《ᠪᠢᠯᠢᠭ᠎ᠤᠨ ᠬᠤᠷ᠎ᠠ》 ᠱᠠᠭᠢᠨ᠎ᠠ
2020-08-26 09:30:45
ᠵᠣᠬᠢᠶᠠᠭ᠍ᠴᠢ᠄
ᠯᠢᠦ ᠯᠠᠨ ᠯᠠᠨ
ᠣᠩᠱᠢᠭ᠍ᠰᠠᠨ ᠣᠳᠠᠭ᠎ᠠ᠄
★★★☆☆

8 ᠰᠠᠷ᠎ᠠ᠎ᠶ᠋ᠢᠨ 17 ᠎ᠤ ᠡᠳᠤᠷ᠂ ᠦᠪᠤᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶᠠᠨ᠎ᠠᠴᠠ ᠨᠠᠢᠷᠠᠭᠤᠯᠤᠨ ᠬᠡᠪᠯᠡᠬᠦᠯᠦᠭ᠌ᠰᠡᠨ 《ᠪᠢᠯᠢᠭ᠎ᠤᠨ ᠬᠤᠷ᠎ᠠ》 ᠪᠠᠯᠴᠢᠷ ᠬᠡᠦᠬᠡᠳ᠎ᠤᠨ ᠴᠤᠪᠤᠷᠠᠯ ᠨᠤᠮ᠎ᠤᠨ ᠰᠤᠳᠤᠯᠤᠨ ᠶᠠᠷᠢᠯᠴᠠᠬᠤ ᠬᠤᠷᠠᠯ ᠬᠦᠬᠡᠬᠤᠳᠠ᠎ᠳᠤ ᠶᠠᠪᠤᠭ᠍ᠳᠠᠪᠠ᠃ ᠲᠤᠰ ᠴᠤᠪᠤᠷᠠᠯ ᠨᠤᠮ᠎ᠨᠢ ᠴᠡᠴᠡᠷᠯᠢᠭ᠎ᠤᠨ ᠪᠠᠭ᠎ᠠ ᠠᠩᠬᠢ᠂ ᠲᠤᠮᠳᠠ ᠠᠩᠬᠢ᠂ ᠶᠡᠭᠡ ᠠᠩᠬᠢ᠎ᠪᠠᠷ ᠨᠢᠬᠡᠴᠢᠯᠡᠨ ᠠᠩᠬᠢ ᠪᠦᠷᠢ᠎ᠳᠤ 《ᠲᠤᠷᠭᠠᠨ ᠬᠡᠯᠡ》᠂ 《ᠤᠷᠠᠨ ᠲᠠᠩᠨᠠᠢ》᠂ 《ᠡᠷᠳᠡᠮ᠎ᠤᠨ ᠵᠦᠰᠡ》᠂ 《ᠠᠮᠢᠳᠤᠷᠠᠯ᠎ᠤᠨ ᠷᠠᠱᠢᠶᠠᠨ》᠂ 《ᠤᠷᠠᠯᠢᠭ᠎ᠤᠨ ᠨᠠᠮᠢᠷᠠᠭ᠎ᠠ》᠂ 《ᠠᠮᠢᠳᠤᠷᠠᠯ᠎ᠤᠨ ᠱᠢᠪᠡᠷᠡᠭᠡ》᠂ 《ᠤᠷᠠᠨ ᠬᠤᠷᠤᠭᠤ》 ᠵᠡᠷᠬᠡ ᠲᠤᠯᠤᠭᠠᠨ ᠲᠤᠪᠬᠢᠮᠠᠯ᠎ᠢᠶᠠᠷ ᠨᠢᠬᠡ ᠪᠤᠳᠢ ᠪᠤᠯᠭᠠᠨ ᠨᠠᠢᠷᠠᠭᠤᠯᠤᠭ᠍ᠰᠠᠨ 42 ᠲᠤᠪᠬᠢᠮᠠᠯ᠎ᠢᠶᠠᠷ ᠪᠦᠷᠢᠯᠳᠦᠭ᠌ᠰᠡᠨ ᠪᠠᠢᠨ᠎ᠠ᠃

 

ᠶᠠᠷᠢᠯᠴᠠᠬᠤ ᠬᠤᠷᠠᠯ᠎ᠳᠤ ᠮᠠᠨ᠎ᠤ ᠤᠷᠤᠨ᠎ᠤ ᠬᠡᠦᠬᠡᠳ᠎ᠤᠨ ᠤᠷᠠᠨ ᠵᠤᠬᠢᠶᠠᠯᠴᠢ ᠯᠢᠭ᠌ᠳᠡᠨ᠂ ᠬᠦᠷᠵᠠᠪ᠂ ᠴᠡᠯᠡᠬᠡᠷ ᠵᠢᠴᠢ ᠡᠯ᠎ᠠ ᠠᠢᠮᠠᠭ ᠬᠤᠳᠠ ᠬᠤᠱᠢᠭᠤ ᠱᠢᠶᠠᠨ᠎ᠤ ᠮᠤᠩᠭᠤᠯ ᠬᠡᠦᠬᠡᠳ᠎ᠤᠨ ᠴᠡᠴᠡᠷᠯᠢᠭ᠎ᠤᠨ ᠵᠠᠬᠢᠷᠤᠯ᠂ ᠴᠡᠴᠡᠷᠯᠢᠭ᠎ᠤᠨ ᠪᠠᠭ᠍ᠰᠢ᠂ ᠤᠩᠱᠢᠭ᠍ᠴᠢᠳ ᠨᠡᠢᠳᠡ 50 ᠭᠠᠷᠤᠢ ᠬᠦᠮᠦᠰ ᠮᠤᠷᠢᠯᠠᠨ ᠰᠠᠭᠠᠳᠠᠵᠦ᠍᠂ ᠲᠤᠰ ᠴᠤᠪᠤᠷᠠᠯ ᠨᠤᠮ᠎ᠢ ᠨᠠᠢᠷᠠᠭᠤᠯᠤᠨ ᠵᠤᠬᠢᠶᠠᠭ᠍ᠰᠠᠨ ᠵᠢᠨᠪᠤᠤ᠂ ᠤᠳᠠᠪᠠᠯᠠᠴᠡᠴᠡᠭ᠂ ᠠᠶ᠎ᠠ ᠲᠠᠭᠤᠤ ᠵᠤᠬᠢᠶᠠᠨ ᠪᠦᠳᠦᠬᠡᠭ᠌ᠰᠡᠨ ᠡ᠊ · ᠤᠶᠠᠩᠭ᠎ᠠ ᠨᠠᠷ᠎ᠲᠠᠢ ᠬᠠᠮᠳᠤ᠎ᠪᠠᠷ 《ᠪᠢᠯᠢᠭ᠎ᠤᠨ ᠬᠤᠷ᠎ᠠ》 ᠪᠠᠯᠴᠢᠷ ᠬᠡᠦᠬᠡᠳ᠎ᠤᠨ ᠴᠤᠪᠤᠷᠠᠯ ᠨᠤᠮ᠎ᠤᠨ ᠬᠡᠯᠡ ᠨᠠᠢᠷᠠᠭᠤᠯᠭ᠎ᠠ᠂ ᠤᠩᠱᠢᠭ᠍ᠰᠠᠨ᠎ᠤ ᠲᠠᠷᠠᠭᠠᠬᠢ ᠲᠦᠷᠦᠭ᠌ᠳᠡᠯ᠂ ᠠᠶ᠎ᠠ ᠲᠠᠭᠤᠤ᠂ ᠺᠠᠷᠲ᠋ᠤᠨ ᠵᠢᠷᠤᠭ᠂ ᠱᠢᠨᠡᠴᠢᠯᠡᠯᠳᠡ ᠦᠬᠡᠷᠡᠴᠢᠯᠡᠯᠳᠡ᠎ᠶ᠋ᠢᠨ ᠲᠠᠯ᠎ᠠ᠎ᠪᠠᠷ ᠰᠠᠨᠠᠯ ᠪᠤᠳᠤᠯ᠎ᠢᠶᠠᠨ ᠰᠤᠯᠢᠯᠴᠠᠯ᠎ᠠ᠃

ᠲᠤᠰ ᠴᠤᠪᠤᠷᠠᠯ ᠨᠤᠮ ᠪᠤᠯ ᠵᠤᠬᠢᠶᠠᠯᠴᠢ ᠨᠠᠢᠷᠠᠭᠤᠯᠤᠭ᠍ᠴᠢ ᠵᠢᠨᠪᠤᠤ᠎ᠶ᠋ᠢᠨ ᠤᠳᠠᠭᠠᠨ ᠵᠢᠯ ᠨᠠᠢᠷᠠᠭᠤᠯᠤᠭ᠍ᠴᠢ᠂ ᠤᠷᠴᠢᠭᠤᠯᠤᠭ᠍ᠴᠢ᠂ ᠵᠤᠬᠢᠶᠠᠯᠴᠢ᠎ᠪᠠᠷ ᠠᠵᠢᠯᠯᠠᠭ᠍ᠰᠠᠨ ᠪᠠᠶᠠᠯᠢᠭ ᠲᠤᠷᠱᠢᠯᠭ᠎ᠠ᠂ ᠦᠨᠳᠦᠷ ᠪᠤᠯᠪᠠᠰᠤᠷᠠᠯ᠎ᠤᠨ ᠬᠢᠨᠢ ᠦᠷ᠎ᠠ ᠪᠦᠳᠦᠬᠡᠯ ᠪᠤᠯᠤᠭ᠍ᠰᠠᠨ ᠴᠣ ᠱᠢᠨ᠎ᠠ ᠪᠦᠳᠦᠬᠡᠯ ᠪᠤᠯᠤᠨ᠎ᠠ᠃ ᠲᠤᠰ ᠨᠤᠮ᠎ᠨᠢ ᠠᠬᠤᠢ᠎ᠳᠤ ᠬᠠᠨᠳᠤᠵᠦ᠍ ᠰᠡᠳᠤᠪ ᠰᠤᠩᠭᠤᠬᠤ ᠪᠠ ᠬᠡᠯᠡ ᠨᠠᠢᠷᠠᠭᠤᠯᠭ᠎ᠠ᠎ᠶ᠋ᠢᠨ ᠦᠨᠳᠦᠷ ᠱᠠᠭᠠᠷᠳᠠᠯᠭ᠎ᠠ᠎ᠪᠠᠷ ᠬᠡᠦᠬᠡᠳ ᠪᠠᠭᠠᠴᠤᠳ᠎ᠤᠨ ᠨᠠᠰᠤᠨ᠎ᠤ ᠤᠨᠴᠠᠯᠢᠭ ᠪᠤᠯᠤᠨ ᠰᠡᠳᠭᠢᠬᠦᠢ᠎ᠶ᠋ᠢᠨ ᠤᠨᠴᠠᠯᠢᠭ᠎ᠲᠤ ᠵᠤᠬᠢᠴᠠᠭᠤᠯᠤᠨ ᠨᠠᠢᠷᠠᠭᠤᠯᠤᠭ᠍ᠰᠠᠨ ᠮᠤᠩᠭᠤᠯ ᠬᠡᠯᠡᠨ᠎ᠤ ᠭᠠᠢᠬᠠᠮᠱᠢᠭ᠎ᠢ ᠬᠠᠷᠠᠭᠤᠯᠤᠭ᠍ᠰᠠᠨ ᠰᠠᠢᠬᠠᠨ ᠨᠤᠮ ᠪᠤᠯᠵᠠᠢ᠃ ᠡᠬᠦᠨ᠎ᠳᠤ ᠱᠢᠨ᠎ᠡ᠎ᠪᠠᠷ ᠵᠤᠬᠢᠶᠠᠨ ᠪᠦᠳᠦᠭᠡᠭ᠌ᠰᠡᠨ ᠬᠡᠦᠬᠡᠳ᠎ᠤᠨ ᠲᠠᠭᠤᠤ᠎ᠶ᠋ᠢᠨ ᠱᠢᠯᠦᠭ 60 ᠪᠠᠭ᠍ᠲᠠᠵᠠᠢ᠃ ᠡᠬᠦᠨ᠎ᠤ ᠲᠤᠳᠤᠷ᠎ᠠ᠎ᠠᠴᠠ 30 ᠲᠠᠭᠤᠤ᠎ᠶ᠋ᠢᠨ ᠱᠢᠯᠦᠭ᠎ᠲᠤ ᠠᠶ᠎ᠠ ᠲᠠᠭᠠᠷᠠᠭᠤᠯᠤᠨ ᠬᠡᠦᠬᠡᠳ᠎ᠢᠶᠠᠷ ᠲᠠᠭᠤᠯᠠᠭᠤᠯᠵᠦ᠍ 《ᠡᠬᠡᠱᠢᠭ》 ᠲᠠᠭᠤᠤ ᠤᠷᠠᠯᠢᠭ᠎ᠤᠨ ᠰᠦᠯᠵᠢᠶ᠎ᠡ᠎ᠪᠠᠷ ᠲᠠᠮᠵᠢᠭᠤᠯᠤᠨ ᠬᠡᠦᠬᠡᠳ᠎ᠤᠨ ᠰᠤᠷᠴᠤ᠌ ᠰᠤᠨᠢᠷᠬᠠᠬᠤ᠎ᠳᠤ ᠲᠦᠬᠦᠮ ᠪᠤᠯᠭᠠᠭ᠍ᠰᠠᠨ ᠪᠠᠢᠨ᠎ᠠ᠃

ᠪᠦᠬᠦ᠌ ᠨᠤᠮ᠎ᠤᠨ ᠠᠭᠤᠯᠭ᠎ᠠ᠎ᠨᠢ ᠬᠡᠦᠬᠡᠳ᠎ᠢ ᠦᠨᠳᠦᠰᠦᠳᠡᠨ᠎ᠤ ᠰᠡᠳᠭᠢᠬᠦᠢ᠎ᠲᠠᠢ ᠪᠤᠯᠭᠠᠨ ᠬᠦᠮᠦᠵᠢᠬᠦᠯᠬᠦ᠌᠎ᠪᠠᠷ ᠵᠤᠷᠢᠯᠭ᠎ᠠ ᠪᠤᠯᠭᠠᠵᠦ᠍᠂ ᠬᠡᠯᠡᠨ᠎ᠤ ᠪᠤᠯᠪᠠᠰᠤᠷᠠᠯ᠂ ᠰᠡᠳᠭᠢᠬᠦᠢ᠎ᠶ᠋ᠢᠨ ᠪᠤᠯᠪᠠᠰᠤᠷᠠᠯ᠂ ᠨᠡᠢᠬᠡᠮ᠎ᠤᠨ ᠠᠮᠢᠳᠤᠷᠠᠯ᠎ᠤᠨ ᠠᠩᠬᠠᠨ᠎ᠤ ᠮᠡᠳᠡᠴᠡ᠂ ᠡᠷᠡᠬᠦᠯ ᠮᠡᠨᠳᠦ᠎ᠶ᠋ᠢᠨ ᠠᠩᠬᠠᠨ᠎ᠤ ᠮᠡᠳᠡᠴᠡ᠂ ᠪᠠᠢᠭᠠᠯᠢ᠎ᠶ᠋ᠢᠨ ᠤᠬᠠᠭᠠᠨ᠎ᠤ ᠠᠩᠬᠠᠨ᠎ᠤ ᠮᠡᠳᠡᠴᠡ᠂ ᠤᠷᠠᠯᠢᠭ᠎ᠤᠨ ᠪᠤᠯᠪᠠᠰᠤᠷᠠᠯ᠂ ᠭᠠᠷ ᠬᠦᠯ᠎ᠤᠨ ᠪᠤᠯᠪᠠᠰᠤᠷᠠᠯ ᠵᠡᠷᠬᠡ ᠤᠯᠠᠨ ᠲᠠᠯ᠎ᠠ᠎ᠪᠠᠷ ᠬᠦᠳᠦᠯᠤᠨ ᠵᠢᠯᠤᠭᠤᠳᠭᠤ᠎ᠶ᠋ᠢ ᠬᠢᠴᠢᠶᠡᠭ᠌ᠰᠡᠨ ᠪᠠᠢᠨ᠎ᠠ᠃

ᠤᠳᠤ ᠲᠤᠰ ᠴᠤᠪᠤᠷᠠᠯ ᠨᠤᠮ᠎ᠤᠨ ᠲᠡᠭᠡᠳᠦ ᠲᠡᠪᠳᠡᠷ᠎ᠤᠨ 21 ᠨᠤᠮ᠎ᠢ ᠨᠢᠬᠡᠨᠳᠡ ᠬᠡᠪᠯᠡᠨ ᠲᠠᠷᠬᠠᠭᠠᠪᠠ᠂ 8 ᠰᠠᠷ᠎ᠠ᠎ᠶ᠋ᠢᠨ ᠰᠡᠬᠦᠯᠴᠢ᠎ᠠᠴᠠ ᠡᠬᠢᠯᠡᠨ ᠵᠢᠩ ᠳ᠋ᠦᠩ ᠰᠦᠯᠵᠢᠶ᠎ᠠ᠎ᠠᠴᠠ ᠵᠠᠬᠢᠶᠠᠯᠠᠵᠦ᠍ ᠪᠤᠯᠤᠨ᠎ᠠ᠂ ᠲᠤᠤᠷᠠᠳᠤ ᠲᠡᠪᠳᠡᠷ᠎ᠤᠨ 21 ᠨᠤᠮ ᠴᠤ᠌ ᠤᠳᠠᠯ ᠦᠬᠡᠢ ᠬᠡᠪᠯᠡᠭ᠌ᠳᠡᠬᠦ᠌ ᠪᠤᠯᠤᠨ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠢᠶ᠎ᠡ ᠪᠦᠬᠦᠢ ᠰᠣᠨᠢᠨ
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号