ᠴᠡᠭᠡᠨ ᠬᠥᠱᠢᠭᠡ ᠨᠡᠭᠡᠭᠡᠭ᠌ᠳᠡᠯᠠ᠂ ᠤᠶᠠᠩᠭ᠎ᠠ ᠡᠭᠡᠱᠢᠭ ᠴᠤᠤᠷᠢᠶᠠᠳᠤᠯ᠎ᠠ᠂ ᠤᠷᠠᠯᠢᠭ᠎ᠤᠨ ᠪᠠᠭ᠍ᠰᠢᠳᠠᠳ ᠱᠢᠨ᠎ᠡ ᠤᠳᠤᠳ ᠳᠤᠭᠠᠯᠠᠯᠠ᠃
ᠰᠦᠯᠵᠢᠶᠡᠨ ᠳᠤᠬᠢᠶ᠎ᠠ᠂ ᠠᠭᠠᠷ᠎ᠤᠨ ᠳᠤᠯᠬᠢᠶᠠᠨ ᠤᠷᠠᠨ ᠪᠦᠳᠦᠭᠡᠯ᠎ᠢ ᠠᠴᠢᠶᠠᠯᠠᠨ ᠬᠢᠨᠠᠭ᠍ᠴᠢ ᠪᠠᠭ᠍ᠰᠢ᠎ᠶ᠋ᠢᠨ ᠰᠡᠳᠭᠢᠯ᠎ᠢ ᠤᠶᠠᠷᠠᠭᠤᠯᠤᠨ᠎ᠠ᠃
ᠠᠷᠠᠳ ᠲᠦᠮᠡᠨ᠎ᠳᠤ ᠤᠷᠠᠯᠢᠭ ᠬᠡᠷᠡᠭᠲᠠᠢ᠂ ᠤᠷᠠᠯᠢᠭ ᠴᠤ᠌ ᠠᠷᠠᠳ ᠲᠦᠮᠡᠨ᠎ᠳᠤ ᠬᠡᠷᠡᠭᠲᠠᠢ᠃ 9 ᠰᠠᠷ᠎ᠠ᠎ᠶ᠋ᠢᠨ 19 ᠤ ᠡᠳᠤᠷ᠂ ᠠᠷᠪᠠᠨ ᠳᠤᠯᠤᠳᠤᠭᠠᠷ ᠬᠤᠭᠤᠴᠠᠭᠠᠨ᠎ᠤ ᠳᠠᠯ᠎ᠠ ᠨᠤᠳᠤᠭ᠎ᠤᠨ ᠰᠤᠶᠤᠯ᠎ᠤᠨ ᠨᠠᠢᠷ᠎ᠤᠨ ᠴᠢᠬᠤᠯᠠ ᠠᠵᠢᠯᠯᠠᠭ᠎ᠠ ᠪᠤᠯᠤᠭ᠍ᠰᠠᠨ 《ᠡᠭᠦᠯᠡᠨ ᠬᠦᠯᠦᠭ · 2020 ᠦᠪᠦᠷ ᠮᠤᠩᠭᠤᠯ᠎ᠤᠨ ᠠᠷᠠᠳ᠎ᠤᠨ ᠳᠠᠭᠤᠤ᠎ᠶ᠋ᠢᠨ ᠤᠷᠤᠯᠳᠤᠭᠠᠨ》 ᠤ ᠠᠩᠬᠠᠨ᠎ᠤ ᠱᠢᠯᠭᠠᠷᠠᠭᠤᠯᠤᠯᠳᠠ ᠢᠳᠡ ᠬᠦᠭ᠎ᠲᠠᠢ ᠶᠠᠪᠤᠭ᠍ᠳᠠᠪᠠ᠃ ᠱᠢᠯᠭᠠᠷᠠᠭᠤᠯᠤᠯᠳᠠ᠎ᠶ᠋ᠢᠨ ᠲᠠᠯᠠᠪᠠᠶ᠎ᠳᠤ᠂ ᠬᠢᠨᠠᠭ᠍ᠴᠢᠳ ᠤᠷᠤᠯᠳᠤᠭᠠᠨ᠎ᠳᠤ ᠣᠷᠣᠯᠴᠠᠭ᠍ᠰᠠᠳ᠎ᠤᠨ ᠢᠷᠡᠭᠦᠯᠦᠭ᠌ᠰᠡᠨ ᠸᠢᠳᠢᠣ᠋᠎ᠶ᠋ᠢ ᠦᠨᠳᠦᠰᠦᠯᠡᠨ ᠪᠦᠲᠦᠭᠡᠯ᠎ᠤᠨ ᠤᠷ᠎ᠠ ᠮᠡᠷᠭᠡᠵᠢᠯ᠂ ᠬᠡᠪ ᠨᠠᠮᠪᠠ᠂ ᠤᠷᠠᠯᠢᠭ᠎ᠤᠨ ᠢᠯᠡᠳᠭᠡᠬᠦ᠌ ᠴᠢᠳᠠᠪᠤᠷᠢ ᠵᠡᠷᠭᠡ ᠲᠠᠯ᠎ᠠ᠎ᠪᠠᠷ ᠨᠠᠷᠢᠨ ᠬᠢᠨᠠᠮᠠᠭᠠᠢ ᠱᠢᠯᠭᠠᠷᠠᠭᠤᠯᠤᠯᠲᠠ ᠬᠢᠪᠡ᠃
ᠤᠷᠤᠯᠳᠤᠭᠠᠨ᠎ᠳᠤ ᠤᠷᠤᠯᠴᠠᠭ᠍ᠰᠠᠨ ᠤᠷᠠᠨ ᠪᠦᠲᠦᠭᠡᠯ᠎ᠤᠨ ᠲᠥᠷᠥᠯ ᠵᠦᠢᠯ᠎ᠨᠢ ᠡᠯᠪᠡᠭ᠂ ᠤᠷᠤᠯᠳᠤᠭᠠᠨ᠎ᠤ ᠬᠡᠯᠪᠡᠷᠢ᠎ᠨᠢ ᠱᠢᠨ᠎ᠡ ᠰᠣᠷᠭᠤᠭ᠂ ᠬᠢᠨᠠᠭ᠍ᠴᠢ᠎ᠶ᠋ᠢᠨ ᠳᠠᠭᠠᠱᠢᠶᠠᠯᠢ ᠬᠦᠨ ᠬᠦᠷᠳᠡᠵᠤ᠂ 185 ᠪᠦᠳᠦᠭᠡᠯ᠎ᠨᠢ ᠠᠩᠬᠠᠨ᠎ᠤ ᠱᠢᠯᠭᠠᠷᠠᠭᠤᠯᠤᠯᠳᠠ᠎ᠪᠠᠷ ᠳᠠᠮᠵᠢᠨ ᠴᠤᠯᠭᠤᠷᠠᠨ ᠭᠠᠷᠤᠭ᠍ᠰᠠᠨ ᠪᠠᠢᠨ᠎ᠠ᠃
ᠳᠤᠰ ᠤᠷᠤᠯᠳᠤᠭᠠᠨ᠎ᠨᠢ ᠵᠠᠯᠭᠠᠭᠠᠳ ᠱᠢᠭ᠌ᠰᠢᠭᠡ ᠤᠷᠤᠯᠳᠤᠭᠠᠨ᠂ ᠱᠢᠢᠳᠪᠦᠷᠢᠳᠦ ᠤᠷᠤᠯᠳᠤᠭᠠᠨ ᠬᠡᠭᠦᠴᠢᠯᠡᠨ ᠤᠢ᠍ᠷᠭᠦᠯᠵᠢᠯᠡᠨ ᠰᠦᠯᠵᠢᠶᠡᠨ ᠳᠡᠭᠡᠷ᠎ᠡ ᠶᠠᠪᠤᠭ᠍ᠳᠠᠵᠤ᠂ ᠱᠠᠩᠨᠠᠯ ᠤᠯᠭᠤᠬᠤ ᠶᠤᠰᠤᠯᠠᠯ ᠵᠢᠴᠢ ᠱᠢᠯᠢᠳᠡᠭ ᠳᠤᠭ᠍ᠯᠠᠯᠳᠠ᠎ᠶ᠋ᠢᠨ ᠦᠵᠡᠭᠦᠯᠭᠡ᠎ᠨᠢ ᠬᠦᠬᠡᠬᠤᠳᠠ᠎ᠳᠤ ᠶᠠᠪᠤᠭ᠍ᠳᠠᠬᠤ᠎ᠪᠠᠷ ᠪᠤᠢ᠃ ᠵᠤᠬᠢᠶᠠᠨ ᠪᠠᠢᠭᠤᠯᠬᠤ ᠺᠤᠮᠢᠰ᠎ᠠᠴᠠ ᠪᠠᠰᠠ ᠱᠢᠯᠢᠳᠡᠭ ᠤᠷᠤᠯᠴᠠᠭ᠍ᠰᠠᠳ᠎ᠲᠤ ᠳᠠᠯ᠎ᠠ ᠨᠤᠳᠤᠭ APP ᠪᠣᠯᠤᠨ ᠬᠦᠯᠦᠭ APP ᠶ᠋ᠢᠨ ᠬᠡᠷ᠎ᠡ ᠳᠤᠭ᠍ᠳᠠᠭ᠍ᠰᠠᠨ ᠳᠠᠭᠤᠴᠢᠨ ᠪᠤᠯᠬᠤ ᠵᠠᠪᠱᠢᠶᠠᠨ ᠪᠠ
《2021 · ᠥᠪᠥᠷ ᠮᠣᠩᠭᠤᠯ᠎ᠤᠨ ᠰᠦᠯᠵᠢᠶᠡᠨ᠎ᠤ ᠴᠠᠭᠠᠨ ᠰᠠᠷ᠎ᠠ᠎ᠶ᠋ᠢᠨ ᠦᠳᠡᠱᠢᠯᠡᠭᠡ》 ᠳᠤ ᠣᠷᠣᠯᠴᠠᠬᠤ ᠵᠠᠪᠱᠢᠶᠠᠨ ᠤᠯᠭᠤᠬᠤ ᠪᠤᠯᠤᠨ᠎ᠠ᠃
ᠠᠩᠬᠠᠨ᠎ᠤ ᠱᠢᠯᠭᠠᠷᠠᠭᠤᠯᠤᠯᠳᠠ᠎ᠳᠤ ᠬᠢᠨᠠᠭ᠍ᠴᠢ᠎ᠪᠠᠷ ᠤᠷᠤᠯᠴᠠᠭ᠍ᠰᠠᠨ ᠪᠠᠭ᠍ᠰᠢᠳᠠᠳ ᠠᠷᠠᠳ᠎ᠤᠨ ᠳᠠᠭᠤᠤ᠎ᠶ᠋ᠢᠨ ᠤᠯᠠᠮᠵᠢᠯᠠᠯ ᠬᠦᠭ᠌ᠵᠢᠭᠦᠯᠤᠯ ᠵᠢᠴᠢ ᠤᠷᠤᠯᠳᠤᠭᠠᠨ᠎ᠳᠤ ᠤᠷᠤᠯᠴᠠᠭ᠍ᠰᠠᠨ ᠪᠦᠳᠦᠭᠡᠯ᠎ᠤᠳ᠎ᠤᠨ ᠳᠤᠬᠠᠢ ᠰᠠᠨᠠᠯ ᠪᠤᠳᠤᠯ᠎ᠢᠶᠠᠨ ᠡᠢᠨᠬᠦ᠌ ᠬᠤᠪᠢᠶᠠᠯᠴᠠᠯ᠎ᠠ ᠁