ᠠᠯᠳᠠᠨ ᠨᠠᠮᠤᠷ᠎ᠤᠨ ᠤᠯᠠᠷᠢᠯ᠎ᠳᠤ ᠪᠦᠬᠦ᠌ ᠤᠷᠤᠨ᠎ᠤ ᠡᠯ᠎ᠠ ᠭᠠᠵᠠᠷ᠎ᠲᠤ ᠠᠮᠤ ᠲᠠᠷᠢᠶ᠎ᠠ ᠬᠠᠯᠢᠭᠤᠷᠠᠨ᠂ ᠭᠤᠸ᠎ᠠ ᠵᠢᠮᠢᠰ ᠪᠤᠯᠪᠠᠰᠤᠷᠠᠵᠤ᠂ ᠰᠦ ᠰᠠᠭᠠᠯᠢ ᠬᠦᠭᠡᠰᠦᠷᠡᠨ᠂ ᠬᠠᠳᠤᠯᠠᠩ᠎ᠤᠨ ᠲᠠᠭᠤᠨ ᠬᠠᠩᠬᠢᠨᠠᠵᠤ᠂ ᠦᠭᠡᠷ ᠬᠤᠨᠢᠳ ᠲᠠᠷᠭᠤ ᠬᠦᠴᠦᠳᠡᠢ ᠪᠦᠮᠪᠦᠯᠵᠡᠵᠦ᠍᠂ ᠤᠨᠠᠭ᠍ᠰᠠᠨ ᠮᠠᠯᠠᠭᠠᠢ᠎ᠪᠠᠨ ᠠᠪᠬᠤ ᠵᠠᠪ ᠦᠭᠡᠢ ᠮᠠᠯᠴᠢᠨ ᠲᠠᠷᠢᠶᠠᠴᠢᠳ ᠬᠤᠷᠢᠶᠠᠯᠳᠠ᠎ᠶ᠋ᠢᠨ ᠪᠠᠭ᠍ᠠᠳᠤᠯᠳᠤ ᠰᠤᠭ᠍ᠳᠤᠭᠤᠷᠠᠨ᠎ᠠ᠃
ᠤᠢ᠍ᠢᠷ᠎ᠠ᠎ᠳᠤ᠂ ᠤᠯᠠᠭᠠᠨᠬᠠᠳᠠ ᠬᠤᠳᠠ᠎ᠶ᠋ᠢᠨ ᠬᠠᠷᠠᠴᠢᠨ ᠬᠤᠱᠢᠭᠤᠨ᠎ᠤ ᠸᠠᠩ᠎ᠤᠨ ᠬᠤᠷᠤᠭ᠎ᠠ ᠪᠠᠯᠭᠠᠰᠤ᠎ᠶ᠋ᠢᠨ ᠲᠦᠪᠡᠳ ᠬᠠᠰᠢ ᠡᠯᠪᠡᠭ ᠬᠤᠷᠢᠶᠠᠯᠳᠠ ᠤᠯᠤᠭ᠍ᠰᠠᠨ ᠪᠠᠶᠠᠷ᠎ᠤᠨ ᠴᠢᠮᠡᠭᠡ ᠮᠡᠳᠡᠭᠡ ᠵᠠᠭᠤᠴᠢᠯᠠᠭᠤᠷ᠎ᠢᠶᠠᠷ ᠰᠠᠴᠤᠭ᠍ᠳᠠᠨᠠ᠃ ᠡᠨᠡ ᠵᠢᠯ ᠸᠠᠩ᠎ᠤᠨ ᠬᠤᠷᠤᠭ᠎ᠠ ᠪᠠᠯᠭᠠᠰᠤ᠎ᠶ᠋ᠢᠨ ᠲᠦᠪᠡᠳ ᠬᠠᠰᠢ᠎ᠶ᠋ᠢᠨ ᠲᠠᠷᠢᠮᠠᠯ᠎ᠤᠨ ᠲᠠᠯᠠᠪᠠᠢ 2000 ᠮᠦ᠍ ᠨᠡᠮᠡᠭ᠌ᠳᠡᠵᠦ᠍᠂ ᠶᠡᠷᠦᠩᠬᠡᠢ ᠲᠠᠯᠠᠪᠠᠢ᠎ᠨᠢ 3 ᠲᠦᠮᠡ ᠭᠠᠷᠤᠢ ᠮᠦ᠍ ᠪᠤᠯᠵᠤ᠂ ᠵᠢᠱ᠌ᠢᠯᠳᠠ᠎ᠪᠠᠷ 28 ᠲᠦᠮᠡᠨ ᠲᠤᠨ ᠬᠤᠷᠢᠶᠠᠬᠤ ᠪᠤᠯᠤᠨ᠎ᠠ᠃ ᠲᠦᠪᠡᠳ ᠬᠠᠰᠢ᠎ᠨᠢ ᠲᠡᠭ᠌ᠰᠢᠳᠭᠡᠭᠡᠳ ᠵᠢᠩ ᠪᠦᠷᠢ᠎ᠳᠡᠭᠡᠨ 2 ᠲᠦᠭᠦᠷᠢᠭ ᠬᠦ᠍ᠷᠬᠦ᠌ᠪᠠᠷ ᠪᠤᠳᠤᠪᠠᠯ᠂ ᠦᠢᠯᠡᠳᠭᠦᠨ᠎ᠤ ᠦᠷᠳᠡᠭ᠎ᠨᠢ 11 ᠳ᠋ᠦᠩᠱᠢᠭᠤᠷ ᠲᠦᠭᠦᠷᠢᠭ᠎ᠲᠤ ᠬᠦᠷᠬᠦ᠌ ᠪᠤᠯᠤᠨ᠎ᠠ ᠁
ᠡᠯᠪᠡᠭ ᠬᠤᠷᠢᠶᠠᠯᠳᠠ᠎ᠶ᠋ᠢᠨ ᠪᠠᠭ᠍ᠠᠳᠤᠯ᠎ᠨᠢ ᠦᠯᠡᠮᠵᠢ ᠤᠯᠠᠨ ᠠᠷᠭ᠎ᠠ ᠪᠤᠳᠤᠯᠭ᠎ᠠ᠎ᠶ᠋ᠢᠨ ᠬᠡᠷᠡᠭ᠌ᠵᠢᠭᠦᠯᠦᠯᠳᠡᠠᠴᠠ ᠢᠷᠡᠯ᠎ᠲᠠᠢ᠃ ᠮᠠᠨ᠎ᠤ ᠤᠷᠤᠨ ᠠᠵᠤ ᠦᠢᠯᠡᠰ᠎ᠤᠨ ᠪᠦᠳᠦᠴᠡᠳᠤ ᠵᠦᠢ ᠵᠤᠬᠢᠰᠳᠠᠢ ᠲᠤᠬᠢᠷᠠᠭᠤᠯᠤᠯᠳᠠ ᠬᠢᠵᠦ᠍᠂ ᠪᠤᠬᠢᠷᠳᠤᠯ ᠦᠭᠡᠢ ᠬᠦᠭ᠌ᠵᠢᠯᠳᠡ᠎ᠶ᠋ᠢᠨ ᠱᠢᠰᠲ᠋ᠧᠮ᠎ᠢ ᠠᠯᠭᠤᠷ᠎ᠢᠶᠠᠷ ᠲᠡᠭᠦᠯᠳᠡᠷᠵᠢᠭᠦᠯᠵᠦ᠍᠂ ᠦᠷ᠎ᠠ᠎ᠶ᠋ᠢᠨ ᠦᠢᠯᠡᠰ᠎ᠤᠨ ᠱᠢᠨᠵᠢᠯᠡᠬᠦ᠌ ᠤᠬᠠᠭᠠᠨ ᠮᠡᠷᠭᠡᠵᠢᠯ᠂ ᠪᠤᠬᠢᠷᠳᠤᠯ ᠦᠭᠡᠢ ᠦᠢᠯᠡᠳᠪᠦᠷᠢᠯᠡᠯ᠂ ᠠᠵᠤ ᠦᠢᠯᠡᠰ᠎ᠤᠨ ᠪᠦᠯᠦᠭ᠌ᠵᠢᠯ᠂ ᠲᠦᠷᠦᠯ ᠲᠡᠮᠳᠡᠭ ᠴᠤᠭ᠍ᠴᠠᠯᠠᠬᠤ ᠵᠡᠷᠭᠡ ᠵᠠᠩᠬᠢᠯᠠᠭ᠎ᠠ᠎ᠶ᠋ᠢᠨ ᠭᠤᠭ᠍ᠴᠤᠭ᠎ᠠ᠎ᠶ᠋ᠢᠨ ᠲᠤᠭᠤᠷᠢᠨ᠎ᠳᠤ ᠤᠬᠤᠷ ᠬᠤᠭᠤᠴᠠᠭ᠎ᠠ᠂ ᠲᠤᠮᠳᠠ ᠤᠷᠳᠤ ᠬᠤᠭᠤᠴᠠᠭ᠎ᠠ᠎ᠶ᠋ᠢᠨ ᠲᠦᠯᠦᠪᠵᠢᠭᠦᠯᠭᠡ ᠲᠤᠭ᠍ᠳᠠᠭᠠᠵᠤ᠂ ᠴᠠᠭ᠎ᠤᠨ ᠬᠦᠰᠦᠨᠦᠭ᠌ᠳᠤ᠂ ᠬᠡᠷᠡᠭ᠌ᠵᠢᠭᠦᠯᠬᠦ᠌ ᠠᠷᠭ᠎ᠠ ᠵᠠᠮ᠂ ᠡᠭᠦᠷᠭᠡ ᠬᠠᠷᠢᠭᠤᠴᠠᠯᠭ᠎ᠠ᠎ᠶ᠋ᠢ ᠲᠤᠳᠤᠷᠬᠠᠢᠯᠠᠨ ᠴᠢᠬᠤᠯᠠᠴᠢᠯᠠᠭ᠍ᠰᠠᠨ᠎ᠢᠶᠠᠷ ᠮᠠᠯ ᠠᠵᠤ ᠠᠬᠤᠢ ᠲᠠᠷᠢᠶᠠᠯᠠᠩ᠎ᠤᠨ ᠴᠢᠨᠠᠷ ᠰᠠᠢᠳᠠᠢ ᠬᠦᠭ᠌ᠵᠢᠯᠳᠡ ᠱᠢᠨ᠎ᠠ ᠲᠡᠭ᠌ᠳᠡᠷ᠎ᠲᠤ ᠠᠬᠢᠪᠠ᠃ ᠲᠡᠭᠡᠷ᠎ᠠ ᠬᠠᠭᠠᠰ ᠵᠢᠯ᠎ᠳᠤ᠂ ᠮᠠᠨ᠎ᠤ ᠤᠷᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠪᠠ ᠠᠵᠤ ᠠᠬᠤᠢ ᠨᠡᠢᠭᠡᠮ᠎ᠤᠨ ᠬᠦᠭ᠌ᠵᠢᠯᠳᠡ᠎ᠶ᠋ᠢ ᠨᠢᠭᠡᠳᠦᠯᠳᠡᠢ ᠲᠦᠯᠦᠪᠯᠡᠨ ᠠᠬᠢᠭᠤᠯᠵᠤ᠂ ᠮᠠᠯ ᠠᠵᠤ ᠠᠬᠤᠢ ᠲᠠᠷᠢᠶᠠᠯᠠᠩ᠎ᠤᠨ ᠠᠵᠤ ᠠᠬᠤᠢ᠍ᠢᠯᠠᠯ᠎ᠤᠨ ᠬᠦᠴᠢᠷᠳᠡᠯ᠎ᠢ ᠠᠷᠢᠯᠭᠠᠨ ᠬᠦᠭ᠌ᠵᠢᠯᠳᠡ᠎ᠶ᠋ᠢ ᠲᠡᠮᠵᠢᠬᠦ᠌ ᠤᠯᠠᠨ ᠵᠦᠢᠯ᠎ᠤᠨ ᠲᠦᠭᠦᠷ ᠠᠷᠭ᠎ᠠ ᠬᠡᠮᠵᠢᠶ᠎ᠠ᠎ᠶ᠋ᠢ ᠲᠤᠭ᠍ᠳᠠᠭᠠᠨ ᠬᠡᠷᠡᠭ᠌ᠵᠢᠭᠦᠯᠵᠦ᠍᠂ ᠮᠠᠯ ᠠᠵᠤ ᠠᠬᠤᠢ ᠲᠠᠷᠢᠶᠠᠯᠠᠩ᠎ᠤᠨ ᠰᠡᠷᠭᠦᠯᠳᠡ᠎ᠶ᠋ᠢᠨ ᠴᠢᠨᠠᠷᠳᠠᠢ ᠬᠦᠭ᠌ᠵᠢᠯᠳᠡ᠎ᠶ᠋ᠢ ᠪᠡᠶᠡᠯᠡᠭᠦᠯᠵᠦ᠍᠂ ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠬᠠᠤ ᠤᠷᠤᠨ ᠮᠠᠯᠴᠢᠨ ᠲᠠᠷᠢᠶᠠᠴᠢᠳ᠎ᠤᠨ 《ᠰᠠᠭᠤᠷᠢ ᠴᠢᠯᠠᠭᠤ》 ᠶ᠋ᠢᠨ ᠦᠢᠯᠡᠳᠦᠯ᠎ᠢ ᠪᠦᠳᠦᠮᠵᠢᠳᠡᠢ ᠪᠠᠳᠠᠷᠠᠭᠤᠯᠵᠤ ᠪᠢᠯᠡ᠃
ᠮᠠᠯ ᠠᠵᠤ ᠠᠬᠤᠢ ᠲᠠᠷᠢᠶᠠᠯᠠᠩ᠎ᠤᠨ ᠰᠠᠯᠠᠭ᠎ᠠ ᠮᠦᠴᠢᠷ᠎ᠤᠨ ᠲᠤᠭ᠎ᠠ ᠪᠦᠷᠢᠳᠭᠡᠯ᠎ᠳᠤ ᠬᠠᠷᠠᠭᠤᠯᠤᠭ᠍ᠰᠠᠨ᠎ᠢᠶᠠᠷ᠂ ᠮᠠᠨ᠎ᠤ ᠤᠷᠤᠨ᠎ᠤ ᠲᠠᠷᠢᠮᠠᠯ᠂ ᠠᠮᠤ ᠪᠤᠳᠠᠭᠠᠨ᠎ᠤ ᠲᠠᠷᠢᠮᠠᠯ᠎ᠤᠨ ᠲᠠᠯᠠᠪᠠᠢ ᠲᠤᠰ ᠪᠦᠷᠢ 909 ᠲᠦᠮᠡᠨ ᠾᠧᠺᠲ᠋ᠠᠷ ᠪᠠ 727.7 ᠲᠦᠮᠡᠨ ᠾᠧᠺᠲ᠋ᠠᠷ᠎ᠲᠤ ᠬᠦᠷᠴᠦ᠍᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠠᠴᠠ 1.7% ᠪᠠ 2.4% ᠪᠠᠷ ᠨᠡᠮᠡᠭ᠌ᠳᠡᠵᠦ᠍᠂ ᠤᠯᠤᠰ᠎ᠤᠨ ᠪᠠᠭᠤᠯᠭᠠᠭ᠍ᠰᠠᠨ ᠠᠮᠤ ᠪᠤᠳᠠᠭ᠎ᠠ ᠲᠠᠷᠢᠬᠤ ᠡᠭᠦᠷᠭᠡ᠎ᠶ᠋ᠢ ᠲᠠᠪᠠᠭᠤᠯᠤᠨ ᠪᠡᠶᠡᠯᠡᠭᠦᠯᠵᠦ᠍᠂ ᠪᠦᠬᠦ᠌ ᠵᠢᠯ᠎ᠤᠨ ᠠᠮᠤ ᠪᠤᠳᠠᠭᠠᠨ᠎ᠤ ᠡᠯᠪᠡᠭ ᠬᠤᠷᠢᠶᠠᠯᠳᠠ᠎ᠶ᠋ᠢ ᠪᠠᠳᠤᠯᠠᠬᠤ᠎ᠳᠤ ᠪᠠᠳᠤ ᠪᠠᠬᠢ ᠰᠠᠭᠤᠷᠢ᠎ᠶ᠋ᠢ ᠲᠠᠯᠪᠢᠭ᠍ᠰᠠᠨ ᠪᠠᠢᠨ᠎ᠠ᠃
ᠮᠠᠨ᠎ᠤ ᠤᠷᠤᠨ 《ᠲᠠᠷᠢᠶᠠᠨ ᠭᠠᠵᠠᠷ᠎ᠤᠨ ᠠᠮᠤ ᠪᠤᠳᠠᠭᠠᠨ᠎ᠤ ᠦᠢᠯᠡᠳᠪᠤᠷᠢᠯᠡᠯ᠎ᠤᠨ ᠴᠢᠳᠠᠪᠤᠷᠢ᠎ᠶ᠋ᠢ ᠪᠠᠳᠤᠯᠠᠵᠤ ᠮᠡᠷᠬᠡᠵᠢᠯ᠎ᠢᠶᠠᠷ ᠠᠮᠤ ᠪᠤᠳᠠᠭᠠᠨ᠎ᠤ ᠤᠨᠠᠯᠳᠠ᠎ᠶ᠋ᠢ ᠨᠡᠮᠡᠭ᠌ᠳᠡᠬᠦᠯᠬᠦ᠌》 ᠪᠠᠢᠯᠳᠤᠬᠤ ᠪᠤᠳᠤᠯᠭ᠎ᠠ᠎ᠶ᠋ᠢ ᠭᠦᠨᠵᠡᠭᠡᠢ ᠬᠡᠷᠡᠭ᠌ᠵᠢᠭᠦᠯᠵᠦ᠍᠂ ᠦᠨᠳᠦᠷ ᠪᠠᠷᠢᠮᠵᠢᠶ᠎ᠠ᠎ᠳᠤ ᠲᠠᠷᠢᠶᠠᠨ ᠭᠠᠵᠠᠷ ᠪᠠ ᠬᠤᠵᠢᠷᠯᠢᠭ ᠭᠠᠵᠠᠷ᠎ᠢ ᠰᠠᠢᠵᠢᠷᠠᠭᠤᠯᠬᠤ ᠲᠦᠷᠦᠯ ᠵᠦᠢᠯ᠎ᠤᠨ ᠪᠦᠳᠦᠭᠡᠨ ᠪᠠᠢᠭᠤᠯᠤᠯᠳᠠ᠎ᠶ᠋ᠢ ᠶᠡᠭᠡ᠎ᠪᠠᠷ ᠠᠬᠢᠭᠤᠯᠵᠤ᠂ 33.3 ᠲᠦᠮᠡᠨ ᠾᠧᠺᠲ᠋ᠠᠷ᠎ᠠᠴᠠ ᠲᠡᠭᠡᠭ᠌ᠰᠢᠬᠢ ᠲᠠᠷᠢᠶᠠᠨ ᠭᠠᠵᠠᠷ᠎ᠤᠨ ᠶᠠᠰᠤ ᠴᠢᠨᠠᠷ᠎ᠢ ᠲᠡᠭᠡᠭ᠌ᠰᠢᠯᠡᠭᠦᠯᠬᠦ᠂ 46.7 ᠲᠦᠮᠡᠨ ᠾᠧᠺᠲ᠋ᠠᠷ ᠵᠡᠭᠦᠨ ᠬᠤᠢᠳᠤ᠎ᠶ᠋ᠢᠨ ᠬᠠᠷ᠎ᠠ ᠬᠦᠷᠦᠰᠦ᠎ᠶ᠋ᠢᠨ ᠬᠠᠮᠠᠭᠠᠯᠠᠯᠳᠠ᠎ᠶ᠋ᠢᠨ ᠴᠢᠨᠠᠷᠳᠠᠢ ᠲᠠᠷᠢᠶᠠᠯᠠᠭ᠎ᠠ ᠵᠡᠷᠭᠡ ᠴᠢᠬᠤᠯᠠ ᠶᠡᠭᠡ ᠢᠨᠵᠧᠨᠧᠷᠢᠩ᠎ᠢ ᠴᠢᠨᠠᠷ ᠰᠠᠢᠳᠠᠢ ᠬᠡᠷᠡᠭ᠌ᠵᠢᠭᠦᠯᠵᠦ᠍᠂ ᠲᠠᠷᠢᠶᠠᠯᠠᠩ᠎ᠤᠨ ᠦᠢᠯᠡᠳᠪᠦᠷᠢᠯᠡᠯ᠎ᠤᠨ ᠰᠠᠭᠤᠷᠢ᠎ᠶ᠋ᠢ ᠪᠠᠬᠢᠵᠢᠭᠦᠯᠵᠦ᠍᠂ ᠠᠮᠤ ᠪᠤᠳᠠᠭᠠᠨ᠎ᠤ ᠦᠢᠯᠡᠳᠪᠦᠷᠢᠯᠡᠯ᠎ᠤᠨ ᠴᠢᠳᠠᠪᠤᠷᠢ᠎ᠶ᠋ᠢ ᠲᠡᠭᠡᠭ᠌ᠰᠢᠯᠡᠭᠦᠯᠵᠡᠢ᠃
ᠡᠭᠦᠨ᠎ᠤ ᠲᠠᠭᠠᠦ ᠪᠦᠬᠦ᠌ ᠤᠷᠤᠨ᠎ᠤ ᠡᠯ᠎ᠠ ᠭᠠᠵᠠᠷ᠎ᠤᠨ᠎ᠬᠢᠨ 《ᠬᠤᠯᠢᠱᠢᠨ ᠢᠳᠡᠭᠡᠨ᠎ᠤ ᠢᠨᠵᠧᠨᠧᠷᠢᠩ》 ᠢ ᠲᠡᠭᠡᠳᠦ ᠬᠡᠮᠵᠢᠶ᠎ᠠ᠎ᠪᠠᠷ ᠴᠢᠬᠤᠯᠠᠴᠢᠯᠠᠵᠤ᠂ ᠵᠠᠬ᠎ᠠ ᠲᠡᠯᠭᠡᠭᠦᠷ᠎ᠤᠨ ᠢᠳᠡᠱᠢᠨ ᠨᠤᠭᠤᠭ᠎ᠠ᠎ᠶ᠋ᠢᠨ ᠲᠦᠷᠦᠯ ᠵᠦᠢᠯ ᠨᠡᠩ ᠡᠯᠪᠡᠭ ᠪᠤᠯᠵᠤ᠂ ᠤᠯᠠᠷᠢᠯ᠎ᠤᠨ ᠬᠠᠩᠭᠠᠯᠭ᠎ᠠ ᠨᠡᠩ ᠲᠡᠩᠴᠡᠭᠦᠷᠢᠳᠡᠢ ᠪᠤᠯᠪᠠ᠃ ᠲᠡᠭᠡᠷ᠎ᠠ ᠬᠠᠭᠠᠰ ᠵᠢᠯ᠎ᠳᠤ᠂ ᠪᠦᠬᠦ᠌ ᠤᠷᠤᠨ᠎ᠤ ᠢᠳᠡᠱᠢᠨ ᠨᠤᠭᠤᠭ᠎ᠠ ᠵᠢᠴᠢ ᠢᠳᠡᠱᠢᠨ ᠮᠦᠬᠦ᠌ ᠲᠠᠷᠢᠬᠤ ᠲᠠᠯᠠᠪᠠᠢ 14.4 ᠲᠦᠮᠡᠨ ᠾᠧᠺᠲ᠋ᠠᠷ᠎ᠲᠤ ᠬᠦᠷᠴᠦ᠍᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠠᠴᠠ 2.3% ᠨᠡᠮᠡᠭ᠌ᠳᠡᠪᠠ᠃ ᠤᠨᠴᠠ ᠵᠠᠷᠢᠮ ᠲᠠᠷᠢᠮᠠᠯ᠎ᠤᠨ ᠲᠠᠯᠠᠪᠠᠢ ᠢᠯᠡᠷᠭᠡᠢ ᠨᠡᠮᠡᠭ᠌ᠳᠡᠵᠦ᠍᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠲᠠᠢ ᠬᠠᠷᠢᠴᠠᠭᠤᠯᠪᠠᠯ᠂ ᠨᠠᠩᠭᠤᠸᠠ᠎ᠶ᠋ᠢᠨ ᠲᠠᠷᠢᠮᠠᠯ᠎ᠤᠨ ᠲᠠᠯᠠᠪᠠᠢ 69.8% ᠨᠡᠮᠡᠭ᠌ᠳᠡᠵᠦ᠍᠂ ᠤᠯᠠᠭᠠᠨ ᠯᠠᠵᠤᠤ᠎ᠶ᠋ᠢᠨ ᠲᠠᠷᠢᠮᠠᠯ᠎ᠤᠨ ᠲᠠᠯᠠᠪᠠᠢ 29.5% ᠨᠡᠮᠡᠭ᠌ᠳᠡᠨ᠂ ᠵᠢᠮᠢᠰ᠎ᠤᠨ ᠭᠤᠸᠠ᠎ᠶ᠋ᠢᠨ ᠭᠠᠷᠤᠯᠳᠠ 33.8% ᠨᠡᠮᠡᠭ᠌ᠳᠡᠵᠡᠢ᠃
ᠭᠡᠷᠦᠯᠦᠨ ᠭᠤᠤᠯ᠎ᠤᠨ ᠬᠦᠪᠡᠭᠡᠨ᠎ᠳᠤ ᠮᠠᠯᠴᠢᠨ ᠠᠯᠳᠠᠨᠰᠠᠩ ᠪᠤᠯᠤᠨ ᠭᠡᠷᠡᠯᠮ᠎ᠠ ᠬᠤᠷᠱᠢᠶ᠎ᠠ᠎ᠶ᠋ᠢᠨ ᠬᠤᠨᠢ᠎ᠶ᠋ᠢ ᠬᠠᠷᠢᠭᠤᠯᠵᠤ᠂ ᠰᠠᠷ᠎ᠠ᠎ᠶ᠋ᠢᠨ 5500 ᠲᠦᠭᠦᠷᠢᠭ᠎ᠤᠨ ᠲᠤᠭ᠍ᠳᠠᠮᠠᠯ ᠴᠠᠯᠢᠩ᠎ᠲᠠᠢ ᠪᠤᠯᠤᠭ᠍ᠰᠠᠨ ᠪᠦᠭᠡᠳ ᠦᠪᠡᠷ᠎ᠤᠨ ᠭᠤᠴᠢ ᠭᠠᠷᠤᠢ ᠬᠤᠨᠢ᠎ᠪᠠᠨ ᠬᠤᠶᠠᠷ ᠵᠠᠭᠤ ᠱᠢᠬᠠᠮ ᠪᠤᠯᠭᠠᠨ ᠦᠰᠭᠡᠵᠦ᠍᠂ ᠶᠠᠳᠠᠭᠤ᠎ᠠᠴᠠ ᠠᠩᠬᠢᠵᠢᠷᠠᠨ ᠴᠢᠨᠡᠭᠡᠯᠢᠭ᠌ᠵᠢᠯ᠎ᠤᠨ ᠵᠠᠮ᠎ᠢᠶᠠᠷ ᠵᠠᠮᠨᠠᠭ᠍ᠰᠠᠨ᠂ ᠲᠦᠷᠪᠡᠳ ᠬᠤᠱᠢᠭᠤᠨ᠎ᠤ ᠮᠠᠯᠴᠢᠨ ᠡᠷᠳᠡᠨᠢ ᠱᠢᠶᠧ ᠯᠠᠨ ᠶᠢᠩ ᠦᠨᠳᠤᠷ ᠦᠷ᠎ᠠ ᠠᠱᠢᠭ᠍ᠳᠤ ᠮᠠᠯ ᠮᠠᠯᠵᠢᠵᠤ᠂ ᠵᠢᠯ᠎ᠤᠨ ᠬᠤᠶᠠᠷ ᠤᠳᠠᠭ᠎ᠠ ᠲᠦᠯ ᠲᠤᠰᠴᠤ᠌ ᠪᠤᠷᠤᠯᠠᠭᠤᠯᠬᠤ᠎ᠶ᠋ᠢ ᠪᠡᠶᠡᠯᠡᠭᠦᠯᠦᠨ᠂ ᠭᠠᠭ᠍ᠴᠠ ᠬᠤᠨᠢᠨᠠᠴᠠᠪᠠᠨ 100 ᠭᠠᠷᠤᠢ ᠲᠦᠮᠡᠨ ᠲᠦᠭᠦᠷᠢᠭ᠎ᠤᠨ ᠠᠱᠢᠭ ᠤᠷᠤᠯᠭ᠎ᠠ ᠤᠯᠵᠤ ᠪᠠᠢᠭ᠎ᠠ᠂ ᠤᠯᠠᠮᠵᠢᠯᠠᠯᠳᠤ ᠴᠠᠭᠠᠨ ᠢᠳᠡᠭᠡᠨ᠎ᠤ ᠱᠢᠨᠡᠴᠢᠯᠡᠭ᠌ᠰᠡᠨ ᠪᠦᠳᠦᠭᠡᠭ᠌ᠳᠡᠭᠦᠨ᠎ᠢᠶᠠᠷ ᠵᠠᠬ᠎ᠠ ᠲᠡᠯᠭᠡᠭᠦᠷ᠎ᠲᠤ ᠬᠤᠱᠢᠭᠤᠷᠠᠵᠤ ᠪᠠᠢᠭ᠎ᠠ᠂ ᠭᠡᠭᠦᠦ ᠰᠠᠭᠠᠵᠤ ᠢᠩᠭᠡᠨ ᠬᠤᠭᠤᠷᠮᠠᠭ ᠪᠤᠷᠤᠯᠠᠭᠤᠯᠤᠨ ᠤᠷᠤᠯᠭ᠎ᠠ ᠨᠡᠮᠡᠭ᠌ᠳᠡᠭᠦᠯᠵᠦ᠍ ᠪᠠᠢᠭ᠎ᠠ᠂ ᠬᠠᠳᠤᠯᠠᠩᠢᠶᠠᠷᠢᠶᠠᠨ ᠵᠢᠷᠭᠠᠬᠤ ᠮᠠᠯᠴᠢᠳ᠎ᠤᠨ ᠦᠯᠢᠭᠡᠷ ᠪᠠᠶᠠᠨ ᠨᠠᠮᠤᠷ᠎ᠤᠨ ᠲᠠᠩᠰᠤᠭ ᠦᠵᠡᠮᠵᠢᠳᠤ ᠪᠠᠰᠠ ᠨᠢᠭᠡᠨ ᠬᠤᠪᠢ᠎ᠶ᠋ᠢᠨ ᠦᠩᠭᠡ ᠪᠤᠳᠤᠭ ᠨᠡᠮᠡᠷᠢᠯᠡᠨ᠎ᠠ᠃
ᠲᠤᠭ᠎ᠠ ᠪᠠᠷᠢᠮᠳᠠ ᠪᠤᠯ ᠬᠦᠭ᠌ᠵᠢᠯᠳᠠ᠎ᠶ᠋ᠢᠨ ᠬᠠᠮᠤᠭ᠎ᠤᠨ ᠰᠠᠢᠨ ᠲᠠᠢᠯᠪᠤᠷᠢ ᠮᠦᠨ᠃ ᠲᠡᠭᠡᠷ᠎ᠠ ᠬᠠᠭᠠᠰ ᠵᠢᠯ᠎ᠳᠤ᠂ ᠪᠦᠬᠦ᠌ ᠤᠷᠤᠨ᠎ᠤ ᠮᠠᠯ ᠠᠵᠤ ᠠᠬᠤᠢ᠎ᠶ᠋ᠢᠨ ᠦᠢᠯᠡᠳᠭᠦᠨ᠎ᠤ ᠦᠷᠳᠡᠭ 541.1 ᠳ᠋ᠦᠩᠱᠢᠭᠤᠷ ᠲᠦᠭᠦᠷᠢᠭ᠎ᠲᠤ ᠬᠦᠷᠴᠦ᠍᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠠᠴᠠ 4.4% ᠨᠡᠮᠡᠭ᠌ᠳᠡᠵᠡᠢ᠃ ᠪᠦᠬᠦ᠌ ᠤᠷᠤᠨ᠎ᠤ ᠵᠢᠭᠦᠷᠳᠡᠨ᠎ᠤ ᠦᠨᠳᠡᠭᠡ᠂ ᠦᠨᠢᠶᠡᠨ ᠰᠦ᠎ᠶ᠋ᠢᠨ ᠭᠠᠷᠤᠯᠳᠠ ᠲᠦᠷᠭᠡᠨ ᠨᠡᠮᠡᠭ᠌ᠳᠡᠵᠦ᠍᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠠᠴᠠ ᠲᠤᠰᠪᠤᠷᠢ 14.1% ᠪᠠ 2.5% ᠨᠡᠮᠡᠭ᠌ᠳᠡᠪᠠ; ᠤᠯᠤᠰ ᠪᠤᠯᠤᠨ ᠤᠷᠤᠨ᠎ᠤ ᠠᠮᠢᠳᠤ ᠭᠠᠭ᠍ᠠᠢ᠎ᠶ᠋ᠢᠨ ᠬᠠᠩᠭᠠᠯᠭ᠎ᠠ᠎ᠶ᠋ᠢ ᠪᠠᠳᠤᠯᠬᠠᠤ ᠡᠯ᠎ᠠ ᠵᠦᠢᠯ᠎ᠤᠨ ᠠᠷᠭ᠎ᠠ ᠬᠡᠮᠵᠢᠶ᠎ᠠ᠎ᠶ᠋ᠢᠨ ᠵᠤᠷᠢᠠᠠᠵᠢᠭᠤᠯᠤᠯ ᠲᠤᠤᠷ᠎ᠠ᠂ ᠪᠦᠬᠦ᠌ ᠤᠷᠤᠨ᠎ᠤ ᠠᠮᠢᠳᠤ ᠭᠠᠭ᠍ᠠᠢ᠎ᠶ᠋ᠢᠨ ᠲᠤᠭ᠎ᠠ ᠦᠷᠭᠦᠯᠵᠢᠯᠡᠨ ᠨᠡᠮᠡᠭ᠌ᠳᠡᠵᠦ᠍᠂ ᠡᠨᠡ ᠵᠢᠯ᠎ᠤᠨ 6 ᠳ᠋ᠤᠭᠠᠷ ᠰᠠᠷ᠎ᠠ᠎ᠶ᠋ᠢᠨ ᠰᠡᠭᠦᠯᠴᠢ᠎ᠶ᠋ᠢᠨ ᠲᠡᠵᠢᠭᠡᠵᠦ᠍ ᠪᠠᠢᠭ᠎ᠠ ᠲᠤᠭ᠎ᠠ 521.6 ᠲᠦᠮᠡᠨ ᠲᠤᠯᠤᠭᠠᠢ᠎ᠳᠤ ᠬᠦᠷᠴᠦ᠍᠂ ᠨᠢᠳᠤᠨᠤᠨ᠎ᠤ ᠠᠳᠠᠯᠢ ᠬᠤᠭᠤᠴᠠᠭᠠᠨ᠎ᠤ᠎ᠬᠢ᠎ᠠᠴᠠ 1.0% ᠨᠡᠮᠡᠭ᠌ᠳᠡᠵᠡᠢ᠃
ᠬᠠᠪᠤᠷ᠎ᠤᠨ ᠦᠷ᠎ᠠ᠂ ᠨᠠᠮᠤᠷ᠎ᠤᠨ ᠬᠤᠷᠢᠶᠠᠯᠳᠠ᠃ ᠵᠢᠯ ᠲᠤᠵᠢ ᠰᠡᠳᠭᠢᠯ ᠢᠳᠡᠭᠡᠯ᠎ᠢᠶᠠᠨ ᠱᠢᠩᠭᠡᠭᠡᠵᠦ᠍᠂ ᠬᠦᠴᠦ᠍ ᠬᠦᠯᠦᠰᠦ᠎ᠪᠠᠨ ᠱᠢᠮᠡᠳᠭᠡᠭ᠌ᠰᠡᠨ ᠬᠠᠷ᠎ᠠ ᠱᠢᠷᠤᠢ᠎ᠠᠴᠠ ᠱᠢᠷ᠎ᠠ ᠠᠯᠳᠠ ᠮᠠᠯᠳᠠᠨ᠎ᠠ ᠭᠡᠭ᠌ᠴᠢ ᠮᠠᠯᠴᠢᠨ ᠲᠠᠷᠢᠶᠠᠴᠢᠳ᠎ᠤᠨ ᠪᠠᠶᠠᠰᠤᠯ᠂ ᠮᠦᠨ ᠴᠦ᠍ ᠡᠯᠪᠡᠭ ᠬᠤᠷᠢᠶᠠᠯᠳᠠ᠎ᠶ᠋ᠢᠨ ᠵᠦᠩᠨᠡᠯ᠎ᠲᠠᠢ ᠠᠯᠳᠠᠨ ᠨᠠᠮᠤᠷ᠎ᠤᠨ ᠪᠠᠶᠠᠰᠤᠯ ᠡ!