《ᠴᠡᠯᠡᠭᠡᠷ ᠳᠠᠯ᠎ᠠ᠎ᠳᠠᠭᠠᠨ ᠬᠠᠢᠷᠠᠳᠠᠢ》 ᠬᠡᠬᠦ᠌ ᠰᠦᠯᠵᠢᠶᠡᠨ ᠤᠳᠤᠳ᠎ᠤᠨ ᠱᠢᠭᠤᠳ ᠨᠡᠪᠳᠡᠷᠡᠭᠦᠯᠭᠡ ᠬᠦᠬᠡᠬᠤᠳᠠ᠎ᠳᠤ ᠶᠠᠪᠤᠭ᠍ᠳᠠᠪᠠ 
2020-08-13 11:04:45
ᠵᠣᠬᠢᠶᠠᠭ᠍ᠴᠢ᠄
ᠪᠤᠤ ᠰᠠᠷᠠᠭᠤᠯ
ᠣᠩᠱᠢᠭ᠍ᠰᠠᠨ ᠣᠳᠠᠭ᠎ᠠ᠄
★★★☆☆

8 ᠰᠠᠷ᠎ᠠ᠎ᠶ᠋ᠢᠨ 9 ᠎ᠤ ᠡᠳᠤᠷ᠂ 《ᠴᠡᠯᠡᠭᠡᠷ ᠳᠠᠯ᠎ᠠ᠎ᠳᠠᠭᠠᠨ ᠬᠠᠢᠷᠠᠳᠠᠢ》 ᠬᠡᠬᠦ᠌ ᠰᠦᠯᠵᠢᠶᠡᠨ ᠤᠳᠤᠳ᠎ᠤᠨ ᠱᠢᠭᠤᠳ ᠨᠡᠪᠳᠡᠷᠡᠭᠦᠯᠭᠡ ᠬᠢᠵᠤ ᠰᠤᠶᠤᠯ ᠵᠢᠭᠤᠯᠴᠢᠯᠠᠯ᠎ᠢᠶᠠᠷ ᠠᠷᠠᠳ᠎ᠲᠤ ᠠᠱᠢᠭ ᠬᠦᠷᠳᠡᠭᠡᠬᠦ᠌ ᠠᠵᠢᠯᠯᠠᠭ᠎ᠠ ᠬᠦᠬᠡᠬᠤᠳᠠ᠎ᠳᠤ ᠶᠠᠪᠤᠭ᠍ᠳᠠᠪᠠ᠃

ᠲᠤᠰ ᠠᠵᠢᠯᠯᠠᠭ᠎ᠠ᠎ᠨᠢ ᠪᠦᠷᠢᠨ ᠵᠠᠭᠤᠴᠢᠯᠠᠭᠤᠷ᠎ᠤᠨ ᠴᠠᠭ ᠦᠶ᠎ᠡ᠎ᠳᠠᠬᠢ ᠰᠤᠶᠤᠯ ᠵᠢᠭᠤᠯᠴᠢᠯᠠᠯ᠎ᠢ ᠳᠠᠨᠢᠯᠴᠠᠭᠤᠯᠤᠨ ᠤᠬᠠᠭᠤᠯᠬᠤ ᠱᠢᠨ᠎ᠡ ᠨᠢᠭᠡᠨ ᠬᠡᠯᠪᠡᠷᠢ ᠪᠠᠢᠵᠤ᠂ ᠤᠯᠤᠰ᠎ᠤᠨ ᠳᠤᠳᠤᠭᠠᠳᠤ᠎ᠶ᠋ᠢᠨ ᠮᠤᠵᠢ ᠠᠯᠤᠰᠯᠠᠠ ᠵᠢᠭᠤᠯᠴᠢᠯᠠᠬᠤ᠎ᠶ᠋ᠢ ᠠᠬᠢᠭᠤᠯᠤᠨ᠂ ᠬᠦᠬᠡᠬᠤᠳᠠ᠎ᠶ᠋ᠢᠨ ᠰᠤᠶᠤᠯ ᠵᠢᠭᠤᠯᠴᠢᠯᠠᠯ᠎ᠤᠨ ᠵᠠᠬ᠎ᠠ ᠳᠡᠯᠬᠡᠭᠦᠷ᠎ᠢ ᠬᠦᠭ᠌ᠵᠢᠭᠦᠯᠵᠤ᠂ ᠰᠤᠶᠤᠯ ᠵᠢᠭᠤᠯᠴᠢᠯᠠᠯ᠎ᠤᠨ ᠭᠦᠭ᠌ᠵᠢᠯᠳᠡ᠎ᠶ᠋ᠢ ᠬᠠᠢᠨ ᠰᠦᠪᠡᠭ᠌ᠴᠢᠯᠡᠭ᠌ᠰᠡᠨ ᠠᠷᠭ᠎ᠠ ᠬᠡᠮᠵᠢᠶ᠎ᠡ ᠪᠤᠯᠬᠤ ᠶᠤᠮ᠃

ᠰᠦᠯᠵᠢᠶᠡᠨ ᠤᠳᠤᠳ᠎ᠠᠴᠠ ᠬᠦᠬᠡᠬᠤᠳᠠ᠎ᠶ᠋ᠢᠨ ᠬᠤᠳᠠ᠎ᠶ᠋ᠢᠨ ᠦᠵᠡᠮᠵᠢ᠂ ᠱᠢᠨ᠎ᠡ ᠬᠦᠳᠡᠭᠡ ᠠᠵᠤ ᠠᠬᠤᠢ᠎ᠶ᠋ᠢᠨ ᠵᠢᠭᠤᠯᠴᠢᠯᠠᠯ᠂ ᠤᠳᠤᠨ ᠬᠤᠭᠤᠯᠠᠨ ᠬᠡᠷ ᠵᠡᠷᠭᠡ᠎ᠶ᠋ᠢ ᠳᠠᠨᠢᠯᠴᠠᠭᠤᠯᠵᠤ᠂ 《ᠤᠬᠤᠷ ᠹᠢᠯᠢᠮ + ᠱᠢᠭᠤᠳ ᠨᠡᠪᠳᠡᠷᠡᠭᠦᠯᠭᠡ》 ᠵᠡᠷᠭᠡ ᠬᠡᠯᠪᠡᠷᠢ᠎ᠪᠠᠷ ᠴᠡᠯᠡᠭᠡᠷ ᠳᠠᠯ᠎ᠠ᠎ᠶ᠋ᠢᠨ ᠪᠤᠷᠴᠠ᠂ ᠱᠤᠤᠮᠠᠢ᠂ ᠰᠦ᠎ᠲᠠᠢ ᠴᠠᠢ ᠵᠡᠷᠭᠡ ᠠᠮᠳᠠᠳᠤ ᠢᠳᠡᠭᠡᠨ᠎ᠢ ᠰᠦᠯᠵᠢᠶᠡᠨ ᠤᠷᠤᠨ ᠵᠠᠢ᠎ᠳᠤ ᠳᠠᠷᠬᠠᠭᠠᠭ᠍ᠰᠠᠨ ᠪᠠᠢᠨ᠎ᠠ᠃

 

 

 

 

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号