ᠵᠢᠷᠭᠠᠯᠳᠤ ᠠᠮᠢᠳᠤᠷᠠᠯ᠎ᠢᠶᠠᠨ ᠪᠠᠭ᠍ᠠᠳᠤᠬᠤ ᠠᠷᠠᠳ᠎ᠤᠨ ᠰᠡᠳᠭᠢᠯ ᠲᠡᠨᠢᠬᠦᠨ
2020-08-24 11:19:44
ᠵᠣᠬᠢᠶᠠᠭ᠍ᠴᠢ᠄
ᠬᠡᠱᠢᠭ᠌ᠪᠦᠶᠠᠨ 
ᠣᠩᠱᠢᠭ᠍ᠰᠠᠨ ᠣᠳᠠᠭ᠎ᠠ᠄
★★★☆☆


— ᠬᠢᠨᠭ᠌ᠭᠠᠨ ᠠᠢᠮᠠᠭ᠎ᠤᠨ ᠠᠷᠠᠳ᠎ᠤᠨ ᠦᠨᠳᠦᠰᠦᠨ ᠠᠮᠢᠳᠤᠷᠠᠯ᠎ᠢ ᠬᠦᠴᠦᠯᠡᠨ ᠪᠠᠳᠤᠯᠠᠵᠤ ᠪᠠᠢᠬᠤ ᠳᠣᠬᠠᠢ ᠪᠤᠳᠠᠳᠤ ᠲᠡᠮᠳᠡᠭ᠌ᠯᠡᠯ


 

8 ᠰᠠᠷ᠎ᠠ᠎ᠶ᠋ᠢᠨ ᠤᠯᠠᠭᠠᠨᠬᠤᠳᠠ᠎ᠶ᠋ᠢᠨ ᠤᠭ᠍ᠳᠠᠷᠭᠤᠢ᠎ᠨᠢ ᠴᠡᠯᠮᠡᠭ᠂ ᠠᠭᠠᠷ᠎ᠨᠢ ᠴᠡᠪᠡᠷ᠂ ᠠᠰᠠᠷ ᠲᠠᠬ᠍ᠳᠤ᠎ᠨᠢ ᠨᠤᠮᠢᠨ ᠨᠤᠭᠤᠭᠠᠨ ᠨᠠᠷᠠᠰᠤ ᠮᠠᠢᠯᠠᠰᠤ ᠪᠤᠯᠤᠠ ᠦᠡᠭ᠌ᠬᠡ᠎ᠶ᠋ᠢᠨ ᠴᠡᠴᠡᠭ᠎ᠲᠤ ᠴᠢᠮᠡᠭ᠌ᠯᠡᠭ᠌ᠳᠡᠡ᠂ ᠬᠤᠳᠠ᠎ᠶ᠋ᠢᠨ ᠠᠷᠠᠳ ᠠᠭᠤᠳᠠᠮ ᠲᠠᠯᠠᠪᠠᠢ᠎ᠪᠠᠷ ᠰᠠᠯᠠᠬᠦᠴᠠᠠ ᠵᠢᠭᠤᠯᠴᠢᠯᠠᠬᠤ ᠪᠤᠶᠤ ᠮᠤᠳᠤᠠ ᠰᠡᠬᠦᠳᠡᠷ᠎ᠲᠤ ᠰᠠᠭᠤᠯᠴᠠᠨ ᠵᠤᠭᠤᠭ᠍ᠳᠠᠨ᠎ᠠ᠃ 《ᠤᠷᠴᠢᠨ ᠲᠤᠭᠤᠷᠢᠨ ᠭᠤᠶᠤ᠂ ᠰᠡᠳᠭᠢᠯ ᠰᠠᠨᠠᠭ᠎ᠠ ᠲᠡᠨᠢᠬᠦᠨ᠂ ᠡᠨᠡ ᠪᠤᠯ ᠮᠠᠠ᠎ᠤ ᠬᠦᠰᠠᠵᠥ᠍ ᠪᠠᠢᠬ᠍ᠰᠠᠠ ᠵᠤᠯ ᠵᠢᠷᠭᠠᠯᠳᠤ ᠠᠮᠢᠳᠤᠷᠠᠯ ᠶᠤᠮ》 ᠬᠡᠵᠥ᠍ ᠤᠯᠠᠭᠠᠨᠬᠤᠳᠠ᠎ᠶ᠋ᠢᠨ ᠱᠠᠨ ᠴᠧᠩ ᠵᠠᠮ᠎ᠤᠨ ᠰᠠᠭᠤᠭᠠᠯᠢ ᠠᠷᠠᠳ ᠴᠧᠨ ᠵᠦᠸᠧ ᠪᠠᠭ᠍ᠠᠳᠤᠨ ᠶᠠᠷᠢᠨ᠎ᠠ᠃

ᠤᠢ᠍ᠢᠷ᠎ᠠ᠎ᠶ᠋ᠢᠨ ᠵᠢᠯ᠎ᠠᠴᠠ ᠬᠢᠩᠭᠠᠨ ᠠᠢᠮᠠᠭ ᠠᠵᠦ᠍ ᠦᠢᠯᠡᠳᠪᠦᠷᠢ᠂ ᠱᠢᠳᠠᠭᠠᠯᠭ᠎ᠠ᠎ᠶ᠋ᠢᠨ ᠨᠡᠬᠦᠷᠡᠰᠦ᠂ ᠮᠠᠱᠢᠨ ᠲᠡᠷᠬᠡ ᠵᠡᠷᠬᠡ ᠭᠤᠷᠪᠠᠨ ᠲᠤᠮᠤ ᠪᠤᠬᠢᠷᠳᠤᠯ᠎ᠤᠨ ᠡᠬᠢ᠎ᠶ᠋ᠢ ᠵᠠᠰᠠᠵᠥ᠍ ᠴᠡᠭ᠌ᠴᠡᠯᠡᠬᠦ᠌ ᠠᠵᠢᠯ᠎ᠢ ᠭᠤᠤᠯᠳᠠᠯᠭ᠎ᠠ᠎ᠲᠠᠢ ᠠᠳᠭᠤᠵᠦ᠍᠂ ᠨᠠᠮᠤᠷ ᠡᠪᠤᠯ᠎ᠤᠨ ᠠᠭᠠᠷ ᠮᠠᠨᠳᠠᠯ᠎ᠤᠨ ᠪᠤᠬᠢᠷᠳᠤᠯ᠎ᠢ ᠰᠡᠷᠬᠡᠢᠯᠡᠨ ᠵᠠᠰᠠᠬᠤ ᠶᠡᠷᠤᠩᠬᠡᠢᠯᠡᠭ᠌ᠰᠡᠨ ᠱᠢᠪᠳᠤᠯᠤᠯᠳᠠ᠎ᠶ᠋ᠢᠨ ᠲᠠᠢᠯᠠᠯᠳᠤᠭᠠᠠ ᠬᠢᠵᠥ᠍᠂ ᠲᠠᠷᠠᠬᠠᠢ ᠪᠤᠳᠠᠷᠬᠠᠢ ᠰᠠᠭᠤᠷᠢᠱᠢᠵᠥ᠍ ᠪᠠᠢᠭ᠎ᠠ ᠪᠤᠬᠢᠷᠳᠤᠯ᠎ᠲᠠᠢ ᠠᠵᠦ᠍ ᠠᠬᠤᠢ᠍ᠢᠯᠠᠯ᠎ᠤᠨ ᠨᠠᠭᠦᠷᠡᠰᠤ ᠱᠢᠳᠠᠭᠠᠬᠤ ᠠᠰᠠᠭᠤᠳᠠᠯ᠎ᠢ ᠱᠢᠢᠳᠪᠦᠷᠢᠯᠡᠵᠦ᠍ ᠬᠤᠳᠠ ᠪᠠᠯᠭᠠᠰᠤᠨ᠎ᠤ ᠠᠭᠠᠷ᠎ᠤᠨ ᠶᠠᠰᠤ ᠴᠢᠨᠠᠷ᠎ᠢ ᠰᠠᠢᠵᠢᠷᠠᠭᠤᠯᠵᠠᠢ᠃ ᠪᠤᠯᠤᠳ ᠲᠡᠮᠦᠷ᠂ ᠢᠯᠴᠢᠳᠤ ᠴᠠᠬᠢᠯᠭᠠᠨ᠂ ᠪᠠᠷᠢᠯᠭ᠎ᠠ᠎ᠶ᠋ᠢᠨ ᠮᠠᠲ᠋ᠧᠷᠢᠶᠠᠯ ᠵᠡᠷᠬᠡ ᠭᠤᠤᠯᠳᠠᠯᠭ᠎ᠠ᠎ᠲᠠᠢ ᠠᠵᠢᠯ ᠲᠦᠷᠦᠯ᠎ᠤᠨ ᠬᠡᠳᠤ ᠲᠤᠤᠷ᠎ᠠ ᠭᠠᠳᠠᠬ᠍ᠰᠢᠯᠠᠭᠤᠯᠤᠯᠳᠠ᠎ᠶ᠋ᠢᠨ ᠱᠢᠨᠡᠴᠢᠯᠠᠯᠳᠠ᠎ᠶ᠋ᠢ ᠠᠬᠢᠭᠤᠯᠵᠦ᠍᠂ ᠲᠦᠷᠦᠯ ᠬᠤᠪᠢᠶᠡᠵᠦ᠍ ᠱᠢᠢᠳᠪᠦᠷᠢᠯᠡᠬᠦ᠌᠎ᠶ᠋ᠢ ᠪᠠᠷᠢᠮᠳᠠᠯᠠᠬᠤ᠎ᠳᠤ ᠲᠦᠷᠦ᠎ᠶ᠋ᠢᠨ ᠪᠤᠳᠤᠯᠭ᠎ᠠ᠎ᠶ᠋ᠢᠨ ᠲᠡᠮᠵᠢᠯᠬᠡ ᠦᠵᠡᠬᠦᠯᠪᠡ᠃ ᠱᠢᠳᠠᠭᠠᠯᠭ᠎ᠠ᠎ᠶ᠋ᠢᠨ ᠨᠡᠬᠦᠷᠡᠰᠦ᠎ᠶ᠋ᠢᠨ ᠪᠤᠬᠢᠷᠳᠤᠯ᠎ᠢ ᠶᠡᠷᠤᠩᠬᠡᠢᠯᠡᠨ ᠵᠠᠰᠠᠬᠤ ᠠᠵᠢᠯ᠎ᠢ ᠡᠷᠴᠢᠮᠵᠢᠬᠦᠯᠵᠦ᠍᠂ ᠲᠤᠯᠠᠭᠠᠯᠠᠭ᠎ᠠ᠎ᠶ᠋ᠢᠨ ᠬᠦᠧᠧᠯᠦ᠎ᠶ᠋ᠢ ᠲᠡᠰ ᠲᠡᠪᠱᠢᠬᠦᠯᠤᠠ ᠱᠢᠨᠡᠴᠢᠯᠡᠵᠥ᠍᠂ 3 ᠵᠢᠯ᠎ᠳᠤ 10 ᠲᠤᠨ᠎ᠠᠴᠠ ᠲᠤᠷᠤᠭ᠍ᠰᠢᠬᠢ ᠨᠡᠬᠦᠷᠡᠰᠦ ᠱᠢᠳᠠᠭᠠᠬᠤ ᠬᠦᠧᠧᠯᠦ᠎ᠶ᠋ᠢ ᠱᠢᠢᠳᠪᠤᠷᠢᠯᠠᠬᠦ᠌ ᠬᠠᠷᠠᠯᠳᠠ᠎ᠪᠠᠨ ᠦᠨᠳᠦᠰᠤᠨ᠎ᠳᠡᠭᠡᠨ ᠪᠡᠶᠡᠯᠡᠬᠦᠯᠵᠦ᠍᠂ ᠤᠯᠠᠨ ᠲᠦᠮᠡᠨ᠎ᠢ ᠴᠡᠪᠡᠷ ᠲᠤᠯᠠᠭᠠᠨ ᠡᠪᠤᠯᠵᠢᠬᠦᠯᠵᠤ ᠪᠠᠢᠨ᠎ᠠ᠃

ᠲᠤᠭᠤᠷ᠎ᠤᠨ ᠭᠤᠤᠯ᠎ᠤᠨ ᠤᠰᠤ ᠮᠡᠯᠮᠡᠯᠵᠡᠨ ᠲᠤᠨᠤᠯᠵᠠᠵᠤ᠂ ᠬᠦᠪᠡᠬᠡᠨ ᠲᠡᠭᠡᠷ᠎ᠡ᠎ᠨᠢ ᠰᠡᠯᠡᠬᠦᠴᠡᠬᠦ᠌ ᠬᠤᠳᠠ᠎ᠶ᠋ᠢᠨ ᠠᠷᠠᠳ᠎ᠢ ᠲᠤᠯᠢᠳᠠᠨ ᠪᠠᠶᠠᠰᠭᠠᠨ᠎ᠠ᠃ ᠤᠯᠠᠨ ᠵᠢᠯ᠎ᠤᠨ ᠡᠮᠦᠨ᠎ᠠ ᠠᠳᠡ ᠬᠤᠭ ᠨᠤᠪᠰᠢ ᠤᠪᠤᠭᠠᠷᠠᠵᠥ᠍᠂ ᠲᠤᠭᠤᠷ᠎ᠤᠨ ᠭᠤᠤᠯ᠎ᠤᠨ ᠤᠰᠤᠠ᠎ᠤ ᠴᠡᠪᠡᠷᠱᠢᠴᠡ ᠪᠠ ᠴᠢᠨᠠᠷ᠎ᠢ ᠱᠢᠭᠤᠳ ᠨᠦᠯᠦᠬᠡᠯᠡᠵᠥ᠍ ᠪᠠᠢᠵᠡᠢ᠃ 2017 ᠤᠨ᠎ᠤ 7 ᠰᠠᠷ᠎ᠠ᠎ᠳᠤ ᠭᠤᠤᠯ ᠮᠦᠷᠡᠡ᠎ᠤ ᠲᠠᠷᠤᠭ᠎ᠠ᠎ᠶ᠋ᠢᠨ ᠲᠦᠷᠢᠮ᠎ᠢ ᠪᠦᠬᠦ᠌ ᠲᠠᠯ᠎ᠠ᠎ᠪᠠᠷ ᠬᠡᠷᠡᠭ᠌ᠵᠢᠬᠦᠯᠦᠭ᠌ᠰᠡᠨ᠎ᠢᠶᠠᠷ ᠭᠤᠤᠯ ᠮᠦᠷᠡᠡ ᠨᠠᠭᠤᠷ᠎ᠢ ᠴᠡᠬ᠍ᠳᠡᠬᠤ ᠬᠦᠮᠦᠨ᠎ᠲᠠᠢ᠂ ᠪᠤᠬᠢᠷᠳᠤᠭᠤᠯᠪᠠᠯ ᠬᠠᠮᠢᠶᠠᠷᠬᠤ ᠬᠦᠮᠦᠨ᠎ᠲᠠᠢ᠂ ᠲᠤᠨᠤᠭ ᠲᠦᠬᠦᠬᠡᠷᠤᠮᠵᠢ᠎ᠶ᠋ᠢ ᠬᠠᠮᠠᠭᠠᠯᠠᠬᠤ ᠬᠦᠮᠤᠨ᠎ᠲᠠᠢ᠂ ᠭᠤᠤᠯ᠎ᠤᠨ ᠤᠷᠴᠢᠠ᠎ᠳᠤ ᠦᠵᠡᠮᠵᠢ᠎ᠶ᠋ᠢᠨ ᠴᠡᠭ᠎ᠲᠠᠢ᠂ ᠤᠰᠤᠨ᠎ᠤ ᠴᠢᠨᠠᠷ ᠪᠠᠳᠤᠯᠠᠭ᠎ᠠ᠎ᠲᠠᠢ ᠪᠠᠢᠬᠤ᠎ᠶ᠋ᠢ ᠦᠨᠡᠡ ᠬᠦ᠌ ᠪᠡᠶᠡᠯᠡᠬᠦᠯᠵᠠᠢ᠃ 《ᠤᠤᠯ᠎ᠳᠠᠭᠠᠨ ᠭᠤᠤᠯ᠎ᠤᠨ ᠬᠦᠪᠡᠬᠡᠨ᠎ᠳᠤ ᠬᠤᠭ ᠨᠤᠪᠰᠢ ᠠᠭᠤᠯᠠ ᠱᠢᠭ᠋ ᠤᠪᠤᠭᠠᠯᠠᠭ᠍ᠳᠠᠵᠥ᠍ ᠪᠠᠢᠵᠡᠢ᠂ ᠭᠤᠤᠯ ᠮᠦᠷᠡᠡ᠎ᠤ ᠲᠠᠷᠤᠭ᠎ᠠ᠎ᠶ᠋ᠢᠨ ᠲᠦᠷᠢᠮ᠎ᠢ ᠬᠡᠷᠡᠭ᠌ᠵᠢᠬᠦᠯᠦᠭ᠌ᠰᠡᠨ᠎ᠢᠶᠠᠷ ᠪᠠᠯᠭᠠᠰᠤ ᠲᠤᠰᠭᠤᠨ 2 ᠲᠡᠰ᠎ᠤᠨ ᠭᠤᠤᠯ ᠮᠦᠷᠡᠡ᠎ᠤ ᠲᠠᠷᠤᠭ᠎ᠠ ᠭᠤᠤᠯ᠎ᠤᠨ ᠵᠠᠮ ᠬᠢᠬᠡᠳ ᠭᠤᠤᠯ᠎ᠤᠨ ᠬᠤᠶᠠᠷ ᠡᠷᠬᠢ᠎ᠶ᠋ᠢᠨ ᠬᠤᠭ ᠨᠤᠪᠰᠢ᠎ᠶ᠋ᠢ ᠴᠡᠪᠡᠷᠯᠡᠬᠦ᠌ ᠪᠤᠯᠪᠠ᠃ ᠤᠳᠤ ᠭᠤᠤᠯ᠎ᠤᠨ ᠤᠰᠤ ᠴᠡᠪᠡᠷᠱᠢᠠ ᠤᠷᠴᠢᠨ ᠲᠤᠭᠤᠷᠢᠨ ᠰᠠᠢᠵᠢᠷᠠᠵᠤ᠂ ᠭᠤᠤᠯ᠎ᠤᠨ ᠤᠢ᠍ᠢᠷ᠎ᠠ ᠬᠠᠪᠢ᠎ᠶ᠋ᠢᠨ ᠭᠠᠴᠠᠭ᠎ᠠ ᠲᠤᠰᠭᠤᠨ᠎ᠤ ᠠᠷᠠᠳ ᠠᠱᠢᠭ ᠬᠦᠷᠳᠡᠭ᠌ᠰᠡᠨ》 ᠬᠡᠵᠦ᠍ ᠤᠯᠠᠭᠠᠨᠬᠤᠳᠠ᠎ᠶ᠋ᠢᠨ ᠤᠯᠠᠭᠠᠨᠬᠠᠳᠠ ᠪᠠᠯᠭᠠᠰᠤᠨ᠎ᠤ ᠪᠠᠯᠭᠠᠰᠤᠨ ᠲᠡᠰ᠎ᠤᠨ ᠭᠤᠤᠯ ᠮᠦᠷᠡᠡ᠎ᠤ ᠲᠠᠷᠤᠭ᠎ᠠ ᠢᠤᠢ ᠶᠠᠨ ᠬᠤᠧᠨ ᠬᠡᠯᠡᠨ᠎ᠠ᠃

ᠬᠦᠬᠡ ᠤᠬ᠍ᠳᠠᠷᠭᠤᠢ᠂ ᠨᠤᠮᠢᠨ ᠲᠠᠯ᠎ᠠ᠂ ᠲᠤᠩᠭᠠᠯᠠᠭ ᠤᠰᠤ᠎ᠲᠠᠢ ᠰᠠᠢᠨ ᠰᠠᠢᠬᠠᠨ ᠤᠷᠴᠢᠨ ᠲᠤᠭᠤᠷᠢᠨ ᠪᠤᠯ ᠤᠯᠠᠨ ᠲᠦᠮᠡᠨ᠎ᠤ    ᠬᠦᠰᠡᠯ᠂ ᠮᠦᠨ ᠴᠦ᠍ ᠴᠢᠨᠡᠬᠡᠯᠢᠭ ᠨᠡᠢᠬᠡᠮ᠎ᠢ ᠪᠦᠬᠦ᠌ ᠲᠠᠯ᠎ᠠ᠎ᠪᠠᠷ ᠪᠡᠶᠡᠯᠡᠬᠦᠯᠬᠦ᠌ ᠪᠠᠳᠤᠯᠠᠭ᠎ᠠ ᠪᠤᠯᠬᠤ ᠶᠤᠮ᠃ ᠤᠢ᠍ᠢᠷ᠎ᠠ᠎ᠶ᠋ᠢᠨ ᠵᠢᠯ᠎ᠠᠴᠠ᠂ ᠬᠢᠨᠭ᠌ᠭᠠᠨ ᠠᠢᠮᠠᠭ ᠲᠤᠪᠤᠢᠮ᠎ᠠ ᠠᠰᠠᠭᠤᠳᠠᠯ ᠬᠢᠬᠡᠳ ᠵᠠᠩᠬᠢᠯᠠᠭ᠎ᠠ᠎ᠶ᠋ᠢᠨ ᠭᠤᠭ᠍ᠴᠤᠭ᠎ᠠ᠎ᠶ᠋ᠢ ᠴᠢᠩᠭ᠎ᠠ ᠤᠨᠢᠯᠠᠬᠤ ᠠᠷᠭ᠎ᠠ᠎ᠪᠠᠷ ᠤᠰᠤᠨ᠎ᠤ ᠪᠤᠬᠢᠷᠳᠤᠯ᠎ᠢ ᠰᠡᠷᠬᠡᠢᠯᠡᠨ ᠵᠠᠰᠠᠬᠤ ᠬᠠᠷᠠᠯᠳᠠ᠎ᠪᠠᠨ ᠪᠡᠶᠡᠯᠡᠬᠦᠯᠬᠦ᠌ 《ᠤᠰᠤᠨ᠎ᠤ ᠠᠷᠪᠠᠨ ᠵᠤᠷᠪᠤᠰ》 ᠎ᠢ ᠬᠦᠨᠵᠡᠬᠡᠢ ᠬᠡᠷᠡᠭ᠌ᠵᠢᠬᠦᠯᠵᠦ᠍᠂ ᠤᠰᠤᠨ᠎ᠤ ᠪᠤᠬᠢᠷᠳᠤᠯ᠎ᠢ ᠵᠠᠰᠠᠬᠤ᠂ ᠤᠰᠤᠨ᠎ᠤ ᠠᠮᠢ ᠠᠬᠤᠢ᠎ᠶ᠋ᠢ ᠵᠠᠰᠠᠵᠥ᠍ ᠴᠡᠭ᠌ᠴᠡᠯᠡᠬᠦ᠂ ᠤᠰᠤᠨ᠎ᠤ ᠡᠬᠢ ᠪᠠᠶᠠᠯᠢᠭ᠎ᠢ ᠬᠠᠮᠠᠭᠠᠯᠠᠬᠤ 《ᠭᠤᠷᠪᠠᠨ ᠤᠰᠤ᠎ᠶ᠋ᠢ ᠬᠠᠮᠳᠤ᠎ᠪᠠᠷ ᠵᠠᠰᠠᠬᠤ》 ᠎ᠶ᠋ᠢ ᠠᠬᠢᠭᠤᠯᠵᠦ᠍᠂ ᠪᠤᠬᠢᠷᠳᠤᠯ ᠤᠰᠤ᠎ᠶ᠋ᠢ ᠱᠢᠢᠳᠪᠦᠷᠢᠯᠡᠬᠦ᠌ ᠰᠠᠭᠤᠷᠢ ᠲᠦᠬᠦᠬᠡᠷᠤᠮᠵᠢ᠎ᠶ᠋ᠢᠨ ᠪᠦᠳᠦᠬᠡᠨ ᠪᠠᠢᠭᠤᠯᠤᠯᠳᠠ᠂ ᠤᠤᠭᠤᠬᠤ ᠤᠰᠤᠨ᠎ᠤ ᠡᠬᠢ᠎ᠶ᠋ᠢ ᠬᠠᠮᠠᠭᠠᠯᠠᠬᠤ᠂ ᠪᠠᠷᠢᠮᠵᠢᠶ᠎ᠠ᠎ᠳᠤ ᠬᠦᠷᠦᠭ᠌ᠰᠡᠨ ᠦᠬᠡᠢ ᠤᠰᠤ᠎ᠶ᠋ᠢ ᠵᠠᠰᠠᠬᠤ ᠠᠵᠢᠯ᠎ᠢ ᠴᠢᠩᠭ᠎ᠠ ᠠᠳᠭᠤᠵᠦ᠍᠂ ᠴᠢᠬᠤᠯᠠ ᠭᠤᠤᠯ ᠤᠷᠤᠰᠭᠠᠯ ᠬᠢᠬᠡᠳ ᠬᠤᠳᠠ᠎ᠶ᠋ᠢᠨ ᠲᠦᠪᠯᠡᠷᠡᠬᠦᠯᠦᠭ᠌ᠰᠡᠨ ᠬᠡᠯᠪᠡᠷᠢ᠎ᠶ᠋ᠢᠨ ᠤᠰᠤᠨ᠎ᠤ ᠡᠬᠢ᠎ᠶ᠋ᠢᠨ ᠴᠢᠨᠠᠷ᠎ᠤᠨ ᠱᠢᠯᠢᠳᠡᠭ ᠰᠠᠢᠨ ᠬᠠᠷᠢᠴᠠᠯ᠎ᠢ 100% ᠎ᠳᠤ ᠬᠦᠷᠬᠡᠬᠦ᠌᠎ᠶ᠋ᠢ ᠪᠠᠳᠤᠯᠠᠭ᠍ᠰᠠᠨ ᠪᠠᠢᠨ᠎ᠠ᠃

ᠠᠷᠪᠠᠨ ᠭᠠᠵᠠᠷ᠎ᠤᠨ ᠠᠮᠢ ᠠᠬᠤᠢ᠎ᠶ᠋ᠢᠨ ᠬᠤᠨᠭ᠌ᠬᠢᠯ᠎ᠢᠶᠠᠷ ᠶᠠᠪᠠᠭᠠᠯᠠᠨ᠂ ᠵᠠᠭᠤᠨ ᠴᠡᠴᠡᠭ ᠦᠡᠭ᠌ᠬᠡ ᠪᠤᠯᠢᠶᠠᠯᠳᠤᠨ ᠲᠡᠯᠬᠡᠷᠡᠭ᠌ᠰᠡᠨ ᠦᠵᠡᠮᠵᠢ᠎ᠶ᠋ᠢ ᠰᠤᠨᠢᠷᠬᠠᠵᠤ᠂ ᠮᠢᠩᠭᠠᠨ ᠮᠦ᠍᠎ᠶ᠋ᠢᠨ ᠵᠢᠮᠢᠰ᠎ᠤᠨ ᠬᠦᠷᠢᠶᠡᠯᠡᠩ᠎ᠤᠨ ᠵᠢᠮᠢᠰ᠎ᠢ ᠠᠮᠳᠠᠯᠠᠨ᠂ ᠤᠯᠠᠭᠠᠨᠬᠤᠳᠠ᠎ᠶ᠋ᠢᠨ ᠢᠯᠠᠯᠳᠠ ᠪᠠᠯᠭᠠᠰᠤᠨ᠎ᠤ ᠤᠪᠤᠭᠠᠨ ᠠᠭᠤᠯᠠ᠎ᠶ᠋ᠢᠨ ᠬᠤᠷᠮᠤᠢ ᠬᠦ᠍ᠷᠬᠦ᠌᠎ᠳᠤ ᠲᠤᠳᠤᠷᠭᠠᠠ ᠲᠠᠷᠢᠶ᠎ᠠ ᠬᠠᠯᠢᠭᠤᠷᠠᠨ ᠭᠤᠤᠯ ᠭᠤᠷᠤᠬ᠎ᠠ ᠤᠭᠠᠯᠵᠠᠯᠠᠠ ᠤᠷᠤᠰᠤᠨ᠎ᠠ; ᠪᠠᠶᠠᠰᠤᠯ ᠲᠠᠷᠢᠶᠠᠯᠠᠩ᠎ᠤᠨ ᠲᠠᠯᠠᠪᠠᠢ᠂ ᠲᠤᠭᠤᠢ ᠲᠡᠷᠬᠡᠨ᠎ᠤ ᠰᠤᠯᠦᠩᠭᠠᠠ ᠵᠠᠮ᠂ ᠵᠠᠩ ᠠᠷᠠᠨᠱᠢᠯ᠎ᠤᠨ ᠵᠡᠬᠡᠯᠢ ᠵᠡᠷᠬᠡ ᠰᠡᠯᠡᠬᠦᠴᠡᠠ ᠵᠢᠭᠤᠯᠴᠢᠯᠠᠬᠤ ᠲᠦᠷᠦᠯ ᠵᠦᠢᠯ ᠦᠨᠳᠦᠰᠦᠳᠡᠨ᠎ᠤ ᠤᠨᠴᠠᠯᠢᠭ᠎ᠢᠶᠠᠷ ᠲᠤᠪᠤᠢᠮ᠎ᠠ ᠪᠠᠢᠯ᠎ᠠ᠃ ᠡᠢᠮᠦᠷᠬᠦᠤ ᠦᠵᠡᠮᠵᠢᠳᠤ ᠰᠠᠢᠬᠠᠨ ᠠᠭᠤᠯᠠ ᠤᠰᠤ᠎ᠲᠠᠢ ᠭᠠᠵᠠᠷ ᠨᠤᠳᠤᠭ᠎ᠲᠤ 《ᠬᠢᠨᠭ᠌ᠭᠠᠨ ᠲᠤᠳᠤᠷᠭ᠎ᠠ》 ᠎ᠶ᠋ᠢ ᠲᠡᠷᠢᠵᠥ᠍ ᠪᠤᠢᠵᠢᠭᠤᠯᠤᠠ᠂ ᠨᠢᠳᠤᠨᠤᠨ 《ᠬᠢᠨᠭ᠌ᠭᠠᠨ ᠲᠤᠳᠤᠷᠭ᠎ᠠ》 ᠲᠡᠯᠡᠬᠡᠢ᠎ᠶ᠋ᠢᠨ ᠲᠡᠬᠡᠳᠤ ᠲᠡᠰ᠎ᠤᠨ ᠠᠮᠤ ᠪᠤᠳᠠᠭ᠎ᠠ ᠱᠢᠯᠭᠠᠷᠠᠭᠤᠯᠬᠤ ᠤᠷᠤᠯᠳᠤᠭᠠᠨ᠎ᠳᠤ ᠵᠡᠰ ᠮᠧᠲᠯ ᠭᠠᠷᠳᠠᠵᠤ᠂ ᠵᠢᠱ᠌ᠢᠯᠳᠠ᠎ᠪᠠᠷ ᠲᠦᠷᠦᠯ ᠲᠡᠮᠳᠡᠭ᠎ᠤᠨ ᠦᠷᠳᠡᠭ᠎ᠨᠢ 180 ᠳ᠋ᠦᠩᠱᠢᠭᠤᠷ ᠲᠦᠭᠦᠷᠢᠭ᠎ᠢ ᠲᠡᠪᠠᠵᠥ᠍᠂ ᠤᠯᠤᠰ᠎ᠤᠨ ᠵᠠᠭᠤᠨ ᠬᠦᠴᠦᠷᠬᠡᠭ ᠲᠠᠷᠢᠶᠠᠯᠠᠩ᠎ᠤᠨ ᠪᠦᠳᠦᠬᠡᠭ᠌ᠳᠡᠬᠦᠨ᠎ᠤ ᠤᠷᠤᠨ ᠲᠤᠭᠤᠷᠢᠭ᠎ᠤᠨ ᠲᠦᠷᠦᠯ ᠲᠡᠮᠳᠡᠭ᠎ᠤᠨ 12 ᠎ᠲᠤ ᠤᠷᠤᠵᠠᠢ᠃ ᠬᠢᠨᠭ᠌ᠭᠠᠨ ᠠᠢᠮᠠᠭ ᠲᠤᠮᠳᠠᠳᠤ ᠤᠯᠤᠰ᠎ᠤᠨ ᠱᠢᠯᠢᠳᠡᠭ ᠲᠤᠳᠤᠷᠭ᠎ᠠ᠎ᠶ᠋ᠢᠨ ᠵᠢᠱ᠌ᠢᠶ᠎ᠠ ᠦᠵᠡᠬᠦᠯᠬᠦ᠌ ᠰᠠᠭᠤᠷᠢᠨ ᠬᠢᠬᠡᠳ ᠲᠤᠮᠳᠠᠳᠤ ᠤᠯᠤᠰ᠎ᠤᠨ ᠲᠠᠯ᠎ᠠ ᠨᠤᠳᠤᠭ᠎ᠤᠨ ᠠᠮᠢ ᠠᠬᠤᠢ᠎ᠶ᠋ᠢᠨ ᠲᠤᠳᠤᠷᠭ᠎ᠠ᠎ᠶ᠋ᠢᠨ ᠬᠤᠳᠠ᠎ᠪᠠᠷ ᠨᠠᠷᠡᠢᠳᠦᠭ᠌ᠳᠡᠪᠠ᠃ ᠤᠳᠤ 《ᠬᠢᠨᠭ᠌ᠭᠠᠨ ᠲᠤᠳᠤᠷᠭ᠎ᠠ》 ᠨᠢᠬᠡᠨᠳᠡ ᠬᠢᠩᠭᠠᠨ ᠠᠢᠮᠠᠭ᠎ᠤᠨ ᠮᠠᠯᠴᠢᠨ ᠲᠠᠷᠢᠶᠠᠴᠢᠳ᠎ᠤᠨ ᠤᠷᠤᠯᠭ᠎ᠠ᠎ᠶ᠋ᠢᠨ ᠨᠡᠮᠡᠭ᠌ᠳᠡᠯ᠎ᠢ ᠪᠠᠳᠤᠯᠠᠬᠤ ᠭᠤᠤᠯᠯᠠᠬᠤ ᠠᠵᠤ ᠦᠢᠯᠡᠰ ᠪᠤᠯᠤᠭ᠍ᠰᠠᠨ ᠪᠢᠯᠡ᠃

ᠬᠦᠷᠦᠰᠦ ᠱᠢᠷᠤᠢ᠎ᠶ᠋ᠢᠨ ᠠᠮᠤᠷ ᠲᠦᠪᠱᠢᠨ᠎ᠨᠢ ᠠᠷᠠᠳ ᠤᠯᠠᠨ᠎ᠤ ᠬᠦᠨᠡᠰᠦᠨ ᠤᠭᠤᠳᠠ᠂ ᠨᠤᠭᠤᠭ᠎ᠠ᠎ᠶ᠋ᠢᠨ ᠰᠠᠬ᠍ᠰᠤ᠎ᠶ᠋ᠢᠨ ᠠᠮᠤᠷ ᠲᠦᠪᠱᠢᠨ᠎ᠲᠠᠢ ᠬᠤᠯᠪᠤᠬ᠍ᠳᠠᠨ᠎ᠠ᠃ ᠤᠢ᠍ᠢᠷ᠎ᠠ᠎ᠶ᠋ᠢᠨ ᠵᠢᠯ᠂ ᠬᠢᠨᠭ᠌ᠭᠠᠨ ᠠᠢᠮᠠᠭ ᠪᠦᠳᠦᠬᠡᠠ ᠪᠠᠢᠭᠤᠯᠤᠯᠳᠠ᠎ᠳᠤ ᠬᠡᠷᠡᠭ᠌ᠯᠡᠬᠦ᠌ ᠭᠠᠵᠠᠷ᠎ᠢ ᠵᠦᠪᠱᠢᠶᠡᠷᠡᠬᠦ᠌ ᠪᠠ ᠬᠢᠨᠠᠯᠳᠠ ᠬᠠᠮᠢᠶᠠᠷᠤᠯᠳᠠ᠎ᠶ᠋ᠢ ᠴᠢᠩᠭᠠᠳᠭᠠᠵᠦ᠍᠂ ᠬᠦᠨᠳᠤ ᠲᠡᠮᠦᠷᠯᠢᠭ᠎ᠤᠨ ᠠᠵᠦ᠍ ᠠᠬᠤᠢ᠍ᠢᠯᠠᠯ᠎ᠤᠨ ᠪᠤᠬᠢᠷᠳᠤᠯ᠎ᠢ ᠰᠡᠷᠬᠡᠢᠯᠡᠨ ᠡᠵᠡᠮᠳᠡᠬᠦ᠌᠎ᠶ᠋ᠢ ᠲᠠᠰᠤᠷᠠᠯᠳᠠ ᠦᠬᠡᠢ ᠴᠢᠩᠭᠠᠳᠭᠠᠨ᠂ ᠬᠦᠨᠳᠤ ᠲᠡᠮᠦᠷᠯᠢᠭ᠎ᠤᠨ ᠭᠤᠤᠯᠳᠠᠯᠭ᠎ᠠ᠎ᠲᠠᠢ ᠠᠵᠦ᠍ ᠠᠬᠤᠢ᠍ᠢᠯᠠᠯ᠎ᠤᠨ ᠪᠤᠬᠢᠷᠳᠤᠯ ᠪᠤᠳᠠᠰ᠎ᠤᠨ ᠭᠠᠳᠠᠬ᠍ᠰᠢᠯᠠᠭᠤᠯᠤᠯᠳᠠ᠎ᠶ᠋ᠢ ᠪᠠᠭᠠᠰᠭᠠᠬᠤ ᠲᠦᠯᠦᠪᠯᠡᠭᠡ᠎ᠶ᠋ᠢ ᠬᠡᠷᠡᠭ᠌ᠵᠢᠬᠦᠯᠵᠦ᠍᠂ ᠠᠮᠢᠳᠤᠷᠠᠯ᠎ᠤᠨ ᠬᠤᠭ ᠨᠤᠪᠰᠢ᠎ᠶ᠋ᠢ ᠲᠦᠷᠦᠯ ᠬᠤᠪᠢᠶᠡᠵᠦ᠍ ᠬᠠᠮᠢᠶᠠᠷᠬᠤ ᠪᠠ ᠱᠢᠢᠳᠪᠦᠷᠢᠯᠡᠬᠦ᠌ ᠠᠵᠢᠯ᠎ᠢ ᠬᠦᠨᠵᠡᠬᠡᠢ ᠠᠬᠢᠭᠤᠯᠵᠦ᠍᠂ ᠠᠶᠤᠯ᠎ᠲᠠᠢ ᠬᠠᠶᠠᠬ᠍ᠳᠠᠮᠠᠯ ᠡᠳ᠋᠎ᠢ ᠨᠠᠬᠦᠯᠬᠡᠡ ᠱᠢᠯᠵᠢᠬᠦᠯᠬᠦ᠂ ᠴᠢᠳᠭᠤᠬᠤ ᠠᠰᠭᠠᠬᠤ ᠵᠡᠷᠬᠡ ᠬᠠᠤᠯᠢ᠎ᠠᠴᠠ ᠵᠦᠷᠢᠴᠡᠭ᠌ᠰᠡᠨ ᠠᠵᠢᠯᠯᠠᠭ᠎ᠠ᠎ᠳᠤ ᠴᠢᠩᠭ᠎ᠠ ᠴᠤᠬᠢᠯᠳᠡ ᠦᠭ᠌ᠴᠦ᠂ ᠠᠮᠢ ᠠᠬᠤᠢ᠎ᠶ᠋ᠢᠨ ᠤᠷᠴᠢᠨ ᠲᠤᠭᠤᠷᠢᠨ᠎ᠢ ᠢᠯᠡᠳᠳᠡ ᠰᠠᠢᠵᠢᠷᠠᠭᠤᠯᠤᠭ᠍ᠰᠠᠨ ᠪᠠᠢᠨ᠎ᠠ᠃

ᠬᠤᠭ ᠨᠤᠪᠰᠢ᠎ᠶ᠋ᠢ ᠠᠩᠬᠢᠯᠠᠬᠤ᠂ ᠲᠤᠤᠷ᠎ᠠ ᠨᠡᠬᠦᠷᠡᠰᠦᠳᠦᠷᠦᠭ᠌ᠴᠢᠳᠤ᠂ ᠪᠤᠬᠢᠷᠳᠤᠯ ᠦᠬᠡᠢ ᠠᠮᠢᠳᠤᠷᠠᠯ᠎ᠤᠨ ᠠᠷᠭ᠎ᠠ ᠬᠡᠯᠪᠡᠷᠢ ᠬᠦᠮᠦᠰ᠎ᠲᠤ ᠤᠯᠠᠮ᠎ᠠᠴᠠ ᠤᠯᠠᠮ ᠲᠡᠭᠠᠱᠢᠶᠠᠭ᠍ᠳᠠᠬᠤ ᠪᠤᠯᠪᠠ᠃ ᠬᠤᠶᠠᠷ ᠵᠢᠯ ᠭᠠᠷᠤᠢ᠎ᠶ᠋ᠢᠨ ᠴᠦᠬᠦᠷᠡᠰᠢ ᠦᠬᠡᠢ ᠴᠢᠷᠮᠡᠢᠯᠭ᠎ᠠ᠎ᠪᠠᠷ᠂ ᠬᠢᠩᠭᠠᠨ ᠠᠢᠮᠠᠭ ᠪᠤᠬᠢᠷᠳᠤᠯ᠎ᠢ ᠰᠡᠷᠬᠡᠢᠯᠠᠨ ᠵᠠᠰᠠᠬᠤ ᠪᠤᠭᠤᠮᠳᠠ ᠱᠢᠪᠳᠤᠯᠬᠤ ᠲᠠᠢᠯᠠᠯᠳᠤᠭᠠᠨ᠎ᠳᠤ ᠵᠤᠬᠢᠬᠤ ᠠᠮᠵᠢᠯᠳᠠ ᠤᠯᠵᠠᠢ᠃ 3 ᠵᠢᠯ᠎ᠤᠨ ᠠᠵᠢᠯᠯᠠᠭ᠎ᠠ᠎ᠶ᠋ᠢᠨ ᠲᠦᠯᠦᠪᠯᠡᠭᠡ᠎ᠳᠡᠭᠡᠨ ᠤᠷᠴᠢᠨ ᠲᠤᠭᠤᠷᠢᠨ᠎ᠢ ᠵᠠᠰᠠᠬᠤ 302 ᠲᠦᠷᠦᠯ᠎ᠤᠨ ᠠᠵᠢᠯᠯᠠᠭ᠎ᠠ ᠲᠤᠬ᠍ᠳᠠᠭᠠᠵᠤ᠂ ᠤᠳᠤ ᠨᠢᠬᠡᠨᠳᠡ 195 ᠲᠦᠷᠦᠯ᠎ᠤᠨ ᠠᠵᠢᠯᠯᠠᠭ᠎ᠠ᠎ᠶ᠋ᠢ ᠲᠠᠭᠤᠰᠭᠠᠨ᠂ ᠬᠢᠮᠢ᠎ᠶ᠋ᠢᠨ ᠪᠤᠷᠳᠤᠭᠤᠷ ᠪᠠ ᠲᠠᠷᠢᠶᠠᠠ ᠡᠮ ᠬᠡᠷᠡᠭ᠌ᠯᠡᠬᠦ᠌ ᠦᠬᠡᠢ ᠪᠠᠢᠬᠤ᠎ᠶ᠋ᠢ ᠪᠡᠶᠡᠯᠡᠬᠦᠯᠵᠦ᠍᠂ ᠠᠢᠮᠠᠭ᠎ᠤᠨ ᠲᠦᠪ ᠤᠯᠠᠭᠠᠨᠬᠤᠳᠠ᠎ᠶ᠋ᠢᠨ ᠲᠤᠩᠭᠠᠯᠠᠭ ᠡᠳᠤᠷ᠎ᠤᠨ ᠲᠤᠭᠠᠨ᠎ᠤ ᠬᠠᠷᠢᠴᠠᠯ 97% ᠎ᠶ᠋ᠢ ᠲᠠᠪᠠᠵᠤ᠂ ᠭᠠᠵᠠᠷ᠎ᠤᠨ ᠭᠠᠳᠠᠷᠭᠤ᠎ᠶ᠋ᠢᠨ ᠤᠰᠤᠨ᠎ᠤ ᠴᠢᠨᠠᠷ᠎ᠢ ᠬᠢᠨᠠᠨ ᠱᠢᠯᠭᠠᠬᠤ 7 ᠤᠬ᠍ᠳᠤᠯᠤᠭᠠᠰᠤ ᠭᠠᠵᠠᠷ᠎ᠤᠨ ᠤᠰᠤᠨ᠎ᠤ ᠴᠢᠨᠠᠷ᠎ᠤᠨ ᠵᠢᠯ᠎ᠤᠨ ᠲᠤᠮᠳᠠᠴᠢ ᠬᠡᠮᠵᠢᠭ᠌ᠳᠡᠯ ᠴᠦᠮ Ⅲ ᠲᠦᠷᠦᠯ᠎ᠤᠨ ᠪᠠᠷᠢᠮᠵᠢᠶᠠᠨ᠎ᠳᠤ ᠬᠦᠷᠴᠤ᠌ ᠪᠠᠢᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号