ᠠᠭᠤᠳᠠᠮ ᠲᠠᠯ᠎ᠠ᠎ᠳᠠᠭᠠᠨ ᠬᠠᠨᠭ᠌ᠭᠢᠨᠠᠭ᠍ᠰᠠᠨ ᠠᠷᠠᠳ᠎ᠤᠨ ᠰᠠᠢᠬᠠᠨ ᠲᠠᠭᠤᠤ ᠮᠢᠨᠢ
ᠤᠳᠤᠮᠳᠤ ᠲᠦᠮᠡᠨ᠎ᠢᠶᠠᠨ ᠪᠠᠶᠠᠰᠭᠠᠭ᠍ᠰᠠᠨ ᠤᠶᠠᠩᠭ᠎ᠠ᠎ᠶ᠋ᠢᠨ ᠰᠠᠢᠬᠠᠨ ᠡᠭᠡᠱᠢᠭ ᠮᠢᠨᠢ
ᠠᠷᠠᠳ᠎ᠤᠨ ᠲᠠᠭᠤᠤ᠎ᠪᠠᠨ ᠭᠡᠵᠦ᠍ ᠬᠦᠷᠦᠯᠴᠡᠨ ᠢᠷᠡᠭ᠌ᠰᠡᠨ ᠨᠤᠳᠤᠭ᠎ᠤᠨ ᠠᠷᠠᠳ ᠲᠦᠮᠡᠨ ᠵᠡᠭᠦᠨ ᠦᠵᠦᠮᠦᠴᠢᠨ ᠬᠤᠱᠢᠭᠤᠨ᠎ᠤ ᠤᠯᠢᠶᠠᠰᠤᠳᠠᠢ ᠪᠠᠯᠭᠠᠰᠤ᠎ᠶ᠋ᠢᠨ ᠦᠵᠦᠮᠦᠴᠢᠨ ᠠᠭᠤᠳᠠᠮ ᠳᠠᠯᠠᠪᠠᠢ᠎ᠳᠤ ᠮᠤᠩᠭᠤᠯ᠎ᠢᠶᠠᠷ᠎ᠢᠶᠠᠨ ᠭᠤᠶᠤᠯᠠᠵᠤ᠂ ᠮᠤᠩᠭᠤᠯ᠎ᠢᠶᠠᠷ᠎ᠢᠶᠠᠨ ᠪᠠᠭ᠍ᠠᠷᠬᠠᠵᠤ᠂ ᠮᠤᠩᠭᠤᠯ᠎ᠢᠶᠠᠷ᠎ᠢᠶᠠᠨ ᠳᠠᠭᠤᠯᠠᠵᠠᠭᠠᠨ᠎ᠠ᠃

8 ᠰᠠᠷ᠎ᠠ᠎ᠶ᠋ᠢᠨ 14 ᠤ ᠦᠳᠡ᠎ᠶ᠋ᠢᠨ ᠬᠤᠢᠨ᠎ᠠ᠂ ᠠᠷᠪᠠᠨ ᠳᠤᠯᠤᠳᠤᠭᠠᠷ ᠬᠤᠭᠤᠴᠠᠭᠠᠨ᠎ᠤ ᠳᠤᠮᠳᠠᠳᠤ ᠤᠯᠤᠰ • ᠦᠪᠦᠷ ᠮᠤᠩᠭᠤᠯ᠎ᠤᠨ ᠳᠠᠯ᠎ᠠ ᠨᠤᠳᠤᠭ᠎ᠤᠨ ᠰᠤᠶᠤᠯ᠎ᠤᠨ ᠨᠠᠢᠷ᠎ᠤᠨ ᠴᠢᠬᠤᠯᠠ ᠨᠢᠭᠡᠨ ᠲᠦᠷᠦᠯ ᠵᠦᠢᠯ ᠪᠤᠯᠬᠤ ᠡᠭᠦᠯᠡᠨ ᠬᠦᠯᠦᠭ •2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠤᠬᠠᠭᠤᠯᠭ᠎ᠠ᠎ᠶ᠋ᠢᠨ ᠳᠤᠭ᠍ᠯᠠᠯᠳᠠ ᠵᠡᠭᠦᠨ ᠦᠵᠦᠮᠦᠴᠢᠨ ᠬᠤᠱᠢᠭᠤᠨ᠎ᠤ ᠤᠯᠢᠶᠠᠰᠤᠳᠠᠢ ᠪᠠᠯᠭᠠᠰᠤ᠎ᠶ᠋ᠢᠨ ᠦᠵᠦᠮᠦᠴᠢᠨ ᠠᠭᠤᠳᠠᠮ ᠳᠠᠯᠠᠪᠠᠢ᠎ᠳᠤ ᠨᠢᠵᠢᠬᠢᠷ ᠰᠠᠢᠬᠠᠨ ᠶᠠᠪᠤᠭ᠍ᠳᠠᠭ᠍ᠰᠠᠨ ᠪᠢᠯᠡ᠃ ᠵᠡᠭᠦᠨ ᠦᠵᠦᠮᠦᠴᠢᠨ ᠬᠤᠱᠢᠭᠤ 《ᠨᠡᠭᠦᠳᠡᠯ ᠰᠤᠶᠤᠯ᠎ᠤᠨ ᠲᠠᠷᠬᠠᠨ ᠭᠤᠯᠤᠮᠳᠠ᠂ ᠨᠠᠢ᠍ᠮᠠᠨ ᠱᠢᠷᠭ᠎ᠠ᠎ᠶ᠋ᠢᠨ ᠤᠨᠠᠭᠠᠨ ᠨᠤᠳᠤᠭ᠂ ᠠᠪᠤᠷᠭᠤ ᠪᠦᠬᠡ᠎ᠶ᠋ᠢᠨ ᠠᠯᠳᠠᠨ ᠦᠯᠦᠭᠡᠢ᠂ ᠤᠷᠳᠤ᠎ᠶ᠋ᠢᠨ ᠲᠠᠭᠤᠤ᠎ᠶ᠋ᠢᠨ ᠤᠶᠠᠩᠭᠠᠳᠤ ᠬᠦᠳᠡᠭᠡ᠂ ᠤᠷᠠᠨ ᠦᠢᠯᠡ᠎ᠶ᠋ᠢᠨ ᠤᠯᠠᠮᠵᠢᠯᠠᠯᠳᠤ ᠤᠷᠤᠨ》 ᠵᠡᠷᠭᠡ ᠢᠷᠠᠭᠤ ᠠᠯᠳᠠᠷ᠎ᠢᠶᠠᠷ ᠬᠤᠱᠢᠭᠤ ᠨᠤᠳᠤᠭ᠎ᠢᠶᠠᠨ ᠴᠢᠮᠡᠵᠦ᠍ ᠪᠠᠢᠳᠠᠭ᠃ ᠲᠤᠰ ᠤᠳᠠᠭᠠᠨ᠎ᠤ ᠤᠷᠤᠯᠳᠤᠭᠠᠨ᠎ᠢ ᠨᠡᠩ ᠰᠠᠢᠳᠤᠷ ᠤᠬᠠᠭᠤᠯᠤᠨ ᠰᠤᠷᠳᠠᠯᠴᠢᠯᠠᠵᠦ᠍᠂ ᠨᠡᠩ ᠤᠯᠠᠨ ᠬᠦᠮᠦᠰ᠎ᠲᠤ ᠡᠨᠡ ᠠᠯᠳᠠᠨ ᠪᠤᠯᠤᠮᠵᠢ᠎ᠶ᠋ᠢ ᠬᠠᠨᠭ᠌ᠭᠠᠬᠤ᠎ᠶ᠋ᠢᠨ ᠲᠦᠯᠦᠭᠡ᠂ ᠤᠬᠠᠭᠤᠯᠭ᠎ᠠ᠎ᠶ᠋ᠢᠨ ᠳᠤᠭ᠍ᠯᠠᠯᠳᠠ᠎ᠶ᠋ᠢ ᠦᠨᠢᠷ ᠪᠠᠶᠠᠯᠢᠭ ᠵᠡᠭᠦᠨ ᠦᠵᠦᠮᠦᠴᠢᠨ ᠬᠤᠱᠢᠭᠤᠨ᠎ᠳᠤ ᠶᠠᠪᠤᠭ᠍ᠳᠠᠭᠤᠯᠵᠤ᠂ ᠠᠷᠠᠳ᠎ᠤᠨ ᠰᠠᠢᠬᠠᠨ ᠲᠠᠭᠤᠤ᠎ᠪᠠᠨ ᠠᠯᠳᠠ ᠴᠡᠩᠬᠡᠷ ᠬᠠᠳᠠᠭ ᠪᠤᠯᠭᠠᠨ ᠤᠯᠠᠨ ᠲᠦᠮᠡᠨ᠎ᠲᠠᠢ᠎ᠪᠠᠨ ᠠᠭᠤᠯᠵᠠᠨ ᠤᠴᠠᠷᠠᠭ᠍ᠰᠠᠨ ᠪᠠᠢᠨ᠎ᠠ᠃

ᠦᠵᠦᠮᠦᠴᠢᠨ ᠨᠤᠳᠤᠭ᠎ᠢ ᠶᠠᠷᠢᠬᠤ᠎ᠳᠤ ᠵᠦᠭ ᠵᠦᠭ᠎ᠤᠨ ᠰᠠᠯᠬᠢ᠎ᠠᠴᠠ᠎ᠨᠢ ᠮᠤᠩᠭᠤᠯ᠎ᠤᠨ ᠦᠨᠦᠷ ᠬᠠᠨᠭ᠌ᠬᠤᠯᠵᠤ᠂ ᠵᠦᠢᠯ᠎ᠤᠨ ᠱᠢᠪᠠᠭᠤᠳ ᠵᠢᠷᠭᠢᠨ ᠲᠤᠩᠭᠤᠳᠴᠤ᠌ ᠵᠢᠷᠭᠠᠯᠳᠤ ᠠᠮᠢᠳᠤᠷᠠᠯ᠎ᠤᠨ ᠠᠶᠠᠰ ᠬᠦᠭ᠌ᠯᠡᠭ᠌ᠳᠡᠨᠡ᠃ 《ᠦᠵᠡᠰᠭᠦᠯᠡᠩᠳᠤ ᠰᠠᠢᠬᠠᠨ ᠦᠵᠦᠮᠦᠴᠢᠨ ᠨᠤᠲᠤᠭ》᠂ 《ᠴᠠᠭᠠᠨ ᠳᠤᠬᠤᠢ ᠨᠤᠳᠤᠭ》᠂ 《ᠴᠡᠩᠬᠡᠷ ᠬᠠᠩᠭᠠᠢ ᠨᠤᠳᠤᠭ》 ᠬᠡᠳ ᠨᠤᠳᠤᠭ ᠤᠰᠤᠨ᠎ᠤ᠎ᠪᠠᠨ ᠴᠡᠩᠬᠡᠷ ᠳᠤᠩᠭᠠᠯᠠᠭ ᠲᠡᠭ᠌ᠷᠢ᠂ ᠳᠠᠢᠪᠤᠩ ᠠᠮᠤᠭᠤᠯᠠᠩ ᠬᠦᠳᠡᠭᠡ᠂ ᠬᠦᠭ᠌ᠵᠢᠶᠡᠨ ᠨᠠᠷᠭᠢᠶᠠᠨᠳᠤ ᠠᠮᠢᠳᠤᠷᠠᠯ᠎ᠢᠶᠠᠨ ᠮᠠᠭ᠍ᠳᠠᠨ ᠮᠠᠭ᠍ᠳᠠᠨ ᠳᠠᠭᠤᠯᠠᠨ᠎ᠠ᠃

ᠦᠵᠦᠮᠦᠴᠢᠨ ᠨᠤᠳᠤᠭ᠎ᠲᠤ ᠭᠤᠷᠪᠠᠨ ᠬᠦᠮᠦᠨ ᠬᠠᠮᠲᠤ ᠪᠠᠢᠪᠠᠯ ᠨᠢᠭᠡ᠎ᠨᠢ ᠲᠠᠭᠤᠴᠢᠨ᠂ ᠨᠢᠭᠡ᠎ᠨᠢ ᠪᠦᠬᠡᠴᠢᠨ᠂ ᠨᠢᠭᠡ᠎ᠨᠢ ᠤᠷᠭᠠᠴᠢᠨ ᠭᠡᠵᠦ᠍ ᠬᠡᠯᠡᠳᠡᠭ᠂ ᠲᠠᠢᠮᠦ᠍ ᠪᠤᠯᠬᠤᠷ ᠡᠨᠡ ᠨᠤᠳᠤᠭ᠎ᠠᠴᠠ ᠠᠪᠤᠷᠭᠤ ᠴᠤᠤᠳᠤ ᠪᠦᠬᠡᠴᠢᠳ᠎ᠠᠴᠠ ᠠᠪᠤᠭᠠᠳ ᠠᠷᠠᠳ᠎ᠤᠨ ᠰᠠᠢᠬᠠᠨ ᠲᠠᠭᠤᠤ᠎ᠪᠠᠨ ᠦᠪᠯᠡᠨ ᠤᠯᠠᠮᠵᠢᠯᠠᠭ᠍ᠰᠠᠨ ᠮᠠᠰᠢ ᠤᠯᠠᠨ ᠤᠷᠠᠯᠢᠭ᠍ᠴᠢᠨ ᠲᠠᠭᠤᠴᠢᠳ ᠴᠤᠯᠭᠤᠷᠠᠨ ᠭᠠᠷᠤᠭ᠍ᠰᠠᠨ ᠪᠦᠬᠡᠳ ᠠᠷᠠᠳ᠎ᠤᠨ ᠳᠤᠮᠳᠠ᠎ᠪᠠᠨ ᠳᠠᠭᠤᠯᠠᠭ᠍ᠳᠠᠵᠤ᠂ ᠤᠨᠴᠠᠯᠠᠨ ᠳᠤᠷᠠᠳᠤᠭᠤᠱᠢᠳᠠᠢ᠎ᠨᠢ 《ᠳᠦᠭᠦᠷᠡᠩᠵᠠᠭᠠᠨ᠎ᠠ》 ᠪᠢᠯᠡ᠃ ᠬᠠᠭᠤᠴᠢᠳ ᠬᠠᠮᠳᠤᠯᠢᠭ ᠡᠨᠡ ᠬᠦ᠌ ᠰᠠᠢᠬᠠᠨ ᠤᠷᠳᠤ᠎ᠶ᠋ᠢᠨ ᠳᠠᠭᠤᠤ᠎ᠪᠠᠨ ᠱᠢᠨ᠎ᠡ᠎ᠪᠠᠷ ᠨᠠᠢᠷᠠᠭᠤᠯᠤᠨ᠂ ᠬᠦᠬᠡᠮᠠᠢ ᠬᠠᠪᠰᠤᠷᠭᠠᠨ ᠳᠠᠭᠤᠯᠠᠵᠤ᠂ ᠤᠯᠠᠮᠵᠢᠯᠠᠯᠳᠤ ᠠᠷᠠᠳ᠎ᠤᠨ ᠳᠠᠭᠤᠤ᠎ᠪᠠᠨ ᠱᠢᠨ᠎ᠡ᠎ᠪᠠᠷ ᠬᠦᠭ᠌ᠵᠢᠭᠦᠯᠦᠨ ᠤᠯᠠᠮᠵᠢᠯᠠᠵᠤ ᠶᠠᠪᠤᠨ᠎ᠠ᠃

ᠠᠷᠠᠳ᠎ᠤᠨ ᠦᠭᠡᠨ᠎ᠳᠤ 《ᠨᠠᠷᠠ᠎ᠪᠠᠨ ᠲᠠᠭᠠᠪᠠᠯ ᠲᠠᠭᠠᠷᠠᠬᠤ ᠦᠭᠡᠢ᠂ ᠨᠠᠮ᠎ᠢᠶᠠᠨ ᠲᠠᠭᠠᠪᠠᠯ ᠪᠤᠷᠤᠭᠤᠳᠠᠬᠤ ᠦᠭᠡᠢ》 ᠭᠡᠵᠦ᠍ ᠶᠠᠷᠢᠳᠠᠭ᠃ ᠡᠨᠡ ᠨᠤᠳᠤᠭ᠎ᠤᠨ ᠬᠦᠮᠦᠨ ᠠᠷᠠᠳ ᠴᠦ᠍ ᠭᠡᠰᠡᠨ ᠨᠠᠮ ᠠᠷᠠᠳ ᠲᠦᠮᠡᠨ᠎ᠢᠶᠠᠨ ᠮᠠᠭ᠍ᠳᠠᠨ ᠲᠠᠭᠤᠯᠠᠵᠦ᠍᠂ 《ᠠᠮᠤᠭᠤᠯᠠᠩᠳᠤ ᠲᠦᠷᠦ᠎ᠶ᠋ᠢᠨ ᠳᠤᠪᠴᠢᠶᠠᠨ》᠂ 《ᠬᠦᠬᠡ ᠳᠤᠷᠭᠠᠨ ᠳᠡᠪᠡᠯ》᠂ 《ᠮᠠᠯᠴᠢᠨ ᠲᠦᠮᠡᠨ ᠡᠪ ᠬᠠᠮᠳᠤ ᠨᠠᠮ᠎ᠢᠶᠠᠨ ᠮᠠᠭ᠍ᠳᠠᠨ ᠲᠠᠭᠤᠯᠠᠨ᠎ᠠ》 ᠵᠡᠷᠭᠡ ᠲᠠᠭᠤᠤ᠎ᠪᠠᠷ᠎ᠢᠶᠠᠨ ᠰᠡᠳᠭᠢᠯ᠎ᠢᠶᠠᠨ ᠢᠯᠡᠳᠭᠡᠨ᠎ᠡ᠃

ᠠᠷᠠᠳ᠎ᠤᠨ ᠳᠠᠭᠤᠤ ᠦᠵᠦᠮᠦᠴᠢᠨ ᠠᠭᠤᠳᠠᠮ ᠳᠠᠯᠠᠪᠠᠢ᠎ᠶ᠋ᠢ ᠬᠠᠩᠬᠢᠨᠠᠭᠤᠯᠤᠨ᠂ ᠠᠭᠠᠷ᠎ᠤᠨ ᠳᠤᠯᠬᠢᠶᠠᠨ ᠰᠦᠯᠵᠢᠶᠠᠨ᠎ᠤ ᠴᠤᠤᠷᠢᠶ᠎ᠠ᠎ᠪᠠᠷ ᠬᠦᠯᠦᠨ ᠪᠦᠢᠷ᠎ᠠᠴᠠ ᠠᠯᠠᠱᠠ᠂ ᠦᠪᠦᠷ ᠮᠤᠩᠭᠤᠯ᠎ᠠᠴᠠ ᠪᠦᠮᠪᠦᠷᠴᠡᠭ᠎ᠤᠨ ᠴᠠᠭᠠᠨ᠎ᠠ ᠬᠦᠷᠳᠡᠯ᠎ᠡ ᠳᠠᠮᠵᠢᠭ᠍ᠳᠠᠵᠤ᠂ ᠦᠵᠦᠮᠦᠴᠢᠨ ᠠᠷᠠᠳ᠎ᠤᠨ ᠳᠠᠭᠤᠤ᠂ ᠬᠤᠷᠴᠢᠨ ᠠᠷᠠᠳ᠎ᠤᠨ ᠳᠠᠭᠤᠤ᠂ ᠪᠠᠷᠭᠤ ᠠᠷᠠᠳ᠎ᠤᠨ ᠳᠠᠭᠤᠤ᠂ ᠤᠷᠠᠳ ᠠᠷᠠᠳ᠎ᠤᠨ ᠳᠠᠭᠤᠤ᠂ ᠤᠷᠳᠤᠰ ᠠᠷᠠᠳ᠎ᠤᠨ ᠳᠠᠭᠤᠤ ᠁ ᠬᠡᠭᠦᠴᠢᠯᠡᠨ 《ᠡᠭᠦᠯᠡᠨ ᠬᠦᠯᠦᠭ》 ᠠᠷᠠᠳ᠎ᠤᠨ ᠳᠠᠭᠤᠤ᠎ᠶ᠋ᠢᠨ ᠤᠷᠤᠯᠳᠤᠭᠠᠨ᠎ᠤ ᠰᠠᠢᠬᠠᠨ ᠴᠢᠮᠡᠭᠡ᠎ᠶ᠋ᠢ ᠬᠦᠮᠦᠨ ᠠᠷᠠᠳ᠎ᠲᠠᠭᠠᠨ ᠲᠤᠭᠤᠯᠭᠠᠯ᠎ᠠ᠃ ᠡᠭᠦᠯᠡᠨ ᠬᠦᠯᠦᠭ ᠱᠢᠯᠵᠢᠶ᠎ᠡ ᠪᠠ ᠳᠠᠯ ᠨᠤᠳᠤᠭ᠎ᠤᠨ ᠡᠭᠦᠯᠡ ᠱᠢᠯᠵᠢᠶ᠎ᠡ᠎ᠪᠠᠷ ᠱᠢᠭᠤᠳ ᠨᠡᠪᠳᠡᠷᠡᠭᠦᠯᠭᠡ᠎ᠶ᠋ᠢ ᠬᠦᠯᠢᠶᠡᠨ ᠰᠤᠨᠢᠷᠬᠠᠭ᠍ᠰᠠᠨ ᠬᠦᠮᠦᠨ᠎ᠤ ᠳᠤᠭ᠎ᠠ 15 ᠲᠦᠮᠡ᠎ᠶ᠋ᠢ ᠳᠠᠪᠠᠵᠤ᠂ ᠤᠬᠠᠭᠤᠯᠭ᠎ᠠ᠎ᠶ᠋ᠢᠨ ᠲᠤᠭ᠍ᠯᠠᠯᠳᠠ ᠦᠯᠵᠡᠢᠳᠠᠢ ᠰᠠᠢᠬᠠᠨ ᠦᠨᠳᠦᠷᠯᠡᠵᠦ᠍ ᠪᠢᠯᠡ᠃

ᠠᠷᠠᠳ᠎ᠤᠨ ᠲᠠᠭᠤᠤ᠎ᠶ᠋ᠢᠨ ᠱᠢᠷᠤᠩᠬᠠᠢ ᠤᠶᠠᠩᠭᠠᠷᠠᠨ ᠤᠶᠠᠩᠭᠠᠷᠠᠬᠤ ᠪᠤᠯᠳᠤᠭᠠᠢ!
ᠠᠷᠠᠳ᠎ᠤᠨ ᠲᠠᠭᠤᠤ᠎ᠶ᠋ᠢᠨ ᠢᠷᠡᠭᠡᠳᠦᠢ ᠤᠯᠠᠮ ᠰᠠᠷᠠᠭᠤᠯ ᠪᠠᠢᠬᠤ ᠪᠤᠯᠳᠤᠭᠠᠢ!



(ᠭᠡᠷᠡᠯ ᠵᠢᠷᠤᠭ᠎ᠤᠳ᠎ᠢ ᠳᠤᠰ ᠰᠤᠨᠢᠨ᠎ᠤ ᠰᠤᠷᠪᠤᠯᠵᠢᠯᠠᠭ᠍ᠴᠢ ᠮᠠ ᠵᠢᠶᠠᠨ ᠴᠢᠤᠸᠠᠨ ᠪᠤᠤ ᠰᠠᠷᠠᠭᠤᠯ ᠪᠢᠯᠢᠭ᠍ᠪᠠᠭᠠᠳᠤᠷ ᠰᠡᠭᠦᠳᠡᠷᠯᠡᠪᠡ)