ᠦᠪᠡᠷᠲᠡᠭᠡᠨ ᠵᠠᠰᠠᠬᠤ ᠤᠷᠤᠨ᠎ᠤ ᠬᠤᠶᠠᠷ ᠬᠤᠷᠠᠯ ᠪᠠᠶᠠᠨᠨᠠᠭᠤᠷ ᠬᠤᠲᠠ᠎ᠶ᠋ᠢᠨ ᠨᠡᠢᠭᠡᠮ᠎ᠤᠨ ᠡᠯ᠎ᠡ ᠡᠳᠡᠭᠡᠳ᠎ᠤᠨ᠎ᠬᠢᠨ᠎ᠤ ᠠᠩᠬᠠᠷᠤᠯ᠎ᠢ ᠲᠠᠲᠠᠵᠤ᠂ ᠤᠯᠠᠨ᠎ᠢᠶᠠᠷ᠎ᠢᠶᠠᠨ ᠬᠤᠶᠠᠷ ᠬᠤᠷᠠᠯ᠎ᠤᠨ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠤᠨ ᠠᠭᠤᠯᠭ᠎ᠠ᠎ᠶ᠋ᠢ ᠦᠵᠡᠵᠦ᠍ ᠰᠤᠨᠤᠰᠤᠭᠠᠳ ᠢᠷᠠᠭᠡᠳᠦᠢ᠎ᠶ᠋ᠢᠨ ᠠᠮᠢᠳᠤᠷᠠᠯ ᠦᠢᠯᠡᠳᠪᠦᠷᠢᠯᠡᠯ᠎ᠳᠡᠭᠡᠨ ᠤᠯᠠᠮ ᠢᠳᠡᠭᠡᠯ ᠲᠦᠭᠦᠷᠡᠩ ᠪᠤᠯᠤᠭ᠍ᠰᠠᠨ ᠪᠠᠢᠨ᠎ᠠ᠃
ᠤᠷᠠᠳ᠎ᠤᠨ ᠡᠮᠦᠨᠡᠲᠦ ᠬᠤᠱᠢᠭᠤᠨ᠎ᠤ ᠮᠤᠨᠠ ᠠᠭᠤᠯᠠ ᠪᠠᠯᠭᠠᠰᠤ᠎ᠶ᠋ᠢᠨ ᠦᠨᠳᠦᠰᠦᠲᠡᠨ᠎ᠤ ᠨᠡᠢᠭᠡᠮ ᠲᠤᠭᠤᠷᠢᠭ᠎ᠤᠨ ᠺᠠᠳ᠋ᠷ ᠠᠵᠢᠯᠲᠠᠳ ᠬᠤᠶᠠᠷ ᠬᠤᠷᠠᠯ᠎ᠢ ᠠᠩᠬᠠᠷᠤᠨ ᠬᠠᠯᠠᠮᠵᠢᠯᠠᠵᠤ᠂ ᠴᠠᠭ ᠲᠤᠬᠠᠢᠳᠤᠨᠢ ᠬᠤᠶᠠᠷ ᠬᠤᠷᠠᠯ᠎ᠤᠨ ᠵᠤᠷᠢᠭ ᠰᠠᠨᠠᠭ᠎ᠠ᠎ᠶ᠋ᠢ ᠰᠤᠷᠤᠯᠴᠠᠭ᠍ᠰᠠᠨ ᠪᠠᠢᠨ᠎ᠠ᠃ ᠲᠤᠰ ᠨᠡᠢᠭᠡᠮ ᠲᠤᠭᠤᠷᠢᠭ᠎ᠤᠨ ᠠᠵᠢᠯᠲᠠᠨ ᠯᠢᠨᠠ᠄ 《ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠳᠤ᠂ ᠠᠷᠠᠳ ᠲᠦᠮᠡᠨ᠎ᠢᠶᠠᠷ ᠭᠤᠣᠯ ᠪᠣᠯᠭᠠᠬᠤ ᠬᠥᠭ᠌ᠵᠢᠯᠲᠡ᠎ᠶ᠋ᠢᠨ ᠦᠵᠡᠯ ᠰᠠᠨᠠᠭ᠎ᠠ᠎ᠶ᠋ᠢ ᠪᠠᠷᠢᠮᠲᠠᠯᠠᠵᠤ᠂ ᠠᠷᠠᠳ ᠲᠦᠮᠡᠨ᠎ᠤ ᠪᠤᠶᠠᠨ ᠵᠢᠷᠭᠠᠯ᠎ᠢ ᠨᠡᠮᠡᠭ᠌ᠳᠡᠭᠦᠯᠬᠦ᠌ ᠪᠠ ᠬᠠᠮᠲᠤ᠎ᠪᠠᠷ ᠴᠢᠨᠡᠭᠡᠯᠢᠭ᠌ᠵᠢᠭᠦᠯᠬᠦ᠌᠎ᠶ᠋ᠢ ᠠᠬᠢᠭᠤᠯᠬᠤ᠎ᠪᠠᠷ ᠬᠥᠭ᠌ᠵᠢᠯᠲᠡ᠎ᠶ᠋ᠢᠨ ᠵᠤᠷᠢᠯᠲᠠ ᠪᠠ ᠳᠤᠰᠤᠯᠲᠠ ᠪᠣᠯᠭᠠᠨ᠂ ᠣᠯᠠᠨ ᠨᠡᠢᠲᠡ᠎ᠶ᠋ᠢᠨ ᠦᠢᠯᠡᠴᠢᠯᠡᠭᠡᠨ᠎ᠤ ᠶᠠᠰᠤ ᠴᠢᠨᠠᠷ᠎ᠢ ᠳᠡᠭᠡᠭ᠌ᠰᠢᠯᠡᠭᠦᠯᠵᠦ᠍᠂ ᠠᠷᠠᠳ᠎ᠤᠨ ᠠᠮᠢᠳᠤᠷᠠᠯ᠎ᠤᠨ ᠴᠢᠨᠠᠷ ᠴᠢᠨᠰᠠᠭ᠎ᠠ᠎ᠶ᠋ᠢ ᠰᠠᠢᠵᠢᠷᠠᠭᠤᠯᠤᠨ᠂ ᠠᠷᠠᠳ ᠣᠯᠠᠨ᠎ᠤ ᠬᠦᠷᠲᠡᠮᠵᠢ᠎ᠶ᠋ᠢᠨ ᠲᠦᠷᠦᠭ᠌ᠳᠡᠯ᠂ ᠵᠢᠷᠭᠠᠯᠲᠤ ᠲᠦᠷᠦᠭ᠌ᠳᠡᠯ᠂ ᠠᠮᠤᠷ ᠲᠦᠪᠱᠢᠨ᠎ᠤ ᠲᠥᠷᠥᠭ᠌ᠳᠡᠯ᠎ᠢ ᠲᠠᠰᠤᠷᠠᠯᠲᠠ ᠦᠭᠡᠢ ᠨᠡᠮᠡᠭ᠌ᠳᠡᠭᠦᠯᠦᠨ᠎ᠡ ᠬᠡᠵᠦ᠍ ᠶᠠᠷᠢᠭ᠍ᠰᠠᠨ ᠪᠠᠢᠨ᠎ᠠ᠃ ᠮᠠᠨ᠎ᠤ ᠨᠡᠢᠭᠡᠮ ᠲᠤᠭᠤᠷᠢᠭ᠎ᠤᠨ ᠭᠤᠤᠯ ᠡᠭᠦᠷᠭᠡ ᠪᠤᠯ ᠲᠠᠷᠤᠢ ᠠᠷᠠᠳ ᠲᠦᠮᠡᠨ᠎ᠳᠤ ᠦᠢᠯᠡᠴᠢᠯᠡᠵᠦ᠍᠂ ᠠᠷᠠᠳ᠎ᠤᠨ ᠠᠮᠢᠳᠤᠷᠠᠯ᠎ᠤᠨ ᠴᠢᠨᠠᠷ ᠴᠢᠨᠰᠠᠭ᠎ᠠ᠎ᠶ᠋ᠢ ᠰᠠᠢᠵᠢᠷᠠᠭᠤᠯᠤᠨ᠂ ᠠᠷᠠᠳ ᠲᠦᠮᠡᠨ᠎ᠤ ᠬᠦᠷᠲᠡᠮᠵᠢ᠎ᠶ᠋ᠢᠨ ᠲᠦᠷᠦᠭ᠌ᠳᠡᠯ᠂ ᠵᠢᠷᠭᠠᠯᠳᠤ ᠲᠦᠷᠦᠭ᠌ᠳᠡᠯ᠂ ᠠᠮᠤᠷ ᠲᠦᠪᠱᠢᠨ᠎ᠤ ᠲᠦᠷᠦᠭ᠌ᠳᠡᠯ᠎ᠢ ᠨᠡᠮᠡᠭ᠌ᠳᠡᠭᠦᠯᠬᠦ᠌ ᠶᠠᠪᠤᠳᠠᠯ ᠪᠤᠯᠤᠨ᠎ᠠ᠃ ᠪᠢ ᠨᠡᠢᠭᠡᠮ ᠲᠤᠭᠤᠷᠢᠭ᠎ᠤᠨ ᠠᠵᠢᠯᠲᠠᠨ ᠪᠤᠯᠤᠭ᠍ᠰᠠᠨ᠎ᠤ ᠬᠤᠪᠢ᠎ᠳᠤ᠂ ᠬᠤᠢᠱᠢᠳᠠ᠎ᠶ᠋ᠢᠨ ᠠᠵᠢᠯ᠎ᠳᠠᠭᠠᠨ ᠬᠤᠶᠠᠷ ᠬᠤᠷᠠᠯ᠎ᠤᠨ ᠵᠤᠷᠢᠭ ᠰᠠᠨᠠᠭ᠎ᠠ᠎ᠶ᠋ᠢ ᠭᠦᠨᠵᠡᠭᠡᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠬᠠᠮᠳᠤ ᠠᠵᠢᠯᠲᠠᠳ᠎ᠲᠠᠢ᠎ᠪᠠᠨ ᠰᠠᠢᠳᠤᠷ ᠬᠠᠮᠵᠢᠯᠴᠠᠨ᠂ ᠨᠡᠢᠭᠡᠮ ᠲᠤᠭᠤᠷᠢᠭ᠎ᠤᠨ᠎ᠢᠶᠠᠨ ᠤᠯᠠᠨ ᠲᠦᠮᠡᠨ᠎ᠳᠡᠭᠡᠨ ᠰᠠᠢᠳᠤᠷ ᠦᠢᠯᠡᠴᠢᠯᠡᠵᠦ᠍᠂ ᠤᠯᠠᠨ ᠲᠦᠮᠡᠨ᠎ᠤ ᠠᠮᠢᠳᠤᠷᠠᠯ᠎ᠤᠨ ᠴᠢᠨᠠᠷ ᠴᠢᠨᠰᠠᠭ᠎ᠠ᠎ᠶ᠋ᠢ ᠰᠠᠢᠵᠢᠷᠠᠭᠤᠯᠵᠤ᠂ ᠠᠷᠠᠳ ᠤᠯᠠᠨ᠎ᠤ ᠵᠢᠷᠭᠠᠯᠳᠤ ᠲᠦᠷᠦᠭ᠌ᠳᠡᠯ᠎ᠢ ᠨᠡᠮᠡᠭ᠌ᠳᠡᠭᠦᠯᠬᠦ᠌᠎ᠪᠠᠷ ᠴᠢᠷᠮᠠᠢᠨ᠎ᠠ》 ᠬᠡᠵᠦ᠍ ᠪᠠᠢᠯ᠎ᠠ᠃
《ᠪᠦ᠋ ᠱᠢᠶᠤᠤ ᠯᠢᠠ ᠲᠡᠷᠢᠬᠦᠯᠡᠭ᠌ᠴᠢ ᠵᠠᠰᠠᠭ᠎ᠤᠨ ᠤᠷᠳᠤᠨ᠎ᠤ ᠠᠵᠢᠯ᠎ᠤᠨ ᠢᠯᠡᠳᠭᠡᠯ᠎ᠳᠡᠭᠡᠨ ᠮᠠᠯ᠎ᠤᠨ ᠠᠱᠢᠭ ᠱᠢᠮ᠎ᠡ ᠲᠡᠷᠢᠶᠠᠯᠠᠩ᠎ᠤᠨ ᠪᠦᠲᠦᠭᠡᠭ᠌ᠳᠡᠭᠦᠨ᠎ᠢ ᠨᠠᠷᠢᠯᠢᠬ ᠡᠳ᠋ᠱᠢᠭᠦᠯᠵᠦ᠍ ᠪᠤᠯᠪᠠᠰᠤᠷᠠᠭᠤᠯᠬᠤ ᠠᠵᠤ ᠦᠢᠯᠡᠰ᠎ᠢ ᠤᠯᠠᠮ ᠨᠢᠭᠡ ᠠᠯᠬᠤᠮ ᠬᠦᠭ᠌ᠵᠢᠭᠦᠯᠦᠨ ᠪᠤᠵᠠᠭᠠᠢᠷᠠᠭᠤᠯᠤᠨ᠎ᠠ ᠬᠡᠵᠦ᠍ ᠲᠤᠷᠠᠳᠤᠭ᠍ᠰᠠᠨ ᠪᠠᠢᠨ᠎ᠠ᠃ ᠡᠨᠡ᠎ᠨᠢ ᠨᠠᠳᠠ᠎ᠳᠤ ᠮᠠᠰᠢ ᠶᠡᠭᠡ ᠢᠳᠡᠭᠡᠯ ᠵᠤᠷᠢᠭ ᠨᠡᠮᠡᠷᠢᠯᠡᠪᠠ᠂ ᠪᠢ ᠦᠪᠡᠷ᠎ᠢᠶᠠᠨ ᠴᠠᠭᠠᠨ ᠢᠳᠡᠭᠡᠨ᠎ᠤ ᠭᠠᠷ ᠦᠢᠯᠡᠳᠭᠡᠯ ᠡᠷᠬᠢᠯᠡᠵᠦ᠍᠂ ᠮᠠᠯ᠎ᠤᠨ ᠠᠱᠢᠭ ᠱᠢᠮ᠎ᠡ᠎ᠪᠠᠨ ᠨᠠᠷᠢᠯᠢᠭ ᠡᠳ᠋ᠱᠢᠭᠦᠯᠦᠨ ᠪᠤᠷᠤᠯᠠᠭᠤᠯᠵᠥ᠍ ᠪᠠᠢᠨ᠎ᠠ᠂ ᠬᠡᠬᠦ᠌᠎ᠳᠡᠭᠡᠨ ᠦᠢᠯᠡᠳᠪᠦᠷᠢᠯᠡᠯ᠎ᠤᠨ ᠶᠠᠪᠤᠴᠠ᠎ᠳᠤ ᠮᠠᠰᠢ ᠤᠯᠠᠨ ᠠᠰᠠᠭᠤᠳᠠᠯ ᠬᠦᠴᠢᠷᠳᠡᠯ ᠲᠤᠯᠭᠠᠷᠠᠨ᠎ᠠ᠂ ᠬᠤᠢᠱᠢᠳᠠ ᠡᠨᠡ ᠰᠠᠢᠬᠠᠨ ᠲᠦᠷᠦ᠎ᠶ᠋ᠢᠨ ᠪᠤᠳᠤᠯᠭ᠎ᠠ ᠮᠠᠨ᠎ᠤ ᠰᠤᠷᠤᠯᠴᠠᠬᠤ ᠲᠠᠪᠴᠠᠩ᠂ ᠪᠤᠷᠤᠯᠠᠭᠤᠯᠬᠤ ᠲᠠᠪᠴᠠᠩ ᠵᠢᠴᠢ ᠪᠠᠷᠠᠭᠠᠨ᠎ᠤ ᠬᠦᠢᠯᠭᠡᠭᠡᠨ᠎ᠤ ᠬᠡᠯᠬᠢᠶ᠎ᠡ ᠵᠡᠷᠭᠡ᠎ᠶ᠋ᠢ ᠤᠯᠠᠮ ᠲᠡᠭᠦᠯᠳᠡᠷᠵᠢᠬᠦᠯᠵᠦ᠍᠂ ᠠᠵᠤ ᠦᠢᠯᠡᠰ ᠮᠢᠨᠢ ᠴᠤ᠌ ᠡᠳᠦᠷ᠎ᠠᠴᠠ ᠡᠳᠦᠷ ᠬᠦᠭ᠌ᠵᠢᠨ ᠰᠠᠢᠵᠢᠷᠠᠬᠤ ᠪᠤᠯᠤᠨ᠎ᠠ ᠬᠡᠳᠡᠭ᠎ᠲᠤ ᠪᠠᠳᠤ ᠢᠳᠡᠭᠡᠵᠦ᠍ ᠪᠠᠢᠨ᠎ᠠ》 ᠬᠡᠵᠦ᠍ ᠤᠷᠠᠳ᠎ᠤᠨ ᠬᠤᠢᠳᠤ ᠬᠤᠱᠢᠭᠤᠨ᠎ᠤ ᠨᠠᠷᠠᠨ ᠦᠪᠦᠷ ᠭᠠᠴᠠᠭᠠᠨ᠎ᠤ ᠮᠠᠯᠴᠢᠨ ᠴᠢᠮᠡᠭ ᠶᠠᠷᠢᠨ᠎ᠠ᠃