ᠳᠣᠯᠣᠳᠤᠭᠠᠷ ᠬᠤᠭᠤᠴᠠᠭᠠᠨ᠎ᠤ ᠥᠪᠥᠷ ᠮᠣᠩᠭᠤᠯ᠎ᠤᠨ ᠣᠯᠠᠨ ᠤᠯᠤᠰ᠎ᠤᠨ ᠮᠣᠷᠢᠨ ᠮᠡᠷᠭᠡᠵᠢᠯ᠎ᠤᠨ ᠨᠠᠢᠷ ᠵᠢᠴᠢ 《ᠮᠣᠩᠭᠤᠯ ᠮᠣᠷᠢ》 ᠣᠯᠠᠨ ᠤᠯᠤᠰ᠎ᠤᠨ ᠡᠮᠨᠢᠭ ᠰᠤᠷᠭᠠᠬᠤ ᠤᠷᠤᠯᠳᠤᠭᠠᠨ ᠲᠤᠯᠤᠨ ᠨᠤᠤᠷ ᠱᠢᠶᠠᠨ᠎ᠳᠤ ᠶᠠᠪᠤᠭ᠍ᠳᠠᠪᠠ
2020-08-20 10:44:42
ᠵᠣᠬᠢᠶᠠᠭ᠍ᠴᠢ᠄
ᠪᠢᠯᠢᠭ᠌ᠪᠡᠭᠠᠳᠤᠷ
ᠣᠩᠱᠢᠭ᠍ᠰᠠᠨ ᠣᠳᠠᠭ᠎ᠠ᠄
★★★☆☆

8 ᠰᠠᠷ᠎ᠠ᠎ᠶ᠋ᠢᠨ 14 ᠎ᠤ ᠡᠳᠦᠷ᠂ ᠳᠣᠯᠣᠳᠤᠭᠠᠷ ᠬᠤᠭᠤᠴᠠᠭᠠᠨ᠎ᠤ ᠥᠪᠥᠷ ᠮᠣᠩᠭᠤᠯ᠎ᠤᠨ ᠣᠯᠠᠨ ᠤᠯᠤᠰ᠎ᠤᠨ ᠮᠣᠷᠢᠨ ᠮᠡᠷᠭᠡᠵᠢᠯ᠎ᠤᠨ ᠨᠠᠢᠷ ᠵᠢᠴᠢ 《ᠮᠣᠩᠭᠤᠯ ᠮᠣᠷᠢ》 ᠣᠯᠠᠨ ᠤᠯᠤᠰ᠎ᠤᠨ ᠡᠮᠨᠢᠭ ᠰᠤᠷᠭᠠᠬᠤ ᠤᠷᠤᠯᠳᠤᠭᠠᠨ᠎ᠤ ᠱᠢᠯᠢ᠎ᠶ᠋ᠢᠨ ᠭᠤᠤᠯ ᠦᠷᠳᠡᠭᠡᠨ᠎ᠤ ᠤᠷᠤᠯᠳᠤᠭᠠᠨ ᠲᠤᠯᠤᠨ ᠨᠠᠭᠤᠷ ᠱᠢᠶᠠᠨ᠎ᠳᠤ ᠶᠠᠪᠤᠭ᠍ᠳᠠᠵᠤ᠂ ᠮᠠᠨ᠎ᠤ ᠤᠷᠤᠠ᠎ᠤ ᠡᠯ᠎ᠡ ᠠᠢᠮᠠᠭ ᠬᠤᠲᠠ᠎ᠠᠴᠠ ᠬᠦᠷᠦᠯᠴᠡᠨ ᠢᠷᠡᠭ᠌ᠰᠡᠨ 26 ᠲᠥᠯᠥᠭᠡᠯᠡᠭ᠌ᠴᠢ᠎ᠶ᠋ᠢᠨ ᠠᠩᠭᠢ᠎ᠶ᠋ᠢᠨ 150 ᠭᠠᠷᠤᠢ ᠲᠠᠮᠢᠷᠴᠢᠨ ᠤᠷᠤᠯᠴᠠᠪᠠ᠃ 

ᠡᠮᠨᠢᠭ ᠲᠤᠭ᠍ᠰᠢᠨ᠎ᠢ ᠰᠤᠷᠭᠠᠵᠤ ᠡᠳ᠋ᠯᠡᠭᠡ ᠬᠡᠷᠡᠭ᠌ᠯᠡᠭᠡᠨ᠎ᠳᠡᠭᠡᠨ ᠭᠠᠷᠱᠢᠭᠤᠯᠬᠤ ᠪᠤᠯ ᠮᠤᠩᠭᠤᠯᠴᠤᠳ᠎ᠤᠨ ᠨᠡᠭᠦᠳᠡᠯ ᠮᠠᠯᠵᠢᠯ᠎ᠤᠨ ᠦᠪ ᠰᠤᠶᠤᠯ ᠵᠠᠩ ᠵᠠᠩᠱᠢᠯ᠎ᠤᠨ ᠨᠢᠬᠡ ᠪᠤᠯᠬᠤ ᠶᠤᠮ᠃ ᠤᠷᠤᠯᠳᠤᠭᠠᠨ᠎ᠤ ᠲᠤᠬᠠᠢ᠎ᠶ᠋ᠢᠨ ᠲᠠᠯᠠᠪᠤᠷ᠎ᠲᠤ᠌᠂ ᠲᠠᠯ᠎ᠠ᠎ᠶ᠋ᠢᠨ ᠰᠠᠯᠬᠢᠨ᠎ᠠᠴᠠ ᠪᠤᠰᠤᠳ᠎ᠢ ᠨᠢᠷᠤᠭᠤᠨ ᠲᠡᠭᠡᠷ᠎ᠡ᠎ᠪᠠᠨ ᠭᠠᠷᠭᠠᠵᠤ ᠦᠵᠡᠭᠡ ᠦᠬᠡᠢ ᠰᠤᠭᠤ ᠱᠢᠬ ᠰᠠᠢᠬᠠᠨ ᠰᠤᠷᠳᠤᠯᠵᠠᠭ᠍ᠰᠠᠨ ᠡᠮᠨᠢᠭ ᠬᠠᠨᠭ᠌ᠭᠠᠯ᠎ᠤᠳ ᠲᠤᠭᠤᠰᠤ ᠪᠤᠳᠠᠷᠠᠭᠤᠯᠤᠨ ᠲᠠᠭᠠᠷᠢᠬᠤ᠎ᠳᠤ ᠱᠢᠨᠳᠠᠰᠤ ᠱᠢᠷᠪᠤᠰᠤ᠎ᠨᠢ ᠡᠷᠴᠢᠯᠡᠭ᠌ᠳᠡᠵᠤ ᠬᠠᠱᠢᠷ ᠰᠠᠭᠤᠭ᠍ᠰᠠᠨ ᠡᠷᠠᠮᠡᠭᠡᠢ ᠵᠤᠷᠢᠭ᠍ᠳᠠᠢ ᠤᠷᠭᠠᠴᠢᠳ ᠬᠠᠨᠴᠤᠢ ᠱᠢᠮᠠᠯᠠᠨ ᠱᠢᠭᠤᠷᠬᠠᠢᠯᠠᠨ᠎ᠠ᠃ ᠡᠮᠨᠢᠭ ᠲᠤᠭ᠍ᠰᠢᠨ ᠮᠤᠷᠢᠳ ᠬᠡᠳᠤᠢ ᠠᠷᠳᠠᠭ ᠪᠠᠢᠯ᠎ᠠ ᠴᠤ᠌ ᠬᠠᠱᠢᠷ ᠤᠷᠭᠠᠴᠢᠳ᠎ᠤᠨ ᠭᠠᠷ᠎ᠠᠴᠠ ᠬᠡᠷᠬᠢᠨ ᠮᠤᠯᠳᠤᠷᠠᠵᠤ ᠲᠡᠢᠯᠬᠦ᠌ ᠠᠵᠢ᠃ ᠨᠡᠩ ᠴᠤ᠌ ᠲᠠᠯᠠᠪᠠᠢ ᠲᠦᠭᠦᠷᠳᠠᠯ᠎ᠠ ᠰᠠᠭᠤᠯᠴᠠᠭ᠍ᠰᠠᠨ ᠦᠵᠡᠭ᠌ᠴᠢᠳ᠎ᠤᠨ ᠦᠶ᠎ᠡ ᠦᠶ᠎ᠡ ᠤᠤᠬᠠᠢᠯᠠᠯᠳᠤᠬᠤ ᠲᠠᠭᠤᠨ ᠬᠢᠭᠡᠳ ᠪᠤᠯᠬᠢᠨ ᠨᠠᠳᠭᠤᠬᠤ ᠮᠤᠷᠢᠳ᠎ᠤᠨ ᠲᠦᠪᠡᠷᠭᠡᠨ ᠨᠡᠢᠯᠡᠭᠡᠳ ᠠᠳᠠᠪᠠᠰᠢ ᠰᠦᠷ ᠵᠢᠪᠬᠤᠯᠠᠩᠳᠠᠢ ᠪᠠᠢᠯ᠎ᠠ᠃

ᠬᠤᠷᠴᠠ ᠱᠢᠷᠦᠭᠦᠨ ᠦᠷᠢᠰᠦᠯᠳᠦᠭᠡᠨ᠎ᠢᠶᠠᠷ ᠲᠠᠮᠵᠢᠭᠠᠳ ᠰᠥᠨᠢᠳ ᠵᠡᠭᠦᠨ ᠬᠤᠱᠢᠭᠤᠨ᠎ᠠᠴᠠ ᠬᠦᠷᠦᠯᠴᠡᠨ ᠢᠷᠡᠭ᠌ᠰᠡᠨ ᠪᠠᠶᠠᠨᠪᠤᠯᠤᠳ ᠪᠠᠭ᠎ᠤᠨ᠎ᠬᠢᠨ ᠮᠠᠩᠯᠠᠢᠯᠠᠵᠤ᠂ ᠱᠢᠯᠢᠩᠬᠤᠲᠠ᠎ᠠᠴᠠ ᠤᠷᠤᠯᠴᠠᠭ᠍ᠰᠠᠨ ᠢᠯᠠᠯᠳᠠ ᠪᠠᠭ᠎ᠤᠨ᠎ᠬᠢᠨ ᠳᠡᠳ᠋ᠯᠡᠪᠡ᠃ ᠲᠤᠯᠤᠨ ᠨᠠᠭᠤᠷ ᠱᠢᠶᠠᠨ᠎ᠤ ᠲᠥᠯᠥᠭᠡᠯᠡᠭ᠌ᠴᠢᠳ᠎ᠤᠨ ᠪᠠᠭ᠂ ᠰᠥᠨᠢᠳ ᠵᠡᠭᠦᠨ ᠬᠤᠱᠢᠭᠤᠨ᠎ᠤ ᠰᠠᠢᠬᠠᠨᠭᠤᠪᠢ ᠪᠠᠭ᠂ ᠠᠪᠠᠭ᠎ᠠ ᠬᠤᠱᠢᠭᠤᠨ᠎ᠤ ᠪᠠᠶᠠᠨᠬᠤᠩᠭᠤᠷ ᠪᠠᠭ᠎ᠤᠨ᠎ᠬᠢᠨ ᠲᠤᠰ ᠲᠤᠰ ᠭᠤᠷᠪᠠᠳᠤᠭᠠᠷ ᠨᠡᠷ᠎ᠡ᠎ᠳᠤ ᠲᠤᠳᠤᠷᠠᠪᠠ᠃

ᠲᠤᠰ ᠬᠤᠭᠤᠴᠠᠭᠠᠨ᠎ᠤ ᠤᠷᠤᠯᠳᠤᠭᠠᠨ ᠪᠣᠯ ᠲᠤᠯᠤᠨ ᠨᠤᠤᠷ ᠱᠢᠶᠠᠨ᠎ᠤ ᠱᠢᠨ᠎ᠡ ᠲᠢᠳᠢᠮᠯᠢᠭ ᠠᠭᠤᠰᠭᠢᠨ ᠦᠷᠪᠢᠰᠤᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠠᠵᠢᠯ ᠬᠡᠪ᠎ᠤᠨ ᠪᠠᠢᠳᠠᠯ᠎ᠳᠤ ᠤᠷᠤᠭ᠍ᠰᠠᠨ᠎ᠠᠴᠠ ᠨᠠᠭᠠᠰᠢ᠂ ᠥᠪᠥᠷ ᠮᠣᠩᠭᠤᠯ᠎ᠤᠨ ᠠᠷᠪᠠᠨ ᠳᠥᠷᠪᠡᠳᠦᠭᠡᠷ ᠬᠤᠭᠤᠴᠠᠭᠠᠨ᠎ᠤ ᠳᠣᠯᠣᠨ ᠨᠤᠤᠷ᠎ᠢ ᠲᠣᠭᠤᠷᠢᠭ᠍ᠰᠠᠨ ᠵᠠᠰᠠᠮᠠᠯ ᠵᠠᠮ᠎ᠤᠨ ᠳᠤᠭᠤᠶ ᠲᠡᠷᠭᠡᠨ᠎ᠤ ᠤᠷᠤᠯᠳᠤᠭᠠᠨ᠎ᠢ ᠠᠮᠵᠢᠯᠲᠠ᠎ᠲᠠᠢ ᠡᠷᠬᠢᠯᠡᠭ᠌ᠰᠡᠨ᠎ᠠᠴᠠ ᠲᠠᠷᠠᠭᠠᠬᠢ ᠪᠠᠰᠠ ᠨᠢᠭᠡ ᠤᠳᠠᠭᠠᠨ᠎ᠤ ᠲᠤᠮᠤ ᠬᠡᠯᠪᠡᠷᠢ᠎ᠶ᠋ᠢᠨ ᠲᠠᠮᠢᠷ᠎ᠤᠨ ᠤᠷᠤᠯᠳᠤᠭᠠᠨ ᠪᠤᠯᠤᠨ᠎ᠠ᠃ ᠲᠤᠰ ᠤᠳᠠᠭ᠎ᠠ ᠠᠳᠤᠭᠤᠨ᠎ᠤ ᠠᠵᠤ ᠦᠢᠯᠡᠰ᠎ᠢᠶᠠᠷ ᠴᠢᠬᠤᠯᠠ ᠬᠤᠯᠪᠤᠭᠠᠰᠤ ᠪᠤᠯᠭᠠᠵᠤ᠂ ᠰᠤᠶᠤᠯ ᠲᠠᠮᠢᠷ ᠵᠢᠭᠤᠯᠴᠢᠯᠠᠯ᠎ᠤᠨ ᠦᠢᠯᠡᠰ᠎ᠢ ᠠᠬᠢᠭᠤᠯᠤᠨ ᠬᠦᠭ᠌ᠵᠢᠭᠦᠯᠬᠦ᠌᠎ᠶ᠋ᠢᠨ ᠤᠯᠠᠮ᠎ᠢᠶᠠᠷ 《ᠮᠤᠩᠭᠤᠯ ᠮᠤᠷᠢᠨ᠎ᠤ ᠵᠤᠷᠢᠭ ᠰᠠᠨᠠᠭ᠎ᠠ》 ᠎ᠶ᠋ᠢ ᠤᠯᠠᠮ ᠨᠢᠭᠡ ᠠᠯᠬᠤᠮ ᠪᠠᠳᠠᠷᠠᠭᠤᠯᠤᠭ᠍ᠰᠠᠨ ᠪᠠᠢᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号