ᠬᠦᠯᠦᠨ ᠪᠤᠢᠷ ᠬᠤᠳᠠ᠄ ᠲᠤᠮᠳᠠᠳᠤ ᠪᠠᠭ᠎ᠠ ᠰᠤᠷᠭᠠᠭᠤᠯᠢ᠎ᠨᠤᠭᠤᠳ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌᠎ᠶ᠋ᠢ ᠪᠠᠢᠩᠭᠤᠵᠢᠭᠤᠯᠤᠨ᠎ᠠ
2020-09-03 09:53:31
ᠵᠣᠬᠢᠶᠠᠭ᠍ᠴᠢ᠄
ᠯᠢ ᠱᠢᠨ ᠵᠢᠶᠦ᠋ᠨ
ᠣᠩᠱᠢᠭ᠍ᠰᠠᠨ ᠣᠳᠠᠭ᠎ᠠ᠄
★★★☆☆

9 ᠰᠠᠷ᠎ᠠ᠎ᠶ᠋ᠢᠨ 2 ᠎ᠤᠨ ᠡᠳᠦᠷ᠂ ᠰᠤᠷᠭᠠᠭᠤᠯᠢ ᠡᠬᠢᠯᠡᠭ᠌ᠰᠡᠨ ᠬᠤᠶᠠᠳᠤᠭᠠᠷ ᠡᠳᠦᠷ᠃ ᠦᠷᠯᠦᠭᠡ ᠡᠷᠳᠡ᠂ ᠰᠤᠷᠤᠭ᠍ᠴᠢᠳ ᠰᠤᠷᠭᠠᠭᠤᠯᠢ᠎ᠳᠤ ᠬᠦᠷᠴᠦ᠍ ᠢᠷᠡᠬᠦ᠌᠎ᠠᠴᠠ ᠡᠮᠦᠨ᠎ᠡ᠂ ᠬᠠᠢᠯᠠᠷ᠎ᠤᠨ ᠲᠠᠪᠤᠳᠤᠭᠠᠷ ᠲᠤᠮᠳᠠᠳᠤ ᠰᠤᠷᠭᠠᠭᠤᠯᠢ᠎ᠶ᠋ᠢᠨ ᠪᠠᠭ᠍ᠰᠢ ᠠᠵᠢᠯᠳᠠᠳ ᠬᠢᠴᠢᠶᠡᠯ ᠬᠦᠮᠦᠵᠢᠯ᠎ᠤᠨ ᠲᠤᠭᠤᠷᠢᠭ᠂ ᠠᠯᠪᠠᠯᠠᠬᠤ ᠲᠤᠭᠤᠷᠢᠭ᠂ ᠵᠤᠷᠯᠤᠩ ᠵᠡᠷᠭᠡ ᠤᠯᠠᠨ ᠨᠡᠢᠳᠡ᠎ᠶ᠋ᠢᠨ ᠭᠠᠵᠠᠷ᠎ᠢ ᠠᠷᠢᠭᠤᠳᠭᠠᠬᠤ ᠠᠵᠢᠯ᠎ᠢᠶᠠᠨ ᠨᠢᠭᠡᠨᠳᠡ ᠬᠢᠵᠦ᠍ ᠲᠠᠭᠤᠰᠭᠠᠭ᠍ᠰᠠᠨ ᠪᠠᠢᠨ᠎ᠠ᠃

ᠬᠢᠴᠢᠶᠡᠯ ᠬᠦᠮᠦᠵᠢᠯ᠎ᠤᠨ ᠠᠰᠠᠷ᠎ᠤᠨ ᠡᠭᠦᠳᠡ᠎ᠪᠠᠷ ᠤᠷᠤᠬᠤ ᠭᠠᠵᠠᠷ᠎ᠲᠠᠬᠢ ᠤᠯᠠᠭᠠᠨ᠎ᠤ ᠭᠠᠳᠠᠨᠠᠬᠢ ᠪᠡᠶ᠎ᠡ᠎ᠶ᠋ᠢᠨ ᠬᠠᠯᠠᠭᠤᠨ᠎ᠢ ᠬᠡᠮᠵᠢᠬᠦ᠌ ᠲᠦᠷᠭᠡᠨ ᠨᠡᠪᠳᠡᠷᠡᠬᠦ᠌ ᠵᠠᠮ᠎ᠢ ᠪᠦᠬᠦᠨ᠎ᠢ ᠨᠡᠭᠡᠭᠡᠵᠠᠢ᠂ ᠪᠠᠭ᠍ᠰᠢ ᠨᠠᠷ ᠰᠤᠷᠤᠭ᠍ᠴᠢᠳ᠎ᠢ ᠵᠢᠯᠤᠭᠤᠳᠤᠨ ᠵᠢᠷᠤᠮᠵᠢᠭᠤᠯᠤᠭ᠍ᠰᠠᠨ ᠲᠡᠰ ᠲᠠᠷᠠᠭᠠᠯᠠᠯ ᠶᠤᠰᠤᠭᠠᠷ ᠡᠮᠬᠢ ᠲᠠᠷᠠᠭ᠎ᠠ᠎ᠲᠠᠢ᠎ᠪᠠᠷ ᠬᠢᠴᠢᠶᠡᠯ᠎ᠤᠨ ᠭᠡᠷ᠎ᠲᠤ ᠤᠷᠤᠭᠤᠯᠤᠨ᠎ᠠ᠃ 《ᠰᠤᠷᠭᠠᠭᠤᠯᠢ ᠡᠬᠢᠯᠡᠭ᠌ᠰᠡᠨ᠎ᠤ ᠲᠠᠷᠠᠭᠠᠬᠢ ᠨᠢᠭᠡᠳᠦᠭᠡᠷ ᠬᠢᠴᠢᠶᠡᠯ ᠪᠤᠯ ᠡᠯ᠎ᠡ ᠠᠩᠬᠢ᠎ᠳᠤ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌᠎ᠪᠠᠷ ᠭᠤᠤᠯᠳᠠᠯᠭ᠎ᠠ ᠪᠤᠯᠭᠠᠵᠤ᠂ ᠡᠳᠦᠷ ᠲᠤᠳᠤᠮ᠎ᠤᠨ ᠴᠡᠪᠡᠷᠯᠡᠵᠦ᠍ ᠠᠷᠢᠭᠤᠳᠭᠠᠬᠤ ᠵᠢᠴᠢ ᠰᠡᠷᠭᠡᠢᠯᠡᠨ ᠡᠵᠡᠮᠳᠡᠬᠦ᠌ ᠮᠡᠳᠡᠯᠭᠡ᠎ᠶ᠋ᠢ ᠲᠠᠢᠯᠪᠤᠷᠢᠯᠠᠨ ᠦᠭ᠌ᠴᠦ᠂ ᠰᠤᠷᠤᠭ᠍ᠴᠢᠳ᠎ᠲᠤ ᠵᠠᠮ ᠬᠠᠷᠢᠯᠴᠠᠭᠠᠨ᠎ᠤ ᠠᠮᠤᠷ ᠲᠦᠪᠱᠢᠨ᠎ᠢ ᠠᠩᠬᠠᠷᠬᠤ᠂ ᠢᠳᠡᠭᠡᠨ᠎ᠤ ᠠᠮᠤᠷ ᠲᠦᠪᠱᠢᠨ᠂ ᠰᠤᠷᠭᠠᠭᠤᠯᠢ᠎ᠶ᠋ᠢᠨ ᠬᠦᠷᠢᠶᠡᠨ᠎ᠤ ᠠᠮᠤᠷ ᠲᠦᠪᠱᠢᠨ ᠪᠤᠯᠤᠨ ᠬᠦᠮᠦᠰ᠎ᠤᠨ ᠬᠤᠭᠤᠷᠤᠨᠳᠤᠬᠢ ᠬᠠᠷᠢᠴᠠᠭᠠᠨ᠎ᠤ ᠬᠦᠮᠦᠵᠢᠯ᠎ᠢ ᠵᠢᠭᠠᠵᠤ ᠦᠭ᠌ᠴᠡᠢ》 ᠬᠡᠵᠦ᠍ ᠰᠤᠷᠭᠠᠭᠤᠯᠢ᠎ᠶ᠋ᠢᠨ ᠵᠠᠬᠢᠷᠤᠯ ᠯᠢᠦ ᠱᠤᠸᠠᠩ ᠯᠢ ᠬᠡᠯᠡᠪᠡ᠃

ᠬᠠᠢᠯᠠᠷ ᠲᠤᠭᠤᠷᠢᠭ᠎ᠤᠨ ᠨᠠᠨᠺᠠᠢ ᠵᠠᠮ᠎ᠤᠨ ᠲᠤᠮᠳᠠᠳᠤ ᠰᠤᠷᠭᠠᠭᠤᠯᠢ᠎ᠶ᠋ᠢᠨ ᠪᠡᠶ᠎ᠡ᠎ᠶ᠋ᠢᠨ ᠲᠠᠮᠢᠷ᠎ᠤᠨ ᠲᠠᠯᠠᠪᠠᠢ ᠲᠡᠭᠡᠷ᠎ᠡ 《ᠱᠢᠨ᠎ᠡ ᠲᠢᠳᠢᠮᠯᠢᠭ ᠠᠭᠤᠰᠭᠢᠨ ᠦᠷᠪᠢᠰᠦᠯ᠎ᠢ ᠰᠡᠷᠭᠡᠢᠯᠡᠨ ᠡᠵᠡᠮᠳᠡᠬᠦ᠌ ᠮᠡᠳᠡᠯᠭᠡ᠎ᠶ᠋ᠢᠨ ᠪᠤᠯᠪᠠᠰᠤᠷᠠᠯ》 ᠎ᠳᠤ ᠰᠠᠶᠢᠬᠠᠨ ᠤᠷᠤᠯᠴᠠᠵᠤ ᠪᠠᠷᠠᠭ᠍ᠰᠠᠨ 227 ᠱᠢᠨ᠎ᠡ ᠰᠤᠷᠤᠭ᠍ᠴᠢ ᠲᠡᠷᠢ ᠲᠡᠭ᠌ᠰᠢ ᠵᠢᠭ᠍ᠰᠠᠨ ᠲᠦᠪ ᠠᠯᠬᠤᠵᠤ᠂ ᠴᠡᠷᠢᠭ᠎ᠤᠨ ᠪᠤᠯᠪᠠᠰᠤᠷᠠᠯ᠎ᠤᠨ ᠤᠷᠢᠶ᠎ᠠ ᠬᠠᠰᠭᠢᠷᠤᠨ᠎ᠠ᠃ 《ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠪᠤᠯ ᠪᠠᠢᠩᠭᠤᠴᠢᠯᠠᠭ᠍ᠰᠠᠨ ᠠᠵᠢᠯ ᠮᠦᠨ᠂ ᠲᠠᠪᠤᠨ ᠡᠷᠬᠡᠪᠰᠢ᠎ᠶ᠋ᠢᠨ ᠱᠠᠭᠠᠷᠳᠠᠯᠭ᠎ᠠ ᠶᠤᠰᠤᠭᠠᠷ ᠱᠠᠭᠠᠷᠳᠠᠯᠭ᠎ᠠ᠎ᠶ᠋ᠢ ᠴᠢᠩᠭ᠎ᠠ ᠨᠢᠮᠪᠠᠢ ᠬᠡᠷᠡᠭ᠌ᠵᠢᠭᠦᠯᠦᠨ᠎ᠡ》 ᠭᠡᠵᠦ᠍ ᠰᠤᠷᠭᠠᠭᠤᠯᠢ᠎ᠶ᠋ᠢᠨ ᠵᠠᠬᠢᠷᠤᠯ ᠬᠤ᠌ ᠬᠤᠢ ᠲᠢᠩ ᠶᠠᠷᠢᠵᠤ ᠪᠠᠢᠯ᠎ᠠ᠃

ᠮᠠᠨᠵᠤᠤᠷ ᠬᠤᠳᠠ᠎ᠶ᠋ᠢᠨ ᠲᠠᠪᠤᠳᠤᠭᠠᠷ ᠪᠠᠭ᠎ᠠ ᠰᠤᠷᠭᠠᠭᠤᠯᠢ᠎ᠶ᠋ᠢᠨ 1600 ᠭᠠᠷᠤᠢ ᠬᠡᠦᠬᠡᠳ ᠪᠠᠶᠠᠷᠯᠠᠯᠳᠤᠨ ᠰᠤᠷᠭᠠᠭᠤᠯᠢ᠎ᠶ᠋ᠢᠨ ᠬᠦᠷᠢᠶᠡᠨ᠎ᠳᠡᠭᠡᠨ ᠲᠠᠬᠢᠨᠳᠠ ᠪᠤᠴᠠᠨ᠎ᠠ᠃ ᠦᠷᠯᠦᠭᠡ ᠡᠷᠳᠡ᠎ᠶ᠋ᠢᠨ 8 ᠴᠠᠭ 30 ᠮᠢᠨᠦ᠋ᠲ᠎ᠲᠤ ᠰᠤᠷᠭᠠᠭᠤᠯᠢ᠎ᠶ᠋ᠢᠨ ᠵᠠᠬᠢᠷᠤᠯ ᠯᠢ ᠸᠧᠢ᠎ᠠᠴᠠ ᠰᠤᠷᠭᠠᠭᠤᠯᠢ᠎ᠶ᠋ᠢᠨ ᠬᠢᠴᠢᠶᠡᠯ᠎ᠤᠨ ᠪᠠᠭ᠍ᠰᠢ ᠨᠠᠷ ᠪᠤᠯᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠬᠠᠷᠢᠭᠤᠴᠠᠯᠭ᠎ᠠ᠎ᠶ᠋ᠢᠨ ᠪᠠᠭ᠍ᠰᠢ ᠨᠠᠷ᠂ ᠠᠮᠤᠷ᠎ᠢ ᠬᠠᠮᠠᠭᠠᠯᠠᠭ᠍ᠴᠢ ᠨᠠᠷ᠎ᠢ ᠲᠠᠭᠠᠭᠤᠯᠤᠨ ᠤᠷᠢᠳᠴᠢᠯᠡᠨ ᠤᠴᠢᠵᠦ᠍᠂ ᠬᠡᠦᠬᠡᠳ᠎ᠤᠳ᠎ᠢ ᠤᠭ᠍ᠳᠤᠨ ᠠᠪᠴᠤ᠌ ᠰᠤᠷᠭᠠᠭᠤᠯᠢ᠎ᠶ᠋ᠢᠨ ᠬᠦᠷᠢᠶᠡᠨ᠎ᠳᠤ ᠤᠷᠤᠭᠤᠯᠵᠤ ᠪᠠᠢᠯ᠎ᠠ᠃ ᠠᠩᠬᠢ᠎ᠶ᠋ᠢᠨ ᠡᠷᠬᠢᠯᠡᠭ᠌ᠴᠢ ᠪᠠᠭ᠍ᠰᠢ ᠨᠠᠷ ᠰᠤᠷᠤᠭ᠍ᠴᠢᠳ᠎ᠢᠶᠠᠨ ᠲᠠᠭᠠᠭᠤᠯᠤᠨ 《ᠰᠤᠷᠭᠠᠭᠤᠯᠢ ᠡᠬᠢᠯᠡᠭ᠌ᠰᠡᠨ ᠠᠩᠬᠠᠨ᠎ᠤ ᠬᠢᠴᠢᠶᠡᠯ》 ᠎ᠳᠤ ᠱᠢᠨ᠎ᠡ ᠰᠤᠷᠤᠯᠭ᠎ᠠ᠎ᠶ᠋ᠢᠨ ᠬᠤᠭᠤᠴᠠᠭᠠᠨ᠎ᠤ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠂ ᠠᠮᠤᠷ ᠲᠦᠪᠱᠢᠨ᠎ᠤ ᠶᠡᠷᠦ᠎ᠶ᠋ᠢᠨ ᠮᠡᠳᠡᠯᠭᠡ ᠵᠡᠷᠭᠡ ᠠᠭᠤᠯᠭ᠎ᠠ᠎ᠲᠠᠢ ᠭᠤᠤᠯ ᠰᠡᠳᠦᠪᠳᠦ ᠠᠩᠬᠢ᠎ᠶ᠋ᠢᠨ ᠬᠤᠷᠠᠯ᠎ᠤᠨ ᠬᠦᠮᠦᠵᠢᠯ᠎ᠢ ᠡᠷᠬᠢᠯᠡᠵᠡᠢ᠃ ᠰᠤᠷᠤᠭ᠍ᠴᠢᠳ ᠪᠤᠯᠢᠶᠠᠯᠳᠤᠨ ᠦᠭᠡ ᠶᠠᠷᠢᠵᠤ᠂ ᠬᠦᠮᠦᠨ ᠪᠦᠬᠦᠨ ᠴᠦᠮ ᠬᠡᠳᠦᠨ ᠶᠡᠭᠡ ᠵᠤᠷᠪᠤᠰ ᠬᠡᠯᠡᠵᠡᠭᠡᠵᠦ᠍ ᠪᠠᠢᠪᠠ᠃

ᠬᠠᠭᠤᠴᠢᠨ ᠪᠠᠷᠭᠤ ᠬᠤᠱᠢᠭᠤᠨ᠎ᠤ ᠦᠨᠳᠦᠰᠦᠳᠡᠨ᠎ᠤ ᠪᠠᠭ᠎ᠠ ᠰᠤᠷᠭᠠᠭᠤᠯᠢ᠎ᠶ᠋ᠢᠨ ᠰᠤᠷᠤᠭ᠍ᠴᠢᠳ ᠠᠮᠠᠪᠴᠢ ᠵᠡᠭᠦᠵᠦ᠍᠂ ᠤᠨ ᠪᠤᠯᠤᠨ ᠠᠩᠬᠢ ᠬᠤᠪᠢᠶᠠᠨ ᠴᠠᠭ ᠠᠯᠭᠠᠰᠠᠨ ᠰᠤᠷᠭᠠᠭᠤᠯᠢ᠎ᠳᠠᠭᠠᠨ ᠤᠴᠢᠵᠠᠭᠠᠪᠠ᠃ 《ᠰᠤᠷᠭᠠᠭᠤᠯᠢ ᠡᠬᠢᠯᠡᠭ᠌ᠰᠡᠨ ᠠᠩᠬᠠᠨ᠎ᠤ ᠬᠢᠴᠢᠶᠡᠯ》 ᠎ᠳᠤ ᠰᠤᠷᠤᠭ᠍ᠴᠢᠳ᠎ᠲᠠᠭᠠᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠡᠬᠦ᠌ ᠲᠤᠬᠠᠢ ᠬᠠᠮᠢᠶ᠎ᠠ ᠪᠦᠬᠦᠢ ᠮᠡᠳᠡᠯᠭᠡ᠎ᠶ᠋ᠢ ᠲᠦᠭᠡᠮᠡᠯᠵᠢᠭᠦᠯᠵᠦ᠍᠂ ᠰᠤᠷᠤᠭ᠍ᠴᠢᠳ᠎ᠢ ᠵᠢᠯᠤᠭᠤᠳᠤᠨ ᠲᠤᠰ ᠪᠡᠶ᠎ᠡ᠎ᠶ᠋ᠢᠨ ᠰᠡᠷᠭᠡᠢᠯᠡᠯᠳᠡ ᠬᠠᠮᠠᠭᠠᠯᠠᠯᠳᠠ᠎ᠶ᠋ᠢ ᠰᠠᠢᠳᠤᠷ ᠬᠢᠯᠭᠡᠵᠦ᠍᠂ ᠪᠡᠶ᠎ᠡ ᠮᠠᠬᠠᠪᠤᠳ᠎ᠤᠨ ᠡᠷᠡᠭᠦᠯ ᠴᠢᠬᠢᠷᠠᠭ ᠪᠤᠯᠤᠨ ᠠᠮᠤᠷ ᠲᠦᠪᠱᠢᠨ᠎ᠢ᠎ᠨᠢ ᠬᠠᠮᠠᠭᠠᠯᠠᠵᠤ ᠪᠠᠢᠨ᠎ᠠ᠃ ᠤᠢ᠍ᠢᠯᠠᠭᠠᠭ᠍ᠰᠠᠨ᠎ᠢᠶᠠᠷ᠂ ᠲᠤᠰ ᠰᠤᠷᠭᠠᠭᠤᠯᠢ᠎ᠨᠢ ᠰᠤᠷᠭᠠᠭᠤᠯᠢ ᠡᠬᠢᠯᠡᠬᠦ᠌᠎ᠠᠴᠠ᠎ᠪᠠᠨ ᠡᠮᠦᠨ᠎ᠡ᠂ ᠡᠳ᠋ ᠪᠤᠳᠠᠰ᠎ᠤᠨ ᠪᠠᠳᠤᠯᠠᠭ᠎ᠠ᠎ᠶ᠋ᠢ ᠵᠤᠬᠢᠶᠠᠨ ᠪᠠᠢᠭᠤᠯᠵᠤ᠂ ᠠᠷᠢᠭᠤᠳᠭᠠᠬᠤ ᠨᠤᠨᠳᠠᠭ᠂ ᠠᠮᠠᠪᠴᠢ᠂ ᠪᠡᠭᠡᠯᠢ ᠵᠡᠷᠭᠡ ᠬᠢᠵᠢᠭ᠎ᠢ ᠰᠡᠷᠭᠡᠢᠯᠡᠬᠦ᠌ ᠡᠳ᠋ ᠪᠤᠳᠠᠰ᠎ᠢ ᠤᠷᠢᠳᠴᠢᠯᠡᠨ ᠭᠦᠢᠴᠡᠳ ᠤᠷᠤᠭᠤᠯᠤᠭ᠍ᠰᠠᠨ ᠪᠠᠢᠨ᠎ᠠ᠃ ᠰᠤᠷᠭᠠᠭᠤᠯᠢ᠎ᠪᠠᠨ ᠠᠷᠢᠭᠤᠳᠭᠠᠬᠤ᠂ ᠰᠠᠯᠬᠢ ᠨᠡᠪᠳᠡᠷᠡᠭᠦᠯᠬᠦ᠂ ᠠᠭᠠᠷ ᠨᠡᠪᠳᠡᠷᠡᠭᠦᠯᠬᠦ᠌ ᠠᠵᠢᠯ᠎ᠢ ᠪᠦᠬᠦ᠌ ᠲᠠᠯ᠎ᠠ᠎ᠪᠠᠷ ᠬᠢᠵᠦ᠍᠂ ᠬᠤᠯᠪᠤᠭ᠍ᠳᠠᠯ ᠪᠦᠬᠦᠢ ᠬᠦᠮᠦᠰ᠎ᠢ ᠵᠤᠬᠢᠶᠠᠨ ᠪᠠᠢᠭᠤᠯᠤᠨ ᠠᠮᠠᠷᠠᠯᠳᠠ᠎ᠶ᠋ᠢᠨ ᠬᠤᠭᠤᠴᠠᠭᠠ᠎ᠤ ᠬᠢᠵᠢᠭ᠎ᠤᠨ ᠪᠠᠢᠳᠠᠯ᠎ᠤᠨ ᠮᠡᠳᠡᠭᠡ ᠵᠠᠩᠭᠢ᠎ᠶ᠋ᠢ ᠪᠦᠷᠢᠳᠭᠡᠬᠦ᠌ ᠠᠵᠢᠯ᠎ᠢ ᠰᠠᠢᠳᠤᠷ ᠬᠢᠵᠦ᠍᠂ ᠪᠠᠭ᠍ᠰᠢ ᠨᠠᠷ ᠪᠤᠯᠤᠨ ᠰᠤᠷᠤᠭ᠍ᠴᠢᠳ᠎ᠤᠨ ᠠᠮᠠᠷᠠᠯᠳᠠ᠎ᠶ᠋ᠢᠨ ᠬᠤᠭᠤᠴᠠᠭᠠᠨ᠎ᠤ ᠬᠦᠳᠡᠯᠦᠯ ᠪᠠᠢᠳᠠᠯ᠎ᠢ ᠤᠨᠤᠪᠴᠢᠳᠠᠢ ᠤᠢ᠍ᠢᠯᠠᠭᠠᠨ ᠡᠵᠡᠮᠱᠢᠵᠦ᠍᠂ ᠨᠠᠷᠢᠨ ᠲᠤᠳᠤᠷᠬᠠᠢ ᠬᠠᠮᠢᠶᠠᠷᠤᠯᠳᠠ᠎ᠶ᠋ᠢᠨ ᠲᠠᠩᠰᠠ ᠲᠡᠮᠳᠡᠭ᠌ᠯᠡᠯ᠎ᠢ ᠪᠠᠢᠭᠤᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号