ᠵᠢᠷᠭᠠᠯᠲᠤ ᠠᠮᠢᠳᠤᠷᠠᠯ᠎ᠢ ᠬᠠᠮᠲᠦ᠎ᠪᠠᠷ ᠴᠤᠭ᠍ᠴᠠᠯᠠᠨ᠎ᠠ
2021-01-10 10:29:35
ᠵᠣᠬᠢᠶᠠᠭ᠍ᠴᠢ᠄
ᠬᠠᠢ ᠵᠢᠶᠦ᠋ᠨ
ᠣᠩᠱᠢᠭ᠍ᠰᠠᠨ ᠣᠳᠠᠭ᠎ᠠ᠄
★★★☆☆

 ᠱᠢᠨ᠎ᠠ ᠤᠨ᠎ᠤ ᠠᠩᠬᠠᠨ᠎ᠤ ᠡᠳᠦᠷ᠂ ᠬᠡᠬᠡ ᠤᠷᠤᠬᠤ᠎ᠲᠠᠢ ᠵᠡᠷᠭᠡ ᠹᠸᠡᠭ᠌ᠵᠧᠨ ᠬᠤᠲᠠ᠎ᠶ᠋ᠢᠨ ᠬᠤᠨᠭ᠌ ᠱᠠ ᠪᠠ ᠪᠠᠯᠭᠠᠰᠤᠨ᠎ᠤ ᠰᠠᠨ ᠢ ᠶᠦᠡᠭ ᠲᠤᠰᠭᠤᠨ᠎ᠤ ᠨᠢᠭᠡᠳᠤᠭᠡᠷ ᠱᠦᠵᠢ᠂ ᠲᠤᠰᠭᠤᠨ᠎ᠳᠤ ᠰᠠᠭᠤᠭ᠎ᠠ ᠠᠵᠢᠯᠯᠠᠬᠤ ᠠᠩᠬᠢ᠎ᠶ᠋ᠢᠨ ᠲᠠᠷᠤᠭ᠎ᠠ ᠸᠠᠩ ᠵᠢᠶᠠᠨ ᠱᠧ ᠡᠷᠲᠡᠯᠡᠨ ᠪᠤᠰᠪᠠ᠃ ᠲᠡᠷᠡ ᠲᠤᠰᠭᠤᠨ᠎ᠤ ᠶᠠᠳᠠᠭᠤ ᠬᠦᠴᠢᠷᠳᠡᠯᠲᠠᠢ ᠡᠷᠤᠬᠡ᠎ᠶ᠋ᠢ ᠲᠦᠷᠦᠯ ᠬᠤᠪᠢᠶᠠᠨ ᠬᠠᠮᠢᠶᠠᠷᠬᠤ ᠶᠠᠪᠤᠳᠠᠯ᠎ᠢ ᠪᠤᠳᠤᠭᠠᠳ ᠨᠢᠭᠡ ᠤᠷᠤᠢ ᠰᠡᠳᠭᠢᠯ ᠠᠮᠤᠷ ᠤᠨᠳᠠᠵᠤ ᠲᠠᠢᠯᠦᠭ᠌ᠰᠡᠨ ᠦᠭᠡᠢ᠃

2020 ᠤᠨ᠎ᠤ ᠴᠠᠭᠠᠨ ᠰᠠᠷ᠎ᠠ᠎ᠶ᠋ᠢᠨ ᠱᠢᠨ᠎ᠠ᠎ᠶ᠋ᠢᠨ ᠭᠤᠷᠪᠠᠨ᠎ᠳᠤ ᠱᠢᠨ᠎ᠠ ᠲᠢᠲᠢᠮᠯᠢᠭ ᠠᠭᠤᠰᠭᠢᠨ ᠦᠷᠪᠢᠰᠤᠯ᠎ᠤᠨ ᠬᠢᠵᠢᠭ᠎ᠤᠨ ᠪᠠᠢᠳᠠᠯ ᠢᠯᠠᠷᠡᠬᠦ᠌ ᠦᠶ᠎ᠡ᠎ᠳᠤ᠂ ᠭᠠᠳᠠᠨ᠎ᠠ ᠭᠠᠵᠡᠷ ᠱᠢᠨᠡᠯᠠᠵᠤ ᠪᠠᠢᠭ᠍ᠰᠠᠨ ᠸᠠᠩ ᠵᠢᠶᠠᠨ ᠱᠧ ᠰᠠᠨ ᠢ ᠶᠦᠡᠭ ᠲᠤᠰᠭᠤᠨ᠎ᠳᠤ ᠶᠠᠭᠠᠷᠠᠨ ᠬᠦᠷᠴᠤ᠌᠂ ᠲᠠᠷᠤᠢ ᠲᠦᠷᠭᠡᠨ ᠬᠦᠮᠦᠨ᠎ᠤ ᠬᠦᠴᠦ᠎ᠶ᠋ᠢ ᠵᠤᠬᠢᠶᠠᠨ ᠪᠠᠢᠭᠤᠯᠤᠨ᠂ ᠬᠢᠵᠢᠭ᠎ᠢ ᠰᠡᠷᠭᠡᠢᠯᠡᠨ ᠡᠵᠡᠮᠳᠡᠬᠦ᠌ ᠠᠵᠢᠯ᠎ᠳᠤ ᠤᠷᠤᠯᠴᠠᠭ᠍ᠰᠠᠨ ᠶᠤᠮ᠃ ᠬᠢᠵᠢᠭ᠎ᠢ ᠰᠡᠷᠭᠡᠢᠯᠡᠬᠦ᠌ ᠮᠡᠳᠡᠯᠭᠡ᠂ ᠰᠡᠷᠭᠡᠢᠯᠡᠨ ᠡᠵᠡᠮᠳᠡᠬᠦ᠌ ᠠᠷᠭ᠎ᠠ ᠠᠪᠴᠠᠯ᠎ᠢ ᠪᠠᠢᠴᠠᠭᠠᠬᠤ᠂ ᠠᠮᠢᠳᠤᠷᠠᠯ᠎ᠤᠨ ᠡᠳ᠋ ᠪᠤᠳᠠᠰ ᠴᠤᠭ᠍ᠯᠠᠭᠤᠯᠬᠤ ᠵᠡᠷᠭᠡ ᠠᠵᠢᠯ᠎ᠳᠤ ᠸᠠᠩ ᠵᠢᠶᠠᠨ ᠱᠧ ᠡᠮᠦᠨ᠎ᠠ᠎ᠨᠢ ᠭᠠᠪᠱᠢᠭᠠᠢᠯᠠᠵᠤ᠂ ᠲᠤᠰᠭᠤᠨ᠎ᠤ ᠠᠷᠠᠳ᠎ᠲᠠᠢ ᠮᠦᠷᠦ᠍ ᠵᠡᠷᠭᠡᠴᠠᠨ ᠪᠠᠢᠯᠳᠤᠵᠤ᠂ ᠬᠢᠵᠢᠭ᠎ᠤᠨ ᠰᠡᠷᠭᠡᠢᠯᠡᠯᠲᠠ᠎ᠶ᠋ᠢᠨ ᠱᠤᠭᠤᠮ᠎ᠢ ᠴᠤᠭ᠍ᠴᠠᠯᠠᠵᠠᠢ᠃ ᠬᠢᠵᠢᠭ᠎ᠢ ᠰᠡᠷᠭᠡᠢᠯᠡᠨ ᠡᠵᠡᠮᠳᠡᠬᠦ᠌ ᠬᠠᠮᠤᠭ ᠬᠦᠨᠳᠤ ᠬᠡᠴᠡᠭᠦᠤ ᠴᠠᠭ ᠦᠶ᠎ᠠ᠎ᠳᠤ ᠸᠠᠩ ᠵᠢᠶᠠᠨ ᠱᠧ ᠰᠠᠷ᠎ᠠ ᠭᠠᠷᠤᠢ ᠭᠡᠷ᠎ᠲᠡᠭᠡᠨ ᠬᠠᠷᠢᠭ᠍ᠰᠠᠨ ᠦᠭᠡᠢ ᠪᠠᠢᠵᠠᠢ᠃ ᠲᠡᠷᠡ᠄ 《ᠰᠠᠨ ᠢ ᠶᠦᠡᠭ ᠲᠤᠰᠭᠤᠨ᠎ᠤ ᠠᠷᠠᠳ ᠮᠦᠨ ᠴᠤ᠌ ᠮᠢᠨᠤ ᠭᠡᠷ᠎ᠤᠨ ᠬᠦᠮᠦᠰ ᠪᠤᠯᠤᠨ᠎ᠠ᠂ ᠲᠤᠰᠭᠤᠨ᠎ᠤ ᠠᠷᠠᠳ ᠴᠦᠮ ᠮᠢᠨᠤ ᠰᠠᠳᠤᠨ ᠲᠦᠷᠤᠯ ᠪᠤᠯᠤᠨ᠎ᠠ᠂ 〈ᠬᠢᠵᠢᠭ᠎ᠲᠠᠢ ᠲᠡᠮᠡᠴᠡᠬᠦ᠌〉 ᠎ᠳᠤ ᠲᠡᠳᠡᠨ᠎ᠲᠠᠢ ᠬᠠᠮᠲᠤ ᠲᠡᠮᠡᠴᠡᠨ᠎ᠠ》 ᠬᠡᠵᠤ ᠶᠠᠷᠢᠵᠤ ᠪᠠᠢᠯ᠎ᠠ᠃

ᠬᠢᠵᠢᠭ᠎ᠢ ᠰᠡᠷᠭᠡᠢᠯᠡᠨ ᠡᠵᠡᠮᠳᠡᠬᠦ᠌ ᠠᠵᠢᠯ᠎ᠢ ᠴᠢᠩᠭ᠎ᠠ ᠰᠠᠢᠲᠤᠷ ᠬᠢᠬᠦ᠌᠎ᠶ᠋ᠢᠨ ᠬᠠᠮᠳᠤ᠂ ᠶᠠᠳᠠᠭᠤ᠎ᠠᠴᠠ ᠠᠩᠬᠢᠵᠢᠷᠠᠭᠤᠯᠬᠤ ᠠᠵᠢᠯ᠎ᠢ ᠴᠤ᠌ ᠰᠠᠢᠨ ᠬᠢᠨ᠎ᠠ᠃ 2019 ᠤᠨ᠎ᠤ ᠵᠢᠯ ᠡᠴᠤᠰ ᠪᠤᠯᠳᠠᠯ᠎ᠠ᠂ ᠰᠠᠨ ᠢ ᠶᠦᠡᠭ ᠲᠤᠰᠭᠤᠨ᠎ᠤ 210 ᠶᠠᠳᠠᠭᠤ ᠬᠦᠴᠢᠷᠳᠡᠯᠲᠠᠢ ᠡᠷᠤᠬᠡ ᠪᠦᠬᠦᠨ᠎ᠢᠶᠠᠷ᠎ᠢᠶᠠᠨ ᠶᠠᠳᠠᠭᠤ᠎ᠠᠴᠠ ᠠᠩᠬᠢᠵᠢᠷᠠᠪᠠ᠃ ᠬᠡᠳᠠᠯ᠎ᠠ ᠬᠡᠰᠡᠭ ᠶᠠᠳᠠᠭᠤ ᠬᠦᠴᠢᠷᠳᠡᠯᠲᠠᠢ ᠪᠠᠢᠭ᠍ᠰᠠᠨ ᠡᠷᠤᠬᠡ 《ᠲᠡᠬᠢᠨ ᠶᠠᠳᠠᠭᠤᠷᠠᠬᠤ》 ᠪᠤᠯᠤᠯᠴᠠᠭ᠎ᠠ᠎ᠲᠠᠢ᠃ ᠬᠢᠵᠢᠭ᠎ᠢ ᠰᠡᠷᠭᠡᠢᠯᠡᠨ ᠡᠵᠡᠮᠳᠡᠬᠦ᠌ ᠠᠵᠢᠯ ᠡᠩ᠎ᠤᠨ ᠪᠠᠢᠳᠠᠯ᠎ᠳᠤ ᠤᠷᠤᠭ᠍ᠰᠠᠨ᠎ᠤ ᠲᠠᠷᠠᠭ᠎ᠠ ᠸᠠᠩ ᠵᠢᠶᠠᠨ ᠱᠧ ᠡᠨᠡ ᠶᠠᠪᠤᠳᠠᠯ᠎ᠢ ᠭᠠᠷᠳᠠᠨ ᠬᠢᠭ᠌ᠰᠡᠨ ᠪᠠᠢᠨ᠎ᠠ᠃ ᠪᠠᠶᠠᠵᠢᠶ᠎ᠠ ᠭᠡᠪᠡᠯ ᠵᠠᠮ ᠵᠠᠰᠠ ᠭᠡᠳᠡᠭ᠎ᠢᠶᠠᠷ᠂ ᠰᠠᠨ ᠢ ᠶᠦᠡᠭ ᠲᠤᠰᠭᠤᠨ᠎ᠤ ᠨᠢᠭᠡᠨ ᠪᠠᠢᠭᠠᠯᠢᠯᠢᠭ ᠲᠤᠰᠭᠤᠨ ᠪᠤᠯᠬᠤ ᠵᠠᠩ ᠵᠢᠶᠠ ᠸᠠᠨ ᠲᠤᠰᠭᠤᠨ᠎ᠤ ᠤᠷᠤᠵᠤ ᠭᠠᠷᠬᠤ ᠵᠠᠮ᠎ᠨᠢ ᠴᠦᠮ ᠱᠢᠷᠦᠢ᠎ᠶ᠋ᠢᠨ ᠵᠠᠮ ᠪᠠᠢᠵᠤ᠂ ᠪᠤᠷᠤᠭᠠᠨ᠎ᠤ ᠤᠯᠠᠷᠢᠯ ᠪᠤᠯᠪᠠᠯ ᠲᠤᠰᠭᠤᠨ᠎ᠤ ᠠᠷᠠᠳ ᠶᠠᠪᠤᠵᠤ ᠰᠠᠭᠤᠬᠤ᠎ᠳᠤ ᠬᠦᠴᠢᠷ ᠪᠤᠯᠳᠠᠭ᠃ ᠸᠠᠩ ᠵᠢᠶᠠᠨ ᠱᠧ ᠹᠸᠡᠭ᠌ᠵᠧᠨ ᠬᠤᠲᠠ᠎ᠶ᠋ᠢᠨ ᠶᠠᠳᠠᠭᠤ᠎ᠶ᠋ᠢ ᠲᠡᠤᠡᠬᠦᠬᠦ᠌ ᠨᠡᠭᠡᠭᠡᠯᠲᠡ᠎ᠶ᠋ᠢᠨ ᠠᠯᠪᠠᠨ ᠭᠡᠷ᠎ᠲᠠᠢ ᠢᠳᠡᠪᠬᠢᠲᠠᠢ ᠬᠠᠷᠢᠯᠴᠠᠵᠤ᠂ 390 ᠭᠠᠷᠤᠢ ᠲᠦᠮᠡᠨ ᠲᠦᠭᠦᠷᠢᠭ ᠲᠤᠬᠢᠷᠠᠭᠤᠯᠤᠨ᠂ ᠲᠤᠰᠭᠤᠨ᠎ᠳᠤ 4.7 ᠺᠢᠯᠦᠮᠧᠲᠷ ᠱᠦᠢᠨᠢ ᠵᠠᠮ ᠵᠠᠰᠠᠵᠠᠢ᠃ ᠡᠨᠡ᠎ᠨᠢ ᠲᠤᠰᠭᠤᠨ᠎ᠤ ᠠᠷᠠᠳ᠎ᠲᠤ ᠳᠦᠭᠦᠮ ᠦᠵᠡᠭᠦᠯᠵᠦ᠍᠂ ᠲᠡᠳᠡᠨ᠎ᠤ ᠬᠦᠷᠢᠶᠡᠯᠡᠯ᠎ᠢ ᠤᠯᠤᠭ᠍ᠰᠠᠨ ᠪᠠᠢᠯ᠎ᠠ᠃

ᠶᠠᠭᠠᠬᠢᠪᠠᠯ ᠶᠠᠳᠠᠭᠤ᠎ᠠᠴᠠ᠎ᠪᠠᠨ ᠠᠩᠬᠢᠵᠢᠷᠠᠭ᠍ᠰᠠᠨ ᠡᠷᠦᠭᠡ᠎ᠶ᠋ᠢᠨ ᠤᠷᠤᠯᠭ᠎ᠠ᠎ᠶ᠋ᠢ ᠨᠡᠩ ᠠᠷᠪᠢᠨ ᠨᠡᠮᠡᠭ᠌ᠳᠡᠭᠦᠯᠵᠦ᠍ ᠴᠢᠳᠠᠬᠤ ᠪᠤᠢ? ᠸᠠᠩ ᠵᠢᠶᠠᠨ ᠱᠧ ᠪᠠᠶᠠᠵᠢᠯ᠎ᠤᠨ ᠲᠠᠭᠠᠭᠤᠯᠤᠭ᠍ᠴᠢ᠎ᠶ᠋ᠢ ᠬᠦᠮᠦᠵᠢᠭᠦᠯᠦᠨ᠂ ᠮᠠᠯ ᠲᠡᠵᠢᠭᠡᠪᠦᠷᠢ᠎ᠶ᠋ᠢ ᠪᠤᠰᠤᠳ᠎ᠲᠤ ᠨᠠᠢᠳᠡᠨ ᠲᠡᠵᠢᠭᠡᠯᠭᠡᠬᠦ᠌ ᠠᠷᠭ᠎ᠠ᠎ᠶ᠋ᠢ ᠬᠡᠷᠡᠭ᠌ᠵᠢᠭᠦᠯᠦᠭ᠌ᠰᠡᠨ ᠪᠠᠢᠨ᠎ᠠ᠃ ᠸᠠᠩ ᠵᠢᠶᠠᠨ ᠱᠧ᠎ᠶ᠋ᠢᠨ ᠲᠤᠬᠢᠷᠠᠭᠤᠯᠭ᠎ᠠ᠎ᠪᠠᠷ᠂ ᠲᠤᠰᠭᠤᠨ᠎ᠤ ᠠᠷᠠᠳ ᠯᠢᠤ ᠯᠢ ᠯᠢ ᠦᠭᠡᠷ ᠲᠠᠵᠢᠭᠡᠬᠦ᠌ ᠬᠤᠷᠱᠢᠶ᠎ᠠ ᠪᠠᠢᠭᠤᠯᠤᠨ᠂ ᠬᠡᠰᠡᠭ ᠶᠠᠳᠠᠭᠤ᠎ᠠᠴᠠ᠎ᠪᠠᠨ ᠠᠩᠬᠢᠵᠢᠷᠠᠭ᠍ᠰᠠᠨ ᠡᠷᠤᠬᠡ᠎ᠶ᠋ᠢᠨ ᠦᠭᠡᠷ᠎ᠢ ᠬᠤᠷᠱᠢᠶᠠᠨ᠎ᠳᠤ ᠠᠪᠴᠢᠷᠠᠨ ᠤᠷᠤᠯᠠᠨ ᠲᠡᠵᠢᠭᠡᠵᠤ᠂ ᠡᠳᠡᠭᠡᠷ ᠶᠠᠳᠠᠭᠤ᠎ᠠᠴᠠ᠎ᠪᠠᠨ ᠠᠩᠬᠢᠵᠢᠷᠠᠭ᠍ᠰᠠᠨ ᠡᠷᠤᠬᠡ᠎ᠶ᠋ᠢᠨ ᠤᠷᠤᠯᠭ᠎ᠠ᠎ᠶ᠋ᠢ ᠲᠤᠭ᠍ᠳᠠᠭᠤᠨ᠎ᠢᠶᠠᠷ ᠨᠡᠮᠡᠭ᠌ᠳᠡᠭᠦᠯᠪᠠ᠃ ᠨᠠᠢᠳᠠᠨ ᠲᠠᠵᠢᠭᠡᠯᠭᠡᠬᠦ᠌᠎ᠠᠴᠠ ᠭᠠᠳᠠᠨ᠎ᠠ ᠲᠡᠷᠡ ᠪᠠᠰᠠ ᠨᠠᠢᠳᠠᠨ ᠲᠠᠷᠢᠶ᠎ᠠ ᠲᠠᠷᠢᠭᠤᠯᠬᠤ᠂ ᠲᠠᠷᠢᠶᠠᠯᠠᠩ᠎ᠤᠨ ᠮᠠᠱᠢᠨ᠎ᠢ ᠨᠠᠢᠳᠠᠨ ᠬᠡᠷᠡᠭ᠌ᠯᠡᠭᠦᠯᠬᠦ᠌ ᠠᠷᠭ᠎ᠠ ᠬᠡᠯᠪᠡᠷᠢ᠎ᠶ᠋ᠢ ᠠᠪᠴᠠᠢ᠃ ᠡᠨᠡ ᠵᠢᠯ᠂ ᠪᠦᠬᠦ᠌ ᠲᠤᠰᠭᠤᠨ᠎ᠤ ᠶᠠᠳᠠᠭᠤ᠎ᠠᠴᠠ᠎ᠪᠠᠨ ᠠᠩᠬᠢᠵᠢᠷᠠᠭ᠍ᠰᠠᠨ ᠡᠷᠤᠬᠡ᠎ᠶ᠋ᠢᠨ ᠬᠦᠮᠦᠨ ᠲᠤᠮᠳᠠᠴᠢ᠎ᠶ᠋ᠢᠨ ᠤᠷᠤᠯᠭ᠎ᠠ 1.06 ᠲᠦᠮᠡᠨ ᠲᠦᠭᠦᠷᠢᠭ᠎ᠲᠤ ᠬᠦᠷᠴᠤ᠌᠂ ᠶᠠᠳᠠᠭᠤ᠎ᠠᠴᠠ᠎ᠪᠠᠨ ᠠᠩᠬᠢᠵᠢᠷᠠᠭ᠍ᠰᠠᠨ ᠡᠷᠤᠬᠡ ᠲᠠᠬᠢᠨ ᠶᠠᠳᠠᠭᠤᠷᠠᠬᠤ ᠦᠵᠡᠭ᠌ᠳᠡᠯ ᠭᠠᠷᠤᠭ᠍ᠰᠠᠨ ᠦᠭᠡᠢ᠃ ᠶᠠᠳᠠᠭᠤ᠎ᠠᠴᠠ᠎ᠪᠠᠨ ᠠᠩᠬᠢᠵᠢᠷᠠᠭ᠍ᠰᠠᠨ ᠡᠷᠤᠬᠡ᠎ᠶ᠋ᠢᠨ ᠠᠮᠢᠳᠤᠷᠠᠯ᠎ᠤᠨ ᠬᠤᠪᠢᠷᠠᠯᠲᠠ᠎ᠶ᠋ᠢ ᠬᠠᠷᠠᠬᠤ᠎ᠳᠠᠭᠠᠨ ᠸᠠᠩ ᠵᠢᠶᠠᠨ ᠱᠧ᠎ᠶ᠋ᠢᠨ ᠰᠡᠳᠭᠢᠯ᠎ᠳᠤ ᠤᠮᠤᠭ᠍ᠰᠢᠯ ᠲᠦᠷᠦᠭ᠌ᠳᠡᠨ᠎ᠡ᠃ 《ᠶᠠᠳᠠᠭᠤ᠎ᠠᠴᠠ ᠠᠩᠬᠢᠵᠢᠷᠠᠭ᠍ᠰᠠᠨ ᠦᠷ᠎ᠠ ᠪᠦᠲᠦᠮᠵᠢ᠎ᠪᠠᠨ ᠦᠷᠭᠦᠯᠵᠢᠯᠡᠨ ᠰᠠᠢᠳᠦᠷ ᠪᠠᠲᠤᠤᠡᠬᠠᠬᠤ᠎ᠶ᠋ᠢᠨ ᠬᠠᠮᠲᠤ ᠬᠦᠳᠡᠭᠡ ᠲᠤᠰᠭᠤᠨ᠎ᠢ ᠭᠦᠭ᠌ᠵᠢᠭᠦᠯᠦᠨ ᠮᠠᠨᠳᠤᠭᠤᠯᠬᠤ᠎ᠲᠠᠢ ᠨᠢᠭ᠍ᠳᠠ ᠵᠤᠯᠭᠠᠭᠤᠯᠵᠤ᠂ ᠰᠠᠨ ᠢ ᠶᠦᠡᠭ ᠲᠤᠰᠭᠤᠨ᠎ᠢ ᠦᠵᠡᠰᠭᠦᠯᠡᠩᠲᠤ ᠰᠠᠢᠬᠠᠨ ᠪᠠᠶᠠᠨ ᠴᠢᠨᠡᠭᠡᠯᠢᠭ ᠤᠳᠤᠬᠢᠴᠢᠯᠠᠭ᠍ᠰᠠᠨ ᠱᠢᠨ᠎ᠠ ᠲᠤᠰᠭᠤᠨ ᠪᠤᠯᠭᠠᠨ ᠪᠦᠲᠦᠭᠡᠨ ᠪᠠᠢᠭᠤᠯᠵᠤ᠂ ᠵᠢᠷᠭᠠᠯᠲᠦ ᠠᠮᠢᠳᠤᠷᠠᠯ᠎ᠢ ᠬᠠᠮᠲᠤ᠎ᠪᠠᠷ ᠡᠳ᠋ᠯᠡᠵᠡᠭᠡᠶ᠎ᠡ》 ᠬᠡᠵᠤ ᠸᠠᠩ ᠵᠢᠶᠠᠨ ᠱᠧ ᠪᠤᠳᠤᠯ᠎ᠢᠶᠠᠨ ᠲᠡᠯᠭᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号