ᠵᠤᠯ ᠵᠢᠷᠭᠠᠯ᠎ᠢ ᠳᠡᠮᠡᠴᠡᠵᠤ ᠤᠯᠳᠠᠭ᠎ᠤᠨ ᠤᠴᠢᠷ
2021-01-31 12:22:47
ᠵᠣᠬᠢᠶᠠᠭ᠍ᠴᠢ᠄
ᠵᠤᠷᠢᠭ᠍ᠳᠤ
ᠣᠩᠱᠢᠭ᠍ᠰᠠᠨ ᠣᠳᠠᠭ᠎ᠠ᠄
★★★☆☆

ᠡᠨᠡ ᠵᠢᠯ᠎ᠤᠨ ᠦᠪᠡᠷᠳᠡᠭᠡᠨ ᠵᠠᠰᠠᠬᠤ ᠤᠷᠤᠨ᠎ᠤ 《ᠬᠤᠶᠠᠷ ᠬᠤᠷᠠᠯ》 ᠪᠢᠳᠠᠨ᠎ᠳᠤ ᠡᠷᠡᠮᠡᠭᠡᠢᠯᠡᠨ ᠤᠷᠤᠭ᠍ᠰᠢᠯᠠᠬᠤ ᠢᠳᠡᠭᠡᠯ ᠬᠦᠴᠦᠨ᠎ᠢ ᠬᠠᠢᠷᠠᠯᠠᠵᠤ᠂ ᠠᠵᠢᠯᠴᠢ ᠬᠤᠶᠠᠷ ᠭᠠᠷ᠎ᠢᠶᠠᠷ᠎ᠢᠶᠠᠨ ᠵᠤᠯ ᠵᠢᠷᠭᠠᠯᠳᠤ ᠠᠮᠢᠳᠤᠷᠠᠯ᠎ᠢᠶᠠᠨ ᠴᠤᠭ᠍ᠴᠠᠯᠠᠬᠤ᠎ᠶ᠋ᠢᠨ ᠤᠬᠠᠭᠠᠨ ᠵᠤᠷᠢᠭ᠎ᠢ ᠬᠦᠪᠴᠢᠯᠡᠨ᠎ᠠ᠃

ᠡᠳ᠋ ᠪᠤᠳᠠᠰ ᠪᠤᠯ ᠵᠤᠯ ᠵᠢᠷᠭᠠᠯᠳᠤ ᠠᠮᠢᠳᠤᠷᠠᠯ᠎ᠤᠨ ᠰᠠᠭᠤᠷᠢ ᠪᠤᠯᠳᠠᠭ ᠤᠴᠢᠷ᠎ᠠᠴᠠ ᠵᠤᠯ ᠵᠢᠷᠭᠠᠯ᠎ᠢ ᠳᠡᠮᠡᠴᠡᠵᠤ ᠪᠠᠢᠭᠠᠳ ᠤᠯᠳᠠᠭ ᠬᠡᠵᠤ ᠬᠡᠯᠡᠳᠡᠭ᠃ ᠱᠢᠨ᠎ᠠ ᠤᠨ᠎ᠤ ᠠᠩᠬᠠᠨ᠎ᠤ ᠭᠠᠷᠤᠭᠠᠨ᠎ᠳᠤ ᠦᠡᠭ᠌ᠭᠡᠷᠡᠭ᠌ᠰᠡᠨ᠎ᠢᠶᠠᠨ ᠡᠷᠬᠢᠴᠡᠭᠦᠯᠬᠦᠶ᠎ᠠ ᠠᠮᠵᠢᠯᠳᠠ ᠪᠦᠳᠦᠮᠵᠢ ᠦᠯᠡᠮᠵᠢ᠂ ᠢᠷᠡᠭᠡᠳᠦᠢ᠎ᠪᠠᠨ ᠪᠠᠷᠠᠯᠠᠬᠤᠶ᠎ᠠ ᠢᠳᠡᠭᠡᠯ ᠵᠤᠷᠢᠭ ᠲᠡᠭᠦᠯᠳᠡᠷ᠃ ᠨᠢᠳᠤᠨᠤᠨ ᠮᠠᠨ᠎ᠤ ᠤᠷᠤᠨ᠎ᠤ ᠬᠤᠳᠠ ᠬᠦᠳᠡᠭᠡ᠎ᠶ᠋ᠢᠨ ᠪᠠᠢᠩᠭᠤ ᠰᠠᠭᠤᠭ᠎ᠠ ᠰᠠᠭᠤᠭᠠᠯᠢ ᠠᠷᠠᠳ᠎ᠤᠨ ᠬᠦᠮᠦᠨ ᠳᠤᠮᠳᠠᠴᠢ᠎ᠶ᠋ᠢᠨ ᠡᠵᠡᠮᠳᠡᠵᠤ ᠪᠤᠯᠬᠤ ᠤᠷᠤᠯᠭ᠎ᠠ ᠳᠤᠰ ᠳᠤᠰ 1.4% ᠪᠠ 8.4% ᠨᠡᠮᠡᠭ᠌ᠳᠡᠵᠤ᠂ ᠮᠠᠯᠴᠢᠨ ᠳᠠᠷᠢᠶᠠᠴᠢᠨ᠎ᠤ ᠤᠷᠤᠯᠭ᠎ᠠ᠎ᠶ᠋ᠢᠨ ᠨᠡᠮᠡᠭ᠌ᠳᠡᠯ᠎ᠤᠨ ᠬᠤᠷᠳᠤᠴᠠ ᠪᠦᠬᠦ᠌ ᠤᠯᠤᠰ᠎ᠤᠨ ᠳᠤᠮᠳᠠᠴᠢ ᠳᠦᠪᠱᠢᠨ᠎ᠠᠴᠠ ᠵᠠᠭᠤᠨ᠎ᠤ ᠬᠠᠷᠢᠴᠠᠯ᠎ᠢᠶᠠᠷ 1.5 ᠬᠤᠪᠢ ᠦᠨᠳᠦᠷ ᠪᠤᠯᠵᠤ᠂ ᠰᠠᠭᠤᠭᠠᠯᠢ ᠠᠷᠠᠳ᠎ᠤᠨ ᠬᠡᠷᠡᠭ᠌ᠯᠡᠬᠡᠨ᠎ᠤ ᠦᠨ᠎ᠠ ᠬᠠᠩᠰᠢ᠎ᠶ᠋ᠢᠨ ᠦᠰᠦᠯᠳᠠ ᠡᠵᠡᠮᠳᠡᠵᠤ ᠬᠢᠵᠠᠭᠠᠷᠯᠠᠬᠤ ᠬᠠᠷᠠᠯᠳᠠ᠎ᠠᠴᠠ᠎ᠪᠠᠨ ᠳᠤᠤᠷ᠎ᠠ ᠪᠠᠢᠬᠤ᠎ᠶ᠋ᠢ ᠪᠠᠳᠤᠯᠠᠵᠠᠢ; ᠬᠤᠳᠠ ᠪᠠᠯᠭᠠᠰᠤᠨ᠎ᠤ ᠬᠠᠭᠤᠴᠢᠨ ᠰᠠᠭᠤᠭᠠᠯᠢ ᠳᠤᠭᠤᠷᠢᠭ᠎ᠤᠨ 20.6 ᠳᠦᠮᠡᠨ ᠬᠡᠷ ᠡᠷᠦᠬᠡ᠎ᠶ᠋ᠢ ᠱᠢᠨᠡᠳᠭᠡᠨ ᠵᠠᠰᠠᠵᠤ᠂ 2.6 ᠳᠦᠮᠡᠨ ᠳᠦᠬᠦᠮ ᠪᠦᠳᠦᠴᠡᠳᠤ ᠤᠷᠤᠨ ᠰᠠᠭᠤᠴᠠ᠎ᠶ᠋ᠢ ᠦᠬᠡᠷᠡᠴᠢᠯᠡᠨ ᠪᠠᠢᠭᠤᠯᠵᠤ᠂ 2776 ᠳᠦᠷᠦᠯ ᠵᠦᠢᠯ᠎ᠤᠨ 133.4 ᠳᠦᠮᠡᠨ ᠢᠵᠢ ᠤᠷᠤᠨ ᠰᠠᠭᠤᠴᠠ᠎ᠶ᠋ᠢᠨ ᠬᠡᠷ ᠭᠠᠵᠠᠷ᠎ᠤᠨ ᠬᠦᠷᠦᠩᠬᠡ᠎ᠶ᠋ᠢᠨ ᠳᠡᠦᠬᠡ᠎ᠶ᠋ᠢᠨ ᠦᠯᠡᠳᠡᠭ᠌ᠳᠡᠯ ᠠᠰᠠᠭᠤᠳᠠᠯ᠎ᠢ ᠱᠢᠢᠳᠪᠦᠷᠢᠯᠡᠪᠡ ᠁ ᠤᠯᠠᠨ ᠳᠦᠮᠡᠨ᠎ᠤ ᠵᠤᠯ ᠵᠢᠷᠭᠠᠯᠳᠤ ᠠᠮᠢᠳᠤᠷᠠᠯ᠎ᠢᠶᠠᠨ ᠴᠤᠭ᠍ᠴᠠᠯᠠᠬᠤ᠎ᠳᠤ ᠪᠠᠳᠤ ᠰᠠᠭᠤᠷᠢ ᠳᠠᠯᠪᠢᠵᠤ ᠦᠭ᠌ᠬᠦᠯ᠎ᠠ᠃ ᠱᠢᠨ᠎ᠠ ᠳᠢᠳᠢᠮᠯᠢᠭ ᠠᠭᠤᠰᠭᠢᠨ ᠦᠷᠪᠢᠰᠦᠯ᠎ᠤᠨ ᠬᠢᠵᠢᠭ᠎ᠤᠨ ᠪᠠᠢᠳᠠᠯ ᠵᠢᠴᠢ ᠳᠠᠯᠡᠬᠡᠢ᠎ᠶ᠋ᠢᠨ ᠤᠷᠪᠠᠭᠠᠨ ᠬᠦᠷᠪᠡᠬᠡᠡ᠎ᠲᠠᠢ ᠨᠠᠷᠢᠨ ᠪᠤᠳᠤᠯᠢᠶᠠᠨ᠎ᠲᠠᠢ ᠬᠤᠪᠢᠰᠤᠯᠳᠠ ᠶᠠᠬᠡᠳᠠᠢ ᠪᠠᠢᠳᠠᠯ ᠳᠤᠤᠷ᠎ᠠ ᠡᠢᠮᠤ ᠠᠮᠵᠢᠯᠳᠠ᠎ᠶ᠋ᠢ ᠤᠯᠤᠨ᠎ᠠ ᠬᠡᠳᠡᠭ ᠲᠡᠢᠮᠤ ᠬᠢᠯᠪᠡᠷ ᠪᠤᠰᠤ᠃

ᠡᠨᠡ ᠵᠢᠯ ᠪᠤᠯ 《ᠠᠷᠪᠠᠨ ᠲᠦᠷᠪᠡᠳᠦᠭᠡᠷ ᠲᠠᠪᠤᠨ ᠵᠢᠯ》 ᠎ᠤᠨ ᠳᠦᠯᠦᠪᠵᠢᠬᠦᠯᠬᠡ᠎ᠶ᠋ᠢᠨ ᠡᠬᠢᠯᠡᠯᠳᠡ᠎ᠶ᠋ᠢᠨ ᠵᠢᠯ᠂ ᠠᠵᠤ ᠠᠬᠤᠢ᠎ᠶ᠋ᠢᠨ ᠳᠤᠭ᠍ᠳᠠᠭᠤᠨ ᠨᠡᠮᠡᠭ᠌ᠳᠡᠯ᠎ᠢ ᠪᠦᠬᠦ᠌ ᠬᠦᠴᠦᠨ᠎ᠢᠶᠠᠷ ᠠᠬᠢᠭᠤᠯᠬᠤ᠂ 《ᠱᠢᠨᠵᠢᠯᠡᠬᠦ᠌ ᠤᠬᠠᠭᠠᠨ ᠲᠧᠭ᠌ᠨᠢᠭ ᠮᠡᠷᠬᠡᠵᠢᠯ᠎ᠢᠶᠠᠷ ᠦᠪᠦᠷ ᠮᠤᠩᠭᠤᠯ᠎ᠢᠶᠠᠨ ᠮᠠᠨᠳᠤᠭᠤᠯᠬᠤ》 ᠠᠵᠢᠯᠯᠠᠭ᠎ᠠ᠎ᠶ᠋ᠢ ᠬᠦᠨᠵᠡᠬᠡᠢ ᠬᠡᠷᠡᠭ᠌ᠵᠢᠬᠦᠯᠬᠦ᠂ ᠠᠵᠤ ᠦᠢᠯᠡᠰ᠎ᠤᠨ ᠬᠡᠯᠬᠢᠶᠡᠵᠢᠯ ᠪᠠ ᠦᠷᠳᠡᠭ᠎ᠤᠨ ᠬᠡᠯᠬᠢᠶᠡᠵᠢᠯ᠎ᠤᠨ ᠳᠦᠪᠱᠢᠨ᠎ᠢ ᠬᠦᠴᠦᠯᠡᠨ ᠳᠡᠰ ᠳᠡᠪᠱᠢᠬᠦᠯᠬᠦ᠂ ᠬᠦᠳᠡᠭᠡ ᠳᠤᠰᠭᠤᠨ᠎ᠢ ᠬᠦᠭ᠌ᠵᠢᠬᠦᠯᠦᠨ ᠮᠠᠨᠳᠤᠭᠤᠯᠬᠤ᠎ᠶ᠋ᠢ ᠪᠦᠬᠦ᠌ ᠳᠠᠯ᠎ᠠ᠎ᠪᠠᠷ ᠠᠬᠢᠭᠤᠯᠬᠤ᠂ ᠦᠬᠡᠷᠡᠴᠢᠯᠡᠯᠳᠠ ᠨᠡᠬᠡᠬᠡᠯᠳᠠ᠎ᠶ᠋ᠢ ᠨᠡᠩ ᠡᠷᠴᠢᠮᠯᠢᠭ ᠠᠬᠢᠭᠤᠯᠬᠤ ᠵᠡᠷᠬᠡ ᠶᠢᠰᠦᠨ ᠳᠠᠯ᠎ᠠ᠎ᠶ᠋ᠢᠨ ᠡᠬᠦᠷᠬᠡ ᠬᠠᠷᠠᠯᠳᠠ ᠳᠤᠳᠤᠷᠬᠠᠢ ᠪᠤᠯᠵᠠᠢ᠃ ᠪᠢᠳᠠ ᠲᠡᠤᠭᠡ᠎ᠶ᠋ᠢᠨ ᠱᠢᠨ᠎ᠠ ᠭᠠᠷᠤᠭ᠎ᠠ ᠲᠡᠭᠡᠷ᠎ᠠ ᠵᠤᠭ᠍ᠰᠤᠵᠤ᠂ ᠦᠷᠭᠦᠯᠵᠢᠯᠡᠨ ᠬᠠᠨᠴᠤᠢ ᠱᠢᠮᠠᠯᠠᠨ ᠴᠢᠷᠮᠡᠢᠨ ᠠᠵᠢᠯᠯᠠᠪᠠᠯ ᠨᠠᠩ ᠰᠠᠢᠨ ᠰᠠᠢᠬᠠᠨ᠂ ᠨᠡᠩ ᠵᠤᠯ ᠵᠢᠷᠭᠠᠯᠳᠠᠢ ᠠᠮᠢᠳᠤᠷᠠᠯ᠎ᠢ ᠡᠳ᠋ᠯᠡᠬᠦ᠌᠎ᠨᠢ ᠭᠠᠷᠴᠠᠭ᠎ᠠ ᠦᠬᠡᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号