ᠰᠠᠢᠨ ᠲᠤᠷᠠᠴᠣᠳ᠎ᠤᠨ ᠬᠦᠴᠦᠨ᠎ᠳᠤ ᠭᠤᠪᠢ ᠬᠦᠳᠡᠭᠡ ᠲᠡᠨᠢᠬᠦᠨ
2021-01-04 09:52:15
ᠵᠣᠬᠢᠶᠠᠭ᠍ᠴᠢ᠄
ᠱᠢᠨᠡᠪᠢᠯᠢᠭ ᠴᠤᠪᠤᠭᠤ
ᠣᠩᠱᠢᠭ᠍ᠰᠠᠨ ᠣᠳᠠᠭ᠎ᠠ᠄
★★★☆☆

《ᠮᠠᠨ᠎ᠤ ᠨᠤᠳᠤᠬ᠎ᠲᠤ ᠬᠦᠮᠦᠨ ᠴᠦᠬᠡᠨ᠂ ᠪᠤᠢᠳᠠ ᠪᠦᠭ᠌ᠯᠡᠭᠦᠦ᠂ ᠵᠠᠮ ᠬᠠᠷᠢᠯᠴᠠᠭ᠎ᠠ ᠴᠢᠮᠡᠭᠡ ᠬᠤᠯᠪᠣᠭ᠎ᠠ ᠲᠦᠬᠦᠮ ᠦᠬᠡᠢ᠂ ᠬᠠᠷᠢᠨ ᠬᠤᠶᠠᠷ ᠵᠢᠯ᠎ᠤᠨ ᠡᠮᠦᠨ᠎ᠡ᠂ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠶ᠋ᠢᠨ ᠴᠠᠬ᠍ᠳᠠᠭ᠎ᠠ ᠠᠷᠠᠳ ᠬᠠᠮᠳᠤᠷᠠᠬ᠍ᠰᠠᠨ ᠰᠠᠢᠨ ᠲᠤᠷᠠᠴᠣᠳ᠎ᠤᠨ ᠦᠢᠯᠡᠴᠢᠯᠡᠬᠡᠨ᠎ᠤ ᠠᠩᠬᠢ ᠪᠠᠢᠭᠤᠯᠤᠬ᠍ᠳᠠᠬ᠍ᠰᠠᠨ᠎ᠨᠢ ᠮᠠᠨ᠎ᠳᠤ ᠶᠡᠬᠡᠬᠡᠨ ᠲᠤᠰᠠ ᠪᠤᠯᠵᠤ᠂ ᠡᠨᠡ ᠬᠠᠪᠤᠷ 5 ᠬᠦᠮᠦᠨ ᠮᠠᠨ᠎ᠤ᠎ᠳᠤ ᠢᠷᠡᠵᠦ᠍ ᠲᠦᠴᠢ ᠭᠠᠷᠤᠢ ᠢᠮᠠᠭ᠎ᠠ᠎ᠶ᠋ᠢ ᠰᠠᠮᠨᠠᠵᠤ ᠦᠭ᠌ᠬᠦᠯ᠎ᠡ》᠃ ᠤᠢ᠍ᠢᠷ᠎ᠠ᠎ᠶ᠋ᠢᠨ ᠡᠳᠦᠷ᠂ ᠡᠵᠡᠨ᠎ᠡ ᠬᠤᠱᠢᠭᠤᠨ᠎ᠤ ᠬᠠᠷ᠎ᠠ ᠪᠦᠷᠬᠦᠳ᠎ᠤᠨ ᠠᠭᠤᠯᠠ ᠪᠠᠯᠭᠠᠰᠤᠨ᠎ᠤ ᠤᠯᠠᠭᠠᠨ ᠠᠭᠤᠯᠠ ᠭᠠᠴᠠᠭᠠᠨ᠎ᠤ ᠮᠠᠯᠴᠢᠨ ᠪᠦᠰᠡᠬᠦᠢ ᠬᠠᠰᠴᠡᠴᠡᠭ ᠢᠮᠠᠭᠠᠨ᠎ᠳᠠᠭᠠᠨ ᠪᠤᠷᠳᠤᠭ᠎ᠠ ᠦᠭ᠌ᠬᠦ ᠵᠠᠭᠤᠷ᠎ᠠ ᠡᠢᠨ ᠬᠦ᠌ ᠬᠡᠯᠡᠨ᠎ᠡ᠃

ᠭᠠᠳᠠᠨ᠎ᠠ᠎ᠪᠠᠨ ᠨᠤᠮᠢᠨ ᠨᠤᠭᠤᠭᠠᠨ ᠵᠦᠯᠬᠡ ᠲᠡᠪᠢᠰᠦᠭ᠌ᠰᠡᠨ ᠬᠦᠯ ᠪᠦᠮᠪᠦᠭᠡ᠎ᠶ᠋ᠢᠨ ᠲᠠᠯᠠᠪᠠᠢ᠎ᠲᠠᠢ᠂ ᠬᠦᠷᠢᠶᠡᠨ᠎ᠳᠡᠭᠡᠨ ᠴᠠᠬ᠍ᠳᠠᠭ᠎ᠠ ᠮᠠᠯᠴᠢᠳ᠎ᠤᠨ ᠲᠤᠳᠤᠨᠤ ᠬᠠᠷᠢᠴᠠᠭ᠎ᠠ᠎ᠶ᠋ᠢ ᠬᠠᠷᠠᠭᠤᠯᠤᠬ᠍ᠰᠠᠨ ᠬᠦᠷᠡᠯ ᠱᠤᠭᠤᠮᠠᠯ᠎ᠲᠠᠢ ᠡᠵᠡᠨ᠎ᠡ ᠬᠤᠱᠢᠭᠤᠨ᠎ᠤ ᠲᠤᠳᠤᠭᠠᠳᠤ᠎ᠶ᠋ᠢ ᠬᠠᠮᠠᠭᠠᠯᠠᠬᠤ ᠲᠤᠪᠴᠢᠶᠠᠨ᠎ᠤ ᠲᠤᠢᠬ ᠱᠢᠯᠢ ᠬᠢᠯᠢ᠎ᠶ᠋ᠢᠨ ᠲᠤᠮᠢᠯᠠᠬ᠍ᠰᠨᠨ ᠰᠠᠯᠪᠤᠷᠢ ᠦᠷᠬᠡᠨ ᠭᠤᠪᠢ᠎ᠶ᠋ᠢᠨ ᠮᠠᠨᠠᠭ᠎ᠠ᠂ ᠠᠵᠢᠯᠴᠢ ᠮᠠᠯᠴᠢᠳ᠎ᠤᠨ ᠲᠠᠷᠬᠠᠨ ᠬᠠᠮᠠᠭᠠᠯᠠᠬ᠍ᠴᠢ ᠪᠤᠯᠵᠤ ᠰᠡᠬᠦ᠋ᠢᠨ ᠰᠦᠨᠳᠡᠷᠯᠡᠨ᠎ᠡ᠃ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ ᠠᠷᠪᠠᠭ᠍ᠠᠨ ᠴᠠᠬ᠍ᠳᠠᠭ᠎ᠠ᠎ᠲᠠᠢ᠂ ᠬᠠᠷᠢᠶ᠎ᠠ ᠲᠤᠭᠤᠷᠢᠬ᠎ᠲᠤᠨᠢ ᠵᠦᠪᠬᠡᠨ 23 ᠮᠠᠯᠴᠢᠨ ᠡᠷᠦᠬᠡ 53 ᠬᠦᠮᠦᠨ ᠠᠮᠠ ᠪᠠᠢᠩᠭᠤ ᠰᠠᠭᠤᠷᠢᠱᠢᠳᠠᠬ ᠴᠤ᠌ ᠬᠡᠰᠡᠨ᠂ ᠲᠤᠯᠪᠤ ᠲᠡᠳᠦᠢ ᠨᠤᠭᠤᠭᠠᠨ ᠦᠩᠬᠡ ᠦᠬᠡᠢ 《ᠠᠮᠢ ᠨᠠᠰᠤᠨ᠎ᠤ ᠬᠤᠷᠢᠭᠠᠳᠤ ᠤᠷᠤᠨ》 ᠎ᠢ ᠰᠠᠬᠢᠨ ᠬᠠᠮᠠᠭᠠᠯᠠᠵᠤ ᠪᠠᠢᠳᠠᠬ᠎ᠢᠶᠠᠷ᠎ᠢᠶᠠᠨ ᠲᠦᠮᠡᠨ ᠤᠯᠠᠨ᠎ᠳᠠᠭᠠᠨ ᠲᠠᠨᠢᠬ᠍ᠳᠠᠵᠠᠢ᠃ ᠤᠨᠴᠠᠭᠠᠢᠯᠠᠨ ᠲᠤᠷᠠᠳᠤᠭᠤᠱᠢᠳᠠᠢ᠎ᠨᠢ᠂ ᠤᠢ᠍ᠢᠷ᠎ᠠ᠎ᠶ᠋ᠢᠨ ᠵᠢᠯ᠎ᠠᠴᠠ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ ᠴᠠᠬ᠍ᠳᠠᠭ᠎ᠠ ᠠᠷᠠᠳ ᠬᠠᠮᠳᠤᠷᠠᠬ᠍ᠰᠠᠨ ᠰᠠᠢᠨ ᠲᠤᠷᠠᠴᠣᠳ᠎ᠤᠨ ᠦᠢᠯᠡᠴᠢᠯᠡᠬᠡᠨ᠎ᠤ ᠠᠩᠬᠢ ᠪᠠᠢᠭᠤᠯᠵᠤ᠂ ᠮᠠᠯᠴᠢᠨ ᠲᠦᠮᠡᠨ᠎ᠤ᠎ᠪᠠᠨ ᠬᠦᠴᠢᠷᠳᠡᠯ᠎ᠢ ᠱᠢᠢᠳᠪᠦᠷᠢᠯᠡᠵᠦ᠍ ᠦᠭ᠌ᠭᠦᠨ᠎ᠡ ᠪᠢᠯᠡ᠃

《ᠮᠠᠨ᠎ᠤ ᠰᠠᠯᠪᠤᠷᠢ ᠴᠠᠬ᠍ᠳᠠᠭ᠎ᠠ ᠠᠷᠠᠳ ᠬᠠᠮᠳᠤᠷᠠᠬ᠍ᠰᠠᠨ ᠰᠠᠢᠨ ᠲᠤᠷᠠᠴᠣᠳ᠎ᠤᠨ ᠦᠢᠯᠡᠴᠢᠯᠡᠬᠡᠨ᠎ᠤ ᠠᠩᠬᠢ᠎ᠶ᠋ᠢᠨ ᠠᠵᠢᠯ᠎ᠢ ᠦᠷᠬᠦᠯᠵᠢᠯᠡᠨ ᠰᠠᠢᠳᠤᠷ ᠵᠠᠯᠭᠠᠮᠵᠢᠯᠠᠨ ᠬᠢᠵᠦ᠍᠂ ᠰᠠᠯᠪᠤᠷᠢ᠎ᠶ᠋ᠢᠨ᠎ᠢᠶᠠᠨ ᠪᠤᠳᠠᠳᠠᠢ ᠠᠵᠢᠯ᠎ᠲᠠᠢ ᠤᠶᠠᠯᠳᠤᠭᠤᠯᠤᠨ᠂ ᠬᠢᠯᠢ ᠰᠠᠬᠢᠬᠤ᠂ ᠮᠠᠯᠴᠢᠨ ᠲᠦᠮᠡᠨ᠎ᠳᠤ ᠦᠢᠯᠡᠴᠢᠯᠡᠬᠦ᠂ ᠬᠠᠤᠯᠢ ᠲᠤᠬ᠍ᠳᠠᠭᠠᠯ᠎ᠢ ᠤᠬᠠᠭᠤᠯᠬᠤ ᠬᠠᠷᠠᠭᠠᠰᠤ᠎ᠠᠴᠠ ᠠᠵᠢᠯ᠎ᠢᠶᠠᠨ ᠦᠷᠨᠢᠬᠦᠯᠳᠡᠭ》 ᠬᠡᠵᠦ᠍ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠶ᠋ᠢᠨ ᠵᠢᠭᠠᠨ ᠵᠢᠯᠤᠭᠤᠳᠤᠬ᠍ᠴᠢ ᠶᠤᠸᠠᠢ ᠬᠦᠸᠧ ᠴᠢ ᠲᠠᠨᠢᠯᠴᠠᠭᠤᠯᠣᠬ᠍ᠰᠠᠨ᠎ᠢᠶᠠᠨ ᠵᠠᠯᠭᠠᠭᠠᠳ᠄ 《ᠡᠷᠬᠢᠨ ᠲᠤᠭᠤᠷᠢᠨ᠎ᠤ ᠮᠠᠯᠴᠢᠳ᠎ᠤᠨ ᠤᠯᠠᠩᠬᠢ᠎ᠨᠢ ᠨᠠᠰᠤ ᠠᠬᠢᠬ᠍ᠰᠠᠨ ᠪᠤᠯᠬᠤᠷ ᠭᠠᠷᠠᠬ ᠪᠤᠯᠭᠠᠨ᠎ᠤ ᠨᠠᠮ᠎ᠤᠨ ᠬᠡᠱᠢᠬᠦᠨ᠎ᠤ ᠡᠳᠦᠷ ᠪᠤᠯᠤᠨ ᠵᠠᠷᠢᠮ ᠴᠠᠬ ᠦᠶ᠎ᠠ᠎ᠶ᠋ᠢ ᠲᠤᠬᠢᠶᠠᠯᠳᠤᠭᠤᠯᠤᠨ ᠬᠦᠳᠡᠭᠡ ᠪᠠᠭᠤᠵᠤ᠂ ᠮᠠᠯᠴᠢᠳ᠎ᠤᠨ ᠬᠡᠷ᠎ᠲᠤ ᠬᠦᠷᠴᠦ᠍᠂ ᠬᠠᠪᠰᠤᠷᠤᠭᠤᠯᠬᠤ ᠴᠢᠬᠤᠯᠠᠳᠠᠢ ᠠᠵᠢᠯ ᠪᠠᠢᠬᠤ ᠡᠰᠡᠬᠦ᠌᠎ᠶ᠋ᠢ᠎ᠨᠢ ᠤᠢ᠍ᠢᠯᠠᠭᠠᠵᠤ᠂ ᠮᠠᠯᠴᠢᠳ᠎ᠲᠤ ᠦᠢᠯᠡᠴᠢᠯᠡᠳᠡᠭ》 ᠬᠡᠵᠦ᠍ ᠬᠡᠯᠡᠨ᠎ᠡ᠃

ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠶ᠋ᠢᠨ ᠴᠠᠬ᠍ᠳᠠᠭ᠎ᠠ ᠨᠠᠷ ᠬᠦᠳᠡᠭᠡ ᠪᠠᠭᠤᠵᠤ ᠮᠠᠯᠴᠢᠳ᠎ᠤᠨ ᠬᠡᠷ᠎ᠲᠤ ᠬᠦᠷᠴᠦ᠍᠂ ᠠᠰᠠᠭᠤᠨ ᠰᠤᠷᠪᠤᠯᠵᠢᠯᠠᠬᠤ ᠶᠠᠪᠤᠴᠠ᠎ᠳᠠᠭᠠᠨ᠂ ᠮᠠᠯᠴᠢᠳ ᠵᠢᠯ ᠪᠤᠯᠭᠠᠨ ᠨᠤᠳᠤᠬ ᠪᠡᠯᠴᠢᠭᠡᠷ᠎ᠤᠨ ᠱᠠᠩᠨᠠᠯ ᠨᠦᠬᠦᠪᠦᠷᠢ᠎ᠶ᠋ᠢᠨ ᠮᠦᠩᠬᠦ᠌᠎ᠶ᠋ᠢᠨ ᠮᠡᠳᠡᠭᠡ ᠵᠠᠩᠬᠢ᠎ᠶ᠋ᠢ ᠬᠢᠨᠠᠨ ᠬᠠᠷᠭᠤᠭᠤᠯᠬᠤ ᠦᠶ᠎ᠡ᠎ᠪᠠᠷ᠂ ᠲᠠᠯᠠᠢᠬᠦ᠋ᠪ ᠪᠠᠯᠭᠠᠰᠤᠨ᠎ᠳᠤ ᠬᠦᠷᠬᠦ᠌ ᠴᠢᠬᠤᠯᠠᠳᠠᠢ ᠪᠠᠢᠵᠤ᠂ ᠵᠠᠮ ᠬᠤᠯᠠ ᠪᠤᠯᠬᠤᠷ ᠲᠤᠩ ᠲᠦᠬᠦᠮ ᠦᠬᠡᠢ ᠪᠠᠢᠬᠤ᠎ᠶ᠋ᠢ ᠤᠯᠵᠤ ᠮᠡᠳᠡᠪᠡ᠃ ᠴᠠᠬ᠍ᠳᠠᠭ᠎ᠠ ᠨᠠᠷ ᠮᠠᠯᠴᠢᠳ᠎ᠤᠨ ᠬᠦᠴᠢᠷᠳᠡᠯ᠎ᠢ ᠱᠢᠢᠳᠪᠦᠷᠢᠯᠡᠨ ᠦᠭ᠌ᠬᠦ᠎ᠶ᠋ᠢᠨ ᠲᠦᠯᠦᠭᠡ᠂ ᠡᠵᠡᠨ᠎ᠡ ᠬᠤᠱᠢᠭᠤᠨ᠎ᠤ ᠠᠷᠠᠳ᠎ᠤᠨ ᠶᠠᠪᠤᠳᠠᠯ᠎ᠤᠨ ᠲᠤᠪᠴᠢᠶ᠎ᠠ ᠵᠡᠷᠬᠡ ᠪᠠᠢᠭᠤᠯᠭ᠎ᠠ ᠨᠢᠬᠡᠴᠢ᠎ᠲᠠᠢ ᠤᠢ᠍ᠢᠯᠠᠭᠠᠯᠴᠠᠨ ᠨᠡᠪᠳᠡᠷᠡᠯᠴᠡᠵᠦ᠍ ᠵᠤᠬᠢᠴᠠᠭᠤᠯᠬᠤ᠎ᠪᠠᠷ ᠳᠠᠮᠵᠢᠭᠠᠳ᠂ ᠨᠤᠳᠤᠬ ᠪᠡᠯᠴᠢᠭᠡᠷ᠎ᠤᠨ ᠱᠠᠩᠨᠠᠯ ᠨᠦᠬᠦᠪᠦᠷᠢ᠎ᠶ᠋ᠢᠨ ᠱᠢᠰᠲᠧᠮ᠎ᠢ 6 ᠰᠠᠷ᠎ᠠ᠎ᠳᠤ ᠲᠤᠮᠢᠯᠠᠬ᠍ᠰᠠᠨ ᠰᠠᠯᠪᠤᠷᠢ᠎ᠳᠠᠭᠠᠨ ᠣᠷᠣᠭᠤᠯᠣᠨ ᠠᠪᠴᠢᠷᠠᠪᠠ᠃ ᠢᠩᠬᠢᠭ᠌ᠰᠡᠨ᠎ᠢᠶᠠᠷ᠂ ᠢᠷᠡᠬᠦ᠌ ᠵᠢᠯ᠎ᠠᠴᠠ ᠡᠬᠢᠯᠡᠨ ᠮᠠᠯᠴᠢᠳ ᠠᠯᠤᠰ ᠬᠤᠯᠠ ᠲᠠᠯᠠᠢᠬᠦ᠋ᠪ ᠪᠠᠯᠭᠠᠰᠤᠨ᠎ᠳᠤ ᠬᠦᠷᠬᠦ᠌ ᠴᠢᠬᠤᠯᠠ ᠦᠬᠡᠢ ᠪᠤᠯᠵᠤ᠂ ᠨᠤᠳᠤᠬ ᠪᠡᠯᠴᠢᠭᠡᠷ᠎ᠤᠨ ᠱᠠᠩᠨᠠᠯ ᠨᠦᠬᠦᠪᠦᠷᠢ᠎ᠶ᠋ᠢᠨ ᠮᠡᠳᠡᠭᠡ ᠵᠠᠩᠬᠢ᠎ᠶ᠋ᠢ ᠬᠠᠷᠭᠤᠭᠤᠯᠬᠤ᠂ ᠬᠤᠷᠤᠭᠤᠨ ᠤᠷᠤᠮ ᠲᠠᠷᠤᠬᠤ ᠵᠡᠷᠬᠡ ᠠᠵᠢᠯ᠎ᠢ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠳᠤ ᠬᠦᠢᠴᠡᠳᠭᠡᠵᠦ᠍ ᠳᠡᠢᠯᠬᠦ᠌ ᠪᠣᠯᠪᠠ᠃ ᠡᠨᠡ᠎ᠨᠢ ᠦᠨᠡᠨ ᠬᠦ᠌ ᠮᠠᠯᠴᠢᠨ ᠲᠦᠮᠡᠨ᠎ᠳᠤ ᠦᠢᠯᠡᠴᠢᠯᠡᠵᠦ᠍᠂ ᠮᠠᠯᠴᠢᠳ᠎ᠤᠨ ᠵᠠᠮ᠎ᠤᠨ ᠵᠠᠷᠤᠳᠠᠯ᠎ᠢ ᠠᠷᠪᠢᠯᠠᠵᠤ ᠴᠢᠳᠠᠬ᠍ᠰᠠᠨ ᠰᠠᠢᠨ ᠶᠠᠪᠣᠳᠠᠯ ᠪᠤᠯᠤᠯ᠎ᠠ᠃

ᠲᠠᠯᠠᠢᠬᠦ᠋ᠪ ᠪᠠᠯᠭᠠᠰᠤᠨ᠎ᠠᠴᠠ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ ᠬᠦᠷᠬᠦ᠌ ᠴᠠᠬ᠍ᠳᠠᠭ᠎ᠠ ᠠᠷᠠᠳ᠎ᠤᠨ ᠱᠢᠤᠳᠠᠨ᠎ᠤ ᠵᠠᠮ ᠤᠤᠯ᠎ᠠᠴᠠ᠎ᠪᠠᠨ ᠮᠠᠯᠴᠢᠨ ᠲᠦᠮᠡᠨ᠎ᠳᠤ ᠦᠢᠯᠡᠴᠢᠯᠡᠭ᠌ᠰᠡᠭᠡᠷ ᠢᠷᠡᠵᠦ᠍᠂ ᠱᠢᠤᠳᠠᠨ᠎ᠤ ᠲᠤᠪᠴᠢᠶ᠎ᠠ ᠰᠠᠷ᠎ᠠ ᠪᠤᠯᠭᠠᠨ 2 ᠤᠳᠠᠭ᠎ᠠ ᠢᠷᠡᠵᠦ᠍᠂ ᠮᠠᠯᠴᠢᠳ᠎ᠤᠨ ᠱᠢᠤᠳᠠᠨ᠎ᠤ ᠪᠠᠭ᠍ᠯᠠᠭ᠎ᠠ ᠪᠤᠭᠤᠳᠠᠯ᠂ ᠪᠠᠢᠭᠤᠯᠭ᠎ᠠ᠎ᠶ᠋ᠢᠨ ᠰᠤᠨᠢᠨ ᠰᠡᠳᠬᠦᠯ᠂ ᠪᠠᠴᠢᠮ ᠱᠠᠭᠠᠷᠳᠠᠬ᠍ᠳᠠᠬᠤ ᠡᠳ᠋ ᠪᠤᠳᠠᠰ᠎ᠢ ᠠᠪᠴᠢᠷᠠᠵᠤ ᠦᠭ᠌ᠳᠡᠭ᠃ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠶ᠋ᠢᠨ ᠴᠠᠬ᠍ᠳᠠᠭ᠎ᠠ ᠨᠠᠷ ᠱᠢᠤᠳᠠᠨ᠎ᠤ ᠲᠤᠪᠴᠢᠶ᠎ᠠ᠎ᠶ᠋ᠢᠨ ᠠᠪᠴᠢᠷᠠᠬ᠍ᠰᠠᠨ ᠡᠳ᠋ ᠪᠤᠳᠠᠰ᠎ᠢ ᠨᠠᠷᠢᠨ ᠨᠢᠮᠪᠠᠢ ᠲᠠᠩᠰᠠᠯᠠᠵᠤ ᠲᠡᠮᠳᠡᠭ᠌ᠯᠡᠬᠡᠳ᠂ ᠬᠦᠳᠡᠭᠡ ᠪᠠᠭᠤᠵᠤ ᠠᠰᠠᠭᠤᠨ ᠰᠤᠷᠪᠤᠯᠵᠢᠯᠠᠬᠤ ᠦᠶ᠎ᠡ᠎ᠪᠠᠷ ᠮᠠᠯᠴᠢᠳ᠎ᠤᠨ ᠭᠠᠷ᠎ᠲᠤ ᠬᠦᠷᠬᠡᠨ ᠦᠭ᠌ᠳᠡᠭ ᠪᠠᠢᠯ᠎ᠠ᠃ ᠮᠠᠯᠴᠢᠳ᠎ᠤᠨ ᠵᠠᠬᠢᠶᠠᠯᠠᠬ᠍ᠰᠠᠨ ᠤᠯᠠᠩᠬᠢ ᠡᠮ᠎ᠨᠢ ᠪᠦᠷ ᠬᠢᠳᠠᠳ ᠦᠰᠦᠭ᠎ᠲᠠᠢ ᠪᠤᠯᠬᠤᠷ ᠮᠤᠩᠭᠤᠯ ᠴᠠᠬ᠍ᠳᠠᠭ᠎ᠠ ᠨᠠᠷ ᠡᠮ ᠤᠤᠭᠤᠬᠤ ᠠᠷᠭ᠎ᠠ ᠬᠡᠮᠵᠢᠶ᠎ᠡ᠎ᠶ᠋ᠢ ᠡᠮ᠎ᠤᠨ ᠬᠠᠢᠷᠴᠠᠬ ᠲᠡᠭᠡᠷ᠎ᠡ ᠮᠤᠩᠭᠤᠯ᠎ᠢᠶᠠᠷ ᠪᠢᠴᠢᠬᠡᠳ ᠮᠠᠯᠴᠢᠳ᠎ᠲᠤ ᠬᠦᠷᠬᠡᠵᠦ᠍ ᠦᠭ᠌ᠳᠡᠭ᠃

ᠴᠠᠬ᠍ᠳᠠᠭ᠎ᠠ ᠠᠷᠠᠳ ᠬᠠᠮᠳᠤᠷᠠᠬ᠍ᠰᠠᠨ ᠰᠠᠢᠨ ᠲᠤᠷᠠᠴᠣᠳ᠎ᠤᠨ ᠦᠢᠯᠡᠴᠢᠯᠡᠬᠡᠨ᠎ᠤ ᠠᠩᠬᠢ᠎ᠶ᠋ᠢᠨ ᠮᠠᠯᠴᠢᠳ᠎ᠢ ᠬᠠᠪᠰᠤᠷᠤᠬ᠍ᠰᠠᠨ ᠦᠯᠢᠬᠡᠷ ᠲᠤᠩ ᠤᠯᠠᠨ᠃ ᠤᠯᠠᠭᠠᠨ ᠠᠭᠤᠯᠠ ᠭᠠᠴᠠᠭᠠᠨ᠎ᠳᠤ ᠴᠠᠬ᠍ᠳᠠᠭ᠎ᠠ ᠨᠠᠷ᠎ᠤᠨ ᠡᠵᠢ ᠬᠡᠵᠦ᠍ ᠬᠦᠨᠳᠦᠯᠡᠨ ᠲᠠᠭᠤᠳᠠᠳᠠᠬ ᠰᠤᠶᠤᠯᠳᠤᠶᠠᠭ᠎ᠠ ᠬᠡᠳᠡᠭ ᠵᠢᠷᠠ ᠭᠠᠷᠤᠬ᠍ᠰᠠᠨ ᠮᠠᠯᠴᠢᠨ ᠪᠠᠢᠳᠠᠬ᠃ ᠰᠤᠶᠤᠯᠳᠤᠶᠠᠭ᠎ᠠ᠎ᠶ᠋ᠢᠨ ᠪᠠᠢᠱᠢᠩ ᠬᠡᠷ᠎ᠤᠨ ᠬᠠᠵᠠᠭᠤ᠎ᠳᠠᠭᠠᠨ ᠪᠣᠰᠭᠠᠭ᠍ᠰᠠᠨ ᠮᠤᠩᠭᠤᠯ ᠬᠡᠷ᠎ᠨᠢ ᠡᠪᠳᠡᠷᠡᠨ ᠬᠠᠭᠤᠴᠢᠷᠠᠬ᠍ᠰᠠᠨ ᠪᠦᠬᠡᠳ ᠨᠡᠯᠢᠶᠡᠳ ᠬᠤᠯᠠ ᠪᠤᠯᠬᠤᠷ ᠶᠠᠪᠤᠵᠤ ᠰᠠᠭᠤᠬᠤ᠎ᠳᠤ ᠲᠤᠩ ᠲᠦᠬᠦᠮ ᠦᠬᠡᠢ ᠪᠠᠢᠪᠠ᠃ ᠴᠠᠬ᠍ᠳᠠᠭ᠎ᠠ ᠨᠠᠷ ᠡᠨᠡᠬᠦ᠌ ᠪᠠᠢᠳᠠᠯ᠎ᠢ ᠤᠢ᠍ᠢᠯᠠᠭᠠᠵᠤ ᠮᠡᠳᠡᠬᠡᠳ 7 ᠰᠠᠷ᠎ᠠ᠎ᠶ᠋ᠢᠨ ᠦᠶ᠎ᠠ᠎ᠪᠠᠷ ᠲᠤᠭᠤᠰᠭ᠎ᠠ ᠬᠤᠳᠠᠯᠳᠤᠨ ᠠᠪᠴᠤ᠌᠂ ᠰᠤᠶᠤᠯᠳᠤᠶᠠᠭ᠎ᠠ᠎ᠶ᠋ᠢᠨ ᠮᠤᠩᠭᠤᠯ ᠬᠡᠷ᠎ᠢ ᠪᠠᠢᠱᠢᠩ ᠬᠡᠷ᠎ᠤᠨ ᠬᠢᠨᠢ ᠬᠠᠵᠠᠭᠤ᠎ᠳᠤ ᠨᠡᠬᠦᠯᠬᠡᠨ ᠠᠪᠴᠢᠷᠠᠵᠤ᠂ ᠲᠤᠭᠤᠰᠭ᠎ᠠ ᠲᠡᠪᠢᠰᠦᠨ ᠵᠠᠰᠠᠨ ᠰᠡᠯᠪᠢᠵᠦ᠍ ᠦᠭ᠌ᠴᠡᠢ᠃ ᠰᠤᠶᠤᠯᠳᠤᠶᠠᠭ᠎ᠠ ᠨᠠᠰᠤᠳᠠᠨ ᠮᠠᠩᠨᠠᠢ ᠲᠡᠨᠢᠨ ᠪᠠᠶᠠᠰᠴᠤ᠌᠂ ᠮᠢᠬ᠎ᠠ ᠴᠢᠨᠠᠵᠤ᠂ ᠰᠦ᠎ᠲᠠᠢ ᠴᠠᠢ ᠪᠤᠴᠠᠯᠭᠠᠵᠤ᠂ ᠴᠠᠬ᠍ᠳᠠᠭ᠎ᠠ ᠨᠠᠷ᠎ᠢ ᠵᠤᠴᠢᠯᠠᠵᠤ᠂ ᠪᠠᠶᠠᠷᠯᠠᠵᠤ ᠲᠠᠯᠠᠷᠬᠠᠬ᠍ᠰᠠᠨ ᠰᠡᠳᠭᠢᠯᠬᠡ᠎ᠪᠠᠨ ᠢᠯᠡᠳᠭᠡᠯ᠎ᠡ᠃

1 ᠰᠠᠷ᠎ᠠ᠎ᠶ᠋ᠢᠨ ᠡᠬᠢᠨ᠎ᠤ ᠨᠢᠬᠡᠨ ᠡᠳᠦᠷ᠎ᠤᠨ ᠰᠦᠨᠢ᠎ᠶ᠋ᠢᠨ ᠬᠦᠨ᠎ᠳᠤ᠂ ᠰᠤᠶᠤᠯᠳᠤᠶᠠᠭ᠎ᠠ ᠰᠠᠯᠪᠤᠷᠢ᠎ᠳᠤ ᠤᠳᠠᠰᠤ ᠢᠷᠡᠬᠦᠯᠵᠦ᠍᠂ ᠬᠤᠶᠠᠳᠤᠭᠠᠷ ᠬᠦᠦ ᠭᠠᠯᠪᠠᠭᠠᠳᠤᠷ᠎ᠨᠢ ᠡᠵᠡᠨ᠎ᠡ ᠬᠤᠱᠢᠭᠤᠨ᠎ᠤ ᠲᠠᠯᠠᠢᠬᠦ᠋ᠪ ᠪᠠᠯᠭᠠᠰᠤᠨ᠎ᠠᠴᠠ ᠭᠠᠷᠴᠤ᠌ ᠢᠷᠡᠬᠡᠳ ᠲᠦᠷᠪᠡ ᠲᠠᠪᠤᠨ ᠴᠠᠬ ᠪᠤᠯᠤᠬ᠍ᠰᠠᠨ ᠴᠤ᠌ ᠬᠡᠷ᠎ᠲᠡᠭᠡᠨ ᠬᠠᠷᠢᠵᠤ ᠢᠷᠡᠬᠡᠳᠦᠢ᠂ ᠲᠠᠨᠤᠰ ᠬᠠᠮᠵᠢᠨ ᠵᠠᠮ ᠲᠠᠭᠠᠤ ᠡᠷᠢᠬᠡᠳ ᠦᠭ᠌ᠬᠦ ᠤᠤ ᠭᠡᠵᠦ᠍ ᠳᠣᠰᠠᠯᠠᠮᠵᠢ ᠬᠦᠰᠡᠪᠡ᠃ ᠰᠠᠯᠪᠤᠷᠢ᠎ᠶ᠋ᠢᠨ ᠴᠠᠬ᠍ᠳᠠᠭ᠎ᠠ ᠨᠠᠷ ᠪᠠᠷᠢᠨ ᠮᠠᠱᠢᠨ ᠲᠡᠷᠬᠡ᠎ᠪᠠᠨ ᠵᠢᠯᠣᠭᠤᠳᠣᠨ᠂ ᠬᠦᠢᠳᠡᠨ ᠰᠠᠯᠬᠢᠨ᠎ᠢ ᠰᠦᠷᠴᠦ᠍᠂ ᠡᠵᠡᠨ᠎ᠡ ᠬᠤᠱᠢᠭᠤ᠎ᠠᠴᠠ ᠤᠯᠠᠭᠠᠨ ᠠᠭᠤᠯᠠ ᠭᠠᠴᠠᠭ᠎ᠠ ᠬᠦᠷᠬᠦ᠌ ᠵᠠᠮ ᠳᠠᠭᠠᠣ᠎ᠪᠠᠷ ᠭᠠᠯᠪᠠᠭᠠᠳᠤᠷ᠎ᠢ ᠡᠷᠢᠪᠡ᠃ ᠴᠠᠬ᠍ᠳᠠᠭ᠎ᠠ ᠨᠠᠷ ᠡᠷᠢᠭ᠌ᠰᠡᠭᠡᠷ ᠪᠠᠢᠳᠠᠯ᠎ᠠ ᠤᠬ᠍ᠵᠤᠮ ᠮᠤᠷᠦ᠋ᠢᠬ᠍ᠰᠠᠨ ᠵᠠᠮ᠎ᠤᠨ ᠬᠠᠵᠠᠭᠤ᠎ᠳᠤ ᠲᠤᠷᠤᠬ᠍ᠰᠢ ᠲᠠᠭᠠᠷᠢᠨ ᠤᠷᠤᠭᠠᠳ ᠵᠤᠬ᠍ᠰᠤᠵᠤ ᠪᠠᠢᠬ᠍ᠰᠠᠨ ᠫᠢᠺᠠ ᠲᠡᠷᠬᠡ᠎ᠶ᠋ᠢ ᠤᠯᠵᠤ ᠬᠠᠷᠠᠪᠠ᠃ ᠭᠠᠯᠪᠠᠭᠠᠳᠤᠷ ᠲᠡᠷᠬᠡᠨ ᠲᠡᠭᠡᠷ᠎ᠡ᠎ᠪᠠᠨ ᠬᠦᠨᠳᠦ ᠪᠠᠷᠠᠭ᠎ᠠ ᠲᠡᠭᠡᠭᠡᠭ᠌ᠰᠡᠨ ᠪᠤᠯᠬᠤᠷ ᠦᠪᠡᠰᠦᠪᠡᠨ ᠭᠠᠷᠴᠤ᠌ ᠲᠡᠢᠯᠬᠦ᠌ ᠦᠭᠡᠢ ᠶᠠᠭ ᠠᠷᠭ᠎ᠠ ᠪᠠᠷᠠᠭ᠍ᠳᠠᠠ ᠭᠠᠴᠢᠭ᠍ᠳᠠᠵᠦ᠍ ᠪᠠᠢᠪᠠ᠃ ᠴᠠᠬ᠍ᠳᠠᠭ᠎ᠠ ᠨᠠᠷ ᠪᠠᠷᠢᠨ ᠪᠠᠭᠤᠵᠤ ᠪᠠᠢᠴᠠᠭᠠᠬ᠍ᠰᠠᠨ᠎ᠳᠤ᠂ ᠭᠠᠯᠪᠠᠭᠠᠳᠤᠷ ᠵᠢᠯᠤᠭᠤᠴᠢ᠎ᠶ᠋ᠢᠨ ᠮᠤᠬᠤᠯᠠᠬ᠎ᠲᠠᠭᠠᠨ ᠪᠠᠢᠵᠤ᠂ ᠵᠤᠯ᠎ᠢᠶᠠᠷ ᠬᠡᠮᠳᠦᠵᠦ᠍ ᠱᠢᠷᠠᠬ᠍ᠳᠤᠬ᠍ᠰᠠᠨ ᠦᠬᠡᠢ ᠪᠠᠢᠯ᠎ᠠ᠃ ᠴᠠᠬ᠍ᠳᠠᠭ᠎ᠠ ᠨᠠᠷ ᠭᠠᠯᠪᠠᠭᠠᠳᠤᠷ᠎ᠢ ᠲᠡᠷᠬᠡᠨ ᠲᠡᠭᠡᠷ᠎ᠡ᠎ᠪᠠᠨ ᠰᠠᠭᠤᠯᠭᠠᠨ ᠲᠤᠯᠠᠭᠠᠴᠠᠭᠤᠯᠵᠤ᠂ ᠮᠠᠱᠢᠨ ᠲᠡᠷᠬᠡ᠎ᠶ᠋ᠢ᠎ᠨᠢ ᠴᠢᠷᠴᠦ᠍ ᠭᠠᠷᠭᠠᠭᠠᠳ ᠬᠡᠷ᠎ᠲᠤᠨᠢ ᠠᠪᠠᠴᠢᠵᠤ ᠦᠭ᠌ᠪᠡ᠃

《ᠮᠠᠨ᠎ᠤ ᠪᠠᠯᠭᠠᠰᠤ ᠬᠠᠷᠢᠶ᠎ᠠ ᠲᠤᠭᠤᠷᠢᠬ᠎ᠤᠨ ᠡᠯ᠎ᠡ ᠰᠠᠯᠠᠭ᠎ᠠ ᠮᠦᠴᠢᠷ᠎ᠠᠴᠠ ᠰᠠᠢᠨ ᠲᠤᠷᠠᠴᠣᠣᠯ ᠡᠯᠰᠡᠵᠦ᠍᠂ ᠨᠠᠮ᠎ᠤᠨ ᠬᠡᠱᠢᠬᠦᠳ᠎ᠤᠨ ᠬᠤᠱᠢᠭᠤᠴᠢ ᠠᠩᠬᠢ᠂ ᠵᠠᠯᠠᠭᠤᠴᠤᠳ᠎ᠤᠨ ᠭᠠᠪᠱᠢᠭᠠᠢ ᠠᠩᠬᠢ᠂ ᠡᠮᠡᠭ᠌ᠳᠡᠢᠴᠦᠳ᠎ᠤᠨ ᠰᠠᠢᠨ ᠲᠤᠷᠠᠴᠣᠳ᠎ᠤᠨ ᠦᠢᠯᠡᠴᠢᠯᠡᠬᠡᠨ᠎ᠤ ᠠᠩᠬᠢ᠂ ᠴᠠᠬ᠍ᠳᠠᠭ᠎ᠠ ᠠᠷᠠᠳ ᠬᠠᠮᠳᠤᠷᠠᠬ᠍ᠰᠠᠨ ᠰᠠᠢᠨ ᠲᠤᠷᠠᠴᠣᠳ᠎ᠤᠨ ᠦᠢᠯᠡᠴᠢᠯᠡᠬᠡᠨ᠎ᠤ ᠠᠩᠬᠢ᠂ ᠪᠠᠴᠢᠮ ᠪᠠᠢᠳᠠᠯ᠎ᠢ ᠠᠷᠭᠠᠴᠠᠭᠠᠵᠤ ᠠᠪᠤᠷᠠᠨ ᠲᠤᠰᠠᠯᠠᠬᠤ ᠠᠩᠬᠢ᠂ ᠴᠠᠬᠢᠯᠭᠠᠨ ᠬᠦᠳᠡᠯᠬᠡᠬᠦᠷ᠎ᠤᠨ ᠠᠵᠢᠯᠳᠠᠳ᠎ᠤᠨ ᠰᠠᠢᠨ ᠲᠤᠷᠠᠴᠣᠳ᠎ᠤᠨ ᠦᠢᠯᠡᠴᠢᠯᠡᠬᠡᠨ᠎ᠤ ᠠᠩᠬᠢ᠂ ᠬᠠᠷ᠎ᠠ ᠪᠦᠷᠬᠦᠳ᠎ᠤᠨ ᠠᠭᠤᠯᠠ ᠭᠠᠯᠳᠤ ᠲᠡᠷᠬᠡᠨ᠎ᠤ ᠦᠷᠳᠡᠭᠡ᠎ᠶ᠋ᠢᠨ ᠵᠠᠯᠠᠭᠤᠴᠤᠳ᠎ᠤᠨ ᠦᠢᠯᠡᠴᠢᠯᠡᠬᠡᠨ᠎ᠤ ᠠᠩᠬᠢ ᠵᠡᠷᠬᠡ 7 ᠰᠠᠢᠨ ᠲᠤᠷᠠᠴᠣᠳ᠎ᠤᠨ ᠦᠢᠯᠡᠴᠢᠯᠡᠬᠡᠨ᠎ᠤ ᠠᠩᠬᠢ ᠪᠠᠢᠭᠤᠯᠵᠤ᠂ ᠤᠯᠠᠨ ᠲᠦᠮᠡᠨ᠎ᠢ ᠬᠠᠪᠰᠣᠷᠣᠨ ᠤᠴᠢᠷ ᠶᠠᠪᠤᠳᠠᠯ᠎ᠢ᠎ᠨᠢ ᠬᠠᠮᠵᠢᠨ ᠱᠢᠢᠳᠪᠦᠷᠢᠯᠡᠨ ᠦᠭ᠌ᠴᠦ ᠪᠤᠢ᠃ ᠲᠠᠪᠤᠳᠤᠭᠠᠷ ᠪᠦᠬᠦᠳᠡ ᠬᠤᠷᠠᠯ᠎ᠠᠴᠠ ᠬᠦᠳᠡᠭᠡ ᠲᠤᠰᠭᠤᠨ᠎ᠢ ᠬᠦᠭ᠌ᠵᠢᠬᠦᠯᠦᠨ ᠮᠠᠨᠳᠤᠭᠤᠯᠬᠤ ᠪᠠᠢᠯᠳᠤᠬᠤ ᠪᠤᠳᠤᠯᠭ᠎ᠠ᠎ᠶ᠋ᠢ ᠪᠦᠬᠦ᠌ ᠲᠠᠯ᠎ᠠ᠎ᠪᠠᠷ ᠠᠬᠢᠭᠤᠯᠤᠨ᠎ᠠ ᠬᠡᠵᠦ᠍ ᠲᠤᠳᠤᠷᠬᠠᠢ ᠲᠤᠷᠠᠳᠤᠬ᠍ᠰᠠᠨ᠎ᠨᠢ᠂ ᠦᠨᠳᠦᠰᠦᠨ ᠱᠠᠳᠤᠨ᠎ᠤ ᠠᠵᠢᠯᠳᠠᠳ᠎ᠤᠨ ᠠᠵᠢᠯ᠎ᠢᠶᠠᠨ ᠤᠯᠠᠮ ᠰᠠᠢᠨ ᠬᠢᠬᠦ᠌ ᠡᠷᠴᠢ ᠵᠤᠷᠢᠬ᠎ᠢ ᠬᠦᠪᠴᠢᠯᠡᠯ᠎ᠡ᠃ ᠬᠤᠢᠱᠢᠳᠠ ᠪᠢᠳᠡ ᠰᠠᠢᠨ ᠳᠣᠷᠠᠴᠣᠳ᠎ᠤᠨ ᠦᠢᠯᠡᠴᠢᠯᠡᠭᠡᠨ᠎ᠤ ᠠᠩᠬᠢ᠎ᠶ᠋ᠢ ᠬᠦᠢᠴᠡᠳ ᠠᠱᠢᠬ᠍ᠯᠠᠨ᠂ ᠪᠦᠬᠦ᠌ ᠰᠡᠳᠭᠢᠯ ᠪᠦᠬᠦ᠌ ᠵᠤᠷᠢᠬ᠎ᠢᠶᠠᠷ᠎ᠢᠶᠠᠨ ᠮᠠᠯᠴᠢᠨ ᠲᠦᠮᠡᠨ᠎ᠳᠤ ᠦᠢᠯᠡᠴᠢᠯᠡᠨ᠎ᠡ》 ᠬᠡᠵᠦ᠍ ᠬᠠᠷ᠎ᠠ ᠪᠦᠷᠬᠦᠳ᠎ᠤᠨ ᠠᠭᠤᠯᠠ ᠪᠠᠯᠭᠠᠰᠤᠨ᠎ᠤ ᠬᠠᠷᠢᠭᠤᠴᠠᠯᠭᠠᠳᠠᠨ ᠬᠡᠯᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号