ᠤᠳᠤᠷ᠎ᠤᠨ ᠠᠶᠠᠨ᠎ᠳᠤ ᠨᠠᠮ᠎ᠤᠨ ᠲᠤᠭ ᠨᠠᠮᠢᠷᠠᠨ᠎ᠠ
2020-07-08 09:36:51
ᠵᠣᠬᠢᠶᠠᠭ᠍ᠴᠢ᠄
ᠳ᠋ᠠᠢ ᠱᠢᠶᠦ᠋ᠡᠭ ᠱᠢᠯᠢᠨᠭᠡᠷᠡᠯ ᠪᠤᠤ ᠴᠢᠩ ᠱᠸᠡᠭ ᠢᠳᠡᠷᠡᠬᠦᠨ
ᠣᠩᠱᠢᠭ᠍ᠰᠠᠨ ᠣᠳᠠᠭ᠎ᠠ᠄
★★★☆☆

 ᠬᠠᠷᠠᠭ᠎ᠠ ᠴᠢᠯᠡᠬᠡᠮ᠎ᠠ ᠨᠤᠭᠤᠭᠠᠨ ᠲᠠᠯ᠎ᠠ᠎ᠶ᠋ᠢᠨ ᠲᠤᠮᠳᠠ ᠲᠠᠩᠴᠤ᠌ ᠢᠯᠭᠤᠮᠬᠠᠨ ᠤᠯᠠᠭᠠᠨ ᠲᠤᠭ ᠬᠤᠯᠠ᠎ᠶ᠋ᠢᠨ ᠬᠤᠯᠠ᠎ᠠᠴᠠ ᠢᠯᠡᠭᠡᠨ ᠬᠠᠷᠠᠬ᠍ᠳᠠᠨ᠎ᠠ᠃ ᠵᠢᠭᠤᠯᠴᠢᠯᠠᠯ᠎ᠤᠨ ᠴᠡᠭ ᠴᠤ᠌ ᠶᠤᠮ ᠤᠤ ᠭᠡᠵᠤ ᠤᠢ᠍ᠢᠷᠠᠳᠤᠭᠠᠳ ᠬᠦᠷᠬᠦᠯᠠᠷ ᠬᠠᠷᠢᠨ ᠮᠤᠩᠭᠤᠯ ᠭᠡᠷ᠎ᠤᠨ ᠡᠬᠦᠳᠠᠨ᠎ᠳᠤ ᠨᠠᠮᠢᠷᠠᠭ᠎ᠠ ᠨᠠᠮ᠎ᠤᠨ ᠲᠤᠭ ᠪᠠᠢᠪᠠ᠃ ᠭᠠᠯ ᠤᠯᠠᠭᠠᠨ ᠨᠠᠮ᠎ᠤᠨ ᠲᠤᠭ᠎ᠤᠨ ᠲᠤᠤᠷ᠎ᠠ ᠬᠡᠰᠡᠭ ᠬᠦᠮᠦᠰ ᠴᠠᠯ ᠨᠤᠭᠤᠭᠠᠨ ᠲᠠᠯ᠎ᠠ ᠲᠡᠭᠡᠷ᠎ᠠ ᠲᠤᠭᠤᠢ᠍ᠢᠯᠠᠵᠤ ᠰᠠᠭᠤᠭᠠᠳ ᠶᠠᠭᠤ ᠨᠢᠬᠡ᠎ᠶ᠋ᠢ ᠬᠦᠭ᠌ᠵᠢᠶᠠᠨᠳᠠᠢ ᠶᠠᠷᠢᠯᠴᠠᠨ᠎ᠠ᠃ 6 ᠰᠠᠷ᠎ᠠ᠎ᠶ᠋ᠢᠨ 28 ᠎ᠤ ᠦᠳᠡ᠎ᠶ᠋ᠢᠨ ᠡᠮᠤᠨ᠎ᠠ᠂ ᠨᠠᠮ ᠪᠠᠢᠭᠤᠯᠤᠭ᠍ᠳᠠᠭ᠍ᠰᠠᠨ 99 ᠵᠢᠯ᠎ᠤᠨ ᠤᠢ᠎ᠶ᠋ᠢ ᠪᠡᠯᠭᠡᠯᠡᠬᠦ᠌ ᠲᠠᠱᠢᠷᠠᠮ᠎ᠢᠶᠠᠷ ᠵᠠᠷᠤᠳ ᠬᠤᠱᠢᠭᠤᠨ᠎ᠤ ᠭᠡᠷᠴᠢᠯᠡᠭᠤ ᠰᠤᠮᠤ᠎ᠶ᠋ᠢᠨ ᠬᠤᠤᠯᠢᠨ ᠭᠤᠤᠯ᠎ᠤᠨ ᠵᠤᠰᠠᠯᠠᠩ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠪᠠᠶᠠᠨᠬᠤᠱᠢᠭᠤ ᠭᠠᠴᠠᠭᠠᠨ᠎ᠤ ᠵᠤᠰᠠᠯᠠᠩ᠎ᠳᠤ ᠭᠡᠰᠡᠭ ᠨᠠᠮ᠎ᠤᠨ ᠭᠡᠱᠢᠬᠦᠨ᠎ᠢᠶᠠᠨ ᠴᠤᠭ᠍ᠯᠠᠭᠤᠯᠵᠤ᠂ ᠨᠠᠮ᠎ᠤᠨ ᠡᠬᠦᠷ᠎ᠤᠨ ᠬᠤᠷᠠᠯ ᠬᠢᠬᠦ᠌᠎ᠪᠠᠷ ᠪᠡᠯᠡᠳᠭᠡᠵᠤ ᠪᠠᠢᠭ᠎ᠠ᠎ᠨᠢ ᠡᠨᠡ ᠠᠵᠢ᠃ 
 
 



ᠬᠤᠷᠠᠯ ᠡᠬᠢᠯᠡᠮᠡᠭ᠌ᠴᠠ ᠨᠡᠬᠦᠳᠠᠯ ᠮᠠᠯᠵᠢᠯ᠎ᠤᠨ ᠨᠠᠮ᠎ᠤᠨ ᠡᠬᠦᠷ᠎ᠤᠨ ᠱᠦᠵᠢ ᠡᠷᠳᠡᠨᠢᠪᠢᠯᠢᠭ ᠳᠦᠷᠦᠬᠦᠬᠡᠨ ᠬᠤᠷᠠᠯᠳᠤᠭ᠍ᠰᠠᠨ ᠪᠦᠬᠦ᠌ ᠤᠯᠤᠰ᠎ᠤᠨ ᠬᠤᠶᠠᠷ ᠬᠤᠷᠠᠯ᠎ᠤᠨ ᠵᠤᠷᠢᠭ ᠰᠠᠨᠠᠭ᠎ᠠ᠎ᠶ᠋ᠢ ᠳᠠᠬᠢᠨᠳᠠ ᠤᠯᠠᠮᠵᠢᠯᠠᠬᠤ᠎ᠶ᠋ᠢᠨ ᠲᠠᠭᠠᠤ᠂ ᠱᠢᠨ᠎ᠠ ᠲᠢᠳᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠠᠬᠦ᠌᠎ᠳᠤ ᠠᠩᠬᠠᠷᠬᠤ ᠴᠢᠬᠤᠯᠠᠳᠠᠢ ᠵᠦᠢᠯᠡᠰ᠎ᠢ ᠰᠠᠨᠠᠭᠤᠯᠵᠤ᠂ ᠨᠠᠮ ᠪᠠᠢᠭᠤᠯᠤᠭ᠍ᠳᠠᠭ᠍ᠰᠠᠨ 99 ᠵᠢᠯ᠎ᠤᠨ ᠤᠢ᠎ᠶ᠋ᠢ ᠪᠠᠯᠬᠡᠯᠡᠬᠦ᠌ ᠠᠵᠢᠯᠯᠠᠭ᠎ᠠ ᠦᠷᠨᠢᠬᠦᠯᠬᠦ᠌ ᠲᠤᠬᠠᠢ ᠤᠯᠠᠨ᠎ᠲᠠᠢ ᠪᠤᠳᠤᠯ ᠰᠠᠨᠠᠯ᠎ᠢᠶᠠᠨ ᠰᠤᠯᠢᠯᠴᠠᠭ᠍ᠰᠠᠨ ᠪᠠᠢᠨ᠎ᠠ᠃

ᠨᠠᠷᠠ ᠨᠠᠭᠠᠱᠢᠯᠠᠵᠤ ᠨᠠᠷᠠᠨ᠎ᠤ ᠰᠡᠬᠦᠳᠡᠷ ᠴᠠᠭᠠᠱᠢᠯᠠᠯ᠎ᠠ᠃ ᠨᠠᠮ᠎ᠤᠨ ᠡᠬᠦᠷ᠎ᠤᠨ ᠬᠤᠷᠠᠯ ᠴᠠᠭ ᠭᠠᠷᠤᠢ ᠶᠠᠪᠤᠭ᠍ᠳᠠᠭᠠᠳ ᠦᠨᠳᠤᠷᠯᠠᠳᠠᠯ᠎ᠠ ᠡᠷᠳᠡᠨᠢᠪᠢᠯᠢᠭ᠎ᠤᠨ ᠤᠳᠠᠰᠤ ᠲᠠᠷᠴᠢᠬᠢᠨᠠᠨ ᠲᠤᠤᠭᠠᠷᠪᠠ᠃

— ᠰᠠᠢᠨ ᠤᠤ? ᠶᠠᠭᠤ ᠪᠤᠯᠪᠠ?

— ᠲᠤᠭᠤᠯ᠎ᠢᠶᠠᠨ ᠭᠡᠭᠡᠴᠢᠭᠡᠯ᠎ᠠ᠂ ᠭᠡᠳᠤᠨ ᠡᠳᠤᠷ ᠡᠷᠢᠯ ᠪᠤᠯᠤᠭ᠍ᠰᠠᠨ ᠪᠤᠯᠪᠠᠴᠤ᠌ ᠰᠤᠷᠠᠭ ᠠᠯᠠᠭ᠎ᠠ! ᠭᠡᠵᠤ ᠤᠳᠠᠰᠤᠨ ᠴᠠᠭᠠᠨ᠎ᠠ᠎ᠠᠴᠠ ᠪᠠᠴᠢᠮᠳᠠᠭ᠍ᠰᠠᠨ ᠲᠠᠭᠤ ᠪᠦᠤᠷ ᠲᠦᠤᠷ ᠰᠤᠨᠤᠰᠳᠠᠨ᠎ᠠ᠃

— ᠦ᠂ ᠪᠢᠳᠠᠭᠡᠢ ᠪᠠᠴᠢᠮᠳᠠ᠂ ᠪᠢᠳᠠ ᠤᠳᠤ᠎ᠪᠠᠷ᠎ᠢᠶᠠᠨ ᠬᠦᠷᠦᠶ᠎ᠠ!

ᠡᠷᠳᠡᠨᠢᠪᠢᠯᠢᠭ ᠭᠤᠸᠠᠢ ᠬᠦᠬᠦᠷᠭᠡ ᠭᠠᠴᠠᠭᠠᠨ᠎ᠤ ᠮᠠᠯᠴᠢᠨ ᠪᠠᠶᠠᠰᠤᠯ᠎ᠤᠨ ᠲᠤᠰᠠᠯᠠᠮᠵᠢ ᠬᠦᠰᠡᠭ᠌ᠰᠡᠨ ᠤᠳᠠᠰᠤ᠎ᠶ᠋ᠢ ᠲᠠᠷᠤᠮᠠᠭ᠍ᠴᠠ ᠨᠠᠬᠦᠳᠡᠯ ᠮᠠᠯᠵᠢᠯ᠎ᠤᠨ ᠨᠠᠮ᠎ᠤᠨ ᠡᠬᠦᠷ᠎ᠤᠨ ᠭᠡᠱᠢᠬᠦᠨ ᠢᠤᠢ ᠮᠢᠩ᠂ ᠲᠡᠭ᠌ᠰᠢ ᠬᠤᠶᠠᠭᠤᠯᠠ᠎ᠶ᠋ᠢ ᠲᠠᠭᠠᠭᠤᠯᠵᠤ᠂ ᠮᠠᠱᠢᠨ ᠲᠡᠷᠭᠡ᠎ᠪᠠᠨ ᠵᠢᠯᠤᠭᠤᠳᠤᠨ   ᠪᠠᠶᠠᠰᠤᠯ᠎ᠤᠨ᠎ᠬᠢᠨ᠎ᠢ ᠴᠢᠭ᠌ᠯᠡᠯ᠎ᠠ᠃ ᠵᠠᠮ᠎ᠳᠠᠭᠠᠨ ᠭᠠᠷᠤᠮᠠᠭ᠍ᠴᠠ ᠡᠷᠳᠡᠨᠢᠪᠢᠯᠢᠭ ᠰᠤᠮᠤᠨ᠎ᠤ᠎ᠪᠠᠨ ᠲᠤᠳᠤᠭᠠᠳᠤ᠎ᠶ᠋ᠢ ᠬᠠᠮᠠᠭᠠᠯᠠᠬᠤ ᠲᠤᠮᠢᠯᠠᠭ᠍ᠰᠠᠨ ᠰᠠᠯᠪᠤᠷᠢ᠎ᠳᠤ ᠤᠳᠠᠰᠤᠳᠠᠵᠤ᠂ ᠭᠡᠷᠡᠭ᠎ᠤᠨ ᠮᠡᠳᠡᠬᠦᠯᠤᠯᠳᠠ ᠬᠢᠪᠠ᠃ ᠮᠠᠱᠢᠨ ᠲᠡᠷᠭᠡ ᠵᠤᠰᠠᠯᠠᠩ᠎ᠤᠨ ᠭᠠᠵᠠᠷ᠎ᠢᠶᠠᠷ ᠲᠠᠪᠬᠢᠭᠤᠯᠤᠨ ᠪᠠᠢᠳᠠᠯ᠎ᠠ᠂ ᠪᠡᠯᠴᠢᠭᠡᠷ᠎ᠤᠨ ᠲᠤᠮᠳᠠᠬᠢ ᠡᠯᠡᠰᠤᠷᠭᠡᠭ ᠭᠠᠵᠠᠷ᠎ᠲᠤ ᠴᠠᠭ᠍ᠳᠠᠭᠠᠨ᠎ᠤ ᠮᠠᠱᠢᠨ ᠲᠡᠷᠭᠡ ᠲᠤᠷᠤᠭ᠍ᠰᠠᠨ᠎ᠢ ᠬᠠᠷᠠᠭ᠍ᠰᠠᠨ᠎ᠢᠶᠠᠨ ᠬᠠᠵᠠᠭᠤ᠎ᠳᠤᠨᠢ ᠬᠦᠷᠦᠭ᠌ᠰᠡᠨ ᠴᠢᠨᠢ᠂ ᠲᠤᠮᠢᠯᠠᠭ᠍ᠰᠠᠨ ᠰᠠᠯᠪᠤᠷᠢ᠎ᠶ᠋ᠢᠨ ᠴᠠᠭ᠍ᠳᠠᠭ᠎ᠠ ᠪᠠᠭᠠᠳᠤᠷ᠂ ᠪᠤᠮᠪᠠ ᠬᠤᠶᠠᠭᠤᠯᠠ ᠡᠷᠳᠡᠨᠢᠪᠢᠯᠢᠭ᠎ᠤᠨ ᠤᠳᠠᠰᠤ᠎ᠶ᠋ᠢ ᠲᠤᠰᠤᠭᠠᠳ ᠭᠡᠷᠡᠭ᠎ᠤᠨ ᠲᠤᠬᠠᠢ᠎ᠶ᠋ᠢᠨ ᠲᠠᠯᠠᠪᠡᠢ᠎ᠳᠤ ᠬᠦᠷᠬᠦ᠌᠎ᠪᠠᠷ ᠶᠠᠪᠤᠵᠤ ᠪᠠᠢᠭ᠎ᠠ᠎ᠶ᠋ᠢ ᠮᠡᠳᠡᠯ᠎ᠠ᠃ ᠤᠯᠠᠨ᠎ᠢᠶᠠᠷ᠎ᠢᠶᠠᠨ ᠴᠠᠭ᠍ᠳᠠᠭᠠᠨ᠎ᠤ ᠮᠠᠱᠢᠨ ᠲᠡᠷᠭᠡ᠎ᠶ᠋ᠢ ᠬᠦᠯᠦᠰᠤ᠎ᠪᠠᠨ ᠪᠠᠭᠠᠬᠢᠳᠠᠯ᠎ᠠ ᠲᠦᠯᠬᠢᠵᠤ ᠴᠢᠩᠭᠠᠭᠠᠳ ᠡᠯᠡᠰᠦᠷᠬᠡᠭ ᠭᠠᠵᠠᠷ᠎ᠠᠴᠠ ᠠᠷᠠᠢ ᠴᠢᠷᠠᠢ ᠭᠠᠷᠭᠠᠵᠤ᠂ ᠬᠠᠮᠳᠤ᠎ᠪᠠᠷ ᠪᠠᠶᠠᠰᠤᠯ᠎ᠤᠨ᠎ᠬᠢᠨ᠎ᠳᠤ ᠬᠦᠷᠪᠠ᠃ ᠪᠠᠭᠠᠳᠤᠷ᠂ ᠪᠤᠮᠪᠠ ᠬᠤᠶᠠᠭᠤᠯᠠ ᠳᠤᠬᠠᠢ᠎ᠶ᠋ᠢᠨ ᠲᠠᠯᠠᠪᠠᠢ᠎ᠳᠤ ᠴᠠᠭ᠍ᠳᠠᠨ ᠪᠠᠢᠴᠠᠭᠠᠯᠳᠠ ᠬᠢᠭ᠌ᠰᠡᠨ ᠪᠦᠭᠡᠳ ᠲᠠᠷᠠᠭ᠎ᠠ᠎ᠪᠠᠷ ᠶᠠᠭᠠᠬᠢᠵᠦ᠍ ᠮᠠᠯ ᠤᠨᠤᠭ᠎ᠠ᠎ᠪᠠᠨ ᠭᠡᠭᠡᠬᠦ᠌᠎ᠠᠴᠠ ᠪᠤᠯᠭᠤᠮᠵᠢᠯᠠᠬᠤ ᠳᠤᠬᠠᠢ ᠪᠡᠶᠠᠰᠤᠯ᠎ᠳᠤ ᠳᠠᠬᠢᠨ ᠳᠡᠪᠳᠡᠨ ᠰᠠᠨᠠᠭᠤᠯᠤᠨ᠎ᠠ᠃

ᠮᠠᠯᠴᠢᠨ ᠪᠠᠶᠠᠰᠤᠯ ᠡᠪᠤᠯᠵᠢᠶ᠎ᠠ᠎ᠠᠴᠠ ᠵᠤᠰᠠᠯᠠᠩ᠎ᠳᠠᠭᠠᠨ ᠪᠠᠭᠤᠳᠠᠯ᠎ᠠ ᠭᠤᠷᠪᠡᠨ ᠬᠤᠨᠤᠭ ᠵᠠᠮᠨᠠᠵᠤ᠂ ᠭᠠᠭ᠍ᠴᠠᠭᠠᠷ᠎ᠢᠶᠠᠨ 4 ᠡᠷᠤᠭᠡ᠎ᠶ᠋ᠢᠨ 140 ᠭᠠᠷᠤᠢ ᠦᠬᠡᠷ᠎ᠢ ᠬᠦᠬᠡᠬᠡᠵᠤ ᠠᠪᠴᠢᠷᠠᠭᠠᠳ ᠵᠤᠰᠠᠯᠠᠩ᠎ᠳᠠᠭᠠᠨ ᠵᠤᠰᠠᠵᠤ ᠪᠠᠢᠭ᠎ᠠ ᠠᠵᠢ᠃ 《ᠭᠠᠭ᠍ᠴᠠᠭᠠᠷ᠎ᠢᠶᠠᠨ ᠭᠡᠵᠤ ᠪᠢᠳᠡᠬᠡᠢ ᠭᠠᠴᠢᠬ᠍ᠳᠠᠵᠤ ᠰᠠᠭᠤ! ᠨᠠᠮ᠎ᠤᠨ ᠡᠬᠦᠷ᠎ᠤᠨ ᠭᠡᠱᠢᠬᠦᠳ ᠪᠤᠶᠤ ᠲᠤᠮᠢᠯᠠᠭ᠍ᠰᠠᠨ ᠰᠠᠯᠪᠤᠷᠢ᠎ᠶ᠋ᠢᠨ ᠴᠠᠭ᠍ᠳᠠᠭ᠎ᠠ ᠨᠠᠷ᠎ᠲᠠᠢ ᠴᠠᠭ ᠢᠮᠠᠭ᠍ᠳᠠ ᠬᠤᠯᠪᠤᠭ᠎ᠠ ᠪᠠᠷᠢᠵᠤ᠂ ᠪᠠᠢᠳᠠᠯ᠎ᠢᠶᠠᠨ ᠮᠡᠳᠡᠭ᠌ᠳᠡᠭᠡᠷᠡᠢ》 ᠭᠡᠵᠤ ᠡᠷᠳᠡᠨᠢᠪᠢᠯᠢᠭ ᠭᠡᠯᠡᠬᠦ᠌᠎ᠶ᠋ᠢᠨ ᠲᠠᠭᠠᠤ ᠪᠠᠭᠠᠳᠤᠷ᠂ ᠪᠤᠮᠪᠠ ᠬᠤᠶᠠᠷ᠎ᠤᠨ ᠭᠠᠷ ᠤᠳᠠᠰᠤᠨ ᠨᠤᠮᠧᠷ᠎ᠢ ᠪᠠᠶᠠᠰᠤᠯ᠎ᠳᠤ ᠲᠠᠮᠳᠡᠭ᠌ᠯᠡᠵᠤ ᠦᠭ᠌ᠬᠦᠯ᠎ᠠ᠃

ᠬᠤᠷᠴᠠ ᠨᠠᠷᠠ ᠤᠷᠤᠢ ᠲᠡᠭᠡᠷ᠎ᠠ᠎ᠠᠴᠠ ᠲᠦᠭᠡᠨᠡᠬᠦ᠌᠎ᠳᠤ ᠵᠤᠰᠠᠯᠠᠩ᠎ᠤᠨ ᠦᠭᠡᠷ ᠠᠳᠤᠭᠤᠳ ᠭᠤᠤᠯ᠎ᠤᠨ ᠤᠰᠤ᠎ᠶ᠋ᠢ ᠴᠢᠭ᠌ᠯᠡᠵᠤ ᠨᠠᠭᠠᠱᠢᠯᠠᠨ᠎ᠠ᠃ ᠡᠷᠳᠡᠨᠢᠪᠢᠯᠢᠭ ᠨᠠᠷ ᠪᠠᠶᠠᠰᠤᠯ᠎ᠤᠨ᠎ᠬᠢᠨ᠎ᠠᠴᠠ ᠭᠠᠷᠴᠤ᠌ ᠢᠷᠡᠬᠡᠳ ᠪᠠᠭᠠᠳᠤᠷ᠂ ᠪᠤᠮᠪᠠ ᠬᠤᠶᠠᠷ᠎ᠲᠠᠢ ᠰᠠᠯᠬᠤ ᠶᠤᠰᠤ ᠬᠦᠢᠴᠡᠳᠭᠡᠵᠤ᠂ ᠠᠵᠢᠯ᠎ᠤᠨ ᠦᠷᠳᠡᠭᠡ᠎ᠳᠡᠭᠡᠨ ᠪᠤᠴᠠᠬᠤ ᠵᠠᠮ᠎ᠢᠶᠠᠨ ᠡᠯᠬᠦᠯ᠎ᠠ᠃ ᠵᠠᠮ ᠲᠠᠭᠠᠤ ᠲᠠᠳᠠ ᠭᠤᠷᠪᠠᠭᠤᠯᠠ ᠨᠠᠮ ᠪᠠᠢᠭᠤᠯᠤᠭ᠍ᠳᠠᠭ᠍ᠰᠠᠨ 99 ᠵᠢᠯ᠎ᠤᠨ ᠤᠢ᠎ᠶ᠋ᠢ ᠪᠠᠯᠭᠡᠯᠡᠬᠦ᠌ ᠠᠵᠢᠯᠯᠠᠭ᠎ᠠ᠎ᠶ᠋ᠢᠨ᠎ᠢᠶᠠᠨ ᠨᠢᠭᠡ ᠪᠤᠯᠬᠤ ᠬᠤᠱᠢᠭᠤᠨ᠎ᠤ ᠤᠯᠠᠭᠠᠨᠮᠦᠴᠢᠷ᠎ᠢ ᠤᠷᠢᠵᠤ ᠵᠤᠰᠠᠯᠠᠩ᠎ᠤᠨ ᠮᠠᠯᠴᠢᠳ᠎ᠲᠠᠭᠠᠨ ᠲᠤᠬ᠍ᠯᠠᠯᠳᠠ ᠰᠤᠨᠢᠷᠬᠠᠭᠤᠯᠬᠤ ᠲᠤᠬᠠᠢ ᠪᠤᠳᠤᠯ ᠰᠠᠨᠠᠯ᠎ᠢᠶᠠᠨ ᠰᠤᠯᠢᠯᠴᠠᠨ᠎ᠠ᠃ ᠮᠠᠱᠢᠨ ᠲᠡᠷᠭᠡ᠎ᠪᠠᠷ ᠲᠤᠪᠤ᠎ᠶ᠋ᠢᠨ ᠵᠡᠬᠦᠨ ᠬᠠᠪᠢ᠎ᠪᠠᠷ ᠲᠠᠪᠬᠢᠭᠤᠯᠵᠤ ᠭᠠᠷᠳᠠᠯ᠎ᠠ ᠪᠤᠯᠠᠭ᠎ᠤᠨ ᠵᠠᠬ᠎ᠠ᠎ᠳᠤ ᠭᠡᠳᠤᠨ ᠬᠦᠮᠤᠨ ᠱᠢᠷᠡᠭᠡ ᠲᠠᠯᠪᠢᠨ ᠬᠤᠭᠤᠯᠠᠯᠠᠵᠤ ᠪᠠᠢᠬᠤ᠎ᠶ᠋ᠢ ᠬᠠᠷᠠᠭ᠍ᠰᠠᠨ ᠲᠡᠭ᠌ᠰᠢ᠄ 《ᠲᠠᠨᠢᠯ ᠪᠤᠰᠤ ᠬᠦᠮᠤᠰ ᠪᠠᠢᠨ᠎ᠠ! ᠤᠴᠢᠭᠠᠳ ᠦᠵᠡᠬᠦ᠌ ᠤᠤ?》 ᠬᠡᠰᠡᠨ᠎ᠳᠤ ᠡᠷᠳᠡᠨᠢᠪᠢᠯᠢᠭ   ᠮᠠᠱᠢᠨ ᠲᠡᠷᠭᠡ᠎ᠶ᠋ᠢᠨ᠎ᠢᠶᠠᠨ ᠵᠠᠯᠠᠭᠤᠷ᠎ᠢ ᠡᠷᠬᠢᠬᠦᠯᠤᠨ ᠲᠠᠳᠠ ᠨᠠᠷ᠎ᠤᠨ ᠬᠠᠵᠠᠭᠤ᠎ᠳᠤ ᠬᠦᠷᠪᠠ᠃ 《ᠠᠯᠢ ᠨᠤᠳᠤᠭ᠎ᠤᠨ ᠪᠤᠢ? ᠠᠳᠠ ᠶᠠᠭᠤ ᠬᠢᠵᠤ ᠪᠠᠢᠨ᠎ᠠ?》 ᠬᠡᠵᠤ ᠠᠰᠠᠭᠤᠬᠤᠯᠠᠷ᠂ ᠲᠠᠳᠠ ᠭᠡᠳᠤᠬᠦᠯᠠ ᠠᠮᠠᠷᠠᠯᠳᠠ᠎ᠶ᠋ᠢᠨ ᠡᠳᠤᠷ᠎ᠢᠶᠠᠷ ᠭᠡᠭᠡᠷ᠎ᠠ ᠭᠠᠳᠠᠨ᠎ᠠ ᠵᠢᠭᠤᠯᠴᠢᠯᠠᠨ ᠬᠤᠭᠤᠯᠠᠯᠠᠵᠤ ᠪᠠᠢᠨ᠎ᠠ ᠭᠡᠭᠦ᠎ᠳᠤᠨᠢ᠂ 《ᠬᠤᠭ ᠨᠤᠪᠰᠢ᠎ᠪᠠᠨ ᠲᠤᠷ᠎ᠠ᠎ᠪᠠᠷ ᠬᠠᠶᠠᠵᠤ ᠪᠤᠯᠬᠤ ᠦᠭᠡᠢ᠂ ᠭᠠᠯ ᠲᠦᠢᠮᠡᠷ᠎ᠢ ᠰᠡᠷᠭᠡᠢᠯᠡᠵᠤ ᠠᠮᠤᠷ ᠲᠦᠪᠱᠢᠨ᠎ᠢ ᠠᠩᠬᠠᠷᠤᠭᠠᠷᠠᠢ!》 ᠭᠡᠵᠤ ᠲᠡᠳᠡ ᠭᠤᠷᠪᠠᠭᠤᠯᠠ ᠲᠠᠬᠢᠨ ᠲᠠᠪᠳᠠᠨ ᠵᠠᠬᠢᠵᠤ ᠭᠠᠷᠤᠯ᠎ᠠ᠃

ᠬᠤᠤᠯᠢᠨ ᠭᠤᠤᠯ᠎ᠤᠨ ᠵᠤᠰᠠᠯᠠᠩ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠡᠢᠨ ᠬᠦ᠌ ᠮᠠᠯᠴᠢᠳ᠎ᠤᠨ ᠠᠯᠳᠠᠭᠤᠯ ᠮᠠᠯ᠎ᠢ ᠡᠷᠢᠵᠦ᠍ ᠦᠭ᠌ᠬᠦ᠂ ᠮᠤᠩᠭᠤᠯ ᠭᠡᠷ ᠪᠤᠰᠭᠠᠬᠤ᠎ᠳᠤᠨᠢ ᠬᠠᠮᠵᠢᠯᠴᠠᠬᠤ᠂ ᠡᠪᠡᠳᠴᠢᠳᠡᠨ᠎ᠢ ᠡᠮᠨᠡᠯᠬᠡ᠎ᠳᠤ ᠬᠦᠷᠬᠡᠬᠦ᠂ ᠴᠢᠨᠠᠭ᠍ᠰᠢᠯᠠᠪᠠᠯ ᠳᠦᠬᠡᠷᠢᠭ᠌ᠰᠡᠨ ᠨᠢᠭᠡ᠎ᠶ᠋ᠢ᠎ᠨᠢ ᠡᠷᠢᠵᠦ᠍ ᠬᠠᠢᠬᠤ ᠵᠡᠷᠭᠡ ᠮᠠᠯᠴᠢᠳ᠎ᠤᠨ ᠦᠢᠯᠡᠳᠪᠤᠷᠢᠯᠡᠯ ᠠᠮᠢᠳᠤᠷᠠᠯ᠎ᠤᠨ ᠲᠤᠮᠳᠠᠬᠢ ᠶᠠᠪᠤᠳᠠᠯ᠎ᠤᠳ᠎ᠢ ᠨᠢᠭᠡᠳ ᠨᠢᠭᠡ᠎ᠪᠠᠷ ᠱᠢᠢᠳᠪᠤᠷᠢᠯᠡᠵᠤ ᠦᠭ᠌ᠬᠦ᠎ᠶ᠋ᠢᠨ ᠲᠠᠭᠠᠤ ᠨᠤᠳᠤᠭ ᠪᠡᠯᠴᠢᠬᠡᠷ᠎ᠢ ᠬᠠᠮᠠᠭᠠᠯᠠᠬᠤ᠂ ᠮᠠᠯ ᠪᠡᠯᠴᠢᠬᠡᠷ᠎ᠤᠨ ᠲᠠᠩᠴᠡᠬᠦᠷᠢ᠎ᠶ᠋ᠢ ᠪᠠᠳᠤᠯᠠᠬᠤ᠂ ᠨᠤᠳᠤᠭ ᠪᠡᠯᠴᠢᠭᠡᠷ᠎ᠤᠨ ᠬᠠᠤᠯᠢ ᠭᠡᠷᠡᠭ᠌ᠵᠢᠬᠦᠯᠬᠦ᠂ ᠨᠤᠳᠤᠭ ᠪᠡᠯᠴᠢᠭᠡᠷ᠎ᠤᠨ ᠲᠦᠢᠮᠠᠷ᠎ᠢ ᠰᠡᠷᠭᠡᠢᠯᠡᠬᠦ᠂ ᠲᠠᠷᠠᠴᠢᠯᠠᠨ ᠵᠤᠰᠠᠯᠠᠩ᠎ᠤᠨ ᠮᠠᠯᠴᠢᠳ᠎ᠲᠤ 《ᠲᠦᠷᠦ᠎ᠶ᠋ᠢᠨ ᠪᠤᠳᠤᠯᠭ᠎ᠠ ᠬᠦᠷᠭᠡᠬᠦ᠌》᠂ 《ᠮᠡᠷᠭᠡᠵᠢᠯ ᠬᠦᠷᠭᠡᠬᠦ᠌》᠂ 《ᠮᠡᠳᠡᠭᠡ ᠵᠠᠩᠬᠢ ᠬᠦᠷᠭᠡᠬᠦ᠌》 ᠮᠡᠳᠤᠴᠢᠯᠠᠨ ᠡᠳᠤᠷ ᠲᠤᠳᠤᠮ᠎ᠤᠨ ᠠᠵᠢᠯ᠎ᠢ ᠴᠤ᠌ ᠬᠠᠷᠢᠭᠤᠴᠠᠳᠠᠭ᠃ ᠨᠢᠳᠤᠨᠤᠨ ᠨᠢᠭᠡᠯᠬᠡᠨ ᠵᠢᠯ᠎ᠳᠤ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ ᠲᠡᠮᠤᠷ ᠬᠦᠯᠦᠭ ᠵᠤᠰᠠᠯᠠᠩ᠎ᠤᠨ ᠠᠢᠯ᠎ᠤᠳ᠎ᠢᠶᠠᠷ 10 ᠲᠦᠮᠨ ᠱᠢᠬᠠᠮ ᠭᠠᠵᠠᠷ ᠲᠠᠪᠬᠢᠭ᠍ᠰᠠᠨ ᠲᠡᠮᠳᠡᠭ᠌ᠯᠡᠯ᠎ᠲᠠᠢ ᠠᠵᠢ᠃
 



 

ᠨᠠᠷᠠ ᠴᠠᠭᠠᠱᠢᠯᠠᠵᠤ ᠦᠳᠡ ᠦᠩᠬᠡᠷᠡᠬᠦ᠌᠎ᠪᠠᠷ ᠰᠠᠷᠢᠬᠦᠨ ᠰᠠᠯᠬᠢ ᠰᠠᠩᠬᠢᠨᠠᠵᠤ᠂ ᠰᠡᠳᠭᠢᠯ᠎ᠳᠤ ᠨᠢᠬᠡ ᠯᠡ ᠠᠶᠠᠳᠠᠢᠬᠠᠨ᠃ ᠬᠠᠷᠠᠵᠠ ᠭᠠᠴᠠᠭᠠᠨ᠎ᠤ ᠵᠤᠰᠠᠯᠠᠩ᠎ᠳᠤ ᠮᠠᠯ᠎ᠤᠨ ᠱᠢᠯᠦᠭᠡᠢ ᠡᠪᠡᠳᠴᠢᠨ᠎ᠢ ᠰᠡᠷᠭᠡᠢᠯᠡᠬᠦ᠌ ᠲᠠᠷᠢᠯᠭ᠎ᠠ ᠲᠠᠷᠢᠬᠤ ᠭᠡᠵᠤ ᠰᠤᠮᠤᠨ᠎ᠤ ᠮᠠᠯ ᠡᠮᠨᠡᠯᠭᠡ᠎ᠶ᠋ᠢᠨ ᠠᠵᠢᠯᠯᠠᠬᠤ ᠦᠷᠳᠡᠭᠡᠨ᠎ᠤ ᠭᠡᠳᠤᠨ ᠠᠵᠢᠯᠳᠠᠨ ᠤᠨᠠᠭ᠍ᠰᠠᠨ ᠮᠠᠯᠠᠭᠠᠢ᠎ᠪᠠᠨ ᠠᠪᠬᠤ ᠵᠠᠪ ᠦᠬᠡᠢ ᠶᠠᠭᠠᠷᠠᠯᠳᠤᠨ᠎ᠠ᠃ ᠭᠡᠷᠴᠢᠯᠠᠭᠤ ᠰᠤᠮᠤᠨ᠎ᠤ᠎ᠬᠢᠨ ᠮᠠᠯ᠎ᠤᠨ ᠡᠬᠦᠯᠳᠡᠷ᠎ᠢ ᠰᠠᠢᠵᠢᠷᠠᠭᠤᠯᠤᠨ ᠦᠷ᠎ᠠ ᠠᠱᠢᠭ᠎ᠢ ᠨᠡᠮᠡᠭ᠌ᠳᠡᠬᠦᠯᠵᠤ᠂ ᠬᠡᠮ ᠬᠢᠵᠢᠭ᠎ᠢ ᠰᠡᠷᠭᠡᠢᠯᠡᠬᠦ᠌᠎ᠶ᠋ᠢᠨ ᠲᠦᠯᠦᠭᠡ᠂ 2018 ᠤᠨ᠎ᠳᠤ ᠬᠤᠤᠯᠢᠨ ᠭᠤᠤᠯ᠎ᠤᠨ ᠵᠤᠰᠠᠯᠠᠩ᠎ᠳᠤ 36 ᠭᠡᠭᠡᠯᠳᠤᠬᠦᠯᠭᠡ᠎ᠶ᠋ᠢᠨ ᠴᠡᠭ ᠪᠠᠢᠭᠤᠯᠤᠭ᠍ᠰᠠᠨ ᠪᠠᠢᠵᠠᠢ᠃

《ᠮᠠᠯ᠎ᠤᠨ ᠬᠡᠮ ᠬᠢᠵᠢᠭ᠎ᠢ ᠰᠡᠷᠭᠡᠢᠯᠡᠬᠦ᠌ ᠪᠤᠯ ᠴᠢᠬᠤᠯᠠ ᠠᠵᠢᠯ᠃ ᠵᠠᠷᠢᠮ ᠡᠷᠤᠭᠡ᠎ᠶ᠋ᠢᠨ᠎ᠬᠢᠨ ᠮᠠᠯ᠎ᠤᠨ ᠳᠠᠷᠢᠯᠭ᠎ᠠ᠎ᠠᠴᠠ ᠬᠤᠵᠢᠭ᠍ᠳᠠᠭ᠍ᠰᠠᠨ ᠪᠠᠢᠪᠠᠯ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠰᠤᠮᠤᠨ᠎ᠤ ᠮᠠᠯ ᠡᠮᠨᠡᠯᠭᠡ᠎ᠶ᠋ᠢᠨ ᠠᠵᠢᠯᠯᠠᠬᠤ ᠦᠷᠳᠡᠭᠡ᠎ᠲᠠᠢ ᠬᠠᠷᠢᠯᠴᠠᠵᠤ᠂ ᠡᠳᠤᠷ ᠴᠠᠭ ᠪᠤᠯᠵᠤᠵᠤ ᠲᠤᠭ᠍ᠳᠠᠭᠠᠳ ᠵᠤᠰᠠᠯᠠᠩ᠎ᠤᠨ ᠭᠡᠭᠡᠯᠳᠤᠬᠦᠯᠭᠡ᠎ᠶ᠋ᠢᠨ ᠴᠡᠭ᠎ᠲᠤ ᠮᠠᠯ ᠤᠨᠤᠭ᠎ᠠ᠎ᠳᠤᠨᠢ ᠲᠠᠷᠢᠯᠭ᠎ᠠ ᠲᠠᠷᠢᠵᠤ ᠦᠭ᠌ᠳᠡᠭ》 ᠭᠡᠵᠤ ᠦᠳᠡ᠎ᠶ᠋ᠢᠨ ᠬᠤᠭᠤᠯᠠᠨ᠎ᠤ ᠲᠠᠷᠠᠭ᠎ᠠ ᠬᠠᠷᠠᠵᠠ ᠭᠠᠴᠠᠭᠠᠨ᠎ᠤ ᠵᠤᠰᠠᠯᠠᠩ᠎ᠢᠶᠠᠷ ᠮᠠᠯ᠎ᠤᠨ ᠲᠠᠷᠢᠯᠭ᠎ᠠ᠎ᠶ᠋ᠢᠨ ᠠᠵᠢᠯ᠎ᠢ ᠪᠠᠢᠴᠠᠭᠠᠵᠤ ᠶᠠᠪᠤᠭ᠎ᠠ ᠡᠷᠳᠡᠨᠢᠪᠢᠯᠢᠭ ᠶᠠᠷᠢᠨ᠎ᠠ᠃ ᠡᠨᠡ ᠬᠦ᠌ ᠦᠳᠡ᠎ᠶ᠋ᠢᠨ ᠬᠤᠢᠨ᠎ᠠ᠂ ᠰᠤᠮᠤᠨ᠎ᠤ ᠮᠠᠯ ᠡᠮᠨᠡᠯᠭᠡ᠎ᠶ᠋ᠢᠨ ᠠᠵᠢᠯᠯᠠᠬᠤ ᠦᠷᠳᠡᠭᠡᠨ᠎ᠤ ᠭᠡᠳᠤᠨ ᠠᠵᠢᠯᠳᠠᠨ ᠬᠠᠷᠠᠵᠠ ᠭᠠᠴᠠᠭᠠᠨ᠎ᠤ ᠮᠠᠯᠴᠢᠨ ᠬᠠᠩᠭᠠᠢ᠎ᠶ᠋ᠢᠨ 80 ᠦᠬᠡᠷ᠎ᠲᠤ ᠱᠢᠯᠦᠭᠡᠢ ᠡᠪᠡᠳᠴᠢᠨ᠎ᠢ ᠰᠡᠷᠭᠡᠢᠯᠡᠬᠦ᠌ ᠲᠠᠷᠢᠯᠭ᠎ᠠ ᠲᠠᠷᠢᠵᠤ ᠦᠭ᠌ᠴᠠᠢ᠃ 《ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠮᠠᠯᠴᠢᠨ ᠲᠦᠮᠡᠨ᠎ᠳᠤ ᠮᠠᠰᠢ ᠠᠴᠢ ᠲᠤᠰᠠ ᠦᠵᠡᠬᠦᠯᠵᠤ ᠪᠠᠢᠨ᠎ᠠ᠂ ᠶᠠᠷᠤ᠎ᠨᠢ ᠮᠠᠯᠴᠢᠨ ᠲᠦᠮᠡᠨ᠎ᠢᠶᠠᠨ ᠲᠡᠭᠡᠳᠤᠯᠠᠵᠤ᠂ ᠮᠠᠯᠴᠢᠨ ᠲᠦᠮᠡᠨ᠎ᠤ᠎ᠪᠠᠨ ᠰᠠᠨᠠᠭᠠᠱᠢᠷᠠᠵᠤ ᠪᠠᠢᠭ᠎ᠠ ᠠᠰᠠᠭᠤᠳᠠᠯ᠎ᠢ ᠴᠠᠭ ᠲᠤᠬᠠᠢ᠎ᠳᠤᠨᠢ ᠱᠢᠢᠳᠪᠤᠷᠢᠯᠡᠨ ᠦᠭ᠌ᠴᠦ ᠪᠠᠢᠨ᠎ᠠ᠃ ᠨᠡᠬᠦᠳᠠᠯ ᠮᠠᠯᠵᠢᠯ᠎ᠤᠨ ᠨᠠᠮ᠎ᠤᠨ ᠡᠬᠦᠷ᠎ᠤᠨ ᠬᠠᠪᠰᠤᠷᠤᠯᠭ᠎ᠠ ᠲᠠᠮᠵᠢᠯᠭᠡ ᠲᠤᠤᠷ᠎ᠠ ᠵᠤᠰᠠᠯᠠᠩ᠎ᠤᠨ ᠮᠠᠯᠴᠢᠳ ᠵᠤᠯ ᠵᠢᠷᠭᠠᠯᠳᠠᠢ ᠵᠤᠰᠠᠵᠤ ᠪᠠᠢᠨ᠎ᠠ ᠱᠢᠤ!》 ᠭᠡᠵᠤ ᠮᠠᠯᠴᠢᠨ ᠬᠠᠩᠭᠠᠢ ᠮᠠᠯ᠎ᠤᠨ ᠬᠢᠵᠢᠭ ᠲᠠᠷᠢᠬ᠍ᠰᠠᠨ ᠬᠦᠰᠦᠨᠦᠭ᠎ᠲᠤ ᠭᠠᠷ᠎ᠤᠨ ᠦᠰᠦᠭ ᠵᠢᠷᠤᠬᠤ᠎ᠶ᠋ᠢᠨ ᠲᠠᠭᠠᠤ ᠪᠠᠶᠠᠷᠳᠠᠢ ᠶᠠᠷᠢᠨ᠎ᠠ᠃

ᠬᠤᠤᠯᠢᠨ ᠭᠤᠤᠯ᠎ᠤᠨ ᠵᠤᠰᠠᠯᠠᠩ᠎ᠤᠨ ᠮᠠᠯᠴᠢᠳ ᠶᠡᠭᠡ ᠪᠠᠭ᠎ᠠ ᠶᠠᠪᠤᠳᠠᠯ ᠲᠤᠬᠢᠶᠠᠯᠳᠤᠭ᠍ᠰᠠᠭᠠᠷ ᠶᠠᠭᠤᠨ᠎ᠤ ᠡᠮᠤᠨ᠎ᠠ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠢᠶᠠᠨ ᠡᠷᠢᠬᠦ᠌᠎ᠨᠢ ᠶᠠᠷᠤᠳᠠ᠎ᠶ᠋ᠢᠨ ᠵᠤᠷᠱᠢᠯ ᠪᠤᠯᠵᠠᠢ᠃ ᠨᠡᠬᠦᠳᠡᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠵᠤᠰᠠᠯᠠᠩ᠎ᠳᠤ ᠪᠠᠭᠤᠬᠤ 3 ᠰᠠᠷ᠎ᠠ᠎ᠶ᠋ᠢᠨ ᠬᠤᠭᠤᠴᠠᠭᠠᠨ᠎ᠳᠤ ᠶᠡᠷᠤ᠎ᠳᠡᠭᠡᠨ 5 — 6 ᠤᠳᠠᠭ᠎ᠠ ᠨᠠᠮ᠎ᠤᠨ ᠡᠬᠦᠷ᠎ᠤᠨ ᠬᠤᠷᠠᠯ ᠬᠤᠷᠠᠯᠳᠤᠭᠤᠯᠵᠤ᠂ ᠰᠤᠷᠤᠯᠴᠠᠯᠭ᠎ᠠ ᠪᠤᠯᠪᠠᠰᠤᠷᠠᠯ᠎ᠢᠶᠠᠨ ᠴᠢᠩᠭᠠᠳᠭᠠᠬᠤ᠎ᠶ᠋ᠢᠨ ᠲᠠᠭᠠᠤ ᠵᠤᠰᠠᠯᠠᠩ᠎ᠤᠨ 800 ᠱᠢᠬᠠᠮ ᠮᠠᠯᠴᠢᠨ ᠲᠦᠮᠡᠨ᠎ᠳᠡᠭᠡᠨ ᠦᠢᠯᠡᠴᠢᠯᠡᠭᠡ ᠬᠠᠩᠭᠠᠵᠤ ᠪᠤᠢ᠃ 《ᠬᠤᠤᠯᠢᠨ ᠭᠤᠤᠯ᠎ᠤᠨ ᠵᠤᠰᠠᠯᠠᠩ᠎ᠤᠨ ᠨᠤᠳᠤᠭ ᠪᠡᠯᠴᠢᠭᠡᠷ ᠦᠷᠭᠡᠨ ᠠᠭᠤᠳᠠᠮ᠂ ᠮᠠᠯᠵᠢᠬᠤ ᠡᠷᠤᠭᠡ ᠲᠠᠷᠠᠬᠠᠢ ᠪᠤᠳᠠᠷᠬᠠᠢ ᠰᠠᠭᠤᠷᠢᠱᠢᠨ ᠵᠠᠮ ᠬᠠᠷᠢᠯᠴᠠᠭ᠎ᠠ ᠲᠦᠬᠦᠮ ᠦᠭᠡᠢ᠎ᠠᠴᠠ ᠪᠤᠯᠵᠤ ᠨᠠᠮ᠎ᠤᠨ ᠡᠬᠦᠷ᠎ᠤᠨ ᠬᠤᠷᠠᠯ ᠡᠷᠬᠢᠯᠡᠵᠤ ᠰᠤᠷᠤᠯᠴᠠᠯᠭ᠎ᠠ ᠬᠢᠬᠦ᠌᠎ᠳᠤ ᠪᠠᠭ᠍ᠠᠨ ᠳᠦᠪᠡᠭ᠌ᠳᠡᠢ᠃ ᠭᠡᠪᠠᠴᠤ᠌ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠤᠯᠠᠩᠬᠢ᠎ᠳᠠᠭᠠᠨ ᠨᠠᠮ᠎ᠤᠨ ᠡᠬᠦᠷ᠎ᠤᠨ ᠬᠤᠷᠠᠯ᠎ᠢ ᠱᠢᠭᠤᠳ ᠵᠤᠰᠠᠯᠡᠩ᠎ᠢᠶᠠᠷ ᠲᠤᠭᠤᠷᠢᠵᠤ ᠬᠤᠷᠠᠯᠳᠤᠭᠤᠯᠵᠤ᠂ ᠨᠠᠮ᠎ᠤᠨ ᠬᠠᠮᠢᠶ᠎ᠠ ᠪᠦᠬᠦᠢ ᠲᠦᠷᠦ᠎ᠶ᠋ᠢᠨ ᠪᠤᠳᠤᠯᠭ᠎ᠠ ᠪᠠᠢᠷᠢᠯᠠᠭᠤᠯᠤᠯᠳᠠ ᠱᠠᠭᠠᠷᠳᠠᠯᠭ᠎ᠠ᠎ᠶ᠋ᠢ ᠴᠠᠭ ᠲᠤᠬᠠᠢ᠎ᠳᠤᠨᠢ ᠪᠢᠳᠠᠨ᠎ᠳᠤ ᠤᠯᠠᠮᠵᠢᠯᠠᠨ ᠰᠤᠷᠤᠯᠴᠠᠭᠤᠯᠬᠤ᠎ᠶ᠋ᠢᠨ ᠬᠠᠮᠳᠤ ᠮᠠᠯᠴᠢᠳ᠎ᠲᠠᠭᠠᠨ ᠦᠢᠯᠡᠴᠢᠯᠡᠵᠤ᠂ ᠮᠠᠯᠴᠢᠳ᠎ᠤᠨ᠎ᠢᠶᠠᠨ ᠭᠡᠷᠡᠭ᠌ᠴᠡᠭᠡ ᠱᠠᠭᠠᠷᠳᠠᠯᠭ᠎ᠠ᠎ᠶ᠋ᠢ ᠬᠠᠨᠭ᠌ᠭᠠᠳᠠᠭ》 ᠭᠡᠵᠤ ᠬᠦᠭᠡᠭ᠌ᠳᠤ ᠭᠠᠴᠠᠭᠠᠨ᠎ᠤ ᠮᠠᠯᠴᠢᠨ ᠨᠠᠮ᠎ᠤᠨ ᠭᠡᠱᠢᠬᠦᠨ ᠴᠡᠩᠭᠡᠯᠳᠤ ᠭᠡᠯᠡᠨ᠎ᠠ᠃

ᠵᠠᠷᠤᠳ ᠬᠤᠱᠢᠭᠤᠨ᠎ᠤ ᠭᠡᠷᠴᠢᠯᠠᠭᠤ ᠰᠤᠮᠤ᠎ᠶ᠋ᠢᠨ ᠬᠤᠤᠯᠢᠨ ᠭᠤᠤᠯ᠎ᠤᠨ ᠵᠤᠰᠠᠯᠠᠩ᠎ᠳᠤ 130 ᠲᠦᠮᠡᠨ ᠮᠦ᠍ ᠨᠤᠳᠤᠭ ᠪᠡᠯᠴᠢᠭᠡᠷ᠎ᠲᠠᠢ ᠪᠠᠢᠵᠤ᠂ ᠭᠠᠴᠠᠭ᠎ᠠ᠎ᠪᠠᠷ ᠨᠢᠭᠡᠴᠢ ᠪᠤᠯᠭᠠᠨ ᠡᠵᠡᠩᠨᠠᠵᠤ ᠪᠠᠢᠨ᠎ᠠ᠃ ᠵᠢᠯ ᠪᠦᠷᠢ᠎ᠶ᠋ᠢᠨ 5 ᠰᠠᠷ᠎ᠠ᠎ᠶ᠋ᠢᠨ ᠰᠡᠬᠦᠯᠴᠢ 6 ᠰᠠᠷ᠎ᠠ᠎ᠶ᠋ᠢᠨ ᠡᠬᠢ᠎ᠪᠠᠷ ᠬᠡᠷᠴᠢᠯᠠᠭᠤ ᠰᠤᠮᠤ᠎ᠶ᠋ᠢᠨ 16 ᠭᠠᠴᠠᠭᠠᠨ᠎ᠤ 300 ᠭᠠᠷᠤᠢ ᠮᠠᠯᠵᠢᠬᠤ ᠡᠷᠤᠭᠡ᠎ᠶ᠋ᠢᠨ᠎ᠬᠢᠨ ᠦᠭᠡᠷ ᠠᠳᠤᠭᠤ᠎ᠪᠠᠨ ᠬᠦᠭᠡᠭᠡᠵᠤ᠂ ᠬᠤᠤᠯᠢᠨ ᠭᠤᠤᠯ᠎ᠤᠨ ᠵᠤᠰᠠᠯᠠᠩ᠎ᠳᠠᠭᠠᠨ ᠢᠷᠠᠵᠤ ᠵᠤᠰᠠᠳᠠᠭ᠂ 9 ᠰᠠᠷ᠎ᠠ᠎ᠶ᠋ᠢᠨ ᠰᠡᠬᠦᠯᠴᠢ 10 ᠰᠠᠷ᠎ᠠ᠎ᠶ᠋ᠢᠨ ᠡᠬᠢ᠎ᠪᠠᠷ ᠰᠠᠶᠢ ᠡᠪᠤᠯᠵᠢᠶ᠎ᠡ᠎ᠳᠡᠭᠡᠨ ᠪᠤᠴᠠᠳᠠᠭ ᠶᠤᠮ᠃

ᠤᠨᠠᠬᠤ ᠨᠠᠷᠠ ᠠᠭᠤᠯᠠᠨ ᠲᠤᠯᠤᠭᠠᠢ ᠱᠢᠬᠦᠷᠴᠦ᠍᠂ ᠤᠯᠠᠭᠠᠨ ᠲᠤᠯᠤᠩ᠎ᠢᠶᠠᠨ ᠴᠡᠴᠡᠭ᠌ᠳᠤ ᠲᠠᠯ᠎ᠠ᠎ᠳᠤ ᠰᠠᠴᠤᠯ᠎ᠠ᠃ ᠬᠦᠬᠡᠮᠳᠦᠭ ᠠᠭᠤᠯᠠ ᠨᠤᠭᠤᠭᠠᠨ ᠲᠠᠯ᠎ᠠ᠂ ᠬᠤᠤᠯᠢᠨ ᠭᠤᠤᠯ᠎ᠤᠨ ᠲᠠᠨᠵᠢᠨ᠎ᠳᠤ ᠪᠡᠯᠴᠢᠬᠡ ᠦᠭᠡᠷ ᠠᠳᠤᠭᠤ᠂ ᠮᠤᠩᠭᠤᠯ ᠭᠡᠷ᠎ᠤᠨ ᠲᠤᠭᠤᠨᠤ᠎ᠪᠠᠷ ᠰᠤᠭᠤᠨᠤᠭ᠍ᠯᠠᠬᠤ ᠤᠳᠤᠭ᠎ᠠ ᠁ ᠡᠨᠡ ᠪᠦᠬᠦᠨ ᠨᠠᠢᠯᠡᠭᠡᠳ ᠠᠮᠤᠭᠤᠯᠠᠩᠳᠤ ᠨᠤᠳᠤᠭ᠎ᠤᠨ ᠵᠢᠷᠤᠭ᠍ᠳᠤ ᠶᠢᠷᠳᠢᠨᠴᠤ᠎ᠶ᠋ᠢ ᠪᠤᠳᠤᠭ᠍ᠯᠠᠨ᠎ᠠ᠃

ᠠᠭᠤᠳᠠᠮ ᠲᠠᠯ᠎ᠠ᠎ᠶ᠋ᠢ ᠴᠢᠮᠡᠭ᠌ᠯᠡᠭ᠌ᠰᠡᠨ

ᠦᠡᠭ᠌ᠭᠡᠳᠤ ᠴᠡᠴᠡᠭ᠎ᠨᠢ ᠭᠤᠶᠤᠬᠠᠨ ᠳ᠋ᠠ ᠬᠦ᠋

ᠦᠷᠭᠡᠨ ᠲᠦᠮᠡᠨ᠎ᠢᠶᠠᠨ ᠵᠢᠯᠤᠭᠤᠳᠤᠭ᠍ᠰᠠᠨ

ᠦᠷᠦᠱᠢᠶᠠᠯᠳᠤ ᠨᠠᠮ ᠮᠢᠨᠢ ᠰᠤᠳᠤᠬᠠᠨ ᠳ᠋ᠠ ᠬᠦ᠋

ᠡᠷᠳᠡᠨᠢᠪᠢᠯᠢᠭ᠂ ᠢᠤᠢ ᠮᠢᠩ᠂ ᠲᠡᠭ᠌ᠰᠢ ᠭᠤᠷᠪᠠᠭᠤᠯᠠ ᠮᠠᠱᠢᠨ ᠲᠡᠷᠭᠡᠨ᠎ᠤ ᠷᠠᠳᠢᠣ᠋᠎ᠠᠴᠠ ᠤᠶᠠᠩᠭᠠᠷᠠᠭ᠍ᠰᠠᠨ ᠡᠨᠡ ᠬᠦ᠌ ᠠᠶ᠎ᠠ ᠲᠠᠭᠤᠤ᠎ᠶ᠋ᠢᠨ ᠲᠤᠮᠳᠠ ᠰᠤᠭ᠍ᠳᠤᠭᠤᠷᠠᠩᠬᠠᠨ ᠠᠵᠢᠯ᠎ᠤᠨ ᠦᠷᠳᠡᠭᠡ᠎ᠳᠡᠭᠡᠨ ᠪᠤᠴᠠᠬᠤ ᠵᠠᠮ᠎ᠢᠶᠠᠨ ᠡᠯᠬᠦᠯ᠎ᠠ᠃ ᠬᠤᠤᠯᠢᠨ ᠭᠤᠤᠯ᠎ᠤᠨ ᠵᠤᠰᠠᠯᠠᠩ᠎ᠤᠨ ᠨᠠᠷᠠ ᠰᠠᠯᠬᠢᠨ᠎ᠳᠤ ᠪᠤᠷᠤᠯᠠᠭ᠍ᠰᠠᠨ ᠲᠠᠳᠠ ᠭᠤᠷᠪᠠᠭᠤᠯᠠ᠎ᠶ᠋ᠢᠨ ᠴᠢᠷᠠᠢ᠎ᠳᠤ ᠪᠠᠶᠠᠷ᠎ᠤᠨ ᠮᠦᠱᠢᠶᠠᠳᠤ ᠲᠤᠳᠤᠷᠠᠩᠬᠠᠨ ᠁

 

ᠰᠤᠷᠪᠤᠯᠵᠢᠯᠠᠭ᠍ᠴᠢ᠎ᠶ᠋ᠢᠨ ᠡᠪᠤᠷ ᠲᠠᠮᠳᠡᠭ᠌ᠯᠡᠯ᠄

ᠵᠠᠷᠤᠳ ᠬᠤᠱᠢᠭᠤᠨ᠎ᠤ ᠭᠡᠷᠴᠢᠯᠠᠭᠤ ᠰᠤᠮᠤ᠎ᠶ᠋ᠢᠨ ᠬᠤᠤᠯᠢᠨ ᠭᠤᠤᠯ᠎ᠤᠨ ᠵᠤᠰᠠᠯᠠᠩ ᠪᠤᠯ ᠤᠯᠠᠮᠵᠢᠯᠠᠯᠳᠤ ᠨᠡᠬᠦᠳᠠᠯ ᠮᠠᠯᠵᠢᠯ᠎ᠤᠨ ᠭᠡᠯᠪᠡᠷᠢ᠎ᠪᠠᠷ ᠵᠤᠰᠠᠵᠤ ᠪᠠᠢᠳᠠᠭ᠎ᠢᠶᠠᠷ᠎ᠢᠶᠠᠨ ᠲᠦᠡᠭ᠌ᠯᠢᠶᠤᠤ ᠬᠤᠳᠠ᠎ᠶ᠋ᠢᠨ ᠴᠤᠷ᠎ᠤᠨ ᠭᠠᠭ᠍ᠴᠠ᠂ ᠪᠦᠬᠦ᠌ ᠤᠷᠤᠨ᠎ᠤ ᠴᠦᠬᠡᠨ ᠬᠡᠳᠤᠨ ᠨᠡᠬᠦᠳᠠᠯᠯᠠᠨ ᠮᠠᠯᠵᠢᠵᠤ ᠪᠠᠢᠭ᠎ᠠ ᠭᠠᠵᠠᠷ᠎ᠤᠨ ᠨᠢᠬᠡᠨ ᠪᠤᠯᠬᠤ ᠶᠤᠮ᠃ ᠬᠡᠳᠤᠨ ᠡᠳᠤᠷ᠎ᠤᠨ ᠰᠤᠷᠪᠤᠯᠵᠢᠯᠠᠭ᠎ᠠ᠎ᠳᠠᠭᠠᠨ ᠪᠢᠳᠡ ᠠᠳᠡᠬᠢ ᠪᠠᠢᠭᠠᠯᠢ᠎ᠶ᠋ᠢᠨ ᠦᠩᠬᠡ ᠦᠵᠡᠮᠵᠢ᠎ᠳᠤ ᠰᠤᠭ᠍ᠳᠤᠭᠤᠷᠠᠵᠤ ᠶᠠᠪᠤᠯ᠎ᠠ᠂ ᠠᠳᠡᠬᠢ ᠮᠠᠯᠴᠢᠨ ᠠᠷᠠᠳ᠎ᠤᠨ ᠠᠮᠤᠷ ᠵᠢᠷᠭᠠᠯᠳᠤ ᠠᠮᠢᠳᠤᠷᠠᠯ᠎ᠢ ᠪᠢᠱᠢᠷᠡᠵᠤ ᠶᠠᠪᠤᠯ᠎ᠠ᠃ ᠬᠡᠬᠦ᠌᠎ᠳᠡᠭᠡᠨ ᠡᠨᠡ ᠪᠦᠬᠦᠨ᠎ᠨᠢ ᠬᠤᠤᠯᠢᠨ ᠭᠤᠤᠯ᠎ᠤᠨ ᠵᠤᠰᠠᠯᠠᠩ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠠᠴᠠ ᠰᠠᠯᠵᠤ ᠴᠢᠳᠠᠬᠤ ᠦᠬᠡᠢ ᠬᠡᠰᠡᠨ᠎ᠢ ᠰᠡᠳᠭᠢᠯ᠎ᠢᠶᠠᠷ᠎ᠢᠶᠠᠨ ᠮᠡᠳᠡᠷᠡᠭ᠌ᠰᠡᠨ ᠪᠢᠯᠡ᠃

ᠤᠷᠳᠤ᠎ᠶ᠋ᠢᠨ ᠲᠠᠭᠤᠨ᠎ᠤ ᠤᠶᠠᠩᠭᠠᠨ ᠨᠤᠭᠤᠯᠤᠭ᠎ᠠ ᠱᠢᠬ ᠠᠭᠤᠯᠨ ᠤᠰᠤ᠎ᠪᠠᠨ ᠬᠤᠯᠪᠤᠨ ᠲᠤᠭᠤᠯᠳᠠᠭ ᠮᠠᠯᠴᠢᠳ᠎ᠤᠨ ᠨᠠᠬᠦᠳᠠᠯ ᠮᠠᠯᠵᠢᠯ᠎ᠤᠨ ᠤᠳᠤᠷ᠎ᠤᠨ ᠠᠶᠠᠨ᠎ᠳᠤ᠂ ᠤᠰᠤᠨ᠎ᠤ ᠲᠤᠩᠭᠠᠯᠠᠭ ᠡᠪᠡᠰᠤᠨ᠎ᠤ ᠱᠢᠮ᠎ᠠ᠎ᠶ᠋ᠢ ᠰᠤᠩᠭᠤᠵᠤ ᠲᠠᠷᠠᠬᠠᠢ ᠪᠤᠳᠠᠷᠬᠠᠢ ᠰᠠᠭᠤᠷᠢᠱᠢᠭ᠍ᠰᠠᠨ ᠮᠠᠯᠴᠢᠳ᠎ᠤᠨ ᠵᠤᠰᠠᠯᠠᠩ᠎ᠳᠤ ᠨᠠᠮ᠎ᠤᠨ ᠲᠦᠷᠦ᠎ᠶ᠋ᠢᠨ ᠪᠤᠳᠤᠯᠭ᠎ᠠ ᠪᠠᠢᠷᠢᠯᠠᠭᠤᠯᠤᠯᠳᠠ ᠱᠠᠭᠠᠷᠳᠠᠯᠭ᠎ᠠ᠎ᠶ᠋ᠢ ᠭᠡᠷᠬᠢᠨ ᠴᠠᠭ ᠲᠤᠬᠠᠢ᠎ᠳᠤᠨᠢ ᠮᠠᠯᠴᠢᠨ ᠠᠷᠠᠳ᠎ᠲᠠᠭᠠᠨ ᠬᠦᠷᠭᠡᠬᠦ᠌ ᠪᠤᠢ? ᠨᠠᠮ᠎ᠤᠨ ᠵᠤᠬᠢᠶᠠᠨ ᠪᠠᠢᠭᠤᠯᠤᠯᠳᠠ᠎ᠶ᠋ᠢᠨ ᠲᠠᠢᠴᠢᠨ ᠪᠠᠬᠢᠯᠡᠯᠳᠠ᠎ᠶ᠋ᠢᠨ ᠦᠢᠯᠡᠳᠤᠯ᠂ ᠨᠠᠮ᠎ᠤᠨ ᠭᠡᠱᠢᠬᠦᠨ᠎ᠤ ᠬᠤᠱᠢᠭᠤᠴᠢ ᠵᠢᠱ᠌ᠢᠶᠠᠴᠢ ᠤᠢ᠍ᠢᠯᠠᠳᠤᠯ᠎ᠢ ᠭᠡᠷᠬᠢᠨ ᠪᠠᠳᠠᠷᠠᠭᠤᠯᠬᠤ ᠪᠤᠢ?

ᠵᠠᠷᠤᠳ ᠬᠤᠱᠢᠭᠤᠨ᠎ᠤ ᠭᠡᠷᠴᠢᠯᠠᠭᠤ ᠰᠤᠮᠤ ᠤᠷᠤᠨ ᠨᠤᠳᠤᠭ᠎ᠤᠨ ᠪᠤᠳᠠᠳᠤ ᠪᠠᠢᠳᠠᠯ᠎ᠢᠶᠠᠨ ᠦᠨᠳᠤᠰᠤᠯᠡᠨ ᠬᠤᠤᠯᠢᠨ ᠭᠤᠤᠯ᠎ᠤᠨ ᠵᠤᠰᠠᠯᠠᠩ᠎ᠳᠤ ᠨᠡᠬᠦᠳᠠᠯ ᠮᠠᠯᠵᠢᠯ᠎ᠤᠨ ᠨᠠᠮ᠎ᠤᠨ ᠭᠡᠱᠢᠬᠦᠳ᠎ᠤᠨ ᠠᠵᠢᠯ᠎ᠤᠨ ᠦᠷᠳᠡᠭᠡ ᠪᠠᠢᠭᠤᠯᠵᠤ᠂ ᠨᠠᠮ᠎ᠤᠨ ᠡᠬᠦᠷ᠎ᠤᠨ ᠵᠦᠪᠯᠡᠯ᠂ ᠨᠠᠢᠭᠡᠮ᠎ᠤᠨ ᠶᠠᠪᠤᠳᠠᠯ᠎ᠤᠨ ᠬᠠᠮᠢᠶᠠᠷᠤᠯᠳᠠ ᠪᠠ ᠦᠢᠯᠡᠴᠢᠯᠡᠭᠡᠨ᠎ᠤ ᠠᠯᠪᠠᠨ ᠭᠡᠷ᠂ ᠤᠳᠤᠷ᠎ᠤᠨ ᠠᠶᠠᠨ ᠵᠤᠰᠠᠯᠠᠩ᠎ᠤᠨ ᠭᠠᠵᠠᠷ᠎ᠤᠨ ᠰᠠᠢᠨ ᠲᠤᠷ᠎ᠠ᠎ᠶ᠋ᠢᠨ ᠦᠢᠯᠡᠴᠢᠯᠡᠭᠡᠨ᠎ᠤ ᠠᠯᠪᠠᠨ ᠭᠡᠷ ᠵᠡᠷᠭᠡ᠎ᠶ᠋ᠢ ᠲᠤᠬᠢᠷᠠᠭᠤᠯᠤᠨ ᠨᠠᠮ᠎ᠤᠨ ᠭᠡᠱᠢᠬᠦᠳ ᠪᠤᠯᠤᠨ ᠮᠠᠯᠴᠢᠳ᠎ᠲᠠᠭᠠᠨ ᠦᠢᠯᠡᠴᠢᠯᠡᠬᠦ᠌ 《ᠡᠴᠤᠰ᠎ᠤᠨ ᠨᠢᠭᠡ ᠺᠢᠯᠤᠮᠧᠲᠷ》 ᠎ᠢ ᠰᠠᠭᠠᠳ ᠦᠬᠡᠢ ᠨᠡᠪᠳᠡᠷᠡᠬᠦᠯᠵᠤ᠂ ᠮᠠᠯᠴᠢᠨ ᠠᠷᠠᠳ ᠬᠠᠮᠢᠭ᠎ᠠ ᠪᠠᠢᠪᠠᠯ ᠨᠠᠮ᠎ᠤᠨ ᠲᠠᠭᠠᠭᠤᠯᠭ᠎ᠠ ᠪᠠ ᠤᠳᠤᠷᠢᠳᠤᠯᠭ᠎ᠠ᠎ᠶ᠋ᠢ ᠲᠡᠨᠳᠡ ᠪᠠᠢᠯᠭᠠᠨ᠂ ᠮᠠᠯᠴᠢᠨ ᠠᠷᠠᠳ ᠬᠠᠮᠢᠭ᠎ᠠ ᠪᠠᠢᠪᠠᠯ ᠨᠠᠮ᠎ᠤᠨ ᠬᠠᠢᠷ᠎ᠠ ᠬᠠᠯᠠᠮᠵᠢ ᠪᠠ ᠬᠠᠯᠠᠭᠤᠨ ᠦᠢᠯᠡᠴᠢᠯᠡᠭᠡ᠎ᠶ᠋ᠢ ᠲᠡᠨᠳᠡ ᠬᠦᠷᠬᠡᠭ᠌ᠰᠡᠨ ᠠᠵᠢ᠃

ᠠᠷᠠᠳ ᠲᠦᠮᠡᠨ᠎ᠢ ᠲᠡᠬᠡᠳᠤᠯᠡᠨ᠎ᠠ᠃ ᠬᠤᠤᠯᠢᠨ ᠭᠤᠤᠯ᠎ᠤᠨ ᠵᠤᠰᠠᠯᠠᠩ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠮᠠᠯᠴᠢᠨ ᠲᠦᠮᠡᠨ᠎ᠳᠤ ᠤᠢ᠍ᠢᠯᠠᠴᠢᠯᠡᠬᠦ᠂ ᠮᠠᠯᠴᠢᠨ ᠲᠦᠮᠡᠨ᠎ᠢ ᠲᠠᠭᠡᠳᠤᠯᠡᠬᠦ᠂ ᠮᠠᠯᠴᠢᠨ ᠲᠦᠮᠡᠨ᠎ᠳᠤ ᠨᠢᠬ᠍ᠳᠠ ᠲᠦᠱᠢᠭ᠌ᠯᠡᠬᠦ᠂ ᠮᠠᠯᠴᠢᠨ ᠲᠦᠮᠡᠨ᠎ᠳᠤ ᠪᠤᠶᠠᠨ ᠦᠢᠯᠡᠳᠬᠦ᠂ ᠮᠠᠯᠴᠢᠨ ᠲᠦᠮᠡᠨ᠎ᠤ ᠲᠤᠮᠳᠠ ᠪᠠᠳᠤ ᠦᠨᠳᠤᠰᠤᠯᠡᠬᠦ᠌᠎ᠶ᠋ᠢ ᠡᠷᠡᠰ ᠪᠠᠷᠢᠮᠳᠠᠯᠠᠬᠤ᠎ᠶ᠋ᠢᠨ ᠬᠠᠮᠳᠤ ᠪᠤᠳᠠᠳᠠᠢ ᠠᠵᠢᠯ᠎ᠳᠠᠭᠠᠨ ᠨᠠᠢᠳᠠᠪᠤᠷᠢᠵᠢᠭᠤᠯᠵᠤ᠂ ᠨᠠᠮ᠎ᠤᠨ ᠭᠡᠱᠢᠬᠦᠨ᠎ᠤ᠎ᠪᠠᠨ ᠰᠡᠳᠭᠢᠯ᠎ᠤᠨ ᠬᠠᠨᠢ᠂ ᠮᠠᠯᠴᠢᠨ ᠲᠦᠮᠡᠨ᠎ᠤ᠎ᠪᠠᠨ ᠨᠠᠢᠳᠠᠪᠤᠷᠢᠳᠠᠢ ᠲᠦᠱᠢᠭ ᠪᠤᠯᠵᠠᠢ᠃  

ᠠᠷᠠᠳ ᠲᠦᠮᠡᠨ᠎ᠳᠤ ᠦᠢᠯᠡᠴᠢᠯᠡᠨ᠎ᠠ᠃ ᠠᠯᠳᠠᠭᠤᠯ ᠮᠠᠯ᠎ᠢ᠎ᠨᠢ ᠡᠷᠢᠵᠦ᠍ ᠦᠭ᠌ᠬᠦ᠂ ᠮᠤᠩᠭᠤᠯ ᠭᠡᠷ ᠪᠤᠰᠭᠠᠬᠤ᠎ᠳᠤᠨᠢ ᠬᠠᠮᠵᠢᠯᠴᠠᠬᠤ᠂ ᠨᠤᠳᠤᠭ ᠪᠡᠯᠴᠢᠬᠡᠷ᠎ᠢ ᠬᠠᠮᠠᠭᠠᠯᠠᠬᠤ᠂ ᠮᠠᠯ ᠪᠡᠯᠴᠢᠬᠡᠷ᠎ᠤᠨ ᠲᠠᠩᠴᠡᠬᠦᠷᠢ᠎ᠶ᠋ᠢ ᠪᠠᠳᠤᠯᠠᠬᠤ᠂ ᠨᠤᠳᠤᠭ ᠪᠡᠯᠴᠢᠭᠡᠷ᠎ᠤᠨ ᠲᠦᠢᠮᠠᠷ᠎ᠢ ᠰᠡᠷᠭᠡᠢᠯᠡᠬᠦ᠌ ᠵᠡᠷᠬᠡ᠎ᠠᠴᠠ ᠠᠪᠤᠭᠠᠳ ᠲᠦᠷᠦ᠎ᠶ᠋ᠢᠨ ᠪᠤᠳᠤᠯᠭ᠎ᠠ᠂ ᠮᠡᠷᠭᠡᠵᠢᠯ᠂ ᠮᠡᠳᠡᠭᠡ ᠵᠠᠩᠬᠢ ᠬᠦᠷᠭᠡᠬᠦ᠌ ᠬᠦᠷᠳᠡᠯ᠎ᠠ᠂ ᠬᠤᠤᠯᠢᠨ ᠭᠤᠤᠯ᠎ᠤᠨ ᠵᠤᠰᠠᠯᠠᠩ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠠᠯᠢᠪᠠ ᠠᠵᠢᠯ᠎ᠢᠶᠠᠨ ᠴᠦᠮ ᠮᠠᠯᠴᠢᠨ ᠲᠦᠮᠡᠨ᠎ᠳᠤ ᠦᠢᠯᠡᠴᠢᠯᠡᠬᠦ᠌ ᠬᠢᠵᠠᠭᠠᠷ ᠦᠬᠡᠢ ᠦᠢᠯᠡᠰ᠎ᠲᠤ ᠵᠤᠷᠢᠭᠤᠯᠵᠤ᠂ ᠤᠭ ᠰᠠᠨᠠᠭ᠎ᠠ ᠡᠬᠦᠷᠭᠡ ᠬᠠᠷᠢᠭᠤᠴᠠᠯᠭ᠎ᠠ᠎ᠪᠠᠨ ᠡᠢᠨ ᠬᠦ᠌ ᠦᠢᠯᠡᠳᠦᠯᠬᠡᠵᠢᠬᠦᠯᠦᠭ᠌ᠰᠡᠬᠡᠷ ᠁ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号