ᠠᠷᠠᠳ᠎ᠤᠨ ᠠᠮᠢᠳᠤᠷᠠᠯ᠎ᠤᠨ ᠠᠰᠠᠭᠤᠳᠠᠯ ᠪᠤᠯ ᠠᠷᠠᠳ ᠤᠯᠠᠨ᠎ᠲᠠᠢ ᠱᠢᠭᠤᠳ ᠬᠤᠯᠪᠤᠭ᠍ᠳᠠᠬᠤ ᠬᠠᠮᠤᠭ᠎ᠤᠨ ᠪᠤᠳᠠᠳᠤ ᠴᠢᠨᠠᠷᠳᠠᠢ ᠠᠰᠠᠭᠤᠳᠠᠯ ᠮᠦᠨ᠂ ᠤᠨᠴᠠᠭᠠᠢ ᠪᠠᠢᠲᠠᠯ᠎ᠳᠤ ᠲᠤᠯᠭᠠᠷᠠᠬᠤ ᠲᠤᠳᠤᠮ᠎ᠢᠶᠠᠨ ᠠᠷᠠᠳ᠎ᠤᠨ ᠠᠮᠢᠳᠤᠷᠠᠯ᠎ᠤᠨ ᠠᠵᠢᠯ᠎ᠢ ᠨᠡᠩ ᠲᠤᠪᠤᠢᠮ᠎ᠠ ᠪᠠᠢᠷᠢᠨ᠎ᠳᠤ ᠲᠠᠯᠪᠢᠵᠤ ᠤᠨᠴᠠᠯᠠᠨ ᠠᠳᠭᠤᠬᠤ ᠴᠢᠬᠤᠯᠠᠳᠠᠢ᠃ ᠮᠠᠨ᠎ᠤ ᠤᠷᠤᠨ ᠬᠢᠵᠢᠭ᠎ᠤᠨ ᠪᠠᠢᠲᠠᠯ᠎ᠢ ᠪᠠᠢᠩᠭᠤᠵᠢᠭᠤᠯᠤᠨ ᠰᠡᠷᠬᠡᠢᠯᠠᠨ ᠡᠵᠡᠮᠲᠠᠬᠦ᠌ᠶ᠋ᠢᠨ ᠬᠠᠮᠳᠤ ᠰᠠᠭᠤᠭᠠᠯᠢ ᠠᠷᠡᠳ᠎ᠤᠨ ᠤᠷᠤᠯᠭ᠎ᠠ᠎ᠶ᠋ᠢ ᠨᠡᠮᠡᠭ᠌ᠲᠠᠭᠦᠯᠬᠦ᠂ ᠨᠠᠰᠤᠵᠢᠯ᠎ᠤᠨ ᠲᠠᠭᠠᠳᠭᠠᠯ᠎ᠤᠨ ᠮᠦᠡᠭ᠌ᠬᠦ ᠵᠢᠴᠢ ᠬᠤᠲᠠ ᠬᠦᠲᠡᠭᠡ᠎ᠶ᠋ᠢᠨ ᠰᠠᠭᠤᠭᠠᠯᠢ ᠠᠷᠠᠳ᠎ᠤᠨ ᠦᠨᠲᠤᠰᠤᠨ ᠨᠠᠰᠤᠵᠢᠯ᠎ᠤᠨ ᠮᠦᠡᠭ᠌ᠬᠦ᠎ᠶ᠋ᠢᠨ ᠪᠠᠷᠢᠮᠵᠢᠶ᠎ᠠ᠎ᠶ᠋ᠢ ᠲᠡᠬᠡᠭ᠌ᠰᠢᠯᠡᠬᠦᠯᠬᠦ᠂ ᠰᠤᠷᠭᠠᠭᠤᠯᠢ᠎ᠶ᠋ᠢᠨ ᠨᠠᠰᠣᠨ᠎ᠠᠴᠠ ᠡᠮᠤᠨᠡᠬᠢ ᠬᠡᠤᠬᠡᠳ᠎ᠤᠨ ᠴᠡᠴᠡᠷᠯᠢᠭ᠎ᠲᠤ ᠣᠷᠣᠬᠤ ᠵᠡᠷᠬᠡ ᠠᠷᠠᠳ᠎ᠤᠨ ᠦᠨᠳᠤᠰᠤᠨ ᠠᠮᠢᠲᠤᠷᠠᠯ᠎ᠤᠨ ᠠᠵᠢᠯ᠎ᠢ ᠬᠦᠴᠦᠯᠡᠨ ᠠᠳᠭᠤᠵᠤ᠂ ᠠᠷᠠᠳ ᠲᠦᠮᠡᠨ᠎ᠳᠡᠭᠡᠨ ᠬᠠᠨᠤᠮᠵᠢᠲᠠᠢ ᠬᠠᠷᠢᠭᠤᠯᠲᠠ ᠦᠭ᠌ᠴᠠᠢ᠃
ᠰᠠᠭᠤᠭᠠᠯᠢ ᠠᠷᠠᠳ᠎ᠤᠨ ᠤᠷᠤᠯᠭ᠎ᠠ᠎ᠶ᠋ᠢᠨ ᠨᠡᠮᠡᠭ᠌ᠲᠠᠯ ᠠᠷᠠᠳ ᠤᠯᠠᠨ᠎ᠤ ᠬᠦᠷᠲᠠᠮᠵᠢᠶ᠋ᠢᠨ ᠲᠦᠷᠦᠭ᠌ᠲᠠᠯ᠎ᠢ ᠲᠠᠬᠡᠭ᠌ᠰᠢᠯᠡᠬᠦᠯᠦᠨᠠ
ᠤᠷᠴᠢᠮ᠎ᠤᠨ ᠡᠲᠤᠷᠤᠳᠲᠤ ᠵᠠᠯᠠᠢᠳ ᠬᠤᠱᠢᠭᠤᠨ᠎ᠤ ᠠᠯᠲᠠᠷᠲᠤ ᠰᠤᠮᠤ᠎ᠶ᠋ᠢᠨ ᠪᠠᠶᠠᠵᠢᠨ᠎ᠠ ᠱᠢᠨ᠎ᠠ ᠲᠤᠰᠭᠤᠨ᠎ᠤ ᠽᠦᠢ ᠴᠢᠮᠡᠭ᠎ᠤᠨ᠎ᠬᠢᠨ ᠲᠤᠩ ᠶᠠᠭᠠᠷᠠᠤ᠃ ᠬᠡᠷ ᠪᠠᠢᠱᠢᠩ᠎ᠢᠶᠠᠨ ᠦᠷᠬᠡᠳᠭᠡᠨ ᠪᠠᠢᠭᠤᠯᠣᠨ᠎ᠠ᠂ ᠭᠠᠭ᠍ᠠᠢ᠎ᠶ᠋ᠢᠨ ᠬᠤᠷᠢᠶ᠎ᠠ ᠪᠠᠷᠢᠨ᠎ᠠ᠂ ᠬᠦᠷᠢᠶ᠎ᠡ ᠬᠠᠱᠢᠶ᠎ᠠ᠎ᠪᠠᠨ ᠵᠠᠰᠠᠵᠤ ᠱᠢᠨᠡᠳᠭᠡᠨ᠎ᠡ ᠁ ᠤᠨᠠᠭ᠍ᠰᠠᠨ ᠮᠠᠯᠠᠭᠠᠢ᠎ᠪᠠᠨ ᠠᠪᠬᠤ ᠵᠠᠪ ᠦᠬᠡᠢ ᠶᠠᠭᠠᠷᠠᠯᠲᠠᠢ ᠪᠦᠬᠡᠳ ᠶᠠᠲᠠᠷᠠᠯ᠎ᠲᠠᠢ ᠪᠠᠢᠭ᠍ᠰᠠᠨ ᠴᠤ᠌ ᠡᠷ᠎ᠠ ᠡᠮ᠎ᠠ ᠬᠤᠶᠠᠭᠤᠯᠠ᠎ᠶ᠋ᠢᠨ ᠴᠢᠷᠠᠢ᠎ᠳᠤ ᠪᠠᠶᠠᠷ ᠵᠢᠷᠭᠠᠯ᠎ᠢᠶᠠᠷ ᠪᠢᠯᠬᠠᠨ᠎ᠠ᠃
《ᠤᠤᠯ᠎ᠨᠢ ᠮᠠᠨ᠎ᠤ᠎ᠬᠢᠨ ᠶᠠᠲᠠᠭᠤ ᠬᠦᠴᠢᠷᠳᠡᠯ᠎ᠲᠠᠢ ᠡᠷᠤᠬᠡ ᠪᠠᠢᠭ᠍ᠰᠠᠨ᠂ ᠠᠵᠤ ᠦᠢᠯᠡᠰ᠎ᠢᠶᠠᠷ ᠶᠠᠲᠠᠭᠤ᠎ᠶ᠋ᠢ ᠲᠠᠳᠬᠦᠬᠦ᠌ ᠲᠦᠷᠦ᠎ᠶ᠋ᠢᠨ ᠪᠤᠲᠤᠯᠭ᠎ᠠ᠎ᠶ᠋ᠢᠨ ᠠᠴᠢ᠎ᠪᠠᠷ ᠤᠷᠤᠯᠭ᠎ᠠ ᠨᠡᠮᠡᠭ᠌ᠲᠠᠵᠤ ᠠᠮᠢᠲᠤᠷᠠᠯ ᠰᠠᠢᠵᠢᠷᠠᠵᠠᠢ᠃ ᠡᠨᠡ ᠬᠡᠲᠤᠨ ᠵᠢᠯ᠎ᠤᠨ ᠭᠠᠭ᠍ᠠᠢ ᠲᠠᠵᠢᠬᠡᠭ᠌ᠰᠠᠨ ᠤᠷᠤᠯᠭ᠎ᠠ 10 ᠲᠦᠮᠠᠨ ᠲᠦᠬᠦᠷᠢᠭ᠎ᠢ ᠲᠠᠪᠠᠵᠤ᠂ ᠤᠲᠤ 200 ᠭᠠᠷᠤᠢ ᠲᠡᠭ᠌ᠰᠢ ᠲᠦᠷᠪᠠᠯᠵᠢᠨ ᠮᠧᠳ᠋ᠷ᠎ᠤᠨ ᠭᠠᠭ᠍ᠠᠢ᠎ᠶ᠋ᠢᠨ ᠬᠤᠷᠢᠶ᠎ᠠ ᠪᠠᠷᠢᠵᠤ᠂ 200 ᠭᠠᠷᠤᠢ ᠭᠠᠭ᠍ᠠᠢ ᠲᠠᠵᠢᠬᠡᠬᠦ᠌᠎ᠪᠠᠷ ᠲᠦᠯᠤᠪᠯᠡᠵᠤ ᠪᠠᠢᠨ᠎ᠠ》 ᠬᠡᠵᠤ ᠽᠦᠢ ᠴᠢᠮᠡᠭ ᠪᠠᠶᠠᠷᠲᠠᠢ ᠬᠡᠯᠡᠨ᠎ᠡ᠃
ᠽᠦᠢ ᠴᠢᠮᠡᠭᠤᠨᠬᠢᠨᠤ ᠦᠡᠭ ᠦᠬᠡᠲᠠ᠎ᠲᠠᠢ ᠠᠮᠢᠲᠤᠷᠠᠯ ᠨᠠᠮ ᠵᠠᠰᠠᠭ᠎ᠤᠨ ᠠᠷᠠᠳ᠎ᠤᠨ ᠠᠮᠢᠲᠤᠷᠠᠯ᠎ᠢ ᠪᠠᠲᠤᠯᠠᠨ ᠰᠠᠢᠵᠢᠷᠠᠭᠤᠯᠬᠤ᠂ ᠮᠠᠯᠴᠢᠨ ᠲᠠᠷᠢᠶᠠᠴᠢᠨ᠎ᠤ ᠤᠷᠤᠯᠭ᠎ᠠ᠎ᠶ᠋ᠢ ᠨᠡᠮᠡᠭ᠌ᠲᠠᠬᠦᠯᠬᠦ᠌ ᠡᠯ᠎ᠠ ᠵᠦᠢᠯ᠎ᠤᠨ ᠲᠦᠷᠦ᠎ᠶ᠋ᠢᠨ ᠪᠤᠲᠤᠯᠭ᠎ᠠ᠎ᠠᠴᠠ ᠰᠠᠯᠵᠣ ᠴᠢᠳᠠᠬᠤ ᠦᠭᠡᠢ᠃ ᠲᠦᠷᠦ᠎ᠶ᠋ᠢ ᠵᠠᠰᠠᠬᠤ᠎ᠳᠤ ᠠᠷᠠᠳ᠎ᠲᠤ ᠠᠱᠢᠭ ᠬᠦᠷᠲᠠᠬᠡᠬᠦ᠌ᠪᠠᠷ ᠦᠨᠲᠤᠰᠤ ᠪᠤᠯᠭᠠᠲᠠᠭ᠂ ᠠᠷᠠᠳ᠎ᠲᠤ ᠠᠱᠢᠭ ᠬᠦᠷᠲᠠᠬᠡᠬᠦ᠌ ᠲᠦᠷᠦ᠎ᠶ᠋ᠢᠨ ᠪᠤᠲᠤᠯᠭᠠᠨᠤᠭᠤᠳᠨᠢ ᠠᠷᠠᠳ ᠤᠯᠠᠨ᠎ᠤ ᠵᠢᠷᠭᠠᠯᠲᠤ ᠲᠦᠷᠦᠭ᠌ᠲᠠᠯ᠂ ᠬᠦᠷᠲᠠᠮᠵᠢᠶ᠋ᠢᠨ ᠲᠦᠷᠦᠭ᠌ᠲᠠᠯ᠎ᠢ ᠨᠡᠮᠡᠭ᠌ᠳᠡᠬᠦᠯᠬᠦ᠌᠎ᠪᠠᠷ ᠪᠠᠷᠠᠬᠤ ᠦᠬᠡᠢ ᠠᠵᠤ ᠠᠬᠤᠢ᠎ᠶ᠋ᠢᠨ ᠬᠦᠭ᠌ᠵᠢᠯᠲᠠ᠎ᠶ᠋ᠢᠨ ᠲᠤᠲᠤᠭᠠᠲᠤ ᠠᠮᠢᠵᠢᠷᠠᠯ᠎ᠤᠨ ᠬᠦᠴᠤᠨ᠎ᠢ ᠴᠦ᠍ ᠬᠦᠭ᠌ᠵᠢᠭᠡᠳᠡᠭ ᠶᠤᠮ᠃ ᠠᠵᠤ ᠠᠬᠤᠢ᠎ᠶ᠋ᠢᠨ ᠠᠵᠢᠯ᠎ᠤᠨ ᠵᠠᠩᠬᠢᠯᠠᠭ᠎ᠠ᠎ᠨᠢ ᠠᠷᠠᠳ ᠤᠯᠠᠨ᠎ᠤ ᠤᠷᠤᠯᠭ᠎ᠠ᠎ᠶ᠋ᠢ ᠨᠡᠮᠡᠭ᠌ᠳᠡᠬᠦᠯᠬᠦ᠌᠎ᠳᠤ ᠪᠠᠢᠳᠠᠭ᠂ ᠡᠨᠡ ᠪᠤᠯ ᠠᠷᠠᠳ ᠲᠦᠮᠡᠨ᠎ᠢᠶᠠᠷ ᠭᠤᠤᠯ ᠪᠤᠯᠭᠠᠬᠤ ᠬᠦᠭ᠌ᠵᠢᠯᠳᠡ᠎ᠶ᠋ᠢᠨ ᠦᠵᠡᠯ ᠰᠠᠨᠠᠭ᠎ᠠ᠎ᠶ᠋ᠢᠨ ᠦᠨᠡᠨ ᠪᠤᠳᠠᠳᠤ ᠢᠯᠡᠷᠡᠯ ᠪᠤᠯᠬᠤ ᠶᠤᠮ᠃
ᠲᠦᠷᠦᠬᠦᠬᠡᠨ ᠤᠯᠤᠰ᠎ᠤᠨ ᠲᠤᠭ᠎ᠠ ᠪᠦᠷᠢᠳᠭᠡᠯ᠎ᠤᠨ ᠲᠤᠪᠴᠢᠶᠠᠨ᠎ᠤ ᠰᠦᠯᠵᠢᠶᠡᠨ ᠲᠠᠬᠡᠷ᠎ᠠ ᠨᠠᠢᠳᠡᠯᠡᠭ᠌ᠰᠠᠨ 2020 ᠤᠨ᠎ᠤ ᠲᠠᠬᠡᠷ᠎ᠠ ᠬᠠᠭᠠᠰ ᠵᠢᠯ᠎ᠤᠨ 31 ᠮᠤᠵᠢ ᠤᠷᠤᠨ ᠬᠤᠳᠠ᠎ᠶ᠋ᠢᠨ ᠰᠠᠭᠤᠭᠠᠯᠢ ᠠᠷᠠᠳ᠎ᠤᠨ ᠬᠦᠮᠤᠨ ᠲᠤᠮᠲᠠᠴᠢ᠎ᠶ᠋ᠢᠨ ᠡᠵᠡᠮᠲᠠᠵᠤ ᠪᠤᠯᠬᠤ ᠤᠷᠤᠯᠭ᠎ᠠ᠎ᠶ᠋ᠢᠨ ᠵᠢᠭ᠍ᠰᠠᠭᠠᠯᠳᠠ᠎ᠳᠤ᠂ ᠮᠠᠨ᠎ᠤ ᠤᠷᠤᠨ 1.4 6 ᠲᠦᠮᠠᠨ ᠲᠦᠬᠦᠷᠢᠭ᠎ᠢᠶᠠᠷ ᠪᠦᠬᠦ᠌ ᠤᠯᠤᠰ᠎ᠤᠨ 11 ᠳ᠋ᠤᠭᠡᠷ᠎ᠲᠤ ᠤᠷᠤᠵᠠᠢ᠃ ᠵᠢᠯ᠎ᠤᠨ ᠡᠬᠢᠨ᠎ᠠᠴᠠ ᠨᠠᠭᠠᠰᠢ᠂ ᠮᠠᠨ᠎ᠤ ᠤᠷᠤᠨ ᠭᠠᠢᠯᠢ ᠰᠦᠳᠭᠡᠯᠢ ᠬᠠᠰᠤᠵᠤ ᠬᠡᠯᠲᠤᠷᠢᠬᠦᠯᠬᠦ᠌ ᠪᠠ ᠠᠵᠢᠯ ᠤᠯᠭᠤᠯᠲᠠ᠎ᠶ᠋ᠢ ᠠᠬᠢᠭᠤᠯᠬᠤ ᠵᠡᠷᠬᠡ ᠠᠷᠠᠳ᠎ᠲᠤ ᠠᠱᠢᠭ ᠬᠦᠷᠳᠡᠬᠡᠬᠦ᠌ ᠲᠦᠷᠦ᠎ᠶ᠋ᠢᠨ ᠪᠤᠲᠤᠯᠭᠠᠨᠤᠭᠤᠳᠢ ᠬᠡᠷᠡᠭ᠌ᠵᠢᠬᠦᠯᠦᠭ᠌ᠰᠠᠨᠠᠴᠠ᠂ ᠰᠠᠭᠤᠭᠠᠯᠢ ᠠᠷᠠᠳ᠎ᠤᠨ ᠬᠦᠮᠤᠨ ᠲᠤᠮᠲᠠᠴᠢ᠎ᠶ᠋ᠢᠨ ᠡᠵᠠᠮᠲᠠᠵᠤ ᠪᠤᠯᠬᠤ ᠤᠷᠤᠯᠭ᠎ᠠ ᠪᠠᠭᠤᠷᠠᠵᠣ ᠪᠠᠢᠭ᠍ᠰᠠᠨ᠎ᠠᠴᠠ᠎ᠪᠠᠨ ᠨᠡᠮᠡᠭ᠌ᠳᠡᠯ᠎ᠲᠠᠢ ᠪᠣᠯᠵᠣ᠂ ᠬᠤᠲᠠ ᠬᠦᠲᠡᠭᠡ᠎ᠶ᠋ᠢᠨ ᠰᠠᠭᠤᠭᠠᠯᠢ ᠠᠷᠠᠳ᠎ᠤᠨ ᠬᠦᠮᠤᠨ ᠲᠤᠮᠲᠠᠴᠢ᠎ᠶ᠋ᠢᠨ ᠤᠷᠤᠯᠭ᠎ᠠ᠎ᠶ᠋ᠢᠨ ᠵᠦᠷᠢᠶᠡᠨᠤ ᠬᠠᠷᠢᠴᠠᠯ ᠪᠠᠭᠠᠰᠴᠤ᠌᠂ ᠠᠷᠠᠳ᠎ᠤᠨ ᠠᠮᠢᠲᠤᠷᠠᠯ᠎ᠳᠠᠬᠢ ᠡᠳ᠋᠎ᠤᠨ ᠵᠠᠰᠠᠭ᠎ᠤᠨ ᠵᠠᠷᠤᠯᠭ᠎ᠠ ᠨᠡᠮᠡᠭ᠌ᠲᠠᠪᠡ; ᠮᠠᠯᠵᠢᠬᠤ ᠲᠠᠷᠢᠶᠠᠯᠠᠬᠤ ᠤᠷᠤᠨ᠎ᠤ ᠰᠠᠭᠤᠭᠠᠯᠢ ᠠᠷᠡᠳ᠎ᠤᠨ ᠬᠦᠮᠤᠨ ᠲᠤᠮᠲᠠᠴᠢ᠎ᠶ᠋ᠢᠨ ᠡᠵᠡᠮᠲᠠᠵᠤ ᠪᠤᠯᠬᠤ ᠤᠷᠤᠯᠭ᠎ᠠ 6369 ᠲᠦᠬᠦᠷᠢᠭ᠎ᠲᠤ ᠬᠦᠷᠴᠤ᠌᠂ ᠨᠢᠳᠤᠨᠤᠨ᠎ᠤ ᠠᠲᠠᠯᠢ ᠬᠤᠭᠤᠴᠠᠭᠠᠨ᠎ᠤ᠎ᠬᠢ᠎ᠠᠴᠠ 4.9% ᠪᠠᠷ ᠨᠡᠮᠡᠭ᠌ᠲᠠᠪᠠ; ᠠᠷᠠᠳ᠎ᠤᠨ ᠠᠮᠢᠲᠤᠷᠠᠯ᠎ᠤᠨ ᠪᠦᠲᠦᠬᠡᠨ ᠪᠠᠢᠭᠤᠯᠤᠯᠲᠠ᠎ᠳᠤ 2289.4 ᠳ᠋ᠦᠡᠭ᠌ᠰᠢᠭᠤᠷ ᠲᠦᠬᠦᠷᠢᠭ ᠵᠠᠷᠤᠴᠠᠭᠤᠯᠵᠤ᠂ ᠨᠠᠢᠬᠡᠮ᠎ᠤᠨ ᠪᠠᠲᠤᠯᠠᠭ᠎ᠠ ᠪᠠ ᠡᠷᠠᠬᠦᠯ ᠬᠠᠮᠠᠭᠠᠯᠠᠯ ᠡᠷᠡᠬᠦᠯ ᠮᠡᠨᠳᠦ᠎ᠶ᠋ᠢᠨ ᠵᠠᠷᠤᠯᠭ᠎ᠠ ᠨᠢᠳᠤᠨᠤᠨ᠎ᠤ ᠠᠲᠠᠯᠢ ᠬᠤᠭᠤᠴᠠᠭᠠᠨ᠎ᠤ᠎ᠬᠢ᠎ᠠᠴᠠ ᠲᠤᠰ ᠪᠤᠷᠢ 10.9% ᠪᠠ 13.9% ᠪᠠᠷ ᠨᠡᠮᠡᠭ᠌ᠲᠡᠭ᠌ᠰᠡᠨ ᠪᠠᠢᠨ᠎ᠠ᠃
ᠠᠷᠠᠳ᠎ᠤᠨ ᠠᠮᠢᠲᠤᠷᠠᠯ᠎ᠤᠨ ᠪᠠᠲᠤᠯᠠᠭ᠎ᠠ᠎ᠳᠠᠬᠢ ᠪᠠᠯᠠ ᠤᠷᠤᠭᠤᠯᠤᠯᠲᠠ ᠠᠷᠠᠳ ᠤᠯᠠᠨ᠎ᠤ ᠵᠢᠷᠭᠠᠯᠲᠤ ᠲᠦᠷᠦᠭ᠌ᠲᠠᠯ᠎ᠢ ᠨᠡᠮᠡᠭ᠌ᠲᠠᠬᠦᠯᠤᠨᠠ
ᠬᠦᠬᠡᠬᠤᠲᠠ᠎ᠶ᠋ᠢᠨ ᠮᠠᠨᠲᠤᠬᠠᠢ ᠴᠡᠴᠡᠷᠯᠢᠭ᠎ᠲᠤ ᠡᠳᠦᠷ ᠪᠦᠷᠢ ᠨᠠᠰᠣᠳᠠᠢᠴᠣᠳ ᠬᠤᠷᠠᠨ ᠴᠤᠭ᠍ᠯᠠᠷᠠᠭᠠᠳ ᠠᠭᠤᠲᠠᠮ ᠲᠠᠯᠠᠪᠠᠢ᠎ᠶ᠋ᠢᠨ ᠪᠦᠵᠢᠭ ᠪᠦᠵᠢᠭ᠌ᠯᠡᠬᠦ᠌ᠨᠢ ᠪᠦᠵᠢᠭ᠌ᠯᠡᠵᠦ᠍᠂ ᠨᠢᠲᠤᠷᠭᠠᠨ ᠡᠷᠲᠠᠮ ᠪᠤᠯᠪᠠᠰᠤᠷᠠᠬᠤ᠎ᠨᠢ ᠪᠣᠯᠪᠠᠰᠣᠷᠠᠵᠣ᠂ ᠬᠤᠭᠤᠷ ᠬᠦᠭ᠌ᠵᠢᠮ ᠲᠠᠲᠠᠬᠤ᠎ᠨᠢ ᠳᠠᠳᠠᠵᠣ᠂ ᠱᠢᠲᠠᠷ ᠲᠤᠭ᠍ᠯᠠᠭᠠᠮ ᠨᠠᠭᠠᠳᠭᠤ᠎ᠨᠢ ᠨᠠᠭᠠᠳᠴᠤ᠌᠂ ᠪᠦᠬᠦ᠋ᠢᠯᠡ ᠴᠡᠴᠡᠷᠯᠢᠭ᠎ᠢ ᠬᠦᠭ᠌ᠵᠢᠶᠠᠨ ᠨᠠᠷᠬᠢᠶᠠᠠᠢᠶᠠᠷ ᠪᠢᠯᠬᠠᠭᠤᠯᠣᠨᠠ᠃
ᠴᠠᠭᠠᠨ ᠲᠤᠷᠭᠠᠨ ᠬᠤᠪᠴᠠᠰᠤ ᠡᠮᠤᠰᠤᠬᠡᠳ ᠨᠢᠲᠤᠷᠭᠠᠨ ᠡᠷᠲᠠᠮ ᠪᠤᠯᠪᠠᠰᠤᠷᠠᠵᠤ ᠪᠠᠢᠡᠡᠰᠠᠨ 70 ᠨᠠᠰᠤᠲᠠᠢ ᠴᠢᠤᠢ ᠱᠢᠤ ᠯᠠᠨ ᠨᠠᠰᠤᠲᠠᠨ ᠴᠢᠷᠠᠢ ᠲᠦᠬᠦᠷᠡᠩ ᠢᠨᠢᠶᠠᠮᠰᠦᠭ᠌ᠯᠡᠯᠲᠠᠢ ᠴᠤᠭ ᠵᠢᠪᠬᠤᠭ᠎ᠠ ᠪᠠᠲᠠᠷᠠᠩᠭᠤᠢ ᠪᠠᠢᠵᠤ᠂ ᠨᠠᠰᠤ ᠵᠢᠯ᠎ᠠᠴᠠ᠎ᠪᠠᠨ ᠵᠠᠯᠠᠭᠤᠬᠠᠨ ᠬᠠᠷᠠᠭ᠍ᠲᠠᠨᠠ᠃ 《ᠪᠢ 1998 ᠤᠨ᠎ᠳᠤ ᠡᠪᠠᠳᠴᠢᠨ᠎ᠠᠴᠠ ᠪᠤᠯᠵᠤ ᠠᠵᠢᠯ᠎ᠠᠴᠠ᠎ᠪᠠᠨ ᠡᠷᠲᠠ ᠠᠮᠠᠷᠠᠵᠠᠢ᠃ ᠲᠤᠬᠠᠢ᠎ᠶ᠋ᠢᠨ ᠦᠶ᠎ᠠ᠎ᠳᠤ ᠨᠠᠰᠤᠵᠢᠯ᠎ᠤᠨ ᠮᠦᠡᠭ᠌ᠬᠦ 400 ᠭᠠᠷᠤᠢ ᠲᠦᠬᠦᠷᠢᠭ ᠯᠠ ᠪᠠᠢᠭ᠍ᠰᠠᠨ᠂ ᠡᠨᠡ ᠮᠦᠡᠭ᠌ᠬᠦ᠎ᠪᠠᠨ ᠠᠷᠪᠢᠯᠠᠨ ᠭᠠᠮᠨᠠᠵᠤ ᠠᠮᠢᠲᠤᠷᠠᠯ᠎ᠢᠶᠠᠨ ᠲᠦᠡᠭ᠌ᠬᠡᠵᠢ ᠠᠷᠭᠠᠴᠠᠭᠠᠵᠤ ᠪᠠᠢᠪᠠ᠃ ᠣᠢᠷ᠎ᠠ᠎ᠶ᠋ᠢᠨ ᠠᠷᠪᠠᠭᠠᠳ ᠵᠢᠯ᠎ᠳᠤ ᠨᠠᠰᠤᠵᠢᠯ᠎ᠤᠨ ᠮᠦᠡᠭ᠌ᠬᠦ ᠵᠢᠯ ᠲᠠᠷᠠᠭᠠᠯᠠᠨ ᠨᠡᠮᠡᠭ᠌ᠲᠠᠵᠤ᠂ ᠤᠲᠤ 4300 ᠭᠠᠷᠤᠢ ᠲᠦᠬᠦᠷᠢᠭ ᠪᠣᠯᠵᠣ᠂ ᠠᠷᠪᠠᠨ ᠲᠠᠬᠢᠨ ᠨᠡᠮᠡᠭ᠌ᠲᠡᠭ᠌ᠰᠠᠨ ᠱᠢᠤ!》 ᠬᠡᠵᠤ ᠲᠡᠷᠡ ᠰᠤᠷᠪᠤᠯᠵᠢᠯᠠᠭ᠍ᠴᠢ᠎ᠳᠤ ᠢᠨᠢᠶᠠᠮᠰᠦᠭ᠌ᠯᠡᠨ ᠶᠠᠷᠢᠨ᠎ᠠ᠃
ᠴᠢᠤᠢ ᠱᠢᠤ ᠯᠠᠨ ᠨᠠᠰᠤᠲᠠᠨ ᠮᠤᠷᠢᠨᠲᠠᠪᠠᠭᠠᠶ᠋ᠢᠨ ᠲᠠᠭᠤᠷ ᠦᠨᠲᠤᠰᠤᠲᠠᠨ᠎ᠤ ᠦᠪᠠᠷᠲᠠᠬᠡᠨ ᠵᠠᠰᠠᠬᠤ ᠬᠤᠱᠢᠭᠤ᠎ᠪᠠᠷ ᠨᠤᠲᠤᠭ᠎ᠲᠠᠢ᠂ ᠤᠮᠪᠣᠯᠣᠪᠠᠨ ᠬᠠᠷᠠᠬᠤ᠎ᠪᠠᠷ ᠬᠦᠬᠡᠬᠤᠲᠠ᠎ᠳᠤ ᠢᠷᠡᠬᠡᠳ ᠠᠷᠪᠠᠭᠠᠳ ᠵᠢᠯ ᠪᠤᠯᠵᠣ ᠪᠣᠢ᠂ ᠤᠲᠤ ᠤᠮᠪᠣᠯᠣᠨᠢ ᠪᠠᠭ᠎ᠠ ᠰᠤᠷᠭᠠᠭᠤᠯᠢ᠎ᠳᠤ ᠤᠷᠤᠭ᠍ᠰᠠᠨ ᠪᠣᠯᠬᠤᠷ ᠴᠢᠤᠢ ᠨᠠᠰᠤᠲᠠᠨ ᠦᠷᠯᠤᠬᠡ ᠪᠦᠷᠢ ᠮᠠᠨᠲᠤᠬᠠᠢ ᠴᠡᠴᠡᠷᠯᠢᠭ᠎ᠲᠤ ᠨᠢᠲᠤᠷᠭᠠᠨ ᠡᠷᠲᠠᠮ ᠪᠤᠯᠪᠠᠰᠤᠷᠠᠨ᠎ᠠ᠃ ᠦᠷ᠎ᠠ ᠬᠡᠤᠬᠡᠳ᠎ᠨᠢ ᠠᠵᠢᠯ ᠦᠢᠯᠡᠰ᠎ᠲᠠᠢ᠂ ᠠᠴᠢᠯᠠᠯ ᠡᠯᠪᠠᠷᠢᠯ᠎ᠲᠠᠢ ᠲᠤᠯᠠ ᠴᠢᠤᠢ ᠱᠢᠤ ᠯᠠᠨ ᠨᠠᠰᠤᠲᠠᠨ ᠦᠲᠠᠯᠤᠬᠡ ᠨᠠᠰᠤᠨ᠎ᠳᠠᠭᠠᠨ ᠵᠢᠷᠭᠠᠯᠳᠣ ᠠᠮᠢᠲᠤᠷᠠᠯ᠎ᠢ ᠰᠡᠳᠭᠢᠯ ᠲᠠᠨᠢᠬᠦᠨ ᠡᠳ᠋ᠯᠡᠵᠤ ᠶᠠᠪᠤᠨ᠎ᠠ᠃
ᠵᠠᠰᠠᠭ᠎ᠢ ᠡᠷᠬᠢᠯᠡᠬᠦ᠌᠎ᠶ᠋ᠢᠨ ᠨᠢᠬᠡ ᠵᠠᠩᠬᠢᠯᠠᠭ᠎ᠠ ᠪᠤᠯ ᠠᠷᠠᠳ᠎ᠤᠨ ᠠᠮᠢᠲᠤᠷᠠᠯ᠎ᠢ ᠪᠠᠲᠤᠯᠠᠨ ᠰᠠᠢᠵᠢᠷᠠᠭᠤᠯᠬᠤ ᠶᠠᠪᠤᠳᠠᠯ ᠮᠦᠨ᠃ ᠠᠷᠠᠳ᠎ᠤᠨ ᠠᠮᠢᠲᠤᠷᠠᠯ᠎ᠢ ᠪᠠᠲᠤᠯᠠᠨ ᠰᠠᠢᠵᠢᠷᠠᠭᠤᠯᠬᠤ᠎ᠳᠤ ᠵᠠᠰᠠᠭ᠎ᠤᠨ ᠤᠷᠲᠤᠨ᠎ᠤ ᠦᠢᠯᠡᠲᠤᠯᠢ ᠪᠠᠲᠠᠷᠠᠭᠤᠯᠤᠨ ᠦᠨᠲᠤᠰᠤᠨ ᠵᠦᠢᠯ᠎ᠢ ᠪᠠᠲᠤᠯᠠᠨ᠂ ᠲᠦᠬᠡᠮᠡᠯ ᠬᠠᠷᠠᠭᠠᠯᠵᠠᠬᠤ ᠴᠢᠨᠠᠷ᠂ ᠰᠠᠭᠤᠷᠢ ᠴᠢᠨᠠᠷ ᠪᠠ ᠨᠠᠭᠠᠲᠤ ᠵᠠᠬ᠎ᠠ᠎ᠶ᠋ᠢᠨ ᠠᠮᠢᠲᠤᠷᠠᠯ᠎ᠢ ᠪᠠᠲᠤᠯᠠᠬᠤ ᠴᠢᠨᠠᠷ᠎ᠢ ᠴᠢᠬᠤᠯᠠᠴᠢᠯᠠᠵᠤ᠂ ᠵᠠᠩᠬᠢᠯᠠᠭ᠎ᠠ᠎ᠶ᠋ᠢᠨ ᠬᠤᠭᠤᠴᠠᠭᠠᠨ᠎ᠳᠤ ᠬᠦᠴᠢᠷᠲᠠᠯᠲᠠᠢ ᠬᠦᠮᠤᠰ᠎ᠤᠨ ᠦᠨᠲᠤᠰᠤᠨ ᠠᠮᠢᠲᠤᠷᠠᠯ᠎ᠢ ᠪᠠᠲᠤᠯᠠᠬᠤ ᠠᠵᠢᠯ᠎ᠢ ᠰᠠᠢᠲᠤᠷ ᠬᠢᠵᠤ᠂ ᠲᠠᠭᠠᠷᠠᠭ᠍ᠰᠠᠨ ᠬᠦᠮᠤᠨ᠎ᠳᠤ ᠲᠠᠬᠤ ᠬᠦᠷᠬᠡᠬᠦ᠌ ᠠᠵᠢᠯ᠎ᠢ ᠢᠯᠡᠬᠦᠤ ᠬᠢᠬᠦ᠌ ᠴᠢᠬᠤᠯᠠᠲᠠᠢ ᠶᠤᠮ᠃ ᠬᠢᠵᠢᠭ᠎ᠤᠨ ᠪᠠᠢᠲᠠᠯ᠎ᠤᠨ ᠬᠠᠲᠠᠭᠤ ᠲᠠᠭᠠᠷᠢᠯᠲᠠ ᠲᠤᠤᠷ᠎ᠠ᠂ ᠦᠪᠠᠷᠲᠠᠬᠡᠨ ᠵᠠᠰᠠᠬᠤ ᠤᠷᠤᠨ᠎ᠠᠴᠠ ᠠᠷᠠᠳ᠎ᠤᠨ ᠠᠮᠢᠲᠤᠷᠠᠯ᠎ᠤᠨ ᠬᠦᠷᠢᠶᠠᠨ᠎ᠳᠠᠬᠢ ᠪᠠᠯᠠ ᠤᠷᠤᠯᠭᠤᠯᠤᠯᠲᠠᠶ᠋ᠢᠨ ᠡᠷᠴᠢᠮ᠎ᠢᠶᠠᠨ ᠨᠠᠩ ᠴᠢᠩᠭᠠᠷᠠᠭᠤᠯᠵᠣ᠂ ᠠᠷᠠᠳ᠎ᠤᠨ ᠠᠮᠢᠲᠤᠷᠠᠯ᠎ᠤᠨ ᠬᠤᠷᠢᠭ᠎ᠠ ᠱᠤᠭᠤᠮ᠎ᠢ ᠡᠷᠡᠰ ᠰᠠᠬᠢᠪᠠ᠄
— ᠠᠵᠢᠯ᠎ᠠᠴᠠ᠎ᠪᠠᠨ ᠠᠮᠠᠷᠠᠭ᠍ᠰᠠᠳ᠎ᠤᠨ ᠦᠨᠲᠤᠰᠤᠨ ᠨᠠᠰᠤᠵᠢᠯ᠎ᠤᠨ ᠮᠦᠡᠭ᠌ᠬᠦ᠎ᠶ᠋ᠢ ᠲᠠᠬᠢᠨᠲᠠ ᠨᠡᠮᠡᠭ᠌ᠲᠠᠬᠦᠯᠵᠤ᠂ ᠪᠦᠬᠦ᠌ ᠤᠷᠤᠨ᠎ᠤ 300 ᠲᠦᠮᠠᠨ ᠠᠵᠢᠯ᠎ᠠᠴᠠ᠎ᠪᠠᠨ ᠠᠮᠠᠷᠠᠭ᠍ᠰᠡᠳ ᠠᠱᠢᠭ ᠬᠦᠷᠲᠠᠵᠤ᠂ ᠦᠲᠠᠯᠪᠠᠯ ᠬᠦᠷᠲᠠᠬᠦ᠌ ᠠᠰᠠᠷᠠᠮᠵᠢ᠎ᠲᠠᠢ ᠪᠠᠢᠯᠭᠠᠬᠤ ᠠᠵᠢᠯ᠎ᠢ ᠲᠠᠬᠢᠨ ᠱᠢᠨ᠎ᠠ ᠲᠡᠭ᠌ᠳᠡᠷ᠎ᠲᠤ ᠭᠠᠷᠭᠠᠪᠠ᠃
— ᠬᠤᠲᠠ ᠬᠦᠲᠡᠭᠡ᠎ᠶ᠋ᠢᠨ ᠨᠡᠭᠠᠲᠤ ᠵᠠᠬ᠎ᠠ᠎ᠶ᠋ᠢᠨ ᠠᠮᠢᠲᠤᠷᠠᠯ᠎ᠤᠨ ᠪᠠᠲᠤᠯᠠᠭ᠎ᠠ᠎ᠶ᠋ᠢᠨ ᠪᠠᠷᠢᠮᠵᠢᠶ᠎ᠠ᠎ᠶ᠋ᠢ ᠦᠷᠬᠦᠯᠵᠢᠯᠠᠨ ᠲᠠᠬᠡᠭ᠌ᠰᠢᠯᠡᠬᠦᠯᠵᠤ᠂ ᠬᠤᠲᠠ ᠬᠦᠲᠡᠭᠡ᠎ᠶ᠋ᠢᠨ ᠨᠠᠭᠠᠲᠤ ᠵᠠᠬ᠎ᠠ᠎ᠶ᠋ᠢᠨ ᠠᠮᠢᠲᠤᠷᠠᠯ᠎ᠤᠨ ᠪᠠᠲᠤᠯᠠᠭ᠎ᠠ᠎ᠶ᠋ᠢᠨ ᠲᠤᠮᠲᠠᠴᠢ ᠪᠠᠷᠢᠮᠵᠢᠶ᠎ᠠ ᠰᠠᠷ᠎ᠠ ᠪᠦᠷᠢ ᠬᠦᠮᠤᠨ ᠲᠤᠮᠲᠠᠴᠢ᠎ᠪᠠᠷ 732 ᠲᠦᠬᠦᠷᠢᠭ᠂ ᠵᠢᠯ ᠲᠤᠮᠲᠠᠴᠢ᠎ᠳᠤ 6307 ᠲᠦᠬᠦᠷᠢᠭ᠎ᠲᠤ ᠬᠦᠷᠴᠤ᠌᠂ ᠨᠢᠳᠤᠨᠤᠨ᠎ᠤ᠎ᠬᠢ᠎ᠠᠴᠠ ᠲᠤᠰᠪᠤᠷᠢ 5.8% ᠪᠠ 6.6% ᠪᠠᠷ ᠨᠡᠮᠡᠭ᠌ᠲᠠᠵᠤ᠂ ᠬᠦᠴᠢᠷᠳᠡᠯ᠎ᠲᠠᠢ ᠤᠯᠠᠨ ᠲᠦᠮᠠᠨ᠎ᠤ ᠦᠨᠲᠤᠰᠤᠨ ᠠᠮᠢᠲᠤᠷᠠᠯ᠎ᠢ ᠨᠠᠩ ᠪᠠᠲᠤᠯᠠᠭ᠎ᠠ᠎ᠲᠠᠢ ᠪᠤᠯᠭᠠᠪᠠ᠃
— ᠬᠦᠨᠲᠤ ᠡᠪᠠᠳᠴᠢᠨᠤ ᠲᠠᠭᠠᠳᠭᠠᠯ᠎ᠤᠨ ᠡᠬᠢᠯᠠᠨ ᠵᠠᠷᠤᠲᠠᠯ ᠲᠤᠱᠢᠶᠠᠬᠤ ᠪᠠᠷᠢᠮᠵᠢᠶ᠎ᠠ᠎ᠶ᠋ᠢ ᠨᠢᠬᠡᠲᠤᠯᠲᠠᠢ ᠪᠠᠭᠤᠷᠠᠭᠤᠯᠵᠤ᠂ ᠲᠦᠷᠦ᠎ᠶ᠋ᠢᠨ ᠪᠤᠲᠤᠯᠭ᠎ᠠ᠎ᠶ᠋ᠢᠨ ᠬᠡᠪᠴᠢᠶᠠᠨ ᠲᠤᠲᠤᠷᠠᠬᠢ ᠲᠠᠩᠰᠠᠠ᠎ᠠᠴᠠ ᠲᠠᠢᠯᠬᠤ ᠬᠠᠷᠢᠴᠠᠯ᠎ᠢ 60% ᠳᠤ ᠬᠦᠷᠬᠡᠵᠤ᠂ ᠬᠦᠨᠲᠤ ᠡᠪᠠᠳᠴᠢᠲᠠᠨᠤ ᠡᠮᠴᠢᠯᠡᠬᠡᠨ᠎ᠤ ᠲᠠᠷᠤᠭᠠᠰᠤ᠎ᠶ᠋ᠢ ᠦᠨᠡᠨ ᠬᠦ᠌ ᠬᠦᠩᠭᠡᠷᠡᠭᠦᠯᠪᠠ᠃
᠁
ᠤᠨᠴᠠᠭᠠᠢ ᠪᠠᠢᠲᠠᠯ ᠲᠤᠤᠷ᠎ᠠ ᠮᠠᠨ᠎ᠤ ᠤᠷᠤᠨ᠎ᠤ ᠠᠷᠠᠳ᠎ᠤᠨ ᠠᠮᠢᠲᠤᠷᠠᠯ᠎ᠢ ᠪᠠᠲᠤᠯᠠᠨ ᠰᠠᠢᠵᠢᠷᠠᠭᠤᠯᠬᠤ ᠠᠵᠢᠯ ᠱᠢᠨ᠎ᠠ ᠦᠷ᠎ᠠ ᠪᠦᠲᠦᠮᠵᠢ ᠤᠯᠵᠤ᠂ ᠪᠦᠬᠦ᠌ ᠠᠷᠠᠳ᠎ᠢ ᠲᠠᠭᠠᠳᠭᠠᠯ᠎ᠳᠤ ᠤᠷᠤᠭᠤᠯᠬᠤ ᠲᠦᠯᠤᠪᠯᠡᠭᠡ ᠴᠢᠨᠠᠭ᠍ᠰᠢᠳᠠ ᠠᠬᠢᠯᠠ᠃ ᠡᠨᠡ ᠵᠢᠯ᠎ᠤᠨ 6 ᠰᠠᠷ᠎ᠠ᠎ᠶ᠋ᠢᠨ ᠰᠡᠬᠦᠯᠴᠢ ᠪᠤᠯᠲᠠᠯ᠎ᠠ᠂ ᠪᠦᠬᠦ᠌ ᠤᠷᠤᠨ᠎ᠤ ᠬᠤᠲᠠ ᠪᠠᠯᠭᠠᠰᠤᠨ᠎ᠤ ᠠᠵᠢᠯᠲᠠᠨ ᠠᠵᠢᠯᠴᠢᠨ᠎ᠤ ᠦᠨᠲᠤᠰᠤᠨ ᠨᠠᠰᠤᠵᠢᠯ᠎ᠤᠨ ᠲᠠᠭᠠᠳᠭᠠᠯ᠎ᠳᠤ ᠤᠷᠤᠭ᠍ᠰᠠᠨ ᠬᠦᠮᠦᠨ 766.4 ᠲᠦᠮᠨ᠎ᠳᠤ ᠬᠦᠷᠴᠤ᠌᠂ ᠠᠵᠢᠯ᠎ᠠᠴᠠ ᠪᠤᠯᠤᠭ᠍ᠰᠠᠨ ᠭᠡᠮᠳᠦᠯ᠎ᠤᠨ ᠲᠠᠭᠠᠳᠭᠠᠯ᠎ᠳᠤ ᠤᠷᠤᠭ᠍ᠰᠠᠨ ᠬᠦᠮᠦᠨ 334.5 ᠲᠦᠮᠠ᠎ᠳᠤ ᠬᠦᠷᠴᠤ᠌᠂ ᠠᠵᠢᠯ ᠠᠯᠲᠠᠭ᠍ᠰᠠᠳᠤᠨ ᠲᠠᠭᠠᠳᠭᠠᠯ᠎ᠳᠤ ᠤᠷᠤᠭ᠍ᠰᠡᠨ ᠬᠦᠮᠦᠨ 271.6 ᠲᠦᠮᠨ᠎ᠳᠤ ᠬᠦᠷᠴᠠᠢ; ᠬᠤᠲᠠ ᠬᠦᠲᠡᠭᠡ᠎ᠶ᠋ᠢᠨ ᠰᠠᠭᠤᠭᠠᠯᠢ ᠠᠷᠡᠳ᠎ᠤᠨ ᠨᠠᠰᠤᠵᠢᠯ᠎ᠤᠨ ᠲᠠᠭᠠᠳᠭᠠᠯ᠎ᠳᠤ ᠤᠷᠤᠭ᠍ᠰᠠᠠ ᠬᠦᠮᠤᠨ 769.2 ᠲᠦᠮᠠ᠎ᠳᠤ ᠬᠦᠷᠴᠤ᠌᠂ ᠦᠨᠲᠤᠰᠤᠨ ᠡᠮᠴᠢᠯᠡᠬᠡᠨ᠎ᠤ ᠲᠠᠭᠠᠳᠭᠠᠯ᠎ᠳᠤ ᠤᠷᠤᠭ᠍ᠰᠡᠨ ᠬᠦᠮᠦᠨ 2165.35 ᠲᠦᠮᠠ᠎ᠳᠤ ᠬᠦᠷᠦᠭ᠌ᠰᠡᠨ ᠪᠠᠢᠨ᠎ᠠ᠃
ᠰᠣᠷᠭᠠᠨ ᠬᠦᠮᠦᠵᠢᠯ᠎ᠳᠠᠬᠢ ᠪᠠᠯᠠ ᠤᠷᠤᠭᠤᠯᠤᠯᠲᠠ᠎ᠪᠠᠨ ᠨᠡᠮᠡᠭ᠌ᠳᠡᠭᠦᠯᠵᠤ ᠠᠷᠠᠳ ᠤᠯᠠᠨ᠎ᠤ ᠬᠦᠴᠢᠷᠲᠠᠯ᠎ᠢ ᠱᠢᠢᠳᠪᠤᠷᠢᠯᠠᠨᠠ
《ᠬᠦᠤ᠎ᠪᠠᠨ ᠬᠡᠤᠬᠡᠳ᠎ᠤᠨ ᠴᠡᠴᠡᠷᠯᠢᠭ᠎ᠲᠤ ᠤᠷᠤᠭᠤᠯᠬᠤ ᠠᠰᠠᠭᠤᠲᠠᠯ ᠪᠤᠯ ᠮᠢᠨᠦ᠍ ᠤᠳᠤᠬᠠᠨ᠎ᠤ ᠬᠠᠮᠤᠭ᠎ᠤᠨ ᠰᠠᠨᠠᠭᠠᠱᠢᠷᠠᠵᠣ ᠪᠠᠢᠭ᠎ᠠ ᠠᠰᠠᠭᠤᠳᠠᠯ ᠪᠣᠯᠣᠨ᠎ᠠ᠃ ᠬᠡᠷ᠎ᠤᠨ ᠡᠬᠦᠲᠠ᠎ᠪᠠᠨ ᠭᠠᠷᠤᠭ᠍ᠰᠠᠭᠠᠷ ᠠᠯᠪᠠᠨ᠎ᠠᠴᠠ ᠡᠷᠬᠢᠯᠡᠭ᠌ᠰᠠᠨ ᠬᠡᠤᠬᠡᠳ᠎ᠤᠨ ᠴᠡᠴᠡᠷᠯᠢᠭ ᠪᠣᠢ᠂ ᠲᠠᠨᠲᠠᠬᠢ ᠲᠤᠨᠤᠭ ᠲᠦᠬᠦᠬᠡᠷᠤᠮᠵᠢ᠎ᠨᠢ ᠰᠠᠢᠨ᠂ ᠦᠨ᠎ᠠ ᠬᠠᠨᠭ᠌ᠰᠢ᠎ᠨᠢ ᠴᠤ᠌ ᠲᠤᠤᠷ᠎ᠠ᠂ ᠬᠦᠦ᠎ᠪᠠᠨ ᠲᠠᠨᠲᠠ ᠬᠦᠷᠬᠡᠬᠦ᠌᠎ᠨᠢ ᠮᠢᠨᠤ ᠬᠠᠮᠤᠭ᠎ᠤᠨ ᠶᠡᠭᠡ ᠬᠦᠰᠡᠯ ᠶᠤᠮ》 ᠬᠡᠵᠤ ᠬᠦᠬᠡᠬᠤᠲᠠ᠎ᠶ᠋ᠢᠨ ᠢ ᠾᠧ ᠬᠡᠷ ᠣᠷᠣᠨ ᠰᠠᠭᠤᠭᠠᠯᠢ ᠠᠷᠠᠳ᠎ᠤᠨ ᠲᠤᠭᠤᠷᠢᠭ᠎ᠤᠨ ᠰᠠᠭᠤᠭᠠᠯᠢ ᠠᠷᠠᠳ ᠵᠤᠤ ᠬᠠᠢ ᠲᠤᠤ ᠬᠡᠯᠡᠨ᠎ᠡ᠃
ᠲᠠᠬᠦᠨ᠎ᠤ ᠬᠦᠤ᠎ᠨᠢ ᠡᠨᠡ ᠵᠢᠯ᠎ᠤᠨ 9 ᠰᠠᠷ᠎ᠠ᠎ᠳᠤ ᠬᠡᠤᠬᠡᠳ᠎ᠤᠨ ᠴᠡᠴᠡᠷᠯᠢᠭ᠎ᠲᠤ ᠤᠷᠤᠬᠤ ᠪᠤᠯᠤᠨ᠎ᠠ᠂ ᠦᠩᠬᠡᠷᠡᠭ᠌ᠰᠡᠨ᠎ᠳᠤ ᠬᠡᠤᠬᠡᠳ᠎ᠢᠶᠠᠨ ᠠᠯᠢ ᠬᠡᠤᠬᠡᠳ᠎ᠤᠨ ᠴᠡᠴᠡᠷᠯᠢᠭ᠎ᠲᠤ ᠬᠦᠷᠬᠡᠬᠦ᠌ ᠲᠤᠬᠠᠢ ᠲᠠᠲᠠ ᠲᠦᠢᠯ᠎ᠢᠶᠠᠷ ᠰᠠᠨᠠᠭᠠᠱᠢᠷᠠᠵᠤ ᠪᠠᠢᠵᠠᠢ᠃ ᠬᠡᠲᠠᠯ᠎ᠠ ᠡᠨᠡ ᠵᠢᠯ ᠲᠠᠲᠠᠨ᠎ᠤ ᠰᠠᠭᠤᠭᠠᠯᠢ ᠠᠷᠠᠳ᠎ᠤᠨ ᠲᠤᠭᠤᠷᠢᠭ᠎ᠤᠨ ᠡᠬᠦᠲᠠᠨᠳᠤ ᠱᠢᠨ᠎ᠠ᠎ᠪᠠᠷ ᠪᠠᠢᠭᠤᠯᠤᠭ᠍ᠰᠠᠨ ᠰᠠᠢᠬᠠᠨ ᠲᠤᠭᠤᠷᠢᠭ᠎ᠤᠨ ᠨᠢᠬᠡᠲᠤᠬᠡᠷ ᠬᠡᠤᠬᠡᠳ᠎ᠤᠨ ᠴᠡᠴᠡᠷᠯᠢᠭ᠎ᠤᠨ ᠢ ᠡᠾᠧ ᠰᠣᠷᠭᠠᠭᠤᠯᠢ᠎ᠶ᠋ᠢᠨ ᠲᠤᠭᠤᠷᠢᠭ ᠡᠬᠢᠯᠡᠨ ᠰᠤᠷᠤᠭ᠍ᠴᠢ ᠡᠯᠰᠡᠪᠡ᠃ 《ᠲᠤᠰ ᠰᠠᠭᠤᠭᠠᠯᠢ ᠠᠷᠠᠳ᠎ᠤᠨ ᠲᠤᠭᠤᠷᠢᠭ᠎ᠤᠨ ᠡᠷᠤᠬᠡ ᠠᠮᠠ᠎ᠶ᠋ᠢᠨ ᠲᠠᠩᠰᠠ᠎ᠲᠠᠢ ᠨᠦᠬᠦᠴᠡᠯ᠎ᠳᠤ ᠨᠡᠢᠴᠡᠬᠦ᠌ ᠬᠡᠤᠬᠡᠳ᠎ᠢ ᠪᠦᠷ ᠡᠯᠰᠡᠬᠦ᠌ ᠪᠤᠯᠬᠤᠷ ᠪᠢᠳᠡ ᠮᠠᠰᠢ ᠣᠷᠣᠭ᠍ᠰᠢᠳᠠᠢ ᠨᠠᠷᠠ ᠮᠠᠲᠠᠬᠦᠯᠴᠢᠬᠡᠯᠠ》 ᠬᠡᠵᠤ ᠵᠤᠤ ᠬᠠᠢ ᠲᠤᠤ ᠮᠠᠰᠢ ᠪᠠᠶᠠᠷᠳᠠᠢ ᠪᠠᠢᠯ᠎ᠠ᠃
ᠬᠡᠤᠬᠡᠳ ᠪᠤᠯ ᠤᠯᠤᠰ ᠤᠷᠤᠨ᠎ᠤ ᠢᠷᠠᠬᠡᠲᠤᠢ᠂ ᠬᠡᠷ ᠪᠦᠯᠢ᠎ᠶ᠋ᠢᠨ ᠬᠦᠰᠠᠯ ᠡᠷᠠᠮᠠᠯᠵᠠᠯ ᠮᠦᠨ᠃ ᠰᠤᠷᠭᠠᠭᠤᠯᠢ᠎ᠶ᠋ᠢᠨ ᠨᠠᠰᠣᠨ᠎ᠠᠴᠠ ᠡᠮᠤᠨᠡᠬᠢ ᠰᠤᠷᠭᠠᠨ ᠬᠦᠮᠤᠵᠢᠯ ᠪᠤᠯ ᠤᠯᠤᠰ ᠠᠷᠠᠳ᠎ᠤᠨ ᠰᠤᠷᠭᠠᠨ ᠬᠦᠮᠤᠵᠢᠯ᠎ᠤᠨ ᠱᠢᠰ᠊ ᠲ᠋ ᠸᠮᠤᠨ ᠲᠦᠷᠦᠬᠦᠤ ᠪᠤᠭᠤᠮᠲᠠ ᠪᠠᠢᠵᠤ᠂ ᠲᠦᠭ ᠲᠦᠮᠠᠨ ᠬᠡᠤᠬᠡᠳ᠎ᠤᠨ ᠡᠷᠠᠬᠦᠯ᠎ᠢᠶᠠᠷ ᠦᠰᠤᠨ ᠪᠤᠢᠵᠢᠬᠤ᠎ᠲᠠᠢ ᠬᠤᠯᠪᠤᠭ᠍ᠲᠠᠬᠤ ᠠᠵᠢ᠃ ᠡᠢᠮᠤ ᠪᠤᠯᠬᠤᠷ ᠰᠤᠷᠭᠠᠭᠤᠯᠢ᠎ᠶ᠋ᠢᠨ ᠨᠠᠰᠣᠨ᠎ᠠᠴᠠ ᠡᠮᠤᠨᠡᠬᠢ ᠰᠤᠷᠭᠠᠨ ᠬᠦᠮᠤᠵᠢᠯ᠎ᠢ ᠰᠠᠢᠲᠤᠷ ᠡᠷᠬᠢᠯᠡᠬᠦ᠌᠎ᠨᠢ ᠠᠷᠠᠳ ᠲᠦᠮᠠᠨ᠎ᠳᠤ ᠪᠤᠲᠠᠲᠤ ᠶᠠᠪᠤᠲᠠᠯ ᠬᠢᠵᠦ᠍ ᠦᠭ᠌ᠬᠦ ᠠᠷᠠᠳ᠎ᠤᠨ ᠶᠠᠪᠤᠲᠠᠯ᠎ᠤᠨ ᠢᠨᠵᠧᠨᠧᠷᠢᠩ᠎ᠤᠨ ᠴᠢᠬᠤᠯᠠ ᠨᠢᠬᠡᠨ ᠠᠭᠤᠯᠭ᠎ᠠ ᠪᠤᠯᠤᠭ᠍ᠰᠠᠨ᠎ᠨᠢ ᠭᠠᠷᠴᠠᠭ᠎ᠠ ᠦᠬᠡᠢ᠃
ᠮᠠᠨ᠎ᠤ ᠤᠷᠤᠨ ᠡᠨᠡ ᠵᠢᠯ ᠦᠪᠠᠷᠲᠠᠬᠡᠨ ᠵᠠᠰᠠᠬᠤ ᠤᠷᠤᠨ᠎ᠤ ᠡᠳ᠋᠎ᠤᠨ ᠵᠠᠰᠠᠭ ᠬᠦᠴᠢᠷᠲᠠᠯᠳᠠᠢ ᠪᠠᠢᠲᠠᠯ ᠲᠤᠤᠷ᠎ᠠ᠂ ᠲᠤᠰ ᠱᠠᠲᠤᠨ᠎ᠤ ᠡᠳ᠋᠎ᠤᠨ ᠵᠠᠰᠠᠭ᠎ᠠᠴᠠ ᠰᠤᠷᠭᠠᠭᠤᠯᠢ᠎ᠶ᠋ᠢᠨ ᠨᠠᠰᠣᠨ᠎ᠠᠴᠠ ᠡᠮᠤᠨᠡᠬᠢ ᠰᠤᠷᠭᠠᠨ ᠬᠦᠮᠤᠵᠢᠯ᠎ᠤᠨ ᠬᠦᠭ᠌ᠵᠢᠯᠲᠠ᠎ᠳᠤ 5 ᠳ᠋ᠦᠡᠭ᠌ᠰᠢᠭᠤᠷ ᠲᠦᠬᠦᠷᠢᠭ ᠪᠠᠯᠠ ᠤᠷᠤᠭᠤᠯᠬᠤ ᠬᠡᠮᠵᠢᠶ᠎ᠡ᠎ᠪᠠᠨ ᠪᠠᠳᠣᠯᠠᠵᠤ᠂ ᠭᠤᠤᠯᠲᠠᠯᠭ᠎ᠠ᠎ᠪᠠᠨ ᠶᠠᠲᠠᠭᠤ ᠬᠦᠴᠢᠷᠳᠡᠯ᠎ᠲᠠᠢ ᠭᠠᠵᠠᠷ ᠤᠷᠤᠨ ᠲᠡᠢᠰᠢ ᠬᠡᠯᠪᠠᠢᠯᠬᠡᠪᠠ᠃ ᠬᠤᠲᠠ ᠪᠠᠯᠭᠠᠰᠤᠨ᠎ᠤ ᠰᠠᠭᠤᠭᠠᠯᠢ ᠠᠷᠠᠳ᠎ᠤᠨ ᠲᠤᠭᠤᠷᠢᠭ᠎ᠲᠤ 218 ᠬᠡᠤᠬᠡᠳ᠎ᠤᠨ ᠴᠡᠴᠡᠷᠯᠢᠭ ᠵᠠᠰᠠᠨ ᠪᠠᠢᠭᠤᠯᠵᠤ᠂ 4.99 ᠲᠦᠮᠠᠨ ᠰᠤᠷᠤᠭ᠍ᠴᠢ᠎ᠶ᠋ᠢᠨ ᠤᠷᠤᠨ ᠪᠠᠢᠷᠢ ᠨᠡᠮᠡᠭ᠌ᠲᠠᠬᠦᠯᠵᠠᠢ᠃ ᠲᠦᠬᠡᠮᠡᠯ ᠬᠠᠷᠠᠭᠠᠯᠵᠠᠬᠤ ᠴᠢᠨᠠᠷᠲᠠᠢ ᠠᠷᠠᠳ᠎ᠠᠴᠠ ᠡᠷᠬᠢᠯᠡᠭ᠌ᠰᠠᠨ ᠬᠡᠤᠬᠡᠳ᠎ᠤᠨ ᠴᠡᠴᠡᠷᠯᠢᠭ᠎ᠤᠨ ᠠᠯᠪᠠᠨ ᠬᠡᠷᠡᠭ᠌ᠯᠡᠬᠡᠨ᠎ᠤ ᠵᠠᠷᠣᠳᠠᠯ᠎ᠤᠨ ᠨᠦᠬᠦᠪᠤᠷᠢ᠎ᠶ᠋ᠢᠨ ᠪᠠᠷᠢᠮᠵᠢᠶ᠎ᠠ᠎ᠶ᠋ᠢ ᠵᠢᠯ ᠪᠦᠷᠢ ᠰᠤᠷᠤᠭ᠍ᠴᠢ ᠲᠤᠮᠲᠠᠴᠢ᠎ᠪᠠᠷ 120 ᠲᠦᠬᠦᠷᠢᠭ ᠪᠠᠢᠭ᠍ᠰᠠᠨ᠎ᠠᠴᠠ ᠨᠡᠮᠡᠭ᠌ᠲᠠᠬᠦᠯᠤᠬᠡᠳ 600 ᠲᠦᠬᠦᠷᠢᠭ᠎ᠲᠤ ᠬᠦᠷᠬᠡᠵᠤ᠂ ᠠᠯᠪᠠᠨ᠎ᠠᠴᠠ ᠡᠷᠬᠢᠯᠡᠭ᠌ᠰᠠᠨ ᠬᠡᠤᠬᠡᠤᠨ᠎ᠤᠨ ᠴᠡᠴᠡᠷᠯᠢᠭ᠎ᠲᠠᠢ ᠠᠳᠠᠯᠢ ᠪᠤᠯᠭᠠᠪᠠ᠃ ᠡᠢᠨ ᠬᠦ᠌ 《ᠴᠡᠴᠡᠷᠯᠢᠭ᠎ᠲᠤ ᠤᠷᠤᠬᠤ᠎ᠳᠤ ᠬᠦᠴᠢᠷ》᠂ 《ᠴᠡᠴᠡᠷᠯᠢᠭ᠎ᠲᠤ ᠰᠠᠭᠤᠬᠤ᠎ᠳᠤ ᠦᠨ᠎ᠠ᠎ᠲᠠᠢ》 ᠠᠰᠠᠭᠤᠲᠠᠯ ᠴᠢᠨᠠᠭ᠍ᠰᠢᠲᠠ ᠱᠢᠢᠳᠪᠤᠷᠢᠯᠡᠭ᠌ᠲᠡᠭ᠌ᠰᠡᠨ ᠠᠵᠢ᠃