ᠨᠢᠭᠡ᠂ ᠱᠢᠭ᠌ᠰᠢᠭᠡ ᠤᠷᠤᠯᠳᠤᠭᠠᠨ᠎ᠤ ᠴᠠᠭ᠎ᠤᠨ ᠲᠤᠬᠢᠷᠠᠭᠤᠯᠤᠯᠳᠠ
9 ᠰᠠᠷ᠎ᠠ᠎ᠶ᠋ᠢᠨ 24 ᠤ ᠡᠳᠦᠷ᠎ᠠᠴᠠ 10 ᠰᠠᠷ᠎ᠠ᠎ᠶ᠋ᠢᠨ 10 ᠤ ᠡᠳᠦᠷ ᠪᠤᠯᠳᠠᠯ᠎ᠠ᠃ ᠱᠢᠭ᠌ᠰᠢᠭᠡ ᠤᠷᠤᠯᠳᠤᠭᠠᠨ᠎ᠳᠤ ᠤᠷᠤᠬ᠍ᠰᠠᠨ ᠲᠠᠭᠤᠴᠢᠳ ᠤᠷᠤᠯᠳᠤᠭᠠᠨ᠎ᠤ ᠡᠯ᠎ᠡ ᠳᠤᠭᠤᠢ᠍ᠯᠠᠩ᠎ᠤᠨ ᠪᠣᠳᠠᠲᠠᠶ ᠱᠠᠭᠠᠷᠳᠠᠯᠭ᠎ᠠ ᠶᠣᠰᠣᠭᠠᠷ᠂ ᠤᠷᠤᠯᠳᠤᠭᠠᠨ᠎ᠳᠤ ᠣᠷᠣᠯᠴᠠᠬᠤ ᠬᠠᠷᠠᠭᠠᠯᠵᠠᠬ᠍ᠰᠠᠨ ᠠᠭᠤᠯᠭ᠎ᠠ᠎ᠶ᠋ᠢᠨ ᠸᠢᠳᠢᠣ᠋ ᠱᠢᠩᠭᠡᠭᠡᠯᠳᠡ᠎ᠶ᠋ᠢ ᠱᠢᠩᠭᠡᠭᠡᠨ ᠦᠢᠯᠡᠳᠴᠦ᠍᠂ ᠤᠷᠤᠯᠳᠤᠭᠠᠨ᠎ᠤ ᠵᠣᠬᠢᠶᠠᠨ ᠪᠠᠢᠭᠤᠯᠬᠤ ᠺᠣᠮᠢᠰ᠎ᠲᠤ ᠶᠠᠪᠤᠭᠤᠯᠤᠭᠠᠷᠠᠢ (ᠡᠷᠬᠡᠪᠰᠢ 10 ᠰᠠᠷ᠎ᠠ᠎ᠶ᠋ᠢᠨ 10 ᠤ ᠡᠳᠦᠷ᠎ᠠᠴᠠ ᠡᠮᠦᠨ᠎ᠡ ᠱᠠᠭᠠᠷᠳᠠᠯᠭ᠎ᠠ ᠶᠣᠰᠣᠭᠠᠷ ᠶᠠᠪᠤᠭᠤᠯᠬᠤ ᠬᠡᠷᠡᠭ᠌ᠲᠡᠶ᠃ ᠡᠰᠡᠪᠡᠯ ᠤᠷᠤᠯᠳᠤᠭᠠᠨ᠎ᠳᠤ ᠤᠷᠤᠯᠴᠠᠬᠤ ᠡᠷᠭᠡ᠎ᠪᠠᠨ ᠬᠠᠶᠠᠬ᠍ᠰᠠᠨᠢᠶᠠᠷ ᠦᠵᠡᠨ᠎ᠡ)᠃
ᠬᠤᠶᠠᠷ᠂ ᠤᠷᠤᠯᠳᠤᠭᠠᠨ᠎ᠳᠤ ᠣᠷᠣᠯᠴᠠᠬᠤ ᠲᠠᠭᠤᠤ᠎ᠶ᠋ᠢᠨ ᠱᠠᠭᠠᠷᠳᠠᠯᠭ᠎ᠠ᠄
1. ᠮᠣᠩᠭᠤᠯ ᠦᠨᠳᠦᠰᠦᠲᠡᠨ᠎ᠤ ᠤᠷᠲᠤ᠎ᠶ᠋ᠢᠨ ᠳᠠᠭᠤᠤ᠎ᠶ᠋ᠢᠨ ᠳᠤᠭᠤᠢᠯᠠᠩ᠃ 3 ᠪᠦᠲᠦᠭᠡᠯ ᠳᠡᠪᠱᠢᠭᠦᠯᠦᠨ᠎ᠡ᠃ ᠳᠠᠭᠤᠴᠢᠨ ᠥᠪᠡᠰᠦᠪᠡᠨ 2 ᠤᠷᠲᠤ᠎ᠶ᠋ᠢᠨ ᠳᠠᠭᠤᠤ ᠰᠤᠩᠭᠤᠨ ᠳᠠᠭᠤᠯᠠᠬᠤ ᠪᠦ᠍ᠭᠡᠳ ᠪᠤᠭᠤᠨᠢ ᠲᠠᠭᠤᠤ᠂ ᠲᠤᠤᠯᠢ᠂ ᠦᠯᠢᠭᠡᠷ᠂ ᠬᠤᠯᠪᠣᠭ᠎ᠠ ᠵᠢᠴᠢ ᠦᠭᠡᠷᠡᠴᠢᠯᠡᠨ ᠨᠠᠢᠷᠠᠭᠤᠯᠤᠬ᠍ᠰᠠᠨ ᠠᠷᠠᠳ᠎ᠤᠨ ᠳᠠᠭᠤᠤ 5 ᠲᠦᠷᠦᠯ᠎ᠤᠨ ᠳᠣᠲᠣᠷ᠎ᠠ᠎ᠠᠴᠠ ᠳᠤᠷ᠎ᠠ᠎ᠶ᠋ᠢᠨ ᠨᠢᠭᠡ᠎ᠶ᠋ᠢ ᠰᠤᠩᠭᠤᠵᠤ ᠲᠠᠭᠤᠯᠠᠨ᠎ᠠ᠃
2. ᠮᠣᠩᠭᠤᠯ ᠦᠨᠳᠦᠰᠦᠲᠡᠨ᠎ᠤ ᠪᠤᠭᠤᠨᠢ ᠳᠠᠭᠤᠤ᠎ᠶ᠋ᠢᠨ ᠳᠤᠭᠤᠢᠯᠠᠩ᠃ 3 ᠪᠦᠲᠦᠭᠡᠯ ᠳᠡᠪᠱᠢᠭᠦᠯᠦᠨ᠎ᠡ᠃ ᠳᠠᠭᠤᠴᠢᠨ ᠊ᠦᠪᠡᠰᠦᠪᠡᠨ 2 ᠪᠣᠭᠤᠨᠢ ᠳᠠᠭᠤᠤ᠎ᠶ᠋ᠢ ᠰᠣᠩᠭᠤᠨ ᠲᠠᠭᠤᠯᠠᠬᠤ ᠪᠦ᠍ᠭᠡᠳ ᠤᠷᠲᠤ᠎ᠶ᠋ᠢᠨ ᠳᠠᠭᠤᠤ᠂ ᠲᠤᠤᠯᠢ᠂ ᠦᠯᠢᠬᠡᠷ᠂ ᠬᠤᠯᠪᠣᠭ᠎ᠠ᠂ ᠦᠭᠡᠷᠡᠴᠢᠯᠡᠨ ᠨᠠᠢᠷᠠᠭᠤᠯᠤᠬ᠍ᠰᠠᠨ ᠠᠷᠠᠳ᠎ᠤᠨ ᠳᠠᠭᠤᠤ 5 ᠲᠦᠷᠦᠯ᠎ᠤᠨ ᠳᠣᠲᠣᠷ᠎ᠠ᠎ᠠᠴᠠ ᠳᠤᠷ᠎ᠠ᠎ᠶ᠋ᠢᠨ ᠨᠢᠭᠡ᠎ᠶ᠋ᠢ ᠲᠠᠭᠤᠯᠠᠨ᠎ᠠ᠃
3. 《ᠭᠤᠷᠪᠠᠨ ᠴᠥᠭᠡᠨ ᠲᠣᠭᠠᠲᠤ》 ᠦᠨᠳᠦᠰᠦᠲᠡᠨ᠎ᠤ ᠠᠷᠠᠳ᠎ᠤᠨ ᠳᠠᠭᠤᠤ᠎ᠶ᠋ᠢᠨ ᠳᠤᠭᠤᠢᠯᠠᠩ᠃ 3 ᠪᠦᠲᠦᠭᠡᠯ ᠳᠡᠪᠱᠢᠭᠦᠯᠦᠨ᠎ᠡ᠃ ᠲᠠᠭᠤᠴᠢᠨ᠎ᠠᠴᠠ 《ᠭᠤᠷᠪᠠᠨ ᠴᠥᠭᠡᠨ ᠲᠣᠭᠠᠲᠤ》 ᠦᠨᠳᠦᠰᠦᠲᠡᠨ᠎ᠤ ᠦᠭᠡ ᠬᠡᠯᠡ᠎ᠶ᠋ᠢᠨ ᠲᠤᠳᠤᠷ᠎ᠠ᠎ᠠᠴᠠ ᠨᠢᠭᠡ ᠲᠦᠷᠦᠯ᠎ᠤᠨ ᠦᠭᠡ ᠬᠡᠯᠡ᠎ᠶ᠋ᠢ ᠰᠤᠩᠭᠤᠵᠤ 2 ᠤᠯᠠᠮᠵᠢᠯᠠᠯᠲᠤ ᠠᠷᠠᠳ᠎ᠤᠨ ᠳᠠᠭᠤᠤ᠎ᠶ᠋ᠢ ᠳᠠᠭᠤᠯᠠᠬᠤ ᠪᠦᠭᠡᠳ ᠪᠤᠰᠤᠳ ᠦᠨᠳᠦᠰᠦᠲᠡᠨ᠎ᠤ ᠠᠷᠠᠳ᠎ᠤᠨ ᠳᠠᠭᠤᠤ᠂ ᠬᠢᠫ ᠬᠤᠫ᠂ ᠳᠠᠭᠤᠤ ᠪᠥᠵᠢᠭ ᠵᠢᠴᠢ ᠦᠭᠡᠷᠡᠴᠢᠯᠡᠨ ᠨᠠᠢᠷᠠᠭᠤᠯᠤᠬ᠍ᠰᠠᠨ ᠳᠠᠭᠤᠤ᠂ ᠵᠤᠬᠢᠶᠠᠨ ᠪᠦᠳᠦᠭᠡᠭ᠌ᠰᠡᠨ ᠳᠠᠭᠤᠤ ᠬᠦᠭ᠌ᠵᠢᠮ᠎ᠤᠨ ᠲᠤᠳᠤᠷ᠎ᠠ᠎ᠠᠴᠠ ᠲᠤᠷ᠎ᠠ᠎ᠶ᠋ᠢᠨ ᠨᠢᠭᠡ᠎ᠶ᠋ᠢ ᠲᠠᠭᠤᠯᠠᠨ᠎ᠠ᠃
4. ᠥᠪᠥᠷ ᠮᠣᠩᠭᠤᠯ ᠣᠷᠣᠨ᠎ᠤ ᠬᠢᠲᠠᠳ ᠦᠨᠳᠦᠰᠦᠲᠡᠨ᠎ᠤ ᠠᠷᠠᠳ᠎ᠤᠨ ᠳᠠᠭᠤᠤ᠎ᠶ᠋ᠢᠨ ᠳᠤᠭᠤᠢᠯᠠᠩ᠃ 2 ᠪᠦᠲᠦᠭᠡᠯ ᠳᠡᠪᠱᠢᠭᠦᠯᠦᠨ᠎ᠡ᠃ ᠳᠠᠭᠤᠴᠢᠨ ᠮᠠᠩᠬᠠᠨ ᠠᠶᠠᠯᠭᠤ᠂ ᠡᠯ ᠷᠧᠨ᠎ᠲᠠᠢ᠂ ᠫᠠ ᠱᠠᠨ ᠳ᠋ᠢᠶᠤᠤ ᠠᠶᠠᠯᠭᠤ᠂ ᠠᠭᠤᠯᠠᠨ ᠲᠠᠭᠤᠤ ᠲᠤᠮᠳᠠ᠎ᠠᠴᠠ 2 ᠤᠯᠠᠮᠵᠢᠯᠠᠯᠲᠤ ᠠᠷᠠᠳ᠎ᠤᠨ ᠳᠠᠭᠤᠤ᠎ᠶ᠋ᠢ ᠰᠣᠩᠭᠤᠵᠤ ᠳᠠᠭᠤᠯᠠᠨ᠎ᠠ᠃
5. ᠤᠯᠠᠮᠵᠢᠯᠠᠯᠲᠤ ᠠᠷᠠᠳ᠎ᠤᠨ ᠳᠠᠭᠤᠤ᠎ᠶ᠋ᠢᠨ ᠨᠠᠢᠷᠠᠯ ᠳᠠᠭᠤᠤ᠎ᠶ᠋ᠢᠨ ᠳᠤᠭᠤᠢᠯᠠᠩ᠃ 2 ᠪᠦᠲᠦᠭᠡᠯ ᠳᠡᠪᠱᠢᠭᠦᠯᠦᠨ᠎ᠡ᠃ ᠨᠠᠢᠷᠠᠯ ᠳᠠᠭᠤᠤ᠎ᠶ᠋ᠢᠨ ᠲᠥᠷᠥᠯ᠎ᠳᠤ ᠵᠦᠪᠭᠡᠨ ᠠᠷᠠᠳ᠎ᠤᠨ ᠤᠯᠠᠮᠵᠢᠯᠠᠯᠲᠤ ᠨᠠᠢᠷᠠᠯ ᠳᠠᠭᠤᠤ᠂ ᠬᠠᠮᠳᠤ᠎ᠶ᠋ᠢᠨ ᠲᠠᠭᠤᠤ ᠬᠤᠶᠠᠷ ᠲᠦᠷᠦᠯ᠎ᠢᠶᠠᠷ ᠬᠢᠵᠠᠭᠠᠷᠯᠠᠨ᠎ᠠ᠃ ᠤᠷᠤᠯᠳᠤᠭᠠᠨ᠎ᠳᠤ ᠤᠷᠤᠯᠴᠠᠬᠤ ᠨᠠᠢᠷᠠᠯ ᠲᠠᠭᠤᠤ᠎ᠶ᠋ᠢᠨ ᠪᠦᠯᠬᠦᠮ᠎ᠢ 20 ᠬᠥᠮᠦᠨ (20 ᠬᠥᠮᠦᠨ ᠪᠠᠭ᠍ᠲᠠᠨ᠎ᠠ) ᠤ ᠳᠤᠳᠤᠷ᠎ᠠ ᠬᠢᠵᠠᠭᠠᠷᠯᠠᠵᠤ᠂ ᠪᠦᠯᠬᠦᠮ᠎ᠢᠶᠠᠷ᠎ᠢᠶᠠᠨ ᠬᠠᠮᠳᠤ᠎ᠳᠠᠭᠠᠨ ᠲᠠᠭᠤᠯᠠᠬᠤ ᠠᠳᠠᠯᠢ ᠪᠤᠰᠤ 2 ᠤᠯᠠᠮᠵᠢᠯᠠᠯᠲᠤ ᠠᠷᠠᠳ᠎ᠤᠨ ᠳᠠᠭᠤᠤ᠎ᠶ᠋ᠢ ᠪᠡᠯᠡᠳᠭᠡᠬᠦ᠌ ᠴᠢᠬᠤᠯᠠᠳᠠᠢ᠃ ᠳᠠᠭᠤᠯᠠᠬᠤ᠎ᠳᠠᠭᠠᠨ ᠤᠤᠭᠠᠯ ᠬᠡᠪ ᠨᠠᠮᠪᠠ᠎ᠶ᠋ᠢ᠎ᠨᠢ ᠢᠯᠡᠷᠡᠭᠦᠯᠭᠦ᠌ ᠬᠡᠷᠡᠭ᠌ᠲᠡᠢ᠃
6. ᠦᠭᠡᠷᠡᠴᠢᠯᠡᠨ ᠨᠠᠢᠷᠠᠭᠤᠯᠤᠬ᠍ᠰᠠᠨ ᠠᠷᠠᠳ᠎ᠤᠨ ᠳᠠᠭᠤᠤ᠎ᠶ᠋ᠢᠨ ᠳᠤᠭᠤᠢᠯᠠᠩ᠃ 2 ᠪᠦᠲᠦᠭᠡᠯ ᠳᠡᠪᠱᠢᠭᠦᠯᠦᠨ᠎ᠡ᠃ ᠲᠠᠭᠤᠴᠢᠨ᠎ᠠᠴᠠ ᠥᠭᠡᠷᠡᠴᠢᠯᠡᠨ ᠨᠠᠢᠷᠠᠭᠤᠯᠤᠬ᠍ᠰᠠᠨ 2 ᠠᠷᠠᠳ᠎ᠤᠨ ᠲᠠᠭᠤᠤ᠎ᠶ᠋ᠢ ᠦᠪᠡᠰᠦᠪᠡᠨ ᠰᠣᠩᠭᠤᠵᠤ ᠲᠠᠭᠤᠯᠠᠨ᠎ᠠ᠃
ᠭᠤᠷᠪᠠ᠂ ᠠᠩᠬᠠᠷᠬᠤ ᠵᠦᠢᠯᠡᠰ᠄
ᠤᠷᠤᠯᠳᠤᠭᠠᠨ᠎ᠳᠤ ᠣᠷᠣᠯᠴᠠᠭ᠍ᠴᠢ᠎ᠶ᠋ᠢᠨ ᠬᠠᠩᠭᠠᠬᠤ ᠸᠢᠳᠢᠣ᠋ ᠱᠢᠩᠭᠡᠭᠡᠯᠳᠡ᠎ᠶ᠋ᠢ ᠵᠠᠰᠠᠨ ᠨᠠᠢᠷᠠᠭᠤᠯᠵᠤ ᠪᠣᠯᠬᠤ ᠦᠭᠡᠢ᠂ ᠡᠷᠬᠡᠪᠰᠢ ᠲᠠᠭᠤ ᠲᠦᠷᠰᠦ᠎ᠶ᠋ᠢ ᠬᠠᠮᠳᠤ᠎ᠳᠤᠨᠢ ᠱᠢᠩᠭᠡᠭᠡᠭ᠌ᠰᠡᠨ ᠪᠠᠢᠬᠤ ᠬᠡᠷᠡᠭ᠌ᠲᠡᠶ᠃ ᠬᠡᠷᠪᠡ ᠳᠠᠭᠤ ᠲᠦᠷᠰᠦ᠎ᠶ᠋ᠢ ᠬᠠᠮᠳᠤ ᠱᠢᠩᠭᠡᠭᠡᠭ᠌ᠰᠡᠨ ᠦᠭᠡᠢ ᠪᠣᠯ ᠵᠣᠬᠢᠶᠠᠨ ᠪᠠᠢᠭᠤᠯᠬᠤ ᠺᠣᠮᠢᠰ᠎ᠠᠴᠠ ᠤᠷᠤᠯᠴᠠᠬᠤ ᠬᠢᠷᠢ ᠬᠡᠮ᠎ᠢ᠎ᠨᠢ ᠬᠠᠰᠤᠨ᠎ᠠ᠃ ᠪᠣᠳᠠᠲᠠᠶ ᠱᠠᠭᠠᠷᠳᠠᠯᠭ᠎ᠠ᠎ᠨᠢ ᠳᠣᠤᠷᠠᠬᠢ ᠮᠡᠲᠦ᠍᠄
1. ᠤᠷᠤᠯᠴᠠᠭ᠍ᠴᠢ ᠡᠷᠬᠡᠪᠰᠢ ᠰᠡᠭᠦᠳᠡᠷᠯᠡᠭᠦ᠌ ᠮᠠᠱᠢᠨ ᠪᠤᠶᠤ ᠭᠠᠷ ᠤᠳᠠᠰᠦ᠎ᠪᠠᠷ ᠬᠠᠭᠠᠰ ᠪᠡᠶ᠎ᠡ᠎ᠪᠠᠨ ᠰᠡᠭᠦᠳᠡᠷᠯᠡᠵᠦ᠍᠂ ᠸᠢᠳᠢᠣ᠋ ᠱᠢᠩᠭᠡᠭᠡᠯᠳᠡ ᠳᠤᠳᠤ ᠪᠠᠢᠬᠤ᠎ᠶ᠋ᠢ ᠪᠠᠲᠤᠯᠠᠬᠤ ᠬᠡᠷᠡᠭ᠌ᠲᠡᠶ᠃
2. ᠸᠢᠳᠢᠣ᠋ ᠱᠢᠩᠭᠡᠭᠡᠯᠳᠡ᠎ᠪᠠᠨ ᠶᠠᠪᠤᠭᠤᠯᠬᠤ᠎ᠳᠠᠭᠠᠨ ᠬᠤᠪᠢ ᠬᠥᠮᠦᠨ ᠪᠤᠶᠤ ᠪᠦᠯᠬᠦᠮ᠎ᠤᠨ ᠨᠡᠷ᠎ᠡ᠂ ᠳᠠᠭᠤᠤ᠎ᠶ᠋ᠢᠨ ᠭᠠᠷᠴᠠᠭ᠂ ᠴᠠᠭ᠎ᠤᠨ ᠤᠷᠳᠤ ᠵᠡᠷᠭᠡ ᠮᠡᠳᠡᠭᠡ ᠵᠠᠩᠭᠢ᠎ᠶ᠋ᠢ ᠲᠣᠳᠣᠷᠬᠠᠢᠯᠠᠬᠤ ᠬᠡᠷᠡᠭ᠌ᠲᠡᠢ᠃ ᠸᠢᠳᠢᠣ᠋ ᠱᠢᠩᠭᠡᠭᠡᠯᠳᠡ᠎ᠳᠤ ᠲᠡᠪᠱᠢᠭᠦᠯᠭᠦ᠌ ᠨᠢᠭᠡᠴᠢ᠂ ᠤᠷᠤᠯᠴᠠᠬ᠍ᠴᠢ᠎ᠶ᠋ᠢᠨ ᠮᠡᠳᠡᠭᠡ ᠵᠠᠩᠬᠢ ᠵᠡᠷᠭᠡ᠎ᠶ᠋ᠢ ᠢᠯᠡᠷᠡᠭᠦᠯᠦᠭ᠌ᠰᠡᠨ ᠦᠰᠦᠭ ᠪᠢᠴᠢᠭ ᠪᠠ ᠲᠠᠯᠠᠪᠤᠷ ᠦᠵᠡᠭ᠌ᠳᠡᠯ ᠪᠠᠢᠵᠤ ᠪᠤᠯᠬᠤ ᠦᠭᠡᠢ᠃
3. ᠸᠢᠳᠢᠣ᠋ ᠱᠢᠩᠭᠡᠭᠡᠯᠳᠡ᠎ᠪᠠᠨ ᠶᠠᠪᠤᠭᠤᠯᠬᠤ᠎ᠳᠤ᠂ ᠪᠦᠲᠦᠭᠡᠯ᠎ᠤᠨ ᠨᠡᠷ᠎ᠡ᠂ ᠦᠷᠭᠡᠨ᠎ᠢᠶᠠᠷ ᠲᠠᠭᠤᠯᠠᠬ᠍ᠳᠠᠬ᠍ᠰᠠᠨ ᠭᠠᠵᠠᠷ ᠣᠷᠣᠨ᠂ ᠦᠪᠯᠡᠨ ᠤᠯᠠᠮᠵᠢᠯᠠᠭ᠍ᠴᠢ᠂ ᠴᠠᠭ᠎ᠤᠨ ᠤᠷᠲᠤ ᠵᠡᠷᠭᠡ ᠮᠡᠳᠡᠭᠡ ᠵᠠᠩᠭᠢ᠎ᠶ᠋ᠢ ᠳᠠᠭᠠᠯᠳᠤᠭᠤᠯᠬᠤ ᠬᠡᠷᠡᠭ᠌ᠲᠡᠶ᠃
4. ᠸᠢᠳᠢᠣ᠋ ᠱᠢᠩᠭᠡᠭᠡᠯᠳᠡ᠎ᠪᠠᠨ ᠤᠷᠠᠯᠠᠵᠤ ᠨᠠᠢᠷᠠᠭᠤᠯᠵᠤ ᠪᠤᠯᠬᠤ ᠦᠭᠡᠢ᠂ ᠬᠡᠷᠡᠯ ᠵᠢᠷᠤᠭ ᠪᠠ ᠲᠠᠭᠤ ᠱᠢᠩᠭᠡᠭᠡᠯᠳᠡ᠎ᠶ᠋ᠢ ᠴᠤ᠌ ᠤᠷᠠᠯᠠᠵᠤ ᠨᠠᠢᠷᠠᠭᠤᠯᠵᠤ ᠪᠤᠯᠬᠤ ᠦᠭᠡᠢ᠃ ᠬᠡᠭᠦ᠎ᠳᠡᠭᠡᠨ ᠲᠠᠭᠤ ᠲᠦᠷᠰᠦ᠎ᠶ᠋ᠢ ᠬᠠᠮᠳᠤ᠎ᠳᠤᠨᠢ ᠱᠢᠩᠭᠡᠭᠡᠭ᠌ᠰᠡᠨ ᠪᠠᠢᠬᠤ ᠬᠡᠷᠡᠭ᠌ᠳᠡᠢ᠂ ᠲᠠᠭᠤ ᠲᠦᠷᠰᠦ ᠨᠢᠭᠡᠳᠦᠯᠲᠠᠢ ᠪᠠᠢᠬᠤ᠎ᠶ᠋ᠢ ᠴᠢᠩᠭ᠎ᠠ ᠱᠠᠭᠠᠷᠳᠠᠨ᠎ᠠ᠃
5. ᠣᠷᠣᠯᠴᠠᠭ᠍ᠴᠢ ᠪᠦᠬᠦᠨ᠎ᠢᠶᠠᠷ᠎ᠢᠶᠠᠨ ᠬᠠᠪᠰᠤᠷᠤᠯ ᠬᠦᠭ᠌ᠵᠢᠮ ᠬᠡᠷᠡᠭ᠌ᠯᠡᠵᠦ᠍ ᠪᠣᠯᠬᠤ ᠦᠭᠡᠢ᠂ ᠬᠦᠭ᠌ᠵᠢᠮ ᠬᠠᠪᠰᠤᠷᠭᠠᠬᠤ ᠴᠢᠬᠤᠯᠠᠲᠠᠶ ᠪᠣᠯ ᠡᠷᠬᠡᠪᠰᠢ ᠲᠤᠬᠠᠶ᠎ᠶ᠋ᠢᠨ ᠲᠠᠯᠠᠪᠠᠢ᠎ᠳᠤ ᠬᠦᠭ᠌ᠵᠢᠮ ᠬᠠᠪᠰᠤᠷᠭᠠᠬᠤ ᠬᠡᠷᠡᠭ᠌ᠲᠡᠶ᠃ ᠲᠤᠬᠠᠶ᠎ᠶ᠋ᠢᠨ ᠲᠠᠯᠠᠪᠠᠢ᠎ᠶ᠋ᠢᠨ ᠬᠦᠭ᠌ᠵᠢᠮ ᠬᠠᠪᠰᠤᠷᠭᠠᠬ᠍ᠴᠢᠨᠢ ᠵᠠᠪᠠᠯ ᠤᠷᠤᠯᠴᠠᠬ᠍ᠰᠠᠳᠲᠠᠢ ᠬᠠᠮᠳᠤ ᠸᠢᠳᠢᠣ᠋ ᠱᠢᠩᠭᠡᠭᠡᠯᠳᠡ᠎ᠳᠤ ᠢᠯᠡᠷᠡᠭᠦ᠌ ᠬᠡᠷᠡᠭ᠌ᠳᠡᠢ᠃ ᠬᠠᠮᠲᠤᠯᠢᠭ ᠪᠤᠶᠤ ᠬᠠᠮᠳᠤᠷᠠᠨ ᠲᠤᠬ᠍ᠯᠠᠬ᠍ᠴᠢᠶ᠋ᠢᠨ ᠪᠥᠬᠦ᠌ ᠭᠡᠱᠢᠭᠦᠨ ᠬᠠᠮᠲᠤ᠎ᠪᠠᠷ ᠸᠢᠳᠢᠣ᠋ ᠱᠢᠩᠭᠡᠭᠡᠯᠳᠡ᠎ᠳᠤ ᠢᠯᠡᠷᠡᠭᠦ᠌ ᠬᠡᠷᠡᠭ᠌ᠳᠡᠢ᠃
6. ᠦᠭᠡᠷᠡᠴᠢᠯᠡᠨ ᠨᠠᠢᠷᠠᠭᠤᠯᠤᠬ᠍ᠰᠠᠨ ᠠᠷᠠᠳ᠎ᠤᠨ ᠳᠠᠭᠤᠤ᠎ᠶ᠋ᠢᠨ ᠳᠤᠭᠤᠢᠯᠠᠩ᠎ᠨᠢ ᠮᠢᠺᠷᠤᠹᠤᠨ᠂ ᠳᠠᠭᠤᠨ᠎ᠤ ᠬᠠᠢᠷᠴᠠᠭ ᠵᠡᠷᠭᠡ ᠳᠠᠭᠤ ᠲᠣᠮᠣᠷᠠᠭᠤᠯᠬᠤ ᠲᠥᠬᠦᠭᠡᠷᠦᠮᠵᠢ᠎ᠶ᠋ᠢ ᠬᠡᠷᠡᠭ᠌ᠯᠡᠵᠦ᠍ ᠪᠣᠯᠤᠨ᠎ᠠ; ᠪᠤᠰᠤᠳ ᠳᠤᠭᠤᠢᠯᠠᠩ᠎ᠨᠢ ᠶᠠᠮᠠᠷᠪᠠ ᠳᠠᠭᠤ ᠲᠣᠮᠣᠷᠠᠭᠤᠯᠬᠤ ᠲᠥᠬᠦᠭᠡᠷᠦᠮᠵᠢ᠎ᠶ᠋ᠢ ᠬᠡᠷᠡᠭ᠌ᠯᠡᠵᠦ᠍ ᠪᠣᠯᠬᠤ ᠦᠭᠡᠢ᠃
7. ᠲᠤᠰ ᠤᠳᠠᠭᠠᠨ᠎ᠤ ᠤᠷᠤᠯᠳᠤᠭᠠᠨ᠎ᠢ ᠰᠦᠯᠵᠢᠶᠡᠨ᠎ᠳᠤ ᠨᠡᠪᠳᠡᠷᠡᠭᠦᠯᠭᠦ᠌ ᠬᠡᠷᠡᠭ᠌ᠴᠡᠭᠡ᠎ᠲᠠᠢ ᠪᠤᠯᠬᠤᠷ᠂ ᠤᠷᠤᠯᠳᠤᠭᠠᠨ᠎ᠳᠤ ᠣᠷᠣᠯᠴᠠᠭ᠍ᠰᠠᠳ ᠡᠷᠬᠡᠪᠰᠢ ᠲᠣᠭ᠍ᠯᠠᠯᠲᠠ᠎ᠶ᠋ᠢᠨ ᠬᠤᠪᠴᠠᠰᠤ ᠡᠮᠦᠰᠭᠦ᠎ᠶ᠋ᠢᠨ ᠬᠠᠮᠲᠤ ᠲᠤᠬ᠍ᠯᠠᠯᠳᠠ᠎ᠶ᠋ᠢᠨ ᠲᠠᠢᠰᠠ᠂ ᠮᠣᠩᠭᠤᠯ ᠭᠡᠷ᠂ ᠳᠠᠭᠤᠤ ᠬᠥᠭ᠌ᠵᠢᠮ᠎ᠤᠨ ᠲᠢᠩᠬᠢᠮ᠂ ᠭᠠᠳᠠᠷ ᠦᠵᠡᠮᠵᠢ᠎ᠶ᠋ᠢᠨ ᠭᠠᠵᠠᠷ ᠵᠡᠷᠭᠡ ᠲᠣᠭ᠍ᠯᠠᠯᠲᠠ᠎ᠶ᠋ᠢᠨ ᠲᠠᠯᠠᠪᠤᠷ᠎ᠲᠤ ᠸᠢᠳᠢᠣ᠋᠎ᠪᠠᠨ ᠱᠢᠩᠭᠡᠭᠡᠨ ᠦᠶᠯᠡᠳᠬᠦ᠌ ᠬᠡᠷᠡᠭ᠌ᠲᠡᠶ᠃
8. ᠨᠡᠷ᠎ᠡ ᠮᠡᠳᠡᠭᠦᠯᠦᠭ᠌ᠰᠡᠨ ᠮᠠᠲ᠋ᠧᠷᠢᠶᠠᠯ᠎ᠢ ᠪᠤᠴᠠᠭᠠᠬᠤ ᠦᠭᠡᠢ᠃ ᠤᠷᠤᠯᠳᠤᠭᠠᠨ᠎ᠳᠤ ᠣᠷᠣᠯᠴᠠᠭ᠍ᠰᠠᠨ ᠪᠦᠲᠦᠭᠡᠯ᠎ᠤᠨ ᠬᠡᠪᠯᠡᠯ᠎ᠤᠨ ᠡᠷᠬᠡ᠎ᠨᠢ ᠤᠷᠤᠯᠳᠤᠭᠠᠨ᠎ᠳᠤ ᠣᠷᠣᠯᠴᠠᠭ᠍ᠰᠠᠳ᠎ᠲᠤ ᠥᠮᠴᠢᠯᠡᠭ᠌ᠳᠡᠵᠦ᠍᠂ ᠤᠷᠤᠯᠳᠤᠭᠠᠨ᠎ᠤ ᠵᠣᠬᠢᠶᠠᠨ ᠪᠠᠢᠭᠤᠯᠬᠤ ᠺᠣᠮᠢᠰ᠎ᠠᠴᠠ ᠤᠷᠤᠯᠳᠤᠭᠠᠨ᠎ᠳᠤ ᠣᠷᠣᠯᠴᠠᠭ᠍ᠰᠠᠳ᠎ᠤᠨ ᠮᠡᠳᠡᠭᠡ ᠵᠠᠩᠭᠢ᠎ᠶ᠋ᠢ ᠬᠡᠷᠡᠭ᠌ᠯᠡᠨ ᠱᠠᠩᠨᠠᠯ ᠱᠢᠯᠭᠠᠷᠠᠭᠤᠯᠬᠤ ᠠᠵᠢᠯᠯᠠᠭ᠎ᠠ᠎ᠳᠤ ᠬᠤᠯᠪᠣᠭ᠍ᠳᠠᠬᠤ ᠤᠬᠠᠭᠤᠯᠭ᠎ᠠ᠎ᠶ᠋ᠢᠨ ᠠᠵᠢᠯᠯᠠᠭ᠎ᠠ ᠬᠢᠬᠦ᠌ ᠡᠷᠬᠡ᠎ᠲᠠᠢ᠂ ᠵᠢᠱ᠌ᠢᠶᠡᠯᠡᠪᠡᠯ ᠱᠠᠩᠨᠠᠯ ᠣᠯᠤᠭ᠍ᠰᠠᠨ ᠪᠦᠲᠦᠭᠡᠯ᠎ᠤᠨ ᠮᠡᠳᠡᠭᠡ ᠵᠠᠩᠭᠢ᠎ᠶ᠋ᠢ ᠨᠡᠢᠲᠡᠯᠡᠬᠦ᠌ ᠵᠡᠷᠭᠡ᠃ ᠤᠷᠤᠯᠳᠤᠭᠠᠨ᠎ᠤ ᠵᠣᠬᠢᠶᠠᠨ ᠪᠠᠢᠭᠤᠯᠬᠤ ᠺᠣᠮᠢᠰ᠎ᠠᠴᠠ ᠱᠠᠩᠨᠠᠯ ᠤᠯᠤᠬ᠍ᠰᠠᠠ ᠪᠦᠳᠦᠭᠡᠯ ᠪᠠ ᠲᠡᠯᠭᠡᠨ ᠦᠵᠡᠭᠦᠯᠭᠦ᠌ ᠪᠦᠲᠦᠭᠡᠯ᠎ᠳᠤ ᠬᠡᠪᠯᠡᠯ᠎ᠤᠨ ᠡᠷᠬᠡ (ᠡᠯᠧᠺᠲᠷᠣᠨ ᠬᠡᠪᠯᠡᠯ ᠪᠠᠭ᠍ᠲᠠᠨ᠎ᠠ) ᠲᠠᠢ᠃
ᠲᠦᠷᠪᠡ᠂ ᠱᠢᠭ᠌ᠰᠢᠭᠡ ᠤᠷᠤᠯᠳᠤᠭᠠᠨ᠎ᠤ ᠪᠦᠲᠦᠭᠡᠯ᠎ᠢᠶᠠᠨ ᠶᠠᠪᠤᠭᠤᠯᠬᠤ ᠱᠠᠭᠠᠷᠳᠠᠯᠭ᠎ᠠ᠄
2020 ᠤᠨ᠎ᠤ 9 ᠰᠠᠷ᠎ᠠ᠎ᠶ᠋ᠢᠨ 24 ᠤ ᠡᠳᠦᠷ᠎ᠠᠴᠠ 10 ᠰᠠᠷ᠎ᠠ᠎ᠶ᠋ᠢᠨ 10 ᠤ ᠡᠳᠦᠷ ᠪᠤᠯᠳᠠᠯ᠎ᠠ᠂ ᠤᠷᠤᠯᠳᠤᠭᠠᠨ᠎ᠳᠤ ᠤᠷᠤᠯᠴᠠᠬ᠍ᠰᠠᠳ ᠲᠠᠯ᠎ᠠ ᠨᠤᠳᠤᠭ APP ᠪᠠ ᠬᠦᠯᠦᠭ APP ᠳᠤ ᠭᠠᠷᠴᠤ᠌᠂ ᠠᠷᠠᠳ᠎ᠤᠨ ᠲᠠᠭᠤᠤ᠎ᠶ᠋ᠢᠨ ᠤᠷᠤᠯᠳᠤᠭᠠᠨ᠎ᠤ ᠰᠤᠪᠠᠭ᠎ᠢ ᠲᠤᠪᠴᠢᠳᠠᠵᠤ ᠦᠪᠡᠷ᠎ᠤᠨ ᠨᠡᠷ᠎ᠠ ᠮᠡᠳᠡᠭᠦᠯᠦᠭ᠌ᠰᠡᠨ ᠨᠤᠮᠧᠷ᠎ᠢᠶᠠᠨ ᠬᠠᠢᠨ ᠦᠵᠡᠵᠤ ᠪᠤᠯᠤᠨ᠎ᠠ᠃ ᠱᠠᠭᠠᠷᠳᠠᠯᠭ᠎ᠠ ᠶᠤᠰᠤᠭᠠᠷ ᠤᠷᠤᠯᠳᠤᠭᠠᠨ᠎ᠳᠤ ᠤᠷᠤᠯᠴᠠᠬᠤ ᠸᠢᠳᠢᠣ᠋ ᠱᠢᠩᠭᠡᠭᠡᠯᠳᠡ᠎ᠪᠠᠨ ᠵᠤᠬᠢᠶᠠᠨ ᠪᠠᠢᠭᠤᠯᠬᠤ ᠺᠤᠮᠢᠰ᠎ᠲᠤ ᠶᠠᠪᠤᠭᠤᠯᠬᠤ ᠬᠡᠷᠡᠭ᠌ᠳᠡᠢ᠃
ᠲᠠᠯ᠎ᠠ ᠨᠤᠳᠤᠭ APP ᠶ᠋ᠢ ᠬᠦᠯᠦᠭ APP ᠶ᠋ᠢ ᠪᠠᠭᠤᠯᠭᠠᠬᠤ ᠬᠤᠶᠠᠷ ᠬᠡᠮᠵᠢᠯᠳᠦ ᠺᠤᠳ᠋ ᠪᠠᠭᠤᠯᠭᠠᠬᠤ ᠬᠤᠶᠠᠷ ᠬᠡᠮᠵᠢᠯᠳᠦ ᠺᠤᠳ᠋
ᠬᠠᠷᠢᠯᠴᠠᠬᠤ ᠬᠦᠮᠦᠨ᠄ ᠮᠦᠩᠭᠦᠨᠬᠤᠸᠠᠷ᠂ ᠯᠢᠦ ᠰᠦᠮᠪᠦᠷ
ᠬᠠᠷᠢᠯᠴᠠᠬᠤ ᠤᠳᠠᠰᠦ᠄ 0471 — 6659824
ᠢᠮᠧᠯ᠄ cyy2020nmgmgds@163.com
ᠲᠠᠪᠤ᠂ ᠪᠦᠳᠦᠭᠡᠯ᠎ᠢᠶᠠᠨ ᠶᠠᠪᠤᠭᠤᠯᠬᠤ ᠱᠠᠭᠠᠷᠳᠠᠯᠭ᠎ᠠ
1. ᠸᠢᠳᠢᠣ᠋ ᠱᠢᠩᠭᠡᠭᠡᠯᠳᠡ᠎ᠪᠠᠨ ᠨᠡᠷᠡᠢᠳᠬᠦ᠌ ᠬᠡᠯᠪᠡᠷᠢ᠄
ᠤᠷᠤᠯᠳᠤᠭᠠᠨ᠎ᠤ ᠲᠤᠭᠤᠢ᠍ᠢᠯᠠᠩ — ᠨᠡᠷ᠎ᠡ ᠮᠡᠳᠡᠭᠦᠯᠦᠭ᠌ᠰᠡᠨ ᠨᠤᠮᠧᠷ — ᠣᠪᠣᠭ ᠨᠡᠷ᠎ᠡ — ᠪᠦᠲᠦᠭᠡᠯ᠃ ᠸᠢᠳᠢᠣ᠋ ᠱᠢᠩᠭᠡᠭᠡᠯᠳᠡ᠎ᠶ᠋ᠢᠨ ᠶᠡᠭᠡ ᠪᠠᠭ᠎ᠠ 2G ᠠᠴᠠ ᠬᠡᠳᠦᠷᠡᠵᠤ ᠪᠤᠯᠬᠤ ᠦᠭᠡᠢ᠃
2. ᠤᠷᠤᠯᠳᠤᠭᠠᠨ᠎ᠳᠤ ᠣᠷᠣᠯᠴᠠᠬᠤ ᠨᠤᠮᠧᠷ᠂ ᠮᠣᠩᠭᠤᠯ ᠨᠡᠷ᠎ᠡ᠂ ᠬᠢᠲᠠᠳ ᠨᠡᠷ᠎ᠡ᠂ ᠤᠷᠤᠯᠳᠤᠭᠠᠨ᠎ᠤ ᠲᠤᠭᠤᠢ᠍ᠢᠯᠠᠩ᠂ ᠲᠠᠭᠤᠤ᠎ᠶ᠋ᠢᠨ ᠮᠤᠩᠭᠤᠯ ᠨᠡᠷ᠎ᠠ᠂ ᠲᠠᠭᠤᠤ᠎ᠶ᠋ᠢᠨ ᠬᠢᠳᠡᠳ ᠨᠡᠷ᠎ᠠ᠎ᠶ᠋ᠢ ᠵᠦᠪ ᠪᠢᠴᠢᠭᠦ᠎ᠶ᠋ᠢᠨ ᠬᠠᠮᠳᠤ ᠰᠡᠭᠦᠳᠡᠷᠯᠡᠵᠤ᠂ ᠪᠦᠳᠦᠭᠡᠯ᠎ᠲᠠᠢ᠎ᠪᠠᠨ ᠬᠠᠮᠳᠤ ᠢᠮᠧᠯ᠎ᠳᠤ ᠢᠯᠡᠭᠡᠭᠡᠷᠡᠢ᠃