《ᠶᠡᠭᠡ ᠳᠠᠯᠠᠢ᠎ᠶ᠋ᠢᠨ ᠵᠠᠮ — 〈ᠡᠮᠦᠨᠡᠲᠦ ᠲᠠᠩᠭᠢᠰ I ᠨᠤᠮᠧᠷᠲᠤ〉 ᠵᠢᠪᠪᠦᠭ᠌ᠰᠡᠨ ᠬᠦᠯᠭᠡ ᠣᠩᠭᠤᠴᠠ ᠬᠢᠭᠡᠳ ᠡᠮᠦᠨᠡᠲᠦ ᠰᠦᠩ ᠤᠯᠤᠰ᠎ᠤᠨ ᠳᠠᠯᠠᠢ᠎ᠶ᠋ᠢᠨ ᠠᠷᠠᠯᠵᠢᠶ᠎ᠠ》 ᠎ᠶ᠋ᠢᠨ ᠦᠵᠡᠰᠭᠦᠯᠡᠩ ᠡᠬᠢᠯᠡᠯ᠎ᠡ
2020-08-09 18:51:25
ᠵᠣᠬᠢᠶᠠᠭ᠍ᠴᠢ᠄
ᠤᠯᠠᠭᠠᠨᠲᠤᠶᠠᠭ᠎ᠠ
ᠣᠩᠱᠢᠭ᠍ᠰᠠᠨ ᠣᠳᠠᠭ᠎ᠠ᠄
★★★☆☆

ᠠᠷᠪᠠᠨ ᠳᠣᠯᠣᠳᠤᠭᠠᠷ ᠬᠤᠭᠤᠴᠠᠭᠠᠨ᠎ᠤ ᠳᠤᠮᠳᠠᠳᠤ ᠤᠯᠤᠰ · ᠥᠪᠥᠷ ᠮᠣᠩᠭᠤᠯ᠎ᠤᠨ ᠲᠠᠯ᠎ᠠ ᠨᠤᠲᠤᠭ᠎ᠤᠨ ᠰᠣᠶᠣᠯ᠎ᠤᠨ ᠨᠠᠢᠷ ᠡᠬᠢᠯᠡᠬᠦ᠌ ᠲᠠᠱᠢᠷᠠᠮ᠎ᠢᠶᠠᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ᠂ ᠥᠪᠡᠷᠲᠡᠭᠡᠨ ᠵᠠᠰᠠᠬᠤ ᠤᠷᠤᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ ᠪᠣᠯᠤᠨ ᠭᠤᠸᠠᠩᠳᠦ᠋ᠩ ᠮᠤᠵᠢ᠎ᠶ᠋ᠢᠨ ᠰᠣᠶᠣᠯ ᠪᠠ ᠵᠢᠭᠤᠯᠴᠢᠯᠠᠯ᠎ᠤᠨ ᠲᠢᠩᠬᠢᠮ ᠭᠤᠤᠯᠯᠠᠨ ᠡᠷᠬᠢᠯᠡᠵᠦ᠍᠂ ᠥᠪᠥᠷ ᠮᠣᠩᠭᠤᠯ᠎ᠤᠨ ᠮᠦᠽᠧᠶ ᠪᠣᠯᠤᠨ ᠭᠤᠸᠠᠩᠳᠦ᠋ᠩ ᠮᠤᠵᠢ᠎ᠶ᠋ᠢᠨ ᠮᠦᠽᠧᠶ ᠵᠡᠷᠭᠡ 5 ᠨᠢᠭᠡᠴᠢ᠎ᠶ᠋ᠢᠨ ᠳᠠᠭᠠᠭᠠᠴᠢᠯᠠᠨ ᠡᠷᠭᠢᠯᠡᠭ᠌ᠰᠡᠨ 《ᠳᠠᠯᠠᠢ᠎ᠶ᠋ᠢᠨ ᠶᠡᠭᠡ ᠵᠠᠮ — 〈ᠡᠮᠦᠨᠡᠲᠦ ᠲᠠᠩᠭᠢᠰ I ᠨᠤᠮᠧᠷᠲᠤ〉 ᠵᠢᠪᠪᠦᠭ᠌ᠰᠡᠨ ᠬᠦᠯᠭᠡ ᠣᠩᠭᠤᠴᠠ ᠬᠢᠭᠡᠳ ᠡᠮᠦᠨᠡᠲᠦ ᠰᠦᠩ ᠤᠯᠤᠰ᠎ᠤᠨ ᠳᠠᠯᠠᠢ᠎ᠶ᠋ᠢᠨ ᠠᠷᠠᠯᠵᠢᠶ᠎ᠠ》 ᠎ᠶ᠋ᠢᠨ ᠦᠵᠡᠰᠭᠦᠯᠡᠩ 8 ᠰᠠᠷ᠎ᠠ᠎ᠶ᠋ᠢᠨ 8 ᠎ᠤ ᠡᠳᠦᠷ ᠥᠪᠥᠷ ᠮᠣᠩᠭᠤᠯ᠎ᠤᠨ ᠮᠦᠽᠸᠢ᠎ᠳᠤ ᠡᠬᠢᠯᠡᠪᠡ᠃

ᠲᠠᠨᠢᠯᠴᠠᠭᠤᠯᠤᠭ᠍ᠰᠠᠨ᠎ᠢᠶᠠᠷ᠂ ᠡᠮᠦᠨᠡᠲᠦ ᠰᠦᠩ ᠤᠯᠤᠰ᠎ᠤᠨ ᠦᠶ᠎ᠡ᠎ᠳᠤ ᠱᠠᠭᠠᠵᠠᠩ ᠰᠠᠪᠠ᠂ ᠲᠡᠮᠦᠷ ᠡᠳ᠋ᠯᠡᠯ ᠵᠡᠷᠭᠡ ᠲᠠᠸᠠᠷ᠎ᠢ ᠲᠡᠭᠡᠭᠡᠭ᠌ᠰᠡᠨ ᠲᠣᠮᠣ ᠬᠡᠯᠪᠡᠷᠢ᠎ᠶ᠋ᠢᠨ ᠨᠢᠭᠡᠨ ᠬᠦᠯᠭᠡ ᠤᠩᠭᠤᠴᠠ ᠵᠡᠭᠦᠨ ᠡᠮᠦᠨᠡᠲᠦ ᠠᠽᠢᠶ᠎ᠠ᠂ ᠡᠮᠦᠨᠡᠲᠦ ᠠᠽᠢᠶ᠎ᠠ᠂ ᠴᠢᠨᠠᠭ᠍ᠰᠢᠯᠠᠪᠠᠯ ᠨᠡᠩ ᠠᠯᠤᠰ ᠬᠤᠯᠠ᠎ᠶ᠋ᠢᠨ ᠪᠠᠷᠠᠭᠤᠨ ᠠᠽᠢᠶ᠎ᠠ᠂ ᠵᠡᠭᠦᠨ ᠠᠹᠷᠢᠺᠠ ᠵᠦᠭ ᠠᠶᠠᠯᠠᠬᠤ᠎ᠳᠠᠭᠠᠨ ᠡᠮᠦᠨᠡᠲᠦ ᠲᠠᠩᠭᠢᠰ᠎ᠤᠨ ᠣᠷᠣᠨ᠎ᠢᠶᠠᠷ ᠥᠩᠭᠡᠷᠡᠬᠦ᠌ ᠣᠢᠶ᠎ᠠ᠎ᠳᠤ ᠪᠠᠢᠭᠠᠯᠢ ᠪᠤᠶᠤ ᠬᠥᠮᠦᠨ᠎ᠤ ᠭᠠᠮᠱᠢᠭ᠎ᠠᠴᠠ ᠪᠤᠯᠵᠤ ᠳᠠᠯᠠᠢ᠎ᠳᠤ ᠵᠢᠪᠪᠦᠭ᠌ᠰᠡᠨ ᠪᠠᠢᠨ᠎ᠠ᠃ 20 ᠳ᠋ᠤᠭᠠᠷ ᠵᠠᠭᠤᠨ᠎ᠤ ᠨᠠᠶᠠᠭᠠᠳ ᠣᠨ᠎ᠳᠤ ᠲᠤᠰ ᠬᠦᠯᠭᠡ ᠣᠩᠭᠤᠴᠠ᠎ᠶ᠋ᠢ ᠤᠰᠤᠨ᠎ᠠᠴᠠ ᠱᠦᠭᠦᠵᠦ᠍ ᠭᠠᠷᠭᠠᠨ᠂ 《ᠡᠮᠦᠨᠡᠲᠦ ᠲᠠᠩᠭᠢᠰ I ᠨᠣᠮᠧᠷᠲᠤ》 ᠭᠡᠵᠦ᠍ ᠨᠡᠷᠡᠢᠳᠴᠦ᠍᠂ ᠬᠠᠭᠤᠴᠢ ᠰᠤᠳᠤᠯᠤᠯ᠎ᠤᠨ ᠰᠤᠳᠤᠯᠭᠠᠨ ᠬᠢᠬᠦ᠌᠎ᠪᠠᠷ ᠳᠠᠮᠵᠢᠨ 《ᠡᠮᠦᠨᠡᠲᠦ ᠲᠠᠩᠭᠢᠰ I ᠨᠣᠮᠧᠷᠲᠤ》 ᠎ᠨᠢ ᠣᠳᠣ ᠪᠣᠯᠲᠠᠯᠠᠬᠢ ᠳᠡᠯᠡᠬᠡᠶ ᠳᠡᠭᠡᠷᠡᠬᠢ ᠢᠯᠡᠷᠡᠭᠦᠯᠦᠭ᠌ᠰᠡᠨ ᠣᠨ ᠵᠢᠯ᠎ᠢᠶᠠᠷ ᠬᠠᠮᠤᠭ᠎ᠤᠨ ᠡᠷᠲᠡ᠂ ᠣᠩᠭᠤᠴᠠ᠎ᠨᠢ ᠬᠠᠮᠤᠭ᠎ᠤᠨ ᠶᠡᠭᠡ᠂ ᠬᠠᠮᠤᠭ᠎ᠤᠨ ᠪᠦᠷᠢᠨ ᠪᠦᠲᠦᠨ ᠬᠠᠳᠠᠭᠠᠯᠠᠭ᠍ᠳᠠᠭ᠍ᠰᠠᠨ ᠠᠯᠤᠰ ᠳᠠᠯᠠᠶ᠎ᠶ᠋ᠢᠨ ᠠᠷᠠᠯᠵᠢᠶᠠᠨ᠎ᠤ ᠣᠩᠭᠤᠴᠠ ᠪᠣᠯᠤᠨ᠎ᠠ ᠭᠡᠰᠡᠨ ᠪᠠᠢᠨ᠎ᠠ᠃

ᠤᠢ᠍ᠢᠯᠠᠭᠠᠭ᠍ᠰᠠᠨ᠎ᠢᠶᠠᠷ᠂ ᠲᠤᠰ ᠦᠵᠡᠰᠭᠦᠯᠡᠩ᠎ᠨᠢ 《ᠡᠮᠦᠨᠡᠲᠦ ᠲᠠᠩᠭᠢᠰ I ᠨᠤᠮᠧᠷᠲᠤ》 ᠎ᠳᠠᠬᠢ ᠲᠡᠦᠬᠡ᠎ᠶ᠋ᠢᠨ ᠳᠤᠷᠠᠰᠭᠠᠯᠲᠤ ᠵᠦᠢᠯᠡᠰ᠎ᠤᠨ ᠰᠤᠳᠤᠨ ᠪᠦᠲᠦᠭᠡᠯ᠎ᠤᠨ ᠦᠪᠦᠷ ᠮᠤᠩᠭᠤᠯ᠎ᠳᠠᠬᠢ ᠠᠩᠬᠠᠨ᠎ᠤ ᠦᠵᠡᠰᠭᠦᠯᠡᠩ ᠪᠠᠢᠵᠤ᠂ ᠦᠵᠡᠰᠭᠦᠯᠡᠩ᠎ᠢ 《ᠡᠮᠦᠨᠡᠲᠦ ᠭᠦᠷᠦᠨ᠎ᠤ ᠰᠡᠷᠭᠦᠯ    ᠮᠠᠨᠳᠤᠯ》᠂ 《ᠦᠯᠡᠮᠵᠢ ᠪᠠᠶᠠᠯᠢᠭ ᠡᠳ᠋ ᠡᠷᠳᠡᠨᠢᠰ》᠂ 《ᠲᠦᠮᠡᠨ ᠭᠠᠵᠠᠷ ᠤᠩᠭᠤᠴᠠ᠎ᠪᠠᠷ ᠠᠶᠠᠯᠠᠬᠤᠢ》᠂ 《ᠤᠩᠭᠤᠴᠠ ᠡᠮᠦᠨᠡᠲᠦ ᠲᠠᠩᠬᠢᠰ᠎ᠲᠤ ᠵᠢᠪᠪᠦᠪᠡ》 ᠬᠢᠭᠡᠳ 《ᠭᠤᠴᠢᠨ ᠵᠢᠯ ᠰᠦᠪᠡᠭ᠌ᠴᠢᠯᠡᠨ ᠮᠦᠷᠳᠡᠪᠡ》 ᠵᠡᠷᠭᠡ 5 ᠬᠡᠰᠡᠭ ᠬᠤᠪᠢᠶᠠᠵᠤ᠂ 《ᠡᠮᠦᠨᠡᠲᠦ ᠲᠠᠩᠭᠢᠰ I ᠨᠤᠮᠧᠷᠲᠤ》 ᠵᠢᠪᠪᠦᠭ᠌ᠰᠡᠨ ᠤᠩᠭᠤᠴᠠᠨ᠎ᠠᠴᠠ ᠭᠠᠷᠭᠠᠭ᠍ᠰᠠᠨ ᠠᠯᠲᠠ ᠮᠦᠩᠭᠦᠨ ᠬᠡᠷᠡᠭ᠌ᠰᠡᠯ᠂ ᠬᠠᠰ ᠡᠳ᠋ᠯᠡᠯ᠂ ᠱᠠᠭᠠᠵᠠᠩ ᠰᠠᠪᠠ ᠵᠡᠷᠭᠡ ᠲᠡᠤᠬᠡ᠎ᠶ᠋ᠢᠨ ᠳᠤᠷᠠᠰᠭᠠᠯᠲᠤ ᠵᠦᠶᠯᠡᠰ ᠵᠢᠴᠢ ᠪᠤᠰᠤᠳ ᠦᠵᠡᠮᠦᠷᠢ᠎ᠶ᠋ᠢ ᠨᠡᠢᠲᠡ 296 ᠬᠤᠪᠢ (ᠢᠵᠢ) ᠳᠡᠯᠭᠡᠨ ᠦᠵᠡᠭᠦᠯᠵᠦ᠍᠂ 《ᠡᠮᠦᠨᠡᠲᠦ ᠲᠠᠩᠭᠢᠰ I ᠨᠣᠮᠧᠷᠲᠤ》 ᠵᠢᠪᠪᠦᠭ᠌ᠰᠡᠨ ᠣᠩᠭᠤᠴᠠ᠎ᠶ᠋ᠢᠨ ᠤᠷᠤᠱᠢᠵᠤ ᠪᠠᠢᠭ᠍ᠰᠠᠨ ᠴᠠᠭ ᠦᠶ᠎ᠡ᠂ ᠲᠡᠭᠡᠭᠡᠪᠦᠷᠢᠯᠡᠵᠦ᠍ ᠪᠠᠢᠭ᠍ᠰᠠᠨ ᠡᠳ᠋ ᠪᠠᠷᠠᠭ᠎ᠠ᠂ ᠣᠩᠭᠤᠴᠠᠴᠢᠨ᠎ᠤ ᠠᠮᠢᠳᠤᠷᠠᠯ᠂ ᠵᠢᠪᠪᠦᠭ᠌ᠰᠡᠨ ᠣᠩᠭᠤᠴᠠ᠎ᠶ᠋ᠢ ᠢᠯᠡᠷᠡᠭᠦᠯᠦᠭ᠌ᠰᠡᠨ ᠵᠢᠴᠢ ᠬᠠᠭᠤᠴᠢ ᠰᠤᠳᠤᠯᠤᠯ ᠬᠢᠭ᠌ᠰᠡᠨ ᠪᠣᠳᠠᠲᠤ ᠲᠡᠮᠳᠡᠭ᠌ᠯᠡᠯ᠎ᠢ ᠦᠵᠡᠭ᠌ᠴᠢ ᠤᠯᠠᠨ᠎ᠳᠤ ᠱᠢᠰᠲ᠋ᠧᠮ᠎ᠲᠠᠢ ᠲᠠᠨᠢᠯᠴᠠᠭᠤᠯᠤᠭ᠍ᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠠᠷᠢᠭᠤᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号