ᠮᠦᠡᠭ᠌ᠭᠦᠨ ᠡᠪᠤᠯ᠎ᠤᠨ ᠬᠤᠷᠴᠢᠨ ᠨᠤᠳᠤᠭ ᠬᠡᠭ᠌ᠴᠢ ᠶᠠᠰᠤ ᠶᠠᠩᠬᠢᠨᠠᠮ᠎ᠠ ᠬᠦᠢᠳᠡᠨ᠃ ᠬᠤᠯᠠ ᠣᠢᠷ᠎ᠠ᠎ᠳᠠᠭᠠᠨ ᠠᠯᠳᠠᠷᠱᠢᠭ᠍ᠰᠠᠨ ᠵᠢᠮᠢᠰ᠎ᠤᠨ ᠲᠤᠰᠭᠠᠶ ᠲᠣᠰᠭᠤᠨ ᠬᠢᠩᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠱᠢᠭᠤᠨ᠎ᠤ ᠳ᠋ᠠᠱ᠌ᠢᠵᠠᠶ ᠪᠠᠯᠭᠠᠰᠤᠨ᠎ᠤ ᠰᠠᠨ ᠱᠢᠩ ᠲᠣᠰᠭᠤᠨ᠎ᠤ ᠰᠠᠨ ᠱᠢᠩ ᠭᠸᠤ ᠪᠠᠢᠭᠠᠯᠢᠯᠢᠭ ᠲᠤᠰᠭᠤᠨ ᠨᠠᠮ ᠵᠢᠮ ᠪᠤᠯᠵᠤ᠂ ᠨᠠᠮᠤᠷ᠎ᠤᠨ ᠤᠯᠠᠷᠢᠯ᠎ᠤᠨ ᠵᠢᠮᠢᠰ᠎ᠤᠨ ᠵᠠᠬ᠎ᠠ ᠳᠡᠯᠭᠡᠭᠦᠷ᠎ᠲᠤ ᠭᠠᠷᠬᠤ ᠦᠶ᠎ᠡ᠎ᠶ᠋ᠢᠨ ᠲᠡᠷᠭᠡ ᠬᠦᠰᠭᠡ ᠭᠡᠯᠬᠢᠶᠡᠯᠳᠤᠨ ᠬᠦᠮᠦᠨ ᠬᠠᠷ᠎ᠠ ᠴᠤᠪᠤᠷᠠᠭ᠍ᠰᠠᠨ ᠬᠦᠭ᠌ᠵᠢᠶᠡᠡᠳᠤ ᠪᠠᠢᠳᠠᠯ ᠬᠠᠷᠠᠬ᠍ᠳᠠᠬᠤ᠎ᠪᠠᠨ ᠪᠤᠯᠢᠯᠡ᠃
《ᠡᠪᠦᠯ ᠣᠷᠣᠬᠤ᠎ᠠᠴᠠ ᠡᠮᠦᠨ᠎ᠡ᠂ ᠮᠠᠨ᠎ᠤ ᠰᠠᠨ ᠱᠢᠩ ᠭᠸᠤ᠎ᠶ᠋ᠢᠨ ᠡᠯ᠎ᠡ ᠵᠦᠢᠯ᠎ᠤᠨ ᠵᠢᠮᠢᠰ᠎ᠢᠶᠠᠨ ᠨᠢᠭᠡᠨᠲᠡ ᠬᠤᠳᠠᠯᠳᠤᠭᠠᠳ ᠳᠠᠭᠤᠰᠭᠠᠴᠢᠬᠠᠵᠠᠢ᠃ ᠡᠮᠤᠨᠡᠭᠡᠨ ᠪᠢᠳᠡ ᠫᠧᠩᠰᠡᠲᠦ ᠦᠵᠡᠮᠵᠢ᠎ᠶ᠋ᠢᠨ ᠠᠯᠮᠤᠷᠠᠳ᠎ᠤᠨ ᠴᠢᠬᠢ ᠮᠣᠳᠣ᠎ᠪᠠᠨ ᠪᠦᠷ ᠬᠥᠷᠥᠰᠥᠨ᠎ᠳᠤ ᠪᠤᠯᠠᠵᠤ ᠲᠠᠯᠪᠢᠯ᠎ᠠ》 ᠭᠡᠵᠦ᠍ ᠰᠠᠨ ᠱᠢᠩ ᠭᠸᠤ᠎ᠶ᠋ᠢᠨ ᠵᠢᠮᠢᠰ᠎ᠤᠨ ᠠᠵᠤ ᠦᠶᠯᠡᠰ᠎ᠤᠨ ᠳᠠᠭᠠᠭᠤᠯᠤᠭ᠍ᠴᠢ ᠰᠦᠨ ᠱᠢᠶᠠᠨ ᠹᠦ᠋ ᠰᠤᠷᠪᠤᠯᠵᠢᠯᠠᠭ᠍ᠴᠢ᠎ᠳᠤ ᠶᠠᠷᠢᠨ᠎ᠠ᠃
ᠡᠨᠡ ᠵᠢᠯ ᠫᠧᠩᠰᠡᠲᠦ ᠦᠵᠡᠮᠵᠢ᠎ᠶ᠋ᠢᠨ ᠠᠯᠮᠤᠷᠠᠳ᠎ᠤᠨ ᠮᠣᠳᠣ᠎ᠨᠢ ᠰᠦᠨ ᠱᠢᠶᠠᠨ ᠹᠦ᠋ᠳᠤ ᠰᠠᠨᠠᠭᠠᠨ᠎ᠳᠤ ᠥᠬᠡᠶ ᠣᠷᠣᠯᠭ᠎ᠠ ᠠᠪᠴᠢᠷᠠᠵᠠᠢ᠃ 《2020 ᠣᠨ ᠮᠠᠨ᠎ᠤ᠎ᠬᠢᠨ᠎ᠳᠤ ᠠᠪᠴᠤ᠌ ᠬᠡᠯᠡᠪᠡᠯ ᠡᠯᠪᠡᠭ ᠬᠤᠷᠢᠶᠠᠯᠲᠠ ᠤᠯᠤᠭ᠍ᠰᠠᠨ ᠵᠢᠯ ᠪᠣᠯᠤᠨ᠎ᠠ᠃ ᠮᠠᠨ᠎ᠤ᠎ᠬᠢᠨ 100 ᠭᠠᠷᠤᠶ ᠮᠦ᠍ ᠵᠢᠮᠢᠰ᠎ᠤᠨ ᠤᠢ ᠡᠵᠡᠩᠨᠡᠵᠦ᠍ ᠪᠠᠢᠬᠤ ᠪᠦᠭᠡᠳ 300 ᠮᠦ᠍ ᠴᠢᠬᠢ ᠪᠤᠢᠵᠢᠭᠤᠯᠬᠤ ᠬᠦᠷᠢᠶᠡᠯᠡᠩ᠎ᠲᠠᠢ᠃ ᠵᠢᠮᠢᠰ᠎ᠤᠨ ᠮᠤᠳᠤᠨ᠎ᠠᠴᠠ 15 ᠲᠦᠮᠡᠨ ᠵᠢᠩ ᠵᠢᠮᠢᠰ ᠬᠤᠷᠢᠶᠠᠵᠤ᠂ 20 ᠲᠦᠮᠡᠨ ᠲᠥᠭᠦᠷᠢᠭ᠎ᠤᠨ ᠣᠷᠣᠯᠭ᠎ᠠ ᠣᠯᠵᠠᠶ᠃ ᠵᠢᠮᠢᠰ᠎ᠤᠨ ᠴᠢᠬᠢ ᠮᠣᠳᠣ ᠪᠤᠢᠵᠢᠭᠤᠯᠬᠤ ᠰᠠᠭᠤᠷᠢᠨ 70 ᠭᠠᠷᠤᠢ ᠲᠦᠮᠡᠨ ᠰᠠᠭᠤᠷᠢ ᠴᠢᠬᠢ ᠮᠣᠳᠣ ᠬᠤᠳᠠᠯᠳᠤᠵᠤ᠂ 100 ᠭᠠᠷᠤᠢ ᠲᠦᠮᠡᠨ ᠲᠥᠭᠦᠷᠢᠭ᠎ᠤᠨ ᠣᠷᠣᠯᠭ᠎ᠠ ᠣᠯᠵᠤ᠂ ᠪᠦᠬᠦ᠌ ᠵᠢᠯ᠎ᠤᠨ ᠣᠷᠣᠯᠭ᠎ᠠ 120 ᠭᠠᠷᠤᠢ ᠲᠦᠮᠡᠨ ᠲᠥᠭᠦᠷᠢᠭ᠎ᠲᠤ ᠬᠦᠷᠴᠡᠢ᠂ ᠮᠠᠨ᠎ᠤ ᠠᠳᠡᠬᠢ ᠲᠠᠷᠢᠬᠤ ᠲᠠᠯᠠᠪᠠᠢ᠎ᠪᠠᠷ ᠬᠠᠮᠤᠭ᠎ᠤᠨ ᠶᠡᠭᠡ᠂ ᠤᠨᠠᠯᠲᠠ᠎ᠪᠠᠷ ᠬᠠᠮᠤᠭ᠎ᠤᠨ ᠥᠨᠳᠥᠷ᠂ ᠶᠠᠰᠤ ᠴᠢᠨᠠᠷ᠎ᠢᠶᠠᠷ ᠬᠠᠮᠤᠭ᠎ᠤᠨ ᠱᠢᠯᠢᠳᠡᠭ ᠵᠢᠮᠢᠰ ᠪᠠ ᠵᠢᠮᠢᠰ᠎ᠤᠨ ᠴᠢᠬᠢ ᠮᠤᠳᠤ᠎ᠶ᠋ᠢᠨ ᠦᠢᠯᠡᠳᠪᠦᠷᠢᠯᠡᠯ᠎ᠤᠨ ᠣᠷᠣᠨ ᠲᠤᠭᠤᠷᠢᠭ》 ᠪᠣᠯᠵᠠᠢ ᠭᠡᠵᠦ᠍ ᠪᠠᠶᠠᠷᠯᠠᠨ ᠭᠡᠯᠡᠨ᠎ᠡ᠃
ᠰᠦᠨ ᠱᠢᠶᠠᠨ ᠹᠦ᠋ ᠪᠣᠯ ᠰᠠᠨ ᠱᠢᠩ ᠭᠸᠤ ᠲᠣᠰᠭᠤᠨ᠎ᠤ ᠵᠢᠮᠢᠰ᠎ᠤᠨ ᠠᠵᠤ ᠦᠢᠯᠡᠰ᠎ᠢ ᠰᠡᠳᠦᠵᠦ᠍ ᠬᠢᠭ᠌ᠰᠡᠨ ᠬᠦᠮᠦᠨ ᠪᠣᠯᠬᠤ᠎ᠪᠠᠷ ᠪᠠᠷᠠᠬᠤ ᠦᠭᠡᠢ ᠵᠢᠮᠢᠰ᠎ᠤᠨ ᠠᠵᠤ ᠦᠢᠯᠡᠰ᠎ᠢ ᠬᠥᠭ᠌ᠵᠢᠬᠦᠯᠦᠨ ᠪᠤᠵᠠᠭᠠᠢᠷᠠᠭᠤᠯᠤᠬ᠍ᠰᠠᠨ ᠳᠠᠭᠠᠭᠤᠯᠤᠭ᠍ᠴᠢ ᠪᠤᠯᠤᠨ᠎ᠠ᠃ 1990 ᠣᠨ᠎ᠳᠤ ᠠᠩᠬᠠᠨ᠎ᠤ ᠵᠢᠮᠢᠰ᠎ᠤᠨ ᠮᠤᠳᠤ᠎ᠶ᠋ᠢ ᠰᠠᠭᠤᠯᠭᠠᠭ᠍ᠰᠠᠨ᠎ᠠᠴᠠ 2020 ᠣᠨ ᠪᠣᠯᠬᠤ᠎ᠳᠤ ᠪᠦᠬᠦ᠌ ᠲᠣᠰᠭᠤᠨ᠎ᠤ ᠵᠢᠮᠢᠰ᠎ᠤᠨ ᠮᠤᠳᠤ ᠲᠠᠷᠢᠬ᠍ᠰᠠᠨ ᠲᠠᠯᠠᠪᠠᠢ᠎ᠨᠢ 5000 ᠮᠦ᠍᠎ᠳᠤ ᠬᠦᠷᠪᠡ᠃ ᠰᠦᠨ ᠱᠢᠶᠠᠨ ᠹᠦ᠋ 30 ᠭᠠᠷᠤᠢ ᠵᠢᠯ᠎ᠤᠨ ᠬᠤᠭᠤᠴᠠᠭᠠᠨ᠎ᠳᠤ ᠥᠪᠡᠷ᠎ᠢᠶᠠᠨ ᠪᠠᠶᠠᠵᠢᠬ᠍ᠰᠠᠨᠢᠶᠠᠷ ᠪᠠᠷᠠᠬᠤ ᠦᠭᠡᠢ ᠪᠠᠰᠠ ᠪᠦᠬᠦ᠌ ᠲᠣᠰᠭᠤᠨ᠎ᠤ 187 ᠡᠷᠦᠬᠡ ᠠᠷᠠᠳ᠎ᠢ ᠳᠠᠢᠴᠢᠯᠠᠨ ᠵᠢᠮᠢᠰ᠎ᠲᠤ ᠲᠦᠱᠢᠭ᠌ᠯᠡᠨ ᠴᠢᠨᠡᠬᠡᠯᠢᠭ᠌ᠵᠢᠬᠦᠯᠵᠦ᠍᠂ ᠪᠦᠬᠦ᠌ ᠲᠣᠰᠭᠤᠨ᠎ᠤ ᠵᠢᠮᠢᠰ᠎ᠤᠨ ᠣᠷᠣᠯᠭ᠎ᠠ 1990 ᠣᠨ᠎ᠳᠤ 3 ᠲᠦᠮᠡ ᠭᠠᠷᠤᠢ ᠲᠥᠭᠦᠷᠢᠭ ᠪᠠᠢᠭ᠍ᠰᠠᠨ᠎ᠠᠴᠠ᠎ᠪᠠᠨ 2020 ᠣᠨ ᠪᠣᠯᠬᠤ᠎ᠳᠤ 100 ᠭᠠᠷᠤᠢ ᠲᠦᠮᠡᠨ ᠲᠥᠭᠦᠷᠢᠭ ᠪᠣᠯᠤᠨ ᠨᠡᠮᠡᠭ᠌ᠳᠡᠵᠦ᠍᠂ ᠬᠥᠮᠦᠨ ᠳᠤᠮᠳᠠᠴᠢ᠎ᠶ᠋ᠢᠨ ᠣᠷᠣᠯᠭ᠎ᠠ ᠴᠤ᠌ 750 ᠲᠥᠭᠦᠷᠢᠭ ᠪᠠᠢᠭ᠍ᠰᠠᠨ᠎ᠠᠴᠠ᠎ᠪᠠᠨ ᠤᠳᠤ᠎ᠶ᠋ᠢᠨ 9600 ᠭᠠᠷᠤᠢ ᠲᠥᠭᠦᠷᠢᠭ ᠪᠣᠯᠤᠨ ᠨᠡᠮᠡᠭ᠌ᠳᠡᠵᠡᠢ᠃
ᠠᠵᠤ ᠦᠶᠯᠡᠰ᠎ᠤᠨ ᠳᠠᠭᠠᠭᠤᠯᠤᠭ᠍ᠴᠢ ᠪᠣᠯᠤᠭ᠍ᠰᠠᠨ᠎ᠤ ᠬᠤᠪᠢ᠎ᠳᠤ᠂ ᠰᠦᠨ ᠱᠢᠶᠠᠨ ᠹᠦ᠋ ᠰᠠᠨ ᠱᠢᠩ ᠭᠸᠤ ᠵᠢᠮᠢᠰ᠎ᠤᠨ ᠦᠢᠯᠡᠰ᠎ᠢ ᠬᠦᠷᠢᠶ᠎ᠡ ᠬᠠᠱᠢᠶᠠᠨ᠎ᠳᠠᠭᠠᠨ ᠲᠠᠷᠢᠵᠤ ᠪᠠᠢᠭ᠍ᠰᠠᠨ᠎ᠠᠴᠠ᠎ᠪᠠᠨ ᠶᠡᠭᠡ ᠲᠠᠯᠠᠪᠠᠢ᠎ᠪᠠᠷ ᠲᠠᠷᠢᠬᠤ ᠪᠣᠯᠵᠤ᠂ ᠴᠥᠭᠡᠨ ᠲᠣᠭᠠᠨ᠎ᠤ ᠬᠡᠳᠦᠨ ᠡᠷᠦᠬᠡ ᠵᠢᠮᠢᠰ ᠲᠠᠷᠢᠬᠤ᠎ᠳᠤ ᠤᠷᠤᠯᠴᠠᠵᠦ᠍ ᠪᠠᠢᠬ᠍ᠰᠠᠨ᠎ᠠᠴᠠ᠎ᠪᠠᠨ ᠪᠦᠬᠦ᠌ ᠲᠣᠰᠭᠤᠨ᠎ᠤ ᠡᠷᠦᠬᠡ ᠪᠣᠯᠭᠠᠨ ᠵᠢᠮᠢᠰ ᠲᠠᠷᠢᠬᠤ᠎ᠳᠤ ᠤᠷᠤᠯᠴᠠᠬ᠍ᠰᠠᠨ ᠬᠦᠭ᠌ᠵᠢᠯᠲᠡ᠎ᠶ᠋ᠢ ᠪᠡᠶᠡᠯᠡᠭᠦᠯᠵᠡᠢ᠃ ᠵᠢᠮᠢᠰ ᠪᠤᠯᠤᠨ ᠵᠢᠮᠢᠰ᠎ᠤᠨ ᠴᠢᠬᠢ ᠮᠤᠳᠤᠨ᠎ᠤ ᠭᠠᠷᠤᠯᠲᠠ ᠵᠢᠯ ᠳᠤᠲᠤᠮ ᠨᠡᠮᠡᠭ᠌ᠳᠡᠨ᠂ ᠵᠢᠮᠢᠰ᠎ᠤᠨ ᠦᠶᠯᠡᠰ᠎ᠲᠤ ᠣᠷᠣᠯᠴᠠᠬᠤ ᠬᠥᠮᠦᠨ᠎ᠤ ᠲᠤᠭ᠎ᠠ ᠶᠠᠪᠤᠬᠤ ᠲᠤᠳᠤᠮ ᠤᠯᠠᠱᠢᠷᠠᠵᠤ᠂ ᠵᠢᠮᠢᠰ᠎ᠤᠨ ᠦᠶᠯᠡᠰ᠎ᠤᠨ ᠦᠢᠯᠡᠤᠡᠪᠦᠷᠢᠯᠡᠯ᠂ ᠪᠣᠷᠣᠯᠠᠭᠤᠯᠭ᠎ᠠ᠂ ᠴᠢᠬᠢ ᠪᠤᠢᠵᠢᠭᠤᠯᠬᠤ᠂ ᠬᠠᠳᠠᠭᠠᠯᠠᠬᠤ᠂ ᠪᠤᠳᠠᠰ᠎ᠤᠨ ᠭᠦᠢᠯᠭᠡᠭᠡ᠂ ᠪᠣᠯᠪᠠᠰᠤᠷᠠᠭᠤᠯᠬᠤ ᠪᠠ ᠵᠢᠭᠤᠯᠴᠢᠯᠠᠬᠤ᠎ᠶ᠋ᠢ ᠨᠢᠭᠡ ᠴᠣᠭ᠍ᠴᠠᠵᠢᠭᠤᠯᠤᠭ᠍ᠰᠠᠨ ᠠᠵᠤ ᠦᠶᠯᠡᠰ᠎ᠤᠨ ᠬᠦᠭ᠌ᠵᠢᠯᠳᠡ᠎ᠶ᠋ᠢᠨ ᠬᠦᠭ᠌ᠵᠢᠶᠡᠡᠳᠤ ᠪᠠᠢᠳᠠᠯ ᠢᠯᠡᠷᠡᠪᠡ᠃
ᠣᠳᠣᠬᠠᠨ᠎ᠳᠤ᠂ ᠰᠠᠨ ᠱᠢᠩ ᠭᠸᠤ ᠤᠯᠠᠭᠠᠨ ᠵᠢᠮᠢᠰ ᠳ᠋ᠠᠯᠢᠶᠠᠨ᠂ ᠮᠦᠭ᠌ᠳᠡᠨ᠂ ᠪᠠᠢᠴᠧᠩ ᠵᠡᠷᠭᠡ ᠭᠠᠵᠠᠷ᠎ᠤᠨ ᠡᠯ᠎ᠡ ᠲᠤᠮᠤ ᠬᠠᠮ ᠳᠡᠯᠭᠡᠭᠦᠷ᠎ᠲᠤ ᠣᠷᠣᠵᠠᠢ᠃ ᠢᠷᠡᠬᠦ᠌ ᠵᠢᠯ᠎ᠳᠤ᠂ ᠰᠦᠨ ᠱᠢᠶᠠᠨ ᠹᠦ᠋ ᠰᠠᠨ ᠱᠢᠩ ᠭᠸᠤ ᠵᠢᠮᠢᠰ᠎ᠢᠶᠠᠨ ᠪᠦᠬᠦ᠌ ᠤᠯᠤᠰ᠎ᠤᠨ ᠶᠡᠭᠡ ᠬᠤᠳᠠ᠎ᠶ᠋ᠢᠨ ᠬᠤᠳᠠᠯᠳᠤᠭᠠᠨ᠎ᠤ ᠳᠡᠯᠭᠡᠭᠦᠷ᠎ᠲᠤ ᠤᠷᠤᠭᠤᠯᠬᠤ᠎ᠶ᠋ᠢᠨ ᠬᠠᠮᠳᠤ ᠰᠦᠯᠵᠢᠶᠡᠨ ᠳᠡᠭᠡᠷ᠎ᠡ ᠪᠣᠷᠣᠯᠠᠭᠤᠯᠬᠤ ᠵᠠᠮ᠎ᠢᠶᠠᠨ ᠥᠷᠭᠡᠤᠡᠬᠡᠬᠦ᠌ᠪᠠᠷ ᠲᠦᠯᠦᠪᠯᠡᠵᠦ᠍ ᠪᠠᠢᠨ᠎ᠠ᠃