ᠤᠢᠷ᠎ᠠ᠎ᠳᠤ᠂ ᠦᠪᠡᠷᠲᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠬᠠᠮᠠᠭᠠᠯᠠᠯᠳᠠ᠎ᠶ᠋ᠢᠨ ᠱᠠᠯᠠᠪᠳᠠᠭᠤᠯᠤᠨ ᠪᠠᠢᠴᠠᠭᠠᠬᠤ ᠭᠤᠷᠪᠠᠳᠤᠭᠠᠷ ᠲᠤᠭᠤᠢ᠍ᠢᠯᠠᠩ ᠱᠢᠯᠢ᠎ᠶ᠋ᠢᠨ ᠭᠤᠤᠯ ᠠᠢᠮᠠᠬ᠎ᠲᠤ ᠠᠮᠢ ᠠᠬᠤᠢ ᠤᠷᠴᠢᠨ ᠲᠤᠭᠤᠷᠢᠨ᠎ᠤ ᠬᠠᠮᠠᠭᠠᠯᠠᠯᠳᠠ᠎ᠶ᠋ᠢᠨ ᠱᠠᠯᠠᠪᠳᠠᠭᠤᠯᠤᠨ ᠪᠠᠢᠴᠠᠭᠠᠬᠤ ᠠᠵᠢᠯ ᠦᠷᠨᠢᠬᠦᠯᠬᠦ᠌ ᠦᠶ᠎ᠠ᠎ᠳᠤ᠂ ᠶᠠᠮᠠᠷᠴᠦ᠍ ᠭᠠᠷ ᠬᠦᠢᠴᠡᠳᠭᠡᠯ ᠪᠠ ᠵᠢᠷᠤᠮᠵᠢᠭ᠍ᠰᠠᠨ ᠱᠢᠢᠳᠪᠤᠷᠢᠯᠡᠬᠦ᠌ ᠠᠷᠭ᠎ᠠ ᠭᠡᠮᠵᠢᠶ᠎ᠠ ᠦᠭᠡᠢ ᠨᠢᠭᠡᠨ ᠪᠠᠷᠢᠯᠭ᠎ᠠ᠎ᠶ᠋ᠢᠨ ᠬᠤᠬ ᠨᠤᠪᠰᠢ᠎ᠶ᠋ᠢ ᠪᠤᠯᠠᠬᠤ ᠲᠠᠯᠠᠪᠠᠢ᠎ᠶ᠋ᠢ ᠢᠯᠡᠷᠡᠬᠦᠯᠵᠡᠢ᠃ ᠲᠠᠯᠠᠪᠠᠢ ᠳᠤᠳᠤᠷᠠᠬᠢ ᠬᠠᠶᠠᠬ᠍ᠳᠠᠮᠠᠯ ᠪᠤᠳᠠᠰ᠎ᠤᠨ ᠪᠦᠷᠢᠯᠳᠦᠬᠦᠨ ᠪᠤᠳᠤᠯᠢᠶᠠᠨᠳᠠᠢ᠂ ᠠᠭᠠᠷ ᠮᠠᠨᠳᠠᠯ᠂ ᠭᠠᠵᠠᠷ ᠲᠤᠤᠷᠠᠬᠢ ᠤᠰᠤ᠂ ᠬᠦᠷᠦᠰᠦ ᠱᠢᠷᠤᠢ᠎ᠳᠤ ᠠᠮᠠᠷᠬᠠᠨ ᠬᠤᠶᠠᠳᠠᠬᠢ ᠤᠳᠠᠭᠠᠨ᠎ᠤ ᠪᠤᠬᠢᠷᠳᠤᠯ ᠤᠴᠠᠷᠠᠭᠤᠯᠵᠦ᠍᠂ ᠠᠮᠢ ᠠᠬᠤᠢ ᠤᠷᠴᠢᠨ ᠲᠤᠭᠤᠷᠢᠨ᠎ᠢ ᠬᠦᠨᠳᠦ ᠨᠤᠴᠢᠳᠠᠢ ᠡᠪᠳᠡᠭ᠌ᠰᠡᠨ ᠪᠠᠢᠨ᠎ᠠ᠃
ᠨᠢᠭᠡ᠂ ᠦᠨᠳᠦᠰᠦᠨ ᠪᠠᠢᠳᠠᠯ
ᠲᠤᠰ ᠪᠠᠷᠢᠯᠭ᠎ᠠ᠎ᠶ᠋ᠢᠨ ᠬᠤᠬ ᠨᠤᠪᠰᠢ᠎ᠶ᠋ᠢ ᠪᠤᠯᠠᠬᠤ ᠲᠠᠯᠠᠪᠠᠢ ᠱᠢᠯᠢᠩᠬᠤᠳᠠ᠎ᠠᠴᠠ ᠵᠡᠬᠦᠨ ᠡᠮᠦᠨᠡᠰᠢ 5 ᠺᠢᠯᠦᠮᠧᠳ᠋ᠷ ᠱᠢᠬᠠᠮ᠎ᠤᠨ ᠭᠠᠵᠠᠷ᠎ᠲᠤ ᠪᠠᠢᠵᠦ᠍᠂ ᠤᠤᠯ᠎ᠨᠢ ᠨᠢᠭᠡᠨ ᠲᠤᠭᠤᠰᠭᠠᠨᠤ ᠦᠢᠯᠡᠳᠪᠤᠷᠢ᠎ᠶ᠋ᠢᠨ ᠬᠠᠶᠠᠬ᠍ᠳᠠᠭ᠍ᠰᠠᠨ ᠱᠢᠷᠤᠢ ᠠᠪᠬᠤ ᠨᠦᠭᠡ ᠪᠠᠢᠪᠠ᠃ ᠪᠠᠷᠢᠯᠭ᠎ᠠ᠎ᠶ᠋ᠢᠨ ᠬᠤᠬ ᠨᠤᠪᠰᠢ᠎ᠶ᠋ᠢ ᠪᠤᠯᠠᠬᠤ ᠲᠠᠯᠠᠪᠠᠢ᠎ᠶ᠋ᠢ 2014 ᠤᠨ᠎ᠳᠤ ᠠᠱᠢᠬ᠍ᠯᠠᠵᠦ᠍᠂ 4 ᠲᠦᠮᠡᠨ ᠲᠡᠭ᠌ᠰᠢ ᠲᠦᠷᠪᠡᠯᠵᠢᠨ ᠮᠧᠳ᠋ᠷ᠎ᠤᠨ ᠭᠠᠵᠠᠷ᠎ᠢ ᠡᠵᠡᠯᠡᠵᠦ᠍᠂ ᠭᠤᠤᠯᠳᠠᠭᠤ ᠱᠢᠯᠢᠩᠬᠤᠳᠠ᠎ᠠᠴᠠ ᠭᠠᠷᠤᠭ᠍ᠰᠠᠨ ᠪᠠᠷᠢᠯᠭ᠎ᠠ᠎ᠶ᠋ᠢᠨ ᠬᠤᠬ ᠨᠤᠪᠰᠢ᠎ᠶ᠋ᠢ ᠤᠪᠤᠭᠠᠯᠠᠵᠦ᠍ ᠬᠠᠳᠠᠭᠠᠯᠠᠬᠤ᠎ᠳᠤ ᠭᠡᠷᠡᠭ᠌ᠯᠡᠵᠦ᠍᠂ ᠤᠳᠤ ᠨᠢᠭᠡᠨᠳᠠ 40 ᠲᠦᠮᠡᠨ ᠪᠤᠰᠤᠭ᠎ᠠ ᠲᠦᠷᠪᠡᠯᠵᠢᠨ ᠮᠧᠳ᠋ᠷ ᠱᠢᠬᠠᠮ ᠪᠠᠷᠢᠯᠭ᠎ᠠ᠎ᠶ᠋ᠢᠨ ᠬᠤᠬ ᠨᠤᠪᠰᠢ ᠤᠪᠤᠭᠠᠷᠠᠭᠠᠳ ᠪᠤᠢ᠃ ᠲᠤᠬᠠᠢ᠎ᠶ᠋ᠢᠨ ᠲᠠᠯᠠᠪᠠᠢ᠎ᠳᠤ ᠪᠠᠷᠢᠯᠭ᠎ᠠ᠎ᠶ᠋ᠢᠨ ᠬᠤᠬ ᠨᠤᠪᠰᠢ᠂ ᠠᠮᠢᠳᠤᠷᠠᠯ᠎ᠤᠨ ᠬᠤᠬ ᠨᠤᠪᠰᠢ᠎ᠶ᠋ᠢ ᠬᠤᠯᠢᠯᠳᠤᠭᠤᠯᠤᠨ ᠭᠠᠳᠠᠭ᠍ᠰᠢᠯᠠᠭᠤᠯᠵᠦ᠍ ᠬᠤᠯᠢᠯᠳᠤᠭᠤᠯᠤᠨ ᠤᠪᠤᠭᠠᠯᠠᠵᠦ᠍᠂ ᠴᠢᠨᠠᠬ᠍ᠰᠢᠯᠠᠨ ᠦᠶᠡᠷ᠎ᠤᠨ ᠤᠰᠤ ᠵᠠᠯᠠᠬᠤ ᠭᠤᠤ᠎ᠶ᠋ᠢ ᠪᠦᠭ᠌ᠯᠡᠭ᠌ᠰᠡᠨ ᠪᠠᠢᠬᠤ᠎ᠶ᠋ᠢ ᠤᠯᠵᠦ᠍ ᠢᠯᠡᠷᠡᠬᠦᠯᠵᠡᠢ᠃
ᠬᠤᠶᠠᠷ᠂ ᠤᠷᠤᠱᠢᠵᠦ᠍ ᠪᠠᠢᠬᠤ ᠠᠰᠠᠭᠤᠳᠠᠯ
(ᠨᠢᠭᠡ) ᠪᠤᠬᠢᠷᠳᠤᠯ᠎ᠢ ᠰᠡᠷᠭᠡᠢᠯᠡᠨ ᠵᠠᠰᠠᠬᠤ ᠶᠠᠮᠠᠷᠴᠦ᠍ ᠲᠦᠬᠦᠭᠡᠷᠤᠮᠵᠢ ᠪᠠᠢᠬᠤ ᠦᠭᠡᠢ᠂ ᠡᠷᠬᠢᠨ ᠲᠤᠭᠤᠷᠢᠨ᠎ᠤ ᠠᠮᠢ ᠠᠬᠤᠢ ᠤᠷᠴᠢᠨ ᠲᠤᠭᠤᠷᠢᠨ᠎ᠢ ᠪᠤᠬᠢᠷᠳᠤᠭᠤᠯᠵᠦ᠍ ᠪᠤᠢ᠃ ᠲᠤᠰ ᠪᠠᠷᠢᠯᠭ᠎ᠠ᠎ᠶ᠋ᠢᠨ ᠬᠤᠬ ᠨᠤᠪᠰᠢ᠎ᠶ᠋ᠢ ᠪᠤᠯᠠᠬᠤ ᠲᠠᠯᠠᠪᠠᠢ᠎ᠨᠢ 《ᠪᠠᠷᠢᠯᠭ᠎ᠠ᠎ᠶ᠋ᠢᠨ ᠬᠤᠬ ᠨᠤᠪᠰᠢ᠎ᠶ᠋ᠢ ᠱᠢᠢᠳᠪᠤᠷᠢᠯᠡᠬᠦ᠌ ᠮᠡᠷᠭᠡᠵᠢᠯ᠎ᠤᠨ ᠪᠠᠷᠢᠮᠵᠢᠶ᠎ᠠ》 ᠶᠤᠰᠤᠭᠠᠷ ᠨᠡᠪᠴᠢᠬᠦ᠌᠎ᠶ᠋ᠢ ᠰᠡᠷᠭᠡᠢᠯᠡᠬᠦ᠂ ᠲᠤᠭᠤᠰᠤ ᠱᠢᠷᠤᠢ ᠳᠡᠭ᠌ᠳᠡᠬᠦ᠌ᠶ᠋ᠢ ᠰᠡᠷᠭᠡᠢᠯᠡᠬᠦ᠌ ᠠᠷᠭ᠎ᠠ ᠭᠡᠮᠵᠢᠶ᠎ᠠ ᠠᠪᠤᠬ᠍ᠰᠠᠨ ᠦᠭᠡᠢ ᠪᠦᠭᠡᠳ ᠭᠠᠵᠠᠷ ᠲᠤᠤᠷᠠᠬᠢ ᠤᠰᠤ᠎ᠶ᠋ᠢ ᠠᠵᠢᠬ᠍ᠯᠠᠬᠤ ᠬᠤᠳᠳᠤᠭ᠂ ᠪᠤᠷᠤᠭᠠᠨ᠎ᠠᠴᠠ ᠪᠤᠯᠤᠭ᠍ᠰᠠᠨ ᠪᠤᠬᠢᠷ ᠤᠰᠤ᠎ᠶ᠋ᠢ ᠵᠠᠯᠠᠬᠤ ᠱᠢᠰᠲᠧᠮ᠎ᠢ ᠴᠦ᠍ ᠲᠤᠬᠢᠷᠠᠭᠤᠯᠤᠭ᠍ᠰᠠᠨ ᠦᠭᠡᠢ᠃ ᠲᠤᠬᠠᠢ᠎ᠶ᠋ᠢᠨ ᠲᠠᠯᠠᠪᠠᠢ᠎ᠳᠤ ᠢᠯᠡᠷᠡᠬᠦᠯᠦᠭ᠌ᠰᠡᠨ᠎ᠢᠶᠠᠷ᠂ ᠪᠠᠷᠢᠯᠭ᠎ᠠ᠎ᠶ᠋ᠢᠨ ᠬᠤᠬ ᠨᠤᠪᠰᠢ ᠪᠤᠯᠠᠬᠤ ᠲᠠᠯᠠᠪᠠᠢ᠎ᠶ᠋ᠢᠨ ᠠᠵᠢᠯ ᠬᠢᠬᠦ᠌ ᠭᠠᠵᠠᠷ᠎ᠲᠤ ᠶᠠᠮᠠᠷᠴᠦ᠍ ᠲᠤᠭᠤᠰᠤ ᠱᠢᠷᠤᠢ ᠳᠡᠭ᠌ᠳᠡᠬᠦ᠌ᠠᠴᠠ ᠰᠡᠷᠭᠡᠢᠯᠡᠬᠦ᠌ ᠠᠷᠭ᠎ᠠ ᠭᠡᠮᠵᠢᠶ᠎ᠠ ᠠᠪᠤᠬ᠍ᠰᠠᠨ ᠦᠭᠡᠢ᠂ ᠪᠦᠬᠦ᠌ ᠵᠦᠢᠯ᠎ᠨᠢ ᠴᠦᠮ ᠵᠠᠳᠠᠭᠠᠢ ᠪᠠᠢᠳᠠᠯ᠎ᠲᠠᠢ᠂ ᠮᠠᠰᠢ ᠬᠢᠯᠪᠠᠷᠬᠠᠨ᠎ᠢᠶᠠᠷ ᠬᠤᠶᠠᠳᠠᠬᠢ ᠤᠳᠠᠭᠠᠨ᠎ᠤ ᠲᠤᠭᠤᠰᠤ ᠱᠢᠷᠤᠢ᠎ᠶ᠋ᠢᠨ ᠪᠤᠬᠢᠷᠳᠤᠯ᠎ᠢ ᠡᠬᠦᠰᠭᠡᠳᠡᠭ; ᠵᠠᠮ᠎ᠤᠨ ᠲᠤᠭᠤᠰᠤ ᠱᠢᠷᠤᠢ ᠳᠡᠭ᠌ᠳᠡᠬᠦ᠌ ᠠᠰᠠᠭᠤᠳᠠᠯ ᠲᠤᠪᠤᠢᠮ᠎ᠠ᠂ ᠪᠠᠷᠢᠯᠭ᠎ᠠ᠎ᠶ᠋ᠢᠨ ᠬᠤᠬ ᠨᠤᠪᠰᠢ ᠪᠤᠯᠠᠬᠤ ᠲᠠᠯᠠᠪᠠᠢ᠎ᠶ᠋ᠢᠨ ᠡᠷᠬᠢᠨ ᠲᠤᠭᠤᠷᠢᠨ᠎ᠤ 5 ᠵᠤᠷᠪᠤᠰ ᠵᠦᠭᠡᠭᠡᠪᠦᠷᠢᠯᠡᠬᠦ᠌ ᠵᠠᠮ᠎ᠨᠢ ᠵᠠᠰᠠᠮᠠᠯ ᠵᠠᠮ᠎ᠲᠠᠢ ᠵᠠᠯᠭᠠᠯᠳᠤᠵᠦ᠍᠂ ᠶᠡᠷᠦᠩᠭᠡᠢ ᠤᠷᠳᠤᠨᠢ 4 ᠺᠢᠯᠦᠮᠧᠳ᠋ᠷ ᠱᠢᠬᠠᠮ ᠪᠤᠢ᠂ ᠴᠦᠮ ᠠᠶᠠᠨ᠎ᠳᠠᠭᠠᠨ ᠳᠠᠷᠤᠬ᠍ᠳᠠᠨ ᠪᠦᠷᠢᠯᠳᠦᠭ᠌ᠰᠡᠨ ᠱᠢᠷᠤᠢ᠎ᠶ᠋ᠢᠨ ᠵᠠᠮ ᠪᠤᠯᠬᠤᠷ ᠮᠠᠰᠢ ᠤᠯᠠᠨ ᠲᠤᠮᠤ ᠭᠡᠯᠪᠡᠷᠢ᠎ᠶ᠋ᠢᠨ ᠠᠴᠢᠶᠠᠨ᠎ᠤ ᠮᠠᠱᠢᠨ ᠳᠡᠷᠭᠡ ᠲᠤᠰ ᠵᠠᠮ᠎ᠢᠶᠠᠷ ᠶᠠᠪᠤᠵᠦ᠍᠂ ᠵᠠᠮ᠎ᠨᠢ ᠡᠩᠬᠦᠯ ᠲᠤᠩᠬᠤᠯ᠂ ᠬᠦᠨᠳᠦ ᠨᠤᠴᠢᠳᠠᠢ ᠲᠤᠭᠤᠰᠤ ᠱᠢᠷᠤᠢ ᠬᠤᠷᠠᠮᠳᠤᠵᠦ᠍᠂ ᠮᠠᠱᠢᠨ ᠳᠡᠷᠭᠡ ᠦᠩᠭᠡᠷᠡᠬᠦ᠌᠎ᠳᠤ ᠲᠤᠭᠤᠰᠤ ᠱᠢᠷᠤᠢ ᠪᠤᠵᠢᠬᠢᠨᠠᠵᠦ᠍᠂ ᠪᠤᠬᠢᠷᠳᠤᠯ᠎ᠢᠶᠠᠷ ᠮᠠᠰᠢ ᠬᠦᠨᠳᠦ ᠨᠤᠴᠢᠳᠠᠢ᠂ ᠡᠷᠬᠢᠨ ᠲᠤᠭᠤᠷᠢᠨ᠎ᠤ ᠠᠮᠢ ᠠᠬᠤᠢ ᠤᠷᠴᠢᠨ ᠲᠤᠭᠤᠷᠢᠨ᠎ᠢ ᠪᠤᠬᠢᠷᠳᠤᠭᠤᠯᠤᠨ ᠡᠪᠳᠡᠵᠦ᠍ ᠪᠤᠢ᠃
(ᠬᠤᠶᠠᠷ) ᠠᠮᠢᠳᠤᠷᠠᠯ᠎ᠤᠨ ᠬᠤᠭ ᠨᠤᠪᠰᠢ᠎ᠶ᠋ᠢ ᠬᠤᠯᠢᠯᠳᠤᠭᠤᠯᠤᠨ ᠭᠠᠳᠠᠭ᠍ᠰᠢᠯᠠᠭᠤᠯᠵᠥ᠍ ᠬᠤᠯᠢᠯᠳᠤᠭᠤᠯᠤᠨ ᠤᠪᠤᠭᠠᠯᠠᠬ᠍ᠰᠠᠠᠠᠴᠠ ᠭᠠᠵᠠᠷ ᠲᠤᠤᠷᠠᠬᠢ ᠤᠰᠤᠨ᠎ᠤ ᠠᠮᠤᠷ ᠲᠦᠪᠱᠢᠨ᠎ᠳᠤ ᠰᠦᠷᠳᠡᠬᠦᠯᠥᠯ ᠪᠤᠯᠵᠥ᠍ ᠪᠠᠢᠨ᠎ᠠ᠃ ᠱᠠᠯᠠᠪᠳᠠᠭᠤᠯᠤᠨ ᠪᠠᠢᠴᠠᠭᠠᠳ ᠤᠯᠵᠥ᠍ ᠮᠡᠳᠡᠭ᠌ᠰᠡᠡ᠎ᠢᠶᠠᠷ᠂ ᠪᠠᠷᠢᠯᠭ᠎ᠠ᠎ᠶ᠋ᠢᠨ ᠬᠤᠭ ᠨᠤᠪᠰᠢ᠎ᠶ᠋ᠢ ᠪᠤᠯᠠᠬᠤ ᠲᠠᠯᠠᠪᠤᠷ᠎ᠲᠤ ᠶᠡᠭᠡ ᠬᠡᠮᠵᠢᠶᠡᠨ᠎ᠤ ᠠᠮᠢᠳᠤᠷᠠᠯ᠎ᠤᠨ ᠬᠤᠭ ᠨᠤᠪᠰᠢ᠎ᠶ᠋ᠢ ᠬᠤᠯᠢᠯᠳᠤᠭᠤᠯᠤᠨ ᠤᠪᠤᠭᠠᠯᠠᠵᠥ᠍᠂ ᠬᠠᠮᠠᠷ ᠴᠤᠷᠬᠢᠮᠠ ᠦᠮᠡᠬᠡᠢ ᠦᠨᠦᠷ ᠭᠠᠷᠴᠦ᠍᠂ ᠪᠤᠯᠠᠬᠤ ᠲᠡᠯᠡᠪᠤᠷ᠎ᠤᠨ ᠢᠷᠤᠭᠠᠷ᠎ᠲᠤ ᠪᠤᠬᠢᠷ ᠤᠰᠤᠨ᠎ᠤ ᠨᠦᠬᠡ ᠪᠦᠷᠢᠯᠳᠦᠵᠥ᠍᠂ ᠤᠰᠤ᠎ᠨᠢ ᠬᠦᠷᠡᠩ ᠤᠯᠠᠭᠠᠨ ᠦᠩᠬᠡ᠎ᠲᠠᠢ᠂ PH ᠤᠷᠪᠡᠯᠵᠢᠶ᠋ᠢᠨ ᠴᠠᠭᠠᠰᠤ᠎ᠪᠠᠷ ᠱᠢᠯᠭᠠᠨ ᠬᠡᠮᠵᠢᠭ᠌ᠰᠡᠡᠳᠤ᠂ ᠤᠰᠤᠨ᠎ᠤ ᠴᠢᠨᠠᠷ᠎ᠨᠢ ᠬᠦᠴᠢᠯᠯᠢᠭ ᠴᠢᠨᠠᠷ (PH ᠶ᠋ᠢᠨ ᠬᠡᠮᠵᠢᠭ᠌ᠳᠡᠯ᠎ᠨᠢ 5 ᠤᠷᠴᠢᠮ) ᠲᠠᠢ᠃ ᠱᠠᠯᠠᠪᠳᠠᠭᠤᠯᠤᠨ ᠪᠠᠢᠴᠠᠭᠠᠬᠤ ᠲᠤᠭᠤᠢ᠍ᠢᠯᠠᠩ᠎ᠤᠨ᠎ᠬᠢᠨ ᠲᠠᠬᠢᠨ ᠪᠠᠢᠴᠠᠭᠠᠬᠤ ᠦᠶ᠎ᠡ᠎ᠳᠤ᠂ ᠨᠢᠬᠡ ᠱᠢᠷᠤᠢ ᠮᠠᠯᠳᠠᠬᠤ ᠮᠠᠱᠢᠨ ᠪᠤᠬᠢᠷ ᠤᠰᠤᠨ᠎ᠤ ᠨᠦᠬᠡ᠎ᠶ᠋ᠢ ᠱᠢᠷᠤᠢ᠎ᠪᠠᠷ ᠪᠦᠭ᠌ᠯᠡᠵᠥ᠍ ᠪᠠᠢᠯ᠎ᠠ᠃ ᠪᠠᠷᠢᠯᠭ᠎ᠠ᠎ᠶ᠋ᠢᠨ ᠬᠤᠭ ᠨᠤᠪᠰᠢ᠎ᠶ᠋ᠢ ᠪᠤᠯᠠᠬᠤ ᠲᠡᠯᠡᠪᠤᠷ᠎ᠲᠤ ᠶᠠᠮᠠᠷᠴᠦ᠍ ᠨᠡᠪᠴᠢᠬᠦ᠌᠎ᠶ᠋ᠢ ᠰᠡᠷᠬᠡᠢᠯᠡᠬᠦ᠌ ᠠᠷᠭ᠎ᠠ ᠬᠡᠮᠵᠢᠶ᠎ᠡ ᠬᠡᠵᠥ᠍ ᠦᠬᠡᠢ᠂ ᠬᠤᠤᠷ᠎ᠲᠠᠢ ᠬᠤᠭ ᠨᠤᠪᠰᠢ᠎ᠶ᠋ᠢ ᠢᠩᠬᠢᠵᠥ᠍ ᠤᠷᠳᠤ ᠬᠤᠭᠤᠴᠠᠭ᠎ᠠ᠎ᠪᠠᠷ ᠱᠢᠢᠳᠪᠤᠷᠢᠯᠡᠬᠦ᠌᠎ᠨᠢ ᠬᠦᠷᠦᠰᠦ ᠱᠢᠷᠤᠢ ᠪᠤᠯᠤᠨ ᠭᠠᠵᠠᠷ ᠲᠤᠤᠷᠠᠬᠢ ᠤᠰᠤ᠎ᠶ᠋ᠢ ᠠᠮᠠᠷᠬᠠᠨ ᠪᠤᠬᠢᠷᠳᠤᠭᠤᠯᠵᠥ᠍᠂ ᠤᠷᠴᠢᠨ ᠲᠤᠭᠤᠷᠢᠨ᠎ᠤ ᠠᠮᠤᠷ ᠲᠦᠪᠱᠢᠨ᠎ᠤ ᠬᠡᠮ ᠰᠤᠭᠤᠭ᠎ᠢ ᠪᠦᠷᠢᠯᠳᠦᠬᠦᠯᠬᠦ᠌ ᠪᠤᠯᠤᠨ᠎ᠠ᠃
(ᠭᠤᠷᠪᠠ) ᠪᠠᠷᠢᠯᠭ᠎ᠠ᠎ᠶ᠋ᠢᠨ ᠬᠤᠭ ᠨᠤᠪᠰᠢ᠎ᠶ᠋ᠢ ᠦᠶᠡᠷ ᠵᠠᠯᠠᠬᠤ ᠭᠤᠤ᠎ᠳᠤ ᠲᠤᠷ᠎ᠡ᠎ᠪᠠᠷ᠎ᠢᠶᠠᠨ ᠴᠢᠳᠭᠤᠵᠥ᠍᠂ ᠤᠷᠴᠢᠨ ᠲᠤᠭᠤᠷᠢᠨ᠎ᠤ ᠠᠮᠤᠷ ᠲᠦᠪᠱᠢᠨ᠎ᠤ ᠬᠡᠮ ᠰᠤᠭᠤᠭ᠎ᠢ ᠲᠤᠪᠤᠢᠮ᠎ᠠ ᠪᠤᠯᠭᠠᠵᠠᠢ᠃ ᠱᠠᠯᠠᠪᠳᠠᠭᠤᠯᠤᠨ ᠪᠠᠢᠴᠠᠭᠠᠬᠤ ᠲᠤᠭᠤᠢ᠍ᠢᠯᠠᠩ᠎ᠤᠨ᠎ᠬᠢᠨ ᠡᠨᠡ ᠬᠦ᠌ ᠪᠠᠷᠢᠯᠭ᠎ᠠ᠎ᠶ᠋ᠢᠨ ᠬᠤᠭ ᠨᠤᠪᠰᠢ᠎ᠶ᠋ᠢ ᠪᠤᠯᠠᠬᠤ ᠲᠡᠯᠡᠪᠤᠷ᠎ᠠᠴᠠ ᠬᠤᠢᠰᠢ ᠪᠠᠷᠤᠭ 500 ᠮᠧᠳ᠋ᠷ ᠵᠠᠢᠳᠠᠢ ᠪᠠᠢᠭ᠎ᠠ ᠠᠶᠠᠨ᠎ᠳᠠᠭᠠᠨ ᠪᠦᠷᠢᠯᠳᠦᠭ᠌ᠰᠡᠡ ᠦᠶᠡᠷ ᠵᠠᠯᠠᠬᠤ ᠭᠤᠤ᠎ᠳᠤ᠂ ᠶᠡᠭᠡ ᠬᠡᠮᠵᠢᠶᠡᠨ᠎ᠤ ᠵᠤᠷᠢᠭᠤᠳᠠ ᠴᠢᠳᠭᠤᠬ᠍ᠰᠠᠠ ᠪᠠᠷᠢᠯᠭ᠎ᠠ᠎ᠶ᠋ᠢᠨ ᠬᠤᠭ ᠨᠤᠪᠰᠢ ᠪᠠᠢᠵᠥ᠍᠂ ᠭᠤᠤ᠎ᠶ᠋ᠢᠨ ᠲᠤᠤᠷᠠᠳᠤ ᠤᠷᠤᠰᠭᠠᠯ᠎ᠤᠨ 200 ᠱᠢᠬᠠᠮ ᠮᠧᠲᠷ᠎ᠤᠨ ᠬᠡᠪᠴᠢᠶᠡᠨ᠎ᠳᠤ ᠬᠤᠭ ᠨᠤᠪᠰᠢ ᠲᠦᠬᠦᠷᠴᠥ᠍᠂ ᠦᠶᠡᠷ ᠵᠠᠯᠠᠬᠤ ᠭᠤᠤ᠎ᠶ᠋ᠢᠨ ᠦᠶᠡᠷ ᠵᠠᠯᠠᠬᠤ ᠴᠢᠳᠠᠪᠤᠷᠢ᠎ᠶ᠋ᠢ ᠬᠦᠨᠳᠤ ᠨᠤᠴᠢᠳᠠᠢ ᠨᠦᠯᠥᠬᠡᠯᠡᠵᠥ᠍᠂ ᠡᠷᠬᠢᠨ ᠲᠤᠭᠤᠷᠢᠨ᠎ᠤ ᠬᠦᠷᠦᠰᠦ ᠱᠢᠷᠤᠢ᠂ ᠭᠠᠵᠠᠷ ᠲᠤᠤᠷᠠᠬᠢ ᠤᠰᠤ ᠪᠤᠯᠤᠨ ᠲᠤᠤᠷᠠᠳᠤ ᠤᠷᠤᠰᠭᠠᠯ᠎ᠤᠨ ᠤᠰᠤᠨ᠎ᠳᠤ ᠤᠷᠴᠢᠨ ᠲᠤᠭᠤᠷᠢᠨ᠎ᠤ ᠠᠶᠤᠯ ᠲᠦᠭ᠌ᠰᠢᠬᠦᠷᠢ᠎ᠶ᠋ᠢᠨ ᠲᠠᠯᠳᠠ ᠬᠡᠮ ᠰᠤᠭᠤᠭ ᠪᠤᠯᠵᠥ᠍ ᠪᠠᠢᠬᠤ ᠪᠦᠬᠡᠳ ᠨᠤᠳᠤᠭ ᠪᠡᠯᠴᠢᠬᠡᠷ᠎ᠤᠨ ᠤᠷᠭᠤᠮᠠᠯ᠎ᠤᠨ ᠪᠦᠷᠬᠦᠴᠡ᠎ᠶ᠋ᠢᠨ ᠤᠷᠭᠤᠴᠠ᠎ᠶ᠋ᠢ ᠴᠦ᠍ ᠨᠦᠯᠥᠬᠡᠯᠡᠵᠥ᠍ ᠪᠠᠢᠬᠤ᠎ᠶ᠋ᠢ ᠤᠯᠵᠥ᠍ ᠮᠡᠳᠡᠭ᠌ᠰᠡᠡ ᠪᠠᠢᠨ᠎ᠠ᠃

ᠭᠤᠷᠪᠠ᠂ ᠱᠢᠯᠳᠠᠭᠠᠨᠤ ᠵᠠᠳᠠᠯᠤᠯᠳᠠ
ᠳᠡᠬᠡᠷ᠎ᠠ ᠳᠤᠷᠠᠳᠤᠬ᠍ᠰᠠᠨ ᠠᠰᠠᠭᠤᠳᠠᠯ᠎ᠤᠳ ᠭᠠᠷᠤᠬ᠍ᠰᠠᠨ᠎ᠤ ᠭᠤᠤᠯ ᠱᠢᠯᠳᠠᠭᠠᠨ᠎ᠨᠢ ᠬᠠᠮᠢᠶ᠎ᠠ ᠪᠦᠬᠦᠢ ᠡᠬᠦᠷᠭᠡ ᠴᠢᠳᠠᠪᠬᠢᠳᠦ ᠰᠠᠯᠠᠭ᠎ᠠ ᠮᠦᠴᠢᠷ ᠳᠤᠱᠢᠶᠠᠯ᠎ᠢᠶᠠᠨ ᠬᠦᠴᠦᠨ᠎ᠲᠠᠢ ᠬᠡᠷᠡᠭ᠌ᠵᠢᠬᠦᠯᠦᠭ᠌ᠰᠡᠨ ᠦᠬᠡᠢ᠎ᠳᠤ ᠪᠤᠢ᠃ ᠱᠢᠯᠢᠩᠬᠤᠳᠠ᠎ᠶ᠋ᠢᠨ ᠬᠤᠳᠠ᠎ᠶ᠋ᠢᠨ ᠬᠠᠮᠢᠶᠠᠷᠤᠯᠳᠠ᠎ᠶ᠋ᠢᠨ ᠶᠡᠷᠦᠩᠬᠡᠢᠯᠡᠭ᠌ᠰᠡᠨ ᠬᠠᠤᠯᠢ ᠬᠡᠷᠡᠭ᠌ᠵᠢᠬᠦᠯᠬᠦ᠌ ᠳᠤᠪᠴᠢᠶ᠎ᠠ ᠪᠠᠷᠢᠯᠭ᠎ᠠ᠎ᠶ᠋ᠢᠨ ᠬᠤᠬ ᠨᠤᠪᠰᠢ ᠪᠤᠯᠠᠬᠤ ᠳᠠᠯᠠᠪᠠᠢ᠎ᠶ᠋ᠢᠨ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠪᠤᠯᠤᠬ᠍ᠰᠠᠨ᠎ᠤ ᠬᠤᠪᠢ᠎ᠳᠤ᠂ ᠠᠮᠢ ᠠᠬᠤᠢ ᠤᠷᠴᠢᠨ ᠳᠤᠭᠤᠷᠢᠨ᠎ᠢ ᠬᠠᠮᠠᠭᠠᠯᠠᠬᠤ ᠬᠠᠷᠢᠭᠤᠴᠠᠯᠭ᠎ᠠ᠎ᠶ᠋ᠢᠨ ᠤᠬᠠᠮᠰᠠᠷ᠎ᠢᠶᠠᠷ ᠰᠤᠯᠠ ᠳᠤᠷᠤᠢ᠂ ᠳᠤᠱᠢᠶᠠᠯ ᠬᠠᠷᠢᠭᠤᠴᠠᠯᠭ᠎ᠠ᠎ᠪᠠᠨ ᠨᠠᠷᠢᠨ ᠬᠢᠨᠠᠮᠠᠭᠠᠢ ᠬᠦᠢᠴᠡᠳᠭᠡᠭ᠌ᠰᠡᠨ ᠦᠬᠡᠢ᠂ ᠰᠠᠨᠠᠭᠠᠴᠢᠯᠠᠭᠠᠳᠤ ᠵᠢᠳᠬᠦᠯ ᠴᠢᠷᠮᠠᠢᠯᠭ᠎ᠠ ᠪᠤᠯᠤᠨ ᠠᠯᠤᠰ ᠬᠡᠳᠦ᠎ᠶ᠋ᠢᠨ ᠳᠦᠯᠦᠪᠵᠢᠬᠦᠯᠬᠡ᠎ᠪᠠᠷ ᠳᠤᠳᠠᠮᠠᠬ ᠪᠠᠢᠬ᠍ᠰᠠᠨ᠎ᠠᠴᠠ ᠪᠤᠯᠵᠦ᠍᠂ ᠪᠠᠷᠢᠯᠭ᠎ᠠ᠎ᠶ᠋ᠢᠨ ᠬᠤᠬ ᠨᠤᠪᠰᠢ᠎ᠶ᠋ᠢ ᠪᠤᠯᠠᠵᠦ᠍ ᠱᠢᠢᠳᠪᠤᠷᠢᠯᠡᠬᠦ᠌ ᠳᠠᠯ᠎ᠠ᠎ᠪᠠᠷ᠎ᠬᠢ ᠳᠤᠪᠤᠢᠮ᠎ᠠ ᠠᠰᠠᠭᠤᠳᠠᠯ᠎ᠤᠳ᠎ᠢ ᠪᠤᠢ ᠪᠤᠯᠭᠠᠵᠠᠢ᠃ ᠨᠢᠬᠡ᠎ᠳᠤ᠂ ᠭᠠᠵᠠᠷ ᠱᠢᠷᠤᠢ᠂ ᠤᠷᠴᠢᠨ ᠳᠤᠭᠤᠷᠢᠨ᠎ᠢ ᠬᠠᠮᠠᠭᠠᠯᠠᠬᠤ ᠵᠡᠷᠬᠡ ᠬᠠᠮᠢᠶ᠎ᠠ ᠪᠦᠬᠦᠢ ᠬᠢᠨᠠᠨ ᠵᠦᠪᠱᠢᠶᠡᠷᠡᠬᠦᠯᠬᠦ᠌ ᠭᠠᠷ ᠬᠦᠢᠴᠡᠳᠭᠡᠯ᠎ᠢ ᠬᠢᠭ᠌ᠰᠡᠨ ᠦᠬᠡᠢ᠂ ᠪᠤᠬᠢᠷ ᠪᠤᠳᠠᠰ᠎ᠢ ᠰᠡᠷᠬᠡᠢᠯᠡᠨ ᠵᠠᠰᠠᠬᠤ ᠶᠠᠮᠠᠷᠴᠤ᠌ ᠠᠷᠭ᠎ᠠ ᠬᠡᠮᠵᠢᠶ᠎ᠠ ᠠᠪᠤᠬ᠍ᠰᠠᠨ ᠦᠬᠡᠢ ᠪᠠᠢᠳᠠᠯ ᠳᠤᠤᠷ᠎ᠠ᠂ ᠤᠷᠴᠢᠨ ᠳᠤᠭᠤᠷᠢᠨ᠎ᠢ ᠬᠠᠮᠠᠭᠠᠯᠠᠬᠤ ᠬᠠᠤᠯᠢ ᠴᠠᠭᠠᠵᠠ ᠬᠠᠤᠯᠢ ᠳᠤᠬ᠍ᠳᠠᠭᠠᠯᠢ ᠵᠦᠷᠢᠴᠡᠵᠦ᠍᠂ ᠳᠤᠭᠤᠰᠭᠠᠨᠤ ᠦᠢᠯᠡᠳᠪᠤᠷᠢ᠎ᠶ᠋ᠢᠨ ᠬᠠᠶᠠᠬ᠍ᠳᠠᠬ᠍ᠰᠠᠨ ᠱᠢᠷᠤᠢ ᠠᠪᠬᠤ ᠨᠦᠬᠡ᠎ᠶ᠋ᠢ ᠳᠤᠷ᠎ᠠ᠎ᠪᠠᠷ᠎ᠢᠶᠠᠨ ᠬᠤᠳᠠ᠎ᠶ᠋ᠢᠨ ᠪᠠᠷᠢᠯᠭ᠎ᠠ᠎ᠶ᠋ᠢᠨ ᠬᠤᠬ ᠨᠤᠪᠰᠢ ᠪᠤᠯᠠᠬᠤ ᠳᠠᠯᠠᠪᠠᠢ᠎ᠪᠠᠷ ᠵᠢᠭᠠᠨ ᠳᠤᠬ᠍ᠳᠠᠭᠠᠵᠦ᠍᠂ ᠠᠮᠢ ᠠᠬᠤᠢ᠎ᠶ᠋ᠢ ᠡᠪᠳᠡᠵᠦ᠍᠂ ᠤᠷᠴᠢᠨ ᠳᠤᠭᠤᠷᠢᠨ᠎ᠢ ᠪᠤᠬᠢᠷᠳᠤᠭᠤᠯᠵᠠᠢ᠃ ᠬᠤᠶᠠᠷ᠎ᠲᠤ᠌᠂ ᠪᠠᠷᠢᠯᠭ᠎ᠠ᠎ᠶ᠋ᠢᠨ ᠬᠤᠬ ᠨᠤᠪᠰᠢ ᠬᠠᠶᠠᠬᠤ ᠠᠵᠢᠯᠯᠠᠭ᠎ᠠ᠎ᠶ᠋ᠢ ᠳᠤᠭᠤᠱᠢᠳᠠᠢ ᠬᠢᠨᠡᠨ ᠬᠠᠮᠢᠶᠠᠷᠤᠬ᠍ᠰᠠᠨ ᠦᠬᠡᠢ᠎ᠠᠴᠠ ᠪᠤᠯᠵᠦ᠍᠂ ᠠᠮᠢᠳᠤᠷᠠᠯ᠎ᠤᠨ ᠬᠤᠬ ᠨᠤᠪᠰᠢ᠎ᠶ᠋ᠢ ᠪᠠᠷᠢᠯᠭ᠎ᠠ᠎ᠶ᠋ᠢᠨ ᠬᠤᠬ ᠨᠤᠪᠰᠢ᠎ᠲᠠᠢ ᠬᠤᠯᠢᠯᠳᠤᠭᠤᠯᠤᠨ ᠪᠤᠯᠠᠭᠠᠳ᠂ ᠤᠢ᠍ᠢᠷ᠎ᠠ ᠳᠤᠭᠤᠷᠢᠨ᠎ᠤ ᠬᠦᠷᠦᠰᠦ ᠱᠢᠷᠤᠢ᠂ ᠭᠠᠵᠠᠷ ᠳᠤᠤᠷᠠᠬᠢ ᠤᠰᠤᠨ᠎ᠤ ᠠᠮᠤᠷ ᠳᠦᠪᠱᠢᠨ᠎ᠳᠤ ᠬᠦᠨᠳᠦ ᠨᠤᠴᠢᠳᠠᠢ ᠰᠦᠷᠳᠡᠬᠦᠯᠦᠯ ᠤᠴᠠᠷᠠᠭᠤᠯᠵᠠᠢ᠃ ᠡᠬᠦᠨ᠎ᠤ ᠬᠠᠮᠳᠤ᠂ ᠶᠡᠭᠡ ᠬᠡᠮᠵᠢᠶᠡᠨ᠎ᠤ ᠪᠠᠷᠢᠯᠭ᠎ᠠ᠎ᠶ᠋ᠢᠨ ᠬᠤᠬ ᠨᠤᠪᠰᠢ᠎ᠶ᠋ᠢ ᠦᠶᠡᠷ ᠵᠠᠯᠠᠬᠤ ᠭᠤᠤ᠎ᠳᠤ ᠴᠢᠳᠭᠤᠵᠦ᠍ ᠤᠷᠤᠭᠤᠯᠤᠬ᠍ᠰᠠᠨ᠎ᠠᠴᠠ ᠪᠤᠯᠵᠦ᠍᠂ ᠦᠶᠡᠷ᠎ᠢ ᠵᠠᠯᠠᠬᠤ ᠪᠡ ᠤᠷᠴᠢᠨ ᠳᠤᠭᠤᠷᠢᠨ᠎ᠤ ᠠᠮᠤᠷ ᠳᠦᠪᠱᠢᠨ᠎ᠳᠤ ᠬᠡᠮ ᠰᠤᠭᠤᠬ ᠠᠪᠴᠢᠷᠠᠵᠠᠢ᠃
ᠳᠡᠬᠡᠷᠡᠬᠢ ᠠᠰᠠᠭᠤᠳᠠᠯ᠎ᠤᠳ᠎ᠲᠤ ᠴᠢᠭ᠌ᠯᠡᠬᠦᠯᠦᠨ᠂ ᠱᠠᠯᠠᠪᠳᠠᠭᠤᠯᠤᠨ ᠪᠠᠢᠴᠠᠭᠠᠬᠤ ᠳᠤᠭᠤᠢ᠍ᠢᠯᠡᠩᠤᠨᠬᠢᠨ ᠬᠠᠮᠢᠶ᠎ᠠ ᠪᠦᠬᠦᠢ ᠪᠠᠢᠳᠠᠯ᠎ᠢ ᠴᠢᠨᠠᠬ᠍ᠰᠢᠳᠠ ᠪᠠᠢᠴᠠᠭᠠᠨ ᠳᠤᠳᠤᠯᠠᠵᠦ᠍ ᠬᠢᠨᠡᠨ ᠬᠠᠷᠭᠤᠭᠤᠯᠵᠦ᠍᠂ ᠬᠠᠤᠯᠢ ᠳᠤᠬ᠍ᠳᠠᠭᠠᠯ ᠶᠤᠰᠤᠭᠠᠷ ᠰᠡᠬᠦᠯᠴᠢ᠎ᠶ᠋ᠢᠨ ᠬᠤᠭᠤᠴᠠᠭᠠᠨ᠎ᠤ ᠴᠡᠭ᠌ᠴᠡᠯᠡᠨ ᠵᠠᠰᠠᠬᠤ ᠠᠵᠢᠯ᠎ᠢ ᠠᠬᠢᠭᠤᠯᠤᠨ᠎ᠠ᠃
(ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠳᠤᠭᠤᠷᠢᠨ᠎ᠤ ᠬᠠᠮᠠᠭᠠᠯᠠᠯᠳᠠ᠎ᠶ᠋ᠢ ᠱᠠᠯᠠᠪᠳᠠᠭᠤᠯᠤᠨ ᠪᠠᠢᠴᠠᠭᠠᠬᠤ ᠭᠤᠷᠪᠠᠳᠤᠭᠠᠷ ᠳᠤᠭᠤᠢ᠍ᠢᠯᠡᠩ)