ᠭᠡᠷ ᠪᠥᠯᠢ᠎ᠶ᠋ᠢᠨ ᠡᠷᠬᠢᠯᠳᠠᠳᠤ ᠠᠵᠤ ᠥᠢᠯᠡᠰ᠎ᠨᠢ ᠴᠢᠨᠡᠭᠡᠯᠢᠭ᠌ᠵᠢᠯ᠎ᠤᠨ ᠵᠠᠮ᠎ᠢ ᠨᠡᠭᠡᠭᠡᠵᠦ᠍ ᠦᠭ᠌ᠬᠦᠯ᠎ᠡ
2021-01-11 11:29:23
ᠵᠣᠬᠢᠶᠠᠭ᠍ᠴᠢ᠄
ᠪᠤᠤ ᠴᠢᠩ ᠱᠧᠩ
ᠣᠩᠱᠢᠭ᠍ᠰᠠᠨ ᠣᠳᠠᠭ᠎ᠠ᠄
★★★☆☆

ᠴᠠᠰᠤ ᠮᠥᠰᠥᠨ᠎ᠳᠤ ᠬᠤᠴᠢᠬ᠍ᠳᠠᠬ᠍ᠰᠠᠨ ᠬᠤᠷᠴᠢᠨ᠎ᠤ ᠬᠥᠳᠡᠭᠡ ᠨᠤᠲᠤᠬ᠎ᠲᠤ ᠬᠥᠢᠳᠡᠨ᠎ᠤ ᠡᠷᠴᠢ ᠴᠢᠩᠭᠠᠷᠠᠵᠤ ᠪᠠᠢᠯ᠎ᠠ᠃ 2020 ᠤᠨ᠎ᠤ 12 ᠰᠠᠷ᠎ᠠ᠎ᠶ᠋ᠢᠨ 26 ᠎ᠤ ᠡᠳᠥᠷ᠂ ᠰᠤᠷᠪᠤᠯᠵᠢᠯᠠᠭ᠍ᠴᠢ ᠬᠤᠷᠴᠢᠨ ᠵᠡᠭᠦᠨ ᠭᠠᠷᠤᠨ ᠳᠤᠮᠳᠠᠳᠤ ᠬᠤᠱᠢᠭᠤᠨ᠎ᠤ ᠤᠪᠤᠭ᠎ᠠ ᠰᠤᠮᠤ᠎ᠶ᠋ᠢᠨ ᠳ᠋ᠠ ᠯᠠᠮᠠ᠎ᠶ᠋ᠢᠨ ᠲᠤᠪᠤ ᠭᠠᠴᠠᠭ᠎ᠠ᠎ᠶ᠋ᠢᠨ ᠵᠧᠩ ᠱᠤᠧᠠᠩ ᠯᠥᠩ᠎ᠤᠨ᠎ᠬᠢᠨ᠎ᠳᠤ ᠤᠴᠢᠬᠤ᠎ᠳᠤ ᠬᠥᠷᠢᠶ᠎ᠡ ᠳᠥᠭᠦᠷᠡᠩ ᠡᠷᠳᠡᠨᠢ ᠱᠢᠰᠢ ᠤᠪᠤᠭᠠᠯᠠᠵᠤ᠂ ᠬᠠᠱᠢᠶ᠎ᠡ ᠳᠥᠭᠦᠷᠡᠩ ᠥᠭᠡᠷ ᠳᠡᠵᠢᠭᠡᠨ᠂ ᠭᠡᠷ᠎ᠲᠤᠨᠢ ᠭᠢᠯᠡ ᠴᠢᠯᠡ᠂ ᠭᠠᠳᠠᠨ᠎ᠠ᠎ᠨᠢ ᠴᠡᠪᠡᠷ ᠳᠡᠭ᠌ᠰᠢ ᠬᠠᠷᠠᠭ᠍ᠳᠠᠨ᠎ᠠ᠃ ᠮᠠᠯ᠎ᠢᠶᠠᠨ ᠠᠷᠠᠴᠢᠯᠠᠵᠤ ᠪᠠᠢᠬ᠍ᠰᠠᠨ ᠵᠧᠩ ᠱᠤᠧᠠᠩ ᠯᠥᠩ᠄ 《ᠡᠨᠡ ᠵᠢᠯ ᠪᠢ 100 ᠮᠥ᠍ ᠡᠷᠳᠡᠨᠢ ᠱᠢᠰᠢ ᠲᠠᠷᠢᠵᠠᠢ᠂ ᠤᠳᠤ 25 ᠥᠨᠢᠶ᠎ᠡ ᠳᠡᠵᠢᠭᠡᠵᠤ ᠪᠠᠢᠨ᠎ᠠ᠂ ᠡᠷᠳᠡᠨᠢ ᠱᠢᠰᠢ᠎ᠶ᠋ᠢᠨ ᠥᠨ᠎ᠡ᠂ ᠮᠠᠯ᠎ᠤᠨ ᠬᠠᠩᠰᠢ ᠦᠰᠦᠭᠡᠳ ᠡᠨᠡ ᠵᠢᠯ᠎ᠤᠨ ᠤᠷᠤᠯᠭ᠎ᠠ 2019 ᠤᠨ᠎ᠤ᠎ᠬᠢ᠎ᠠᠴᠠ ᠨᠢᠭᠡ ᠳᠠᠬᠢᠨ᠎ᠢᠶᠠᠷ ᠨᠡᠮᠡᠭ᠌ᠳᠡᠯ᠎ᠡ》 ᠭᠡᠵᠤ ᠪᠠᠶᠠᠷᠯᠠᠨ ᠬᠡᠯᠡᠵᠤ ᠪᠠᠢᠯ᠎ᠠ᠃

QQ图片20210111101140.png

ᠳ᠋ᠠ ᠯᠠᠮᠠ᠎ᠶ᠋ᠢᠨ ᠲᠤᠪᠤ ᠭᠠᠴᠠᠭ᠎ᠠ ᠲᠥᠩᠯᠢᠶᠤᠤ ᠬᠤᠲᠠ᠎ᠶ᠋ᠢᠨ ᠭᠤᠤᠯ ᠲᠤᠭᠤᠷᠢᠬ᠎ᠠᠴᠠ 15 ᠺᠢᠯᠥᠮᠧᠳ᠋ᠷ ᠯᠡ ᠵᠠᠢᠳᠠᠢ ᠪᠠᠢᠷᠢᠯᠠᠵᠤ᠂ ᠬᠤᠷᠴᠢᠨ ᠵᠡᠭᠦᠨ ᠭᠠᠷᠤᠨ ᠳᠤᠮᠳᠠᠳᠤ ᠬᠤᠱᠢᠭᠤᠨ᠎ᠤ ᠲᠥᠩᠯᠢᠶᠤᠤ ᠬᠤᠲᠠ᠎ᠶ᠋ᠢᠨ ᠭᠤᠤᠯ ᠲᠤᠭᠤᠷᠢᠬ᠎ᠠᠴᠠ ᠬᠠᠮᠤᠬ ᠥᠢᠷ᠎ᠠ ᠪᠠᠢᠭ᠎ᠠ ᠭᠠᠴᠠᠭ᠎ᠠ ᠪᠤᠯᠬᠤ ᠶᠤᠮ᠃ ᠡᠢᠨ ᠬᠦ᠌ ᠯᠢᠶᠤᠤᠾᠧ ᠭᠤᠤᠯ᠎ᠤᠨ ᠲᠠᠯ᠎ᠠ ᠭᠠᠵᠠᠷ᠎ᠲᠤ ᠪᠠᠢᠷᠢᠯᠠᠬ᠍ᠰᠠᠨ᠎ᠢᠶᠠᠷ᠎ᠢᠶᠠᠨ ᠠᠮᠤ ᠪᠤᠳᠠᠭᠠᠨ᠎ᠤ ᠭᠤᠤᠯ ᠤᠨᠠᠯᠲᠠ᠎ᠶ᠋ᠢᠨ ᠭᠠᠵᠠᠷ ᠪᠤᠯᠵᠤ᠂ ᠪᠥᠬᠦ᠌ ᠭᠠᠴᠠᠭ᠎ᠠ᠎ᠶ᠋ᠢᠨ 5000 ᠮᠥ᠍ ᠲᠠᠷᠢᠶᠠᠨ ᠭᠠᠵᠠᠷ᠎ᠨᠢ 《ᠲᠥᠩᠯᠢᠶᠤᠤ ᠬᠤᠲᠠ᠎ᠶ᠋ᠢᠨ ᠤᠳᠤ ᠥᠶ᠎ᠡ᠎ᠶ᠋ᠢᠨ ᠲᠠᠷᠢᠶᠠᠯᠠᠩ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠵᠢᠱ᠌ᠢᠶ᠎ᠡ ᠥᠵᠡᠭᠦᠯᠬᠦ᠌ ᠬᠥᠷᠢᠶᠡᠯᠡᠩ》 ᠎ᠳᠤ ᠬᠠᠮᠤᠷᠤᠬ᠍ᠳᠠᠨ ᠤᠷᠤᠵᠤ᠂ ᠮᠥ᠍ ᠨᠢᠭᠡᠴᠢ᠎ᠶ᠋ᠢᠨ ᠡᠷᠳᠡᠨᠢ ᠱᠢᠰᠢ᠎ᠶ᠋ᠢᠨ ᠳᠤᠮᠳᠠᠴᠢ ᠤᠨᠠᠯᠲᠠ 1800 ᠵᠢᠩ᠎ᠳᠤ ᠬᠥᠷᠬᠦ᠌᠎ᠶ᠋ᠢ ᠪᠡᠶᠡᠯᠡᠭᠦᠯᠪᠡ᠃ ᠭᠡᠶ᠎ᠡ ᠡᠷᠳᠡᠨᠢ ᠱᠢᠰᠢ᠎ᠶ᠋ᠢᠨ ᠥᠨ᠎ᠡ᠎ᠶ᠋ᠢᠨ ᠵᠠᠬ᠎ᠠ ᠳᠡᠯᠭᠡᠭᠦᠷᠴᠢᠯᠡᠬᠦ᠌᠎ᠶ᠋ᠢ ᠳᠠᠭᠠᠯᠳᠤᠨ᠂ ᠵᠥᠪᠬᠡᠨ ᠲᠠᠷᠢᠶᠠᠯᠠᠩ᠎ᠳᠤ ᠲᠥᠱᠢᠭ᠌ᠯᠡᠭᠡᠳ ᠪᠤᠯᠬᠤ ᠥᠭᠡᠢ᠂ ᠲᠠᠷᠢᠶᠠᠯᠠᠩ ᠮᠠᠯ ᠠᠵᠤ ᠠᠬᠤᠢ᠎ᠶ᠋ᠢ ᠤᠶᠠᠯᠳᠤᠭᠤᠯᠤᠨ ᠬᠥᠭ᠌ᠵᠢᠭᠦᠯᠪᠡᠯ ᠰᠠᠶᠢ ᠤᠷᠤᠯᠭ᠎ᠠ᠎ᠪᠠᠨ ᠨᠡᠮᠡᠭ᠌ᠳᠡᠭᠦᠯᠵᠤ ᠴᠢᠳᠠᠨ᠎ᠡ ᠭᠡᠳᠡᠭ᠎ᠨᠢ ᠲᠤᠬᠠᠢ᠎ᠶ᠋ᠢᠨ ᠭᠠᠵᠠᠷ᠎ᠤᠨ ᠬᠥᠮᠥᠰ ᠲᠡᠷᠡᠴᠢᠯᠠᠨ ᠪᠥᠬᠦ᠌ ᠲᠥᠩᠯᠢᠶᠤᠤ᠎ᠶ᠋ᠢᠨ ᠳᠠᠷᠢᠶᠠᠴᠢᠳ᠎ᠤᠨ ᠬᠠᠮᠳᠤ᠎ᠶ᠋ᠢᠨ ᠳᠠᠨᠢᠯᠳᠠ ᠪᠤᠯᠤᠭ᠍ᠰᠠᠨ ᠪᠠᠢᠨ᠎ᠠ᠃ 《2017 ᠤᠨ᠎ᠳᠤ ᠪᠢ 5 ᠲᠥᠮᠡᠨ ᠲᠥᠭᠦᠷᠢᠭ᠎ᠢᠶᠠᠷ ᠭᠤᠷᠪᠠᠨ ᠥᠨᠢᠶ᠎ᠡ ᠬᠤᠶᠠᠷ ᠲᠤᠭᠤᠯ ᠬᠤᠳᠠᠯᠳᠤᠨ ᠠᠪᠴᠥ᠍ ᠥᠭᠡᠷ ᠳᠡᠵᠢᠭᠡᠵᠤ ᠡᠬᠢᠯᠡᠵᠠᠢ》 ᠭᠡᠵᠤ ᠭᠠᠴᠠᠭᠠᠨ᠎ᠳᠠᠭᠠᠨ ᠲᠥᠷᠥᠭᠦᠯᠡᠨ ᠥᠭᠡᠷ ᠳᠡᠵᠢᠭᠡᠭ᠌ᠰᠡᠨ ᠬᠡᠳᠥᠨ ᠡᠷᠥᠭᠡ᠎ᠶ᠋ᠢᠨ ᠨᠢᠭᠡ ᠪᠤᠯᠤᠬ᠍ᠰᠠᠨ᠎ᠤ ᠬᠤᠪᠢ᠎ᠳᠤ ᠵᠧᠩ ᠱᠤᠧᠠᠩ ᠯᠥᠩ ᠤᠮᠤᠬ᠍ᠰᠢᠨ ᠪᠠᠢᠯ᠎ᠠ᠃ ᠤᠳᠤ ᠪᠤᠯᠬᠤ᠎ᠳᠤ ᠳᠡᠳᠡᠨ᠎ᠤ᠎ᠬᠢᠨ ᠨᠢᠭᠡᠨᠳᠡ ᠬᠠᠱᠢᠶ᠎ᠡ ᠳᠥᠭᠦᠷᠡᠩ ᠥᠭᠡᠷ᠎ᠲᠠᠢ ᠪᠤᠯᠵᠤ᠂ ᠡᠨᠡ ᠵᠢᠯ 7 ᠲᠤᠭᠤᠯ ᠬᠤᠳᠠᠯᠳᠤᠨ᠂ ᠳᠤᠭᠤᠯ ᠪᠥᠷᠢ᠎ᠨᠢ ᠳᠤᠮᠳᠠᠴᠢ᠎ᠪᠠᠷ 1 ᠲᠥᠮᠡ 2000 ᠲᠥᠭᠦᠷᠢᠭ᠎ᠤᠨ ᠥᠨ᠎ᠡ᠎ᠳᠤ ᠬᠥᠷᠥᠭ᠌ᠰᠡᠨ ᠪᠠᠢᠨ᠎ᠠ᠃

QQ图片20210111101156.png

ᠲᠡᠷᠡ ᠦᠩᠭᠡᠷᠡᠭ᠌ᠰᠡᠨ᠎ᠳᠤ ᠳᠠᠷᠢᠶᠠᠯᠠᠩ ᠪᠠ ᠮᠠᠯ ᠠᠵᠤ ᠠᠬᠤᠢ᠎ᠨᠢ ᠬᠠᠷᠢᠯᠴᠠᠨ ᠬᠠᠷᠱᠢᠯᠳᠤᠬᠤ᠎ᠠᠴᠠ ᠡᠮᠢᠶᠠᠵᠤ ᠪᠠᠢᠵᠠᠢ᠃ ᠭᠡᠪᠡᠴᠦ᠍ ᠮᠠᠯ᠎ᠢ ᠬᠠᠱᠢᠶᠠᠯᠠᠨ ᠳᠡᠵᠢᠭᠡᠬᠦ᠌ ᠵᠠᠭ᠍ᠪᠤᠷ᠎ᠢ ᠳᠡᠯᠭᠡᠷᠡᠭᠦᠯᠬᠦ᠌᠎ᠶ᠋ᠢ ᠳᠠᠭᠠᠯᠳᠤᠨ ᠡᠨᠡ ᠬᠦ᠌ ᠰᠠᠨᠠᠭᠠᠱᠢᠷᠠᠯ᠎ᠨᠢ ᠠᠶᠠᠨᠳᠠᠭᠠᠨ ᠳᠠᠢᠯᠤᠬ᠍ᠳᠠᠵᠤ᠂ ᠲᠠᠷᠢᠶᠠᠯᠠᠩ ᠪᠠ ᠮᠠᠯ ᠠᠵᠤ ᠠᠬᠤᠢ᠎ᠨᠢ ᠬᠠᠷᠢᠯᠴᠠᠨ ᠨᠥᠬᠦᠴᠡᠯᠳᠥᠬᠦ᠌᠎ᠶ᠋ᠢ ᠶᠠᠪᠤᠬᠤ ᠳᠤᠳᠤᠮ ᠥᠢᠯᠠᠭᠠᠵᠤ ᠠᠱᠢᠬ᠍ᠯᠠᠬᠤ ᠪᠤᠯᠪᠠ᠃ 2020 ᠤᠨ᠎ᠳᠤ᠂ ᠲᠡᠭᠦᠨ᠎ᠤ ᠲᠠᠷᠢᠬ᠍ᠰᠠᠨ 100 ᠮᠥ᠍ ᠡᠷᠳᠡᠨᠢ ᠱᠢᠰᠢ᠎ᠨᠢ ᠲᠥᠰᠥᠭᠡᠯᠡᠬᠦ᠌᠎ᠪᠠᠷ 18 ᠲᠥᠮᠡᠨ ᠵᠢᠩ ᠬᠤᠷᠢᠶᠠᠵᠤ᠂ ᠤᠳᠤ᠎ᠶ᠋ᠢᠨ ᠵᠠᠬ᠎ᠠ ᠳᠡᠯᠭᠡᠭᠦᠷ᠎ᠤᠨ 1.1 ᠲᠥᠭᠦᠷᠢᠭ᠎ᠤᠨ ᠥᠨ᠎ᠡ᠎ᠪᠠᠷ ᠪᠤᠳᠤᠬᠤ᠎ᠳᠤ 20 ᠲᠥᠮᠡᠨ ᠲᠥᠭᠦᠷᠢᠭ ᠤᠷᠴᠢᠮ ᠬᠤᠳᠠᠯᠳᠤᠬᠤ ᠪᠤᠯᠤᠨ᠎ᠠ᠃ ᠳᠠᠷᠢᠶᠠᠨ᠎ᠤ᠎ᠬᠢᠨ ᠡᠷᠳᠡᠨᠢ ᠱᠢᠰᠢ᠎ᠶ᠋ᠢᠨ ᠡᠰᠢ ᠰᠥᠷᠡᠯ᠎ᠨᠢ ᠥᠭᠡᠷ᠎ᠤᠨ ᠡᠪᠡᠰᠦ᠎ᠶ᠋ᠢ ᠭᠦᠢᠴᠡᠳ ᠬᠠᠩᠭᠠᠵᠤ᠂ ᠥᠭᠡᠷ᠎ᠤᠨ ᠢᠯᠭᠠᠳᠠᠰᠤ᠎ᠨᠢ ᠬᠠᠪᠤᠷ᠎ᠤᠨ ᠳᠠᠷᠢᠶᠠᠯᠠᠭ᠎ᠠ᠎ᠳᠤ ᠴᠢᠨᠠᠷ ᠰᠠᠢᠳᠠᠢ ᠨᠤᠲᠤᠬ᠎ᠤᠨ ᠪᠤᠷᠳᠤᠭᠤᠷ᠎ᠢᠶᠠᠷ ᠠᠱᠢᠬ᠍ᠯᠠᠬ᠍ᠳᠠᠨ᠂ ᠡᠷᠳᠡᠨᠢ ᠱᠢᠰᠢ ᠲᠠᠷᠢᠵᠤ ᠤᠷᠭᠤᠭᠤᠯᠬᠤ ᠪᠠ ᠥᠭᠡᠷ ᠳᠡᠵᠢᠭᠡᠵᠤ ᠥᠷᠡᠵᠢᠭᠦᠯᠬᠦ᠌᠎ᠨᠢ ᠳᠡᠳᠡᠨ᠎ᠤ ᠭᠡᠷ ᠪᠥᠯᠢ᠎ᠶ᠋ᠢᠨ ᠡᠷᠬᠢᠯᠳᠡᠳᠤ ᠠᠵᠤ ᠥᠢᠯᠡᠰ ᠪᠤᠯᠵᠤ ᠬᠥᠭ᠌ᠵᠢᠨ᠂ ᠥᠢᠯᠡᠳᠪᠥᠷᠢᠯᠡᠯ᠎ᠤᠨ ᠥᠪᠡᠷ᠎ᠤᠨ ᠥᠷᠳᠡᠭ᠎ᠢ ᠶᠡᠭᠡ᠎ᠪᠠᠷ ᠪᠠᠭᠤᠷᠠᠭᠤᠯᠵᠤ᠂ ᠥᠷ᠎ᠡ ᠠᠱᠢᠬ᠎ᠢ ᠬᠠᠮᠤᠬ ᠶᠡᠭᠡ᠎ᠪᠠᠷ ᠳᠡᠭᠡᠭ᠌ᠰᠢᠯᠡᠭᠦᠯᠬᠦ᠌ ᠪᠤᠯᠪᠠ᠃

《2017 ᠤᠨ᠎ᠳᠤ᠂ ᠡᠷᠳᠡᠨᠢ ᠱᠢᠰᠢ᠎ᠶ᠋ᠢᠨ ᠡᠰᠢ ᠰᠥᠷᠡᠯ᠎ᠢ ᠵᠥᠭᠡᠷ ᠥᠭ᠌ᠭᠦᠭᠡᠳ ᠠᠪᠬᠤ ᠬᠥᠮᠥᠨ ᠥᠭᠡᠢ ᠪᠠᠢᠬ᠍ᠰᠠᠨ᠂ 2019 ᠤᠨ᠎ᠳᠤ 1 ᠮᠥ᠍ ᠡᠰᠢ ᠰᠥᠷᠡᠯ 30 ᠲᠥᠭᠦᠷᠢᠭ ᠤᠷᠴᠢᠮ ᠪᠠᠢᠯ᠎ᠠ᠂ ᠬᠠᠷᠢᠨ ᠡᠨᠡ ᠵᠢᠯ 100 ᠲᠥᠭᠦᠷᠢᠭ᠎ᠲᠤ ᠬᠥᠷᠥᠭ᠌ᠰᠡᠨ᠂ ᠵᠥᠪᠬᠡᠨ ᠡᠰᠢ ᠰᠥᠷᠡᠯ ᠳᠡᠭᠡᠷ᠎ᠡ ᠪᠢᠳᠡ 1 ᠲᠥᠮᠡᠨ ᠲᠥᠭᠦᠷᠢᠭ ᠠᠷᠪᠢᠯᠠᠯ᠎ᠠ》 ᠭᠡᠵᠤ ᠵᠧᠩ ᠱᠤᠧᠠᠩ ᠯᠥᠩ᠎ᠤᠨ ᠡᠬᠡᠨᠡᠷ ᠴᠧᠠ ᠬᠠᠢ ᠬᠤᠧᠠ ᠶᠠᠷᠢᠨ᠎ᠠ᠃ ᠡᠨᠡ ᠵᠢᠯ᠂ ᠡᠷᠳᠡᠨᠢ ᠱᠢᠰᠢ᠎ᠶ᠋ᠢᠨ ᠥᠨ᠎ᠡ ᠥᠩᠭᠡᠷᠡᠭ᠌ᠰᠡᠨ ᠵᠢᠯ᠎ᠠᠴᠠ 0.3 ᠲᠥᠭᠦᠷᠢᠭ ᠥᠰᠴᠥ᠍᠂ ᠳᠡᠳᠡᠨ᠎ᠤ᠎ᠬᠢᠨ ᠥᠩᠭᠡᠷᠡᠭ᠌ᠰᠡᠨ ᠵᠢᠯ᠎ᠠᠴᠠ 5 ᠲᠥᠮᠡ ᠭᠠᠷᠤᠢ ᠲᠥᠭᠦᠷᠢᠭ ᠢᠯᠡᠭᠦᠤ ᠬᠤᠳᠠᠯᠳᠤᠬᠤ ᠪᠤᠯᠪᠠ᠃ ᠮᠠᠯ᠎ᠤᠨ ᠬᠠᠩᠰᠢ ᠥᠷᠬᠦᠯᠵᠢᠯᠠᠨ ᠥᠰᠴᠥ᠍᠂ 7 ᠲᠤᠭᠤᠯ ᠬᠤᠳᠠᠯᠳᠤᠨ᠂ ᠥᠨᠢᠶ᠎ᠡ᠎ᠨᠢ ᠦᠷᠡᠵᠢᠬᠡᠳ 25 ᠪᠤᠯᠵᠠᠢ᠃ ᠡᠢᠨ ᠬᠦ᠌ ᠳᠡᠳᠠᠨ᠎ᠤ 5 ᠠᠮᠠ ᠪᠥᠯᠢ᠎ᠶ᠋ᠢᠨ ᠪᠥᠬᠦ᠌ ᠵᠢᠯ᠎ᠤᠨ ᠴᠡᠪᠡᠷ ᠤᠷᠤᠯᠭ᠎ᠠ 20 ᠲᠥᠮᠡᠨ ᠲᠥᠭᠦᠷᠢᠭ᠎ᠲᠤ ᠬᠥᠷᠥᠭ᠌ᠰᠡᠨ᠎ᠢᠶᠠᠷ ᠪᠠᠷᠠᠬᠤ ᠥᠭᠡᠢ᠂ ᠳᠠᠷᠠᠭ᠎ᠠ ᠵᠢᠯ᠎ᠤᠨ ᠥᠭᠡᠷ᠎ᠤᠨ ᠤᠷᠤᠯᠭ᠎ᠠ ᠮᠥᠨ ᠬᠦ᠌ ᠳᠠᠬᠢᠨ᠎ᠢᠶᠠᠷ ᠨᠡᠮᠡᠭ᠌ᠳᠡᠬᠦ᠌ ᠪᠤᠯᠤᠨ᠎ᠠ᠃

ᠳ᠋ᠠ ᠯᠠᠮᠠ᠎ᠶ᠋ᠢᠨ ᠲᠤᠪᠤ ᠭᠠᠴᠠᠭ᠎ᠠ 170 ᠡᠷᠥᠭᠡ᠎ᠲᠠᠢ᠂ ᠤᠤᠯ᠎ᠨᠢ ᠮᠠᠯ ᠬᠠᠷᠠᠬ᠍ᠳᠠᠳᠠᠬ ᠥᠭᠡᠢ ᠪᠠᠢᠬ᠍ᠰᠠᠨ ᠭᠠᠴᠠᠭ᠎ᠠ ᠥᠢᠷ᠎ᠡ᠎ᠶ᠋ᠢᠨ ᠬᠤᠶᠠᠷ ᠵᠢᠯ᠎ᠳᠤ ᠥᠭᠡᠷ᠎ᠤᠨ ᠳᠤᠭ᠎ᠠ ᠥᠤᠡᠳᠡᠷ ᠲᠦᠷᠭᠡᠨ ᠨᠡᠮᠡᠭ᠌ᠳᠡᠵᠦ᠍᠂ ᠤᠳᠤ 500 ᠭᠠᠷᠤᠢ ᠲᠤᠯᠤᠭᠠᠢ᠎ᠳᠤ ᠬᠥᠷᠴᠥ᠍᠂ ᠳᠠᠷᠢᠶᠠᠴᠢᠳ ᠴᠥᠮ ᠳᠠᠷᠢᠵᠤ ᠤᠷᠭᠤᠭᠤᠯᠬᠤ ᠪᠠ ᠳᠡᠵᠢᠭᠡᠨ ᠥᠷᠡᠵᠢᠭᠦᠯᠬᠦ᠌᠎ᠶ᠋ᠢ ᠤᠶᠠᠯᠳᠤᠭᠤᠯᠤᠬ᠍ᠰᠠᠨ ᠭᠡᠷ ᠪᠥᠯᠢ᠎ᠶ᠋ᠢᠨ ᠡᠷᠬᠢᠯᠳᠡᠳᠥ ᠠᠵᠤ ᠥᠢᠯᠡᠰ᠎ᠢ ᠡᠷᠬᠢᠯᠡᠬᠦ᠌ ᠪᠤᠯᠤᠯ᠎ᠠ᠃ 《ᠡᠨᠡ ᠵᠢᠯ ᠮᠠᠨ᠎ᠤ ᠪᠥᠬᠦ᠌ ᠭᠠᠴᠠᠭ᠎ᠠ᠎ᠪᠠᠷ᠎ᠢᠶᠠᠨ ᠡᠯᠪᠡᠭ ᠬᠤᠷᠢᠶᠠᠯᠲᠠ ᠤᠯᠤᠬ᠍ᠰᠠᠨ᠂ ᠡᠷᠥᠭᠡ ᠪᠥᠷᠢ᠎ᠶ᠋ᠢᠨ ᠤᠷᠤᠯᠭ᠎ᠠ ᠥᠩᠭᠡᠷᠡᠭ᠌ᠰᠡᠨ ᠵᠢᠯ᠎ᠤᠨ᠎ᠬᠢ᠎ᠠᠴᠠ ᠶᠡᠭᠡ ᠬᠡᠮᠵᠢᠶ᠎ᠡ᠎ᠪᠠᠷ ᠳᠡᠭᠡᠭ᠌ᠰᠢᠯᠡᠵᠠᠢ᠃ ᠳᠠᠷᠢᠶᠠᠯᠠᠩ ᠪᠠ ᠮᠠᠯ ᠠᠵᠤ ᠠᠬᠤᠢ᠎ᠶ᠋ᠢ ᠤᠶᠠᠯᠳᠤᠭᠤᠯᠤᠬ᠍ᠰᠠᠨ ᠭᠡᠷ ᠪᠥᠯᠢ᠎ᠶ᠋ᠢᠨ ᠡᠷᠬᠢᠯᠳᠡᠳᠥ ᠠᠵᠤ ᠥᠢᠯᠡᠰ᠎ᠨᠢ ᠮᠠᠨ᠎ᠤ ᠠᠳᠡᠬᠢ ᠬᠥᠳᠡᠭᠡ ᠨᠤᠲᠤᠬ᠎ᠲᠤ ᠴᠤᠬᠤᠮ ᠬᠦ᠌ ᠵᠤᠬᠢᠴᠠᠵᠤ᠂ ᠪᠠᠶᠠᠵᠢᠨ ᠴᠢᠨᠡᠭᠡᠯᠢᠭ᠌ᠵᠢᠬᠦ᠌᠎ᠶ᠋ᠢᠨ ᠱᠢᠨ᠎ᠡ ᠵᠠᠮ᠎ᠢ ᠨᠡᠭᠡᠭᠡᠵᠤ ᠥᠭ᠌ᠭᠦᠯ᠎ᠡ》 ᠭᠡᠵᠤ ᠲᠤᠰ ᠭᠠᠴᠠᠭ᠎ᠠ᠎ᠶ᠋ᠢᠨ ᠨᠠᠮ᠎ᠤᠨ ᠡᠭᠦᠷ᠎ᠤᠨ ᠱᠥᠵᠢ ᠰᠥᠩ ᠢᠤᠢ ᠪᠤᠤ ᠶᠠᠷᠢᠵᠤ ᠪᠠᠢᠯ᠎ᠠ᠃

 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号