ᠎ᠶ᠋ᠢᠨ ᠱᠤᠭᠤᠮ᠎ᠢ ᠴᠠᠬ᠍ᠳᠠᠨ ᠪᠠᠢᠴᠠᠭᠠᠵᠥ᠍᠂ ᠤᠷᠭᠢᠯᠤᠮ᠎ᠠ ᠬᠠᠯᠠᠭᠤᠨ ᠰᠡᠳᠭᠢᠯᠭᠡ᠎ᠪᠠᠷ ᠡᠬᠡ ᠤᠯᠤᠰ᠎ᠤᠨ ᠤᠮᠠᠷᠠᠳᠤ ᠬᠢᠯᠢ᠎ᠶ᠋ᠢ ᠰᠠᠬᠢᠨ ᠬᠠᠮᠠᠭᠠᠯᠠᠵᠥ᠍᠂ ᠠᠷᠢᠭᠤᠨ ᠬᠦᠳᠡᠯᠮᠤᠷᠢ ᠦᠨᠡᠨᠴᠢ ᠵᠢᠳᠬᠦᠯ᠎ᠢᠶᠠᠷ᠎ᠢᠶᠠᠨ ᠬᠢᠯᠢ ᠬᠢᠵᠠᠭᠠᠷ᠎ᠤᠨ ᠠᠮᠤᠷ ᠳᠦᠪᠱᠢᠨ᠎ᠢ ᠰᠠᠬᠢᠨ ᠪᠠᠷᠠᠯᠠᠵᠤ᠂ ᠡᠯᠡᠰᠤᠨ ᠭᠤᠪᠢ᠎ᠶ᠋ᠢᠨ ᠬᠦᠨᠳᠤ ᠮᠦᠩᠬᠡ᠎ᠶ᠋ᠢᠨ ᠬᠤᠷᠴᠠ ᠤᠯᠠᠭᠠᠨ ᠳᠤ᠎ᠬᠢ ᠨᠠᠮᠢᠷᠠᠭᠤᠯᠪᠠ᠃
ᠵᠤᠤ ᠶᠦᠩ ᠴᠢᠶᠠᠨ᠂ ᠦᠪᠦᠷ ᠮᠤᠩᠭᠤᠯ᠎ᠤᠨ ᠬᠢᠯᠢ᠎ᠪᠠᠷ ᠤᠷᠤᠵᠤ ᠭᠠᠷᠬᠤ ᠬᠢᠯᠢ᠎ᠶ᠋ᠢᠨ ᠬᠠᠮᠠᠭᠠᠯᠠᠯᠳᠠ᠎ᠶ᠋ᠢᠨ ᠪᠠᠢᠴᠠᠭᠠᠬᠤ ᠶᠡᠷᠦᠩᠬᠡᠢ ᠦᠷᠳᠡᠭᠡ᠎ᠶ᠋ᠢᠨ ᠲᠡᠳ᠋ ᠲᠠᠷᠤᠭ᠎ᠠ᠃ ᠳᠡᠷᠡ᠎ᠪᠠᠷ ᠤᠳᠠᠭᠠᠨ ᠵᠢᠯ᠎ᠤᠨ ᠳᠤᠷᠰᠢ ᠬᠢᠯᠢ᠎ᠶ᠋ᠢᠨ ᠬᠠᠮᠠᠭᠠᠯᠠᠯᠳᠠ᠎ᠶ᠋ᠢᠨ ᠡᠮᠤᠨ᠎ᠡ ᠹᠷᠤᠨᠲ᠎ᠲᠤ ᠭᠠᠪᠱᠢᠭᠠᠢᠯᠠᠵᠥ᠍᠂ ᠠᠷᠠᠳ᠎ᠢᠶᠠᠨ ᠬᠠᠢᠷᠠᠯᠠᠨ ᠬᠢᠯᠢ᠎ᠶ᠋ᠢ ᠪᠠᠬᠢᠵᠢᠬᠦᠯᠬᠦ᠌ ᠳᠠᠷᠬᠠᠨ ᠡᠬᠦᠷᠬᠡ᠎ᠶ᠋ᠢ ᠦᠨᠡᠨᠴᠢ᠎ᠪᠠᠷ ᠬᠦᠢᠴᠡᠳᠭᠡᠵᠥ᠍᠂ ᠬᠢᠯᠢ ᠬᠢᠵᠠᠭᠠᠷ ᠤᠷᠤᠨ᠎ᠤ ᠠᠮᠤᠷ ᠳᠦᠪᠱᠢᠨ ᠪᠠ ᠨᠡᠢᠬᠡᠮ᠎ᠤᠨ ᠠᠮᠤᠷ ᠳᠤᠬ᠍ᠳᠠᠭᠤᠨᠢ ᠪᠠᠳᠤᠯᠠᠨ ᠬᠠᠮᠠᠭᠠᠯᠠᠬᠤ᠎ᠳᠤ ᠳᠤᠪᠤᠢᠮ᠎ᠠ ᠬᠤᠪᠢ ᠨᠡᠮᠡᠷᠢ ᠦᠵᠡᠬᠦᠯᠵᠥ᠍᠂ ᠪᠤᠳᠠᠳᠤ ᠦᠢᠯᠡ ᠠᠵᠢᠯᠯᠠᠭ᠎ᠠ᠎ᠪᠠᠷ᠎ᠢᠶᠠᠨ ᠨᠢᠬᠡᠨ ᠡᠪ ᠬᠠᠮᠳᠤ ᠨᠠᠮ᠎ᠤᠨ ᠬᠡᠱᠢᠬᠦᠨ᠎ᠤ ᠦᠨᠡᠨᠴᠢ ᠱᠢᠳᠤᠷᠭᠤ ᠡᠬᠦᠷᠬᠡᠯᠡᠯ᠎ᠢ ᠳᠠᠢᠯᠪᠤᠷᠢᠯᠠᠵᠠᠢ᠃
2020 ᠤᠨ᠎ᠤ 6 ᠰᠠᠷ᠎ᠠ᠎ᠶ᠋ᠢᠨ 23 ᠤ ᠡᠳᠤᠷ᠂ ᠠᠳᠢᠶ᠎ᠠ᠂ ᠨᠢᠮ᠎ᠠ᠂ ᠵᠤᠤ ᠶᠦᠩ ᠴᠢᠶᠠᠨ ᠨᠦᠬᠦᠷ᠎ᠲᠤ 《ᠤᠮᠠᠷᠠᠳᠤ ᠬᠢᠯᠢ᠎ᠶ᠋ᠢᠨ ᠵᠢᠱ᠌ᠢᠶᠡᠴᠢ》 ᠢᠷᠠᠭᠤ ᠠᠯᠳᠠᠷ᠎ᠤᠨ ᠴᠤᠯᠠ ᠤᠯᠭᠤᠪᠠ᠃