ᠲᠡᠪᠡᠭᠡ ᠤᠰᠤ ᠲᠣᠰᠭᠤᠨ᠄ ᠭᠤᠷᠪᠠᠨ ᠠᠵᠤ ᠦᠢᠯᠡᠰ᠎ᠢᠶᠠᠷ ᠴᠢᠨᠡᠬᠡᠯᠢᠭ ᠠᠮᠢᠳᠤᠷᠠᠯ᠎ᠢᠶᠠᠨ ᠴᠤᠭ᠍ᠴᠠᠯᠠᠨ᠎ᠠ
2021-01-18 12:01:07
ᠵᠣᠬᠢᠶᠠᠭ᠍ᠴᠢ᠄
ᠸᠠᠩ ᠲᠠᠨ᠎ᠠ
ᠣᠩᠱᠢᠭ᠍ᠰᠠᠨ ᠣᠳᠠᠭ᠎ᠠ᠄
★★★☆☆

ᠠᠷᠤ ᠬᠤᠷᠴᠢᠨ ᠬᠤᠱᠢᠭᠤᠨ᠎ᠤ ᠪᠠᠶᠠᠨᠬᠤᠸᠠ ᠪᠠᠯᠭᠠᠰᠤ᠎ᠶ᠋ᠢᠨ ᠪᠠᠷᠠᠭᠤᠨ ᠬᠡᠰᠡᠭ᠎ᠲᠤ ᠪᠠᠢᠷᠢᠯᠠᠭ᠎ᠠ ᠲᠡᠪᠡᠭᠡ ᠤᠰᠤ ᠲᠣᠰᠭᠤᠨ ᠨᠠᠮ᠎ᠤᠨ ᠪᠠᠢᠭᠤᠯᠤᠯᠲᠠ᠎ᠪᠠᠷ ᠬᠥᠲᠥᠯᠥᠨ ᠳᠠᠭᠠᠭᠤᠯᠵᠤ᠂ ᠵᠢᠮᠢᠰ᠎ᠤᠨ ᠠᠵᠤ  ᠦᠢᠯᠡᠰ᠂ ᠢᠳᠡᠭᠡᠨ ᠤᠮᠳᠠᠭᠠᠨ ᠵᠢᠭᠤᠯᠴᠢᠯᠠᠯ᠎ᠤᠨ ᠠᠵᠤ  ᠦᠢᠯᠡᠰ ᠪᠤᠯᠤᠨ ᠣᠨᠴᠠᠯᠢᠭ᠍ᠲᠤ ᠲᠡᠵᠢᠭᠡᠪᠤᠷᠢ᠎ᠶ᠋ᠢᠨ ᠠᠵᠤ ᠦᠢᠯᠡᠰ᠎ᠢ ᠬᠦᠭ᠌ᠵᠢᠬᠦᠯᠦᠬᠡᠳ ᠠᠷᠠᠳ ᠤᠯᠠᠨ᠎ᠤ᠎ᠪᠠᠨ ᠠᠱᠢᠭ ᠤᠷᠤᠯᠭ᠎ᠠ᠎ᠶ᠋ᠢ ᠨᠡᠮᠡᠭ᠌ᠳᠡᠬᠦᠯᠦᠭ᠌ᠰᠡᠨ᠎ᠢᠶᠠᠷ ᠪᠠᠷᠠᠬᠤ ᠦᠬᠡᠢ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠠᠵᠤ ᠦᠢᠯᠡᠰ᠎ᠤᠨ ᠰᠠᠭᠤᠷᠢ᠎ᠶ᠋ᠢ ᠴᠦ᠍ ᠪᠠᠳᠤᠳᠭᠠᠯ᠎ᠠ᠃

2018 ᠣᠨ᠎ᠳᠤ᠂ ᠪᠠᠯᠭᠠᠰᠤ ᠲᠣᠰᠭᠤᠨ ᠬᠤᠶᠠᠷ ᠱᠠᠲᠤᠨ᠎ᠤ᠎ᠬᠢᠨ 12 ᠪᠦᠷᠢᠯᠳᠦᠬᠦᠨ ᠨᠢᠭᠡᠴᠢ᠎ᠶ᠋ᠢᠨ ᠨᠠᠮ᠎ᠤᠨ ᠵᠣᠬᠢᠶᠠᠨ ᠪᠠᠢᠭᠤᠯᠤᠯᠲᠠ᠎ᠶ᠋ᠢᠨ ᠡᠯ᠎ᠡ ᠲᠥᠷᠥᠯ᠎ᠤᠨ ᠬᠥᠭ᠌ᠵᠢᠯᠲᠡ᠎ᠶ᠋ᠢᠨ ᠡᠬᠢ ᠪᠠᠶᠠᠯᠢᠭ᠎ᠢ ᠨᠡᠢᠤᠡᠬᠡᠵᠤ ᠲᠡᠪᠡᠭᠡ ᠠᠢᠯ᠎ᠤᠨ ᠤᠢ ᠵᠢᠮᠢᠰ᠎ᠤᠨ ᠠᠵᠤ ᠠᠬᠤᠢ᠎ᠶ᠋ᠢᠨ ᠶᠡᠷᠦᠩᠬᠡᠢ ᠴᠣᠭ᠍ᠴᠠ᠎ᠶ᠋ᠢᠨ ᠬᠤᠯᠪᠣᠭᠠᠲᠤ ᠨᠠᠮ᠎ᠤᠨ ᠡᠭᠦᠷ᠎ᠢ ᠪᠠᠢᠭᠤᠯᠪᠠ᠃ ᠲᠤᠰ ᠨᠠᠮ᠎ᠤᠨ ᠡᠬᠦᠷ᠎ᠤᠨ᠎ᠬᠢᠨ ᠲᠤᠰᠭᠤᠨ᠎ᠤ ᠠᠵᠤ ᠠᠬᠤᠢ᠎ᠶ᠋ᠢᠨ ᠬᠦᠭ᠌ᠵᠢᠯᠳᠡ᠎ᠶ᠋ᠢ ᠨᠠᠮ᠎ᠤᠨ ᠪᠠᠢᠭᠤᠯᠤᠯᠲᠠ᠎ᠶ᠋ᠢᠨ᠎ᠢᠶᠠᠨ ᠭᠤᠣᠯᠳᠠᠯᠭ᠎ᠠ᠎ᠲᠠᠢ ᠠᠵᠢᠯ ᠪᠤᠯᠭᠠᠨ ᠴᠢᠩᠭ᠎ᠠ ᠠᠳᠭᠤᠵᠤ᠂ ᠬᠠᠮᠲᠤ᠎ᠶ᠋ᠢᠨ ᠠᠵᠤ ᠠᠬᠤᠢ᠎ᠶ᠋ᠢ ᠬᠥᠭ᠌ᠵᠢᠭᠦᠯᠦᠨ ᠪᠤᠵᠠᠭᠠᠢᠷᠠᠭᠤᠯᠬᠤ᠂ ᠨᠠᠮ᠎ᠤᠨ ᠪᠠᠢᠭᠤᠯᠤᠯᠲᠠ᠎ᠶ᠋ᠢ ᠠᠤᠡᠬᠤᠵᠤ ᠶᠠᠳᠠᠭᠤ᠎ᠠᠴᠠ ᠠᠩᠭᠢᠵᠢᠷᠠᠭᠤᠯᠬᠤ ᠪᠣᠭᠤᠮᠲᠠ ᠱᠢᠪᠲᠤᠯᠤᠯᠳᠠ᠎ᠶ᠋ᠢ ᠠᠬᠢᠭᠤᠯᠬᠤ ᠪᠠ ᠬᠥᠳᠡᠭᠡ ᠲᠣᠰᠭᠤᠨ᠎ᠢ ᠬᠥᠭ᠌ᠵᠢᠭᠦᠯᠦᠨ ᠮᠠᠨᠳᠤᠭᠤᠯᠬᠤ ᠭᠤᠣᠯ ᠴᠣᠭ᠍ᠴᠠ᠎ᠶ᠋ᠢᠨ ᠦᠢᠯᠡᠳᠦᠯ᠎ᠢᠶᠠᠨ ᠪᠠᠳᠠᠷᠠᠭᠤᠯᠵᠤ᠂ ᠤᠷᠤᠨ ᠨᠤᠳᠤᠭ᠎ᠤᠨ ᠡᠬᠢ ᠪᠠᠶᠠᠯᠢᠭ᠎ᠲᠠᠭᠠᠨ ᠰᠠᠭᠤᠷᠢᠯᠡᠨ ᠦᠪᠡᠷᠮᠢᠴᠡ ᠤᠨᠴᠠᠯᠢᠭ᠎ᠲᠠᠢ ᠭᠤᠷᠪᠠᠨ ᠲᠠᠪᠠᠭᠤᠯᠢᠭ᠍ᠳᠤ ᠠᠵᠤ ᠦᠢᠯᠡᠰ᠎ᠢ ᠬᠦᠭ᠌ᠵᠢᠬᠦᠯᠤᠨ ᠪᠤᠵᠠᠭᠠᠢᠷᠠᠭᠤᠯᠤᠭ᠍ᠰᠠᠨ ᠪᠠᠢᠨ᠎ᠠ᠃

ᠲᠡᠪᠡᠭᠡ ᠤᠰᠤ ᠲᠤᠰᠭᠤᠨ᠎ᠤ ᠤᠢ ᠵᠢᠮᠢᠰ᠎ᠤᠨ ᠬᠦᠷᠢᠶᠡᠯᠡᠩ᠎ᠤᠨ ᠵᠢᠯ ᠪᠦᠷᠢ᠎ᠶ᠋ᠢᠨ ᠵᠢᠮᠢᠰ᠎ᠤᠨ ᠤᠨᠠᠯᠳᠠ 150 ᠲᠦᠮᠡᠨ ᠵᠢᠩ᠎ᠢ ᠲᠠᠪᠠᠵᠤ ᠪᠤᠢ᠃ ᠤᠢ ᠵᠢᠮᠢᠰ᠎ᠤᠨ ᠬᠦᠷᠢᠶᠠᠯᠠᠩ᠎ᠤᠨ ᠠᠯᠢᠮ᠎ᠠ᠂ 123 ᠠᠯᠮᠤᠷᠠᠳ᠂ ᠤᠯᠠᠭᠠᠨ ᠬᠠᠰ ᠠᠯᠮᠤᠷᠠᠳ᠎ᠨᠢ ᠪᠤᠬᠢᠷᠳᠤᠯ ᠦᠬᠡᠢ ᠣᠷᠭᠠᠨᠢᠭ᠂ ᠱᠢᠮ᠎ᠠ ᠱᠢᠬᠦᠰᠤ᠎ᠲᠠᠢ ᠪᠣᠯᠬᠤᠷ ᠬᠡᠷᠡᠭ᠌ᠯᠡᠭ᠌ᠴᠢᠳ᠎ᠤᠨ ᠲᠠᠭᠠᠱᠢᠶᠠᠯ᠎ᠢ ᠣᠯᠵᠤ᠂ ᠵᠢᠯ ᠪᠦᠷᠢ ᠭᠠᠳᠠᠷ ᠣᠷᠣᠨ᠎ᠤ ᠠᠷᠠᠯᠵᠢᠶᠠᠴᠢᠳ᠎ᠤᠨ ᠠᠩᠬᠠᠷᠤᠯ᠎ᠢ ᠲᠠᠲᠠᠨ ᠪᠤᠷᠤᠯᠠᠭᠤᠯᠭ᠎ᠠ᠎ᠪᠠᠷ ᠮᠠᠰᠢ ᠰᠠᠢᠨ ᠪᠤᠯᠵᠠᠢ᠃ ᠡᠳᠡᠭᠡᠷ ᠠᠷᠠᠯᠵᠢᠶᠠᠴᠢᠨ ᠲᠡᠪᠡᠭᠡ ᠠᠢᠯ᠎ᠤᠨ ᠠᠮᠳᠠᠳᠤ ᠵᠢᠮᠢᠰ᠎ᠢ ᠪᠦᠬᠦ᠌ ᠤᠯᠤᠰ᠎ᠲᠤ ᠪᠣᠷᠣᠯᠠᠭᠤᠯᠵᠤ ᠪᠠᠢᠬᠤ᠎ᠪᠠᠷ ᠪᠠᠷᠠᠬᠤ ᠦᠭᠡᠢ ᠪᠠᠰᠠ ᠪᠢᠷᠮᠠ᠎ᠳᠤ ᠭᠠᠷᠭᠠᠵᠤ᠂ ᠡᠳᠦᠷ᠎ᠤᠨ ᠪᠣᠷᠣᠯᠠᠭᠤᠯᠭ᠎ᠠ᠎ᠶ᠋ᠢᠨ ᠬᠡᠮᠵᠢᠶ᠎ᠡ᠎ᠨᠢ 2 — 3 ᠲᠦᠮᠡᠨ ᠵᠢᠩ᠎ᠳᠤ ᠬᠦᠷᠴᠦ᠍ ᠪᠠᠢᠨ᠎ᠠ᠃ ᠤᠢ᠍ᠢᠷ᠎ᠠ᠎ᠶ᠋ᠢᠨ ᠬᠤᠶᠠᠷ ᠵᠢᠯ᠎ᠳᠤ ᠬᠡᠰᠡᠭ ᠵᠠᠯᠠᠭᠤᠴᠤᠳ ᠨᠤᠲᠤᠭ᠎ᠲᠠᠭᠠᠨ ᠪᠤᠴᠠᠨ ᠦᠢᠯᠡᠰ ᠪᠤᠰᠭᠠᠵᠤ᠂ ᠱᠢᠨ᠎ᠡ ᠣᠢᠯᠠᠭᠠᠭ᠍ᠳᠠᠬᠤᠨ᠂ ᠱᠢᠨ᠎ᠡ ᠲᠧᠭ᠌ᠨᠢᠭ ᠮᠡᠷᠭᠡᠵᠢᠯ ᠪᠠ ᠱᠢᠨ᠎ᠡ ᠦᠵᠡᠯ ᠰᠠᠨᠠᠭᠠᠨ᠎ᠤ ᠰᠣᠯᠢᠯᠴᠠᠭ᠎ᠠ᠎ᠶ᠋ᠢ ᠪᠤᠢ ᠪᠣᠯᠭᠠᠵᠤ᠂ ᠵᠢᠮᠢᠰ᠎ᠤᠨ ᠮᠤᠳᠤᠨ᠎ᠤ ᠴᠢᠬᠢ ᠪᠤᠢᠵᠢᠭᠤᠯᠬᠤ ᠨᠢᠭᠡ ᠪᠦᠯᠦᠭ ᠨᠤᠳᠤᠭ᠎ᠤᠨ ᠮᠡᠷᠬᠡᠵᠢᠯᠳᠡᠨ᠎ᠤ ᠲᠤᠰᠭᠠᠢ ᠡᠵᠡᠩᠨᠡᠯᠳᠡ᠎ᠶ᠋ᠢ ᠲᠠᠢᠴᠢᠯᠠᠵᠠᠢ᠃ ᠲᠡᠳᠡ ᠪᠤᠢᠵᠢᠭᠤᠯᠤᠭ᠍ᠰᠠᠨ ᠵᠢᠮᠢᠰ᠎ᠤᠨ ᠮᠤᠳᠤᠨ᠎ᠤ ᠴᠢᠬᠢ᠎ᠪᠠᠨ ᠡᠯᠧᠺᠲᠷᠣᠨ ᠬᠤᠳᠠᠯᠳᠤᠭᠠᠨ᠎ᠤ ᠬᠡᠯᠪᠡᠷᠢ᠎ᠪᠠᠷ ᠲᠠᠮᠵᠢᠨ ᠪᠦᠬᠦ᠌ ᠤᠯᠤᠰ᠎ᠤᠨ ᠡᠯ᠎ᠠ ᠭᠠᠵᠠᠷ᠎ᠲᠤ ᠪᠣᠷᠣᠯᠠᠭᠤᠯᠵᠤ᠂ ᠨᠤᠲᠤᠭ᠎ᠤᠨ ᠣᠯᠠᠨ ᠲᠦᠮᠡᠨ᠎ᠤ᠎ᠪᠠᠨ ᠠᠱᠢᠭ ᠤᠷᠤᠯᠭ᠎ᠠ᠎ᠶ᠋ᠢ ᠴᠦ᠍ ᠵᠢᠯ᠎ᠠᠴᠠ ᠵᠢᠯ ᠨᠡᠮᠡᠭ᠌ᠳᠡᠬᠦᠯᠪᠡ᠃

ᠤᠷᠤ ᠨᠤᠳᠤᠭ᠎ᠤᠨ᠎ᠢᠶᠠᠨ ᠵᠢᠭᠤᠯᠴᠢᠯᠠᠯ᠎ᠤᠨ ᠡᠬᠢ ᠪᠠᠶᠠᠯᠢᠭ᠎ᠤᠨ ᠳᠠᠪᠠᠭᠤᠯᠢᠭ᠎ᠢᠶᠠᠨ ᠭᠦᠶᠴᠡᠳ ᠪᠠᠳᠠᠷᠠᠭᠤᠯᠤᠨ ᠵᠢᠭᠤᠯᠴᠢᠯᠠᠯ᠎ᠤᠨ ᠠᠵᠤ  ᠦᠢᠯᠡᠰ᠎ᠢ ᠶᠡᠭᠡ᠎ᠪᠠᠷ ᠬᠥᠭ᠌ᠵᠢᠭᠦᠯᠵᠦ᠍᠂ ᠲᠡᠪᠡᠭᠡ ᠠᠢᠯ᠎ᠤᠨ ᠦᠵᠡᠮᠵᠢ᠎ᠶ᠋ᠢᠨ ᠣᠷᠣᠨ᠎ᠢ ᠪᠦᠳᠦᠬᠡᠨ ᠪᠠᠢᠭᠤᠯᠬᠤ᠎ᠶ᠋ᠢᠨ ᠬᠠᠮᠳᠤ ᠬᠦᠯᠢᠶᠡᠨ ᠠᠪᠴᠦ᠍ ᠵᠤᠴᠢᠯᠠᠬᠤ ᠴᠢᠳᠠᠪᠤᠷᠢ᠎ᠪᠠᠨ ᠲᠠᠰᠤᠷᠠᠯᠲᠠ ᠦᠭᠡᠢ ᠲᠡᠬᠡᠭ᠌ᠰᠢᠯᠡᠬᠦᠯᠵᠤ᠂ ᠵᠢᠭᠤᠯᠴᠢᠯᠠᠭ᠍ᠰᠡᠳ᠎ᠲᠤ ᠬᠦᠳᠡᠭᠡ ᠲᠤᠰᠭᠤᠨ᠎ᠤ ᠠᠮᠢᠳᠤᠷᠠᠯ᠎ᠢ ᠪᠡᠶᠡᠴᠢᠯᠡᠨ ᠣᠢᠯᠠᠭᠠᠭᠤᠯᠬᠤ᠎ᠪᠠᠷ ᠲᠠᠮᠵᠢᠨ 《ᠲᠡᠪᠡᠭᠡ ᠤᠰᠤ᠎ᠶ᠋ᠢᠨ ᠤᠢ᠎ᠶ᠋ᠢᠨ ᠵᠢᠮᠢᠰ》 ᠎ᠤᠨ ᠲᠦᠷᠦᠯ ᠲᠡᠮᠳᠡᠭ᠎ᠢᠶᠠᠨ ᠤᠯᠠᠮ ᠨᠢᠭᠡ ᠤᠬᠠᠭᠤᠯᠤᠨ ᠲᠡᠯᠬᠡᠷᠡᠬᠦᠯᠵᠦ᠍᠂ ᠲᠠᠷᠢᠶᠠᠯᠠᠩ᠎ᠤᠨ ᠲᠤᠰᠠᠯᠠᠬᠤ ᠠᠵᠤ ᠤᠢ᠍ᠢᠯᠡᠰ᠎ᠤᠨ ᠪᠦᠲᠦᠭᠡᠭ᠌ᠳᠡᠬᠦᠨ᠎ᠤ ᠵᠠᠬ᠎ᠠ ᠳᠡᠯᠭᠡᠭᠦᠷ᠎ᠢ ᠥᠷᠭᠡᠳᠭᠡᠨ ᠪᠣᠷᠣᠯᠠᠭᠤᠯᠤᠯᠲᠠ᠎ᠶ᠋ᠢ ᠠᠬᠢᠭᠤᠯᠵᠤ᠂ ᠲᠠᠷᠢᠶᠠᠯᠠᠩ᠎ᠤᠨ ᠲᠤᠰᠠᠯᠠᠬᠤ ᠠᠵᠤ ᠤᠢ᠍ᠢᠯᠡᠰ᠎ᠤᠨ ᠪᠦᠲᠦᠭᠡᠭ᠌ᠳᠡᠬᠦᠨ᠎ᠢ ᠲᠤᠬᠠᠶ᠎ᠶ᠋ᠢᠨ ᠭᠠᠵᠠᠷ᠎ᠲᠤᠨᠢ ᠬᠤᠪᠢᠷᠠᠭᠤᠯᠤᠨ ᠦᠷᠳᠡᠭ᠎ᠢ᠎ᠨᠢ ᠳᠡᠭᠡᠭ᠌ᠰᠢᠯᠡᠭᠦᠯᠵᠦ᠍᠂ ᠲᠤᠰᠭᠤᠨ᠎ᠤ ᠠᠷᠡᠳ᠎ᠤᠨ ᠠᠱᠢᠭ ᠤᠷᠤᠯᠭ᠎ᠠ᠎ᠶ᠋ᠢ ᠨᠡᠮᠡᠭ᠌ᠳᠡᠬᠦᠯᠬᠦ᠌᠎ᠳᠤ ᠬᠦᠴᠦᠲᠡᠶ ᠪᠠᠳᠤᠯᠠᠭ᠎ᠠ ᠬᠠᠩᠭᠠᠭ᠍ᠰᠠᠨ ᠪᠠᠢᠨ᠎ᠠ᠃

2016 ᠣᠨ᠎ᠳᠤ ᠮᠢᠬᠠᠨ᠎ᠤ ᠬᠤᠨᠢ ᠲᠡᠵᠢᠭᠡᠬᠦ᠌ ᠦᠷ᠎ᠡ ᠠᠱᠢᠭ ᠨᠢᠬᠡᠨ ᠦᠶ᠎ᠠ ᠨᠡᠯᠢᠶᠡᠳ ᠪᠠᠭᠤᠷᠠᠪᠠ᠃ ᠡᠬᠦᠨ᠎ᠳᠤ ᠲᠡᠪᠡᠭᠡ ᠤᠰᠤ ᠲᠤᠰᠭᠤᠨ᠎ᠤ ᠨᠠᠮ᠎ᠤᠨ ᠡᠬᠦᠷ ᠪᠤᠯᠤᠨ ᠲᠤᠰᠭᠤᠨ᠎ᠤ ᠵᠦᠪᠯᠠᠯ᠎ᠤᠨ ᠤᠳᠤᠷᠢᠤᠡᠬᠤ ᠪᠠᠭ᠎ᠤᠨ᠎ᠬᠢᠨ ᠲᠣᠰᠭᠤᠨ᠎ᠤ ᠠᠷᠠᠳ᠎ᠢᠶᠠᠨ ᠳᠠᠭᠠᠭᠤᠯᠤᠨ ᠭᠠᠳᠠᠨ᠎ᠠ ᠤᠷᠤᠨ᠎ᠳᠤ ᠤᠯᠠᠨ ᠤᠳᠠᠭ᠎ᠠ ᠬᠦᠷᠴᠦ᠍᠂ ᠤᠢ ᠵᠢᠮᠢᠰ᠎ᠤᠨ ᠠᠵᠤ ᠠᠬᠤᠢ᠎ᠶ᠋ᠢ ᠱᠢᠨᠵᠢᠯᠡᠨ ᠪᠠᠢᠴᠠᠭᠠᠵᠤ᠂  ᠬᠦᠷᠢᠶ᠎ᠡ ᠬᠠᠱᠢᠶ᠎ᠠ ᠪᠣᠯᠤᠨ ᠵᠢᠮᠢᠰ᠎ᠤᠨ ᠤᠢ᠎ᠶ᠋ᠢᠨ ᠳᠣᠲᠣᠷ᠎ᠠ ᠲᠠᠬᠢᠶ᠎ᠠ ᠲᠡᠵᠢᠭᠡᠬᠦ᠌ ᠲᠤᠷᠱᠢᠯᠭ᠎ᠠ᠎ᠶ᠋ᠢ ᠰᠤᠷᠤᠯᠴᠠᠨ ᠮᠢᠬᠠᠨ᠎ᠤ ᠲᠠᠬᠢᠶ᠎ᠠ ᠲᠠᠵᠢᠬᠡᠬᠦ᠌ ᠵᠠᠮ᠎ᠢ ᠬᠠᠢᠨ ᠰᠦᠪᠡᠭ᠌ᠴᠢᠯᠡᠭ᠌ᠰᠡᠨ ᠪᠠᠢᠨ᠎ᠠ᠃ 2019 ᠣᠨ᠎ᠳᠤ ᠪᠦᠬᠦ᠌ ᠲᠤᠰᠭᠤᠨ᠎ᠢᠶᠠᠷ᠎ᠢᠶᠠᠨ 4000 ᠭᠠᠷᠤᠶ ᠲᠠᠬᠢᠶ᠎ᠠ ᠲᠡᠵᠢᠬᠡᠵᠦ᠍᠂ ᠲᠤᠮᠳᠠᠴᠢ᠎ᠪᠠᠷ ᠲᠠᠬᠢᠶ᠎ᠠ ᠨᠢᠬᠡ ᠪᠦᠷᠢ᠎ᠶ᠋ᠢ 100 ᠲᠥᠭᠦᠷᠢᠭ᠎ᠢᠶᠠᠷ ᠬᠤᠳᠠᠯᠳᠤᠨ 40 ᠭᠠᠷᠦᠢ ᠲᠦᠮᠡᠨ ᠲᠥᠭᠦᠷᠢᠭ᠎ᠤᠨ ᠤᠷᠤᠯᠭ᠎ᠠ ᠤᠯᠵᠦ᠍᠂ ᠮᠢᠬᠠᠨ᠎ᠤ ᠳᠠᠬᠢᠶ᠎ᠠ᠎ᠶ᠋ᠢᠨ ᠤᠨᠴᠠᠯᠢᠭ᠍ᠳᠤ ᠲᠠᠵᠢᠬᠡᠪᠤᠷᠢ᠎ᠶ᠋ᠢᠨ ᠠᠵᠤ ᠦᠢᠯᠡᠰ ᠨᠢᠬᠡᠨᠳᠡ ᠲᠤᠰᠭᠤᠨ᠎ᠤ ᠠᠷᠠᠳ᠎ᠢ ᠪᠠᠶᠠᠵᠢᠭᠤᠯᠬᠤ ᠱᠢᠨ᠎ᠠ ᠬᠢᠯᠡᠰ ᠴᠡᠭ ᠪᠤᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号