ᠠᠵᠠᠳᠠᠢ ᠨᠤᠳᠤᠭ᠎ᠤᠨ ᠡᠩᠭᠡ᠎ᠶ᠋ᠢᠨ ᠦᠢᠯᠡᠰ
2021-01-04 09:52:22
ᠵᠣᠬᠢᠶᠠᠭ᠍ᠴᠢ᠄
ᠨᠠᠷᠠᠩᠭᠤᠸ᠎ᠠ ᠡᠷᠳᠡᠨᠢᠵᠢᠷᠭᠠᠯ ᠬᠤᠩ ᠱᠢᠶᠠ
ᠣᠩᠱᠢᠭ᠍ᠰᠠᠨ ᠣᠳᠠᠭ᠎ᠠ᠄
★★★☆☆

ᠬᠦᠮᠦᠨ ᠠᠮᠠ᠎ᠶ᠋ᠢᠨ ᠨᠠᠰᠤᠵᠢᠯ᠎ᠢ ᠢᠳᠡᠪᠬᠢᠳᠡᠢ ᠠᠷᠭᠠᠴᠠᠭᠠᠬᠤ ᠤᠯᠤᠰ᠎ᠤᠨ ᠪᠠᠢᠯᠳᠤᠬᠤ ᠪᠤᠳᠤᠯᠭ᠎ᠠ᠎ᠶ᠋ᠢ ᠬᠡᠷᠡᠭ᠌ᠵᠢᠬᠦᠯᠤᠨ᠎ᠡ᠃ ᠨᠠᠰᠤᠳᠠᠨ᠎ᠤ ᠠᠰᠠᠷᠠᠮᠵᠢ᠎ᠶ᠋ᠢᠨ ᠠᠵᠢᠯ ᠦᠢᠯᠡᠰ ᠪᠤᠯᠤᠨ ᠨᠠᠰᠤᠳᠠᠨ᠎ᠤ ᠠᠰᠠᠷᠠᠮᠵᠢ᠎ᠶ᠋ᠢᠨ ᠠᠵᠤ ᠦᠢᠯᠡᠰ᠎ᠤᠨ ᠬᠠᠮᠵᠢᠯᠴᠠᠨ ᠬᠦᠭ᠌ᠵᠢᠬᠦ᠌᠎ᠶ᠋ᠢ ᠠᠬᠢᠭᠤᠯᠵᠤ᠂ ᠦᠨᠳᠤᠰᠤᠨ ᠨᠠᠰᠤᠵᠢᠯ᠎ᠤᠨ ᠠᠰᠠᠷᠠᠮᠵᠢ᠎ᠶ᠋ᠢᠨ ᠦᠢᠯᠡᠴᠢᠯᠡᠬᠡᠨ᠎ᠤ ᠱᠢᠰᠲ᠋ᠧᠮ᠎ᠢ ᠲᠡᠬᠦᠯᠳᠡᠷᠵᠢᠬᠦᠯᠤᠨ᠂ ᠲᠦᠬᠡᠮᠡᠯ ᠬᠦᠷᠳᠡᠬᠡᠮᠵᠢᠳᠤ ᠨᠠᠰᠤᠵᠢᠯ᠎ᠤᠨ ᠠᠰᠠᠷᠠᠮᠵᠢ᠎ᠶ᠋ᠢᠨ ᠦᠢᠯᠡᠴᠢᠯᠡᠭᠡ ᠪᠤᠯᠤᠨ ᠬᠠᠷᠢᠯᠴᠠᠨ ᠬᠠᠪᠰᠤᠷᠤᠯᠴᠠᠬᠤ ᠨᠠᠰᠤᠵᠢᠯ᠎ᠤᠨ ᠠᠰᠠᠷᠠᠮᠵᠢ᠎ᠶ᠋ᠢᠨ ᠦᠢᠯᠡᠰ᠎ᠢ ᠬᠦᠭ᠌ᠵᠢᠬᠦᠯᠵᠤ᠂ ᠬᠡᠷ ᠪᠦᠯᠢ ᠨᠡᠢᠬᠡᠮ ᠲᠤᠭᠤᠷᠢᠭ᠎ᠤᠨ ᠪᠠᠢᠭᠤᠯᠤᠮᠵᠢ ᠬᠠᠷᠢᠯᠴᠠᠨ ᠵᠤᠬᠢᠴᠠᠯᠳᠤᠭ᠍ᠰᠠᠨ᠂ ᠡᠮᠴᠢᠯᠡᠨ ᠰᠤᠪᠢᠯᠠᠬᠤ ᠡᠷᠡᠬᠦᠯᠵᠢᠬᠦᠯᠦᠨ ᠰᠤᠪᠢᠯᠠᠬᠤ᠎ᠶ᠋ᠢ ᠬᠠᠷᠢᠯᠴᠠᠨ ᠤᠶᠠᠯᠳᠤᠭᠤᠯᠤᠭ᠍ᠰᠠᠨ ᠨᠠᠰᠤᠵᠢᠯ᠎ᠤᠨ ᠠᠰᠠᠷᠠᠮᠵᠢ᠎ᠶ᠋ᠢᠨ ᠱᠢᠰᠲ᠋ᠧᠮ᠎ᠢ ᠴᠤᠭ᠍ᠴᠠᠯᠠᠨ᠎ᠠ᠃

— 《ᠤᠯᠤᠰ ᠠᠷᠠᠳ᠎ᠤᠨ ᠠᠵᠤ ᠠᠬᠤᠶ ᠪᠠ ᠨᠡᠢᠭᠡᠮ᠎ᠤᠨ ᠬᠥᠭ᠌ᠵᠢᠯᠲᠡ᠎ᠶ᠋ᠢᠨ ᠠᠷᠪᠠᠨ ᠳᠥᠷᠪᠡᠳᠦᠭᠡᠷ ᠲᠠᠪᠤᠨ ᠵᠢᠯ᠎ᠤᠨ ᠲᠥᠯᠥᠪᠵᠢᠭᠦᠯᠭᠡ ᠪᠤᠯᠤᠨ 2035 ᠣᠨ᠎ᠤ ᠠᠯᠤᠰ᠎ᠤᠨ ᠬᠠᠷᠠᠯᠲᠠ᠎ᠶ᠋ᠢ ᠲᠣᠭ᠍ᠲᠠᠭᠠᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶᠠᠨ᠎ᠤ ᠰᠠᠨᠠᠭᠤᠯᠭ᠎ᠠ》 ᠎ᠠᠴᠠ

ᠡᠷᠡᠬᠦᠯ ᠡᠩᠭᠡ ᠪᠤᠯ ᠦᠷᠭᠡᠨ ᠤᠯᠠᠨ ᠲᠦᠮᠡᠨ᠎ᠤ ᠬᠦᠰᠡᠯ ᠬᠦᠭᠡᠭᠡᠴᠡᠯᠳᠦᠯ ᠮᠦᠨ᠃ 2020 ᠤᠨ᠎ᠤ 12 ᠰᠠᠷ᠎ᠠ᠎ᠶ᠋ᠢᠨ ᠰᠡᠬᠦᠯᠴᠢ᠂ ᠦᠪᠦᠷ ᠮᠤᠩᠭᠤᠯ᠎ᠤᠨ ᠪᠠᠷᠠᠭᠤᠨ ᠬᠢᠵᠠᠭᠠᠷ᠎ᠤᠨ ᠨᠢᠭᠡᠨ ᠰᠤᠪᠢᠯᠠᠯᠳᠠ᠎ᠶ᠋ᠢᠨ ᠬᠦᠷᠢᠶᠡᠯᠡᠩ᠎ᠳᠤ ᠡᠯ᠎ᠡ ᠭᠠᠵᠠᠷ᠎ᠠᠴᠠ ᠢᠷᠡᠭ᠌ᠰᠡᠨ 300 ᠭᠠᠷᠤᠢ ᠡᠪᠡᠳᠴᠢᠳᠡᠨ ᠤᠨᠴᠠ ᠡᠮᠴᠢᠯᠡᠭᠡ ᠰᠤᠪᠢᠯᠠᠯᠳᠠ ᠬᠦᠷᠳᠡᠵᠦ᠍᠂ ᠡᠷᠡᠬᠦᠯᠵᠢᠨ ᠢᠯᠡᠷᠢᠱᠢᠬᠤ᠎ᠶ᠋ᠢᠨ ᠪᠠᠶᠠᠷ ᠪᠠᠶᠠᠰᠤᠯ᠎ᠢ ᠡᠳ᠋ᠯᠡᠨ᠎ᠡ᠃ ᠡᠨᠡ ᠪᠤᠯ ᠦᠪᠡᠷᠳᠡᠭᠡᠨ ᠵᠠᠰᠠᠬᠤ ᠤᠷᠤᠨ᠎ᠤ ᠡᠮᠴᠢᠯᠡᠭᠡ ᠰᠤᠪᠢᠯᠠᠯᠳᠠ᠎ᠶ᠋ᠢ ᠤᠶᠠᠯᠳᠤᠭᠤᠯᠤᠭ᠍ᠰᠠᠨ ᠲᠤᠷᠱᠢᠯᠳᠠ᠎ᠶ᠋ᠢᠨ ᠴᠡᠭ — ᠤᠷᠳᠤᠰ ᠬᠤᠳᠠ᠎ᠶ᠋ᠢᠨ ᠤᠲᠤᠭ᠎ᠤᠨ ᠡᠮᠦᠨᠡᠲᠦ ᠬᠤᠱᠢᠭᠤᠨ᠎ᠤ ᠠᠵᠠᠳᠠᠢ ᠰᠤᠪᠢᠯᠠᠯᠲᠠ᠎ᠶ᠋ᠢᠨ ᠬᠦᠷᠢᠶᠡᠯᠡᠩ ᠪᠤᠯᠤᠨ᠎ᠠ᠃

ᠤᠲᠤᠭ᠎ᠤᠨ ᠡᠮᠦᠨᠡᠲᠦ ᠬᠤᠱᠢᠭᠤ ᠪᠦᠬᠦ᠌ ᠠᠷᠠᠳ᠎ᠤᠨ ᠡᠷᠡᠭᠦᠯ ᠮᠡᠨᠳᠦ᠎ᠶ᠋ᠢᠨ ᠦᠢᠯᠡᠰ ᠨᠠᠰᠤᠵᠢᠯ᠎ᠤᠨ ᠦᠢᠯᠡᠰ᠎ᠢ ᠪᠦᠬᠦ᠌ ᠬᠦᠴᠦᠨ᠎ᠢᠶᠠᠷ ᠠᠬᠢᠭᠤᠯᠵᠤ᠂ ᠪᠡᠶ᠎ᠡ ᠰᠤᠪᠢᠯᠠᠯᠳᠠ᠂ ᠡᠮᠴᠢᠯᠡᠭᠡ ᠦᠢᠯᠡᠴᠢᠯᠡᠭᠡ᠂ ᠨᠠᠰᠤᠵᠢᠯ᠎ᠤᠨ ᠠᠰᠠᠷᠠᠮᠵᠢ᠎ᠶ᠋ᠢ ᠤᠶᠠᠯᠳᠤᠭᠤᠯᠬᠤ ᠲᠤᠷᠱᠢᠯᠲᠠ᠎ᠶ᠋ᠢᠨ ᠠᠵᠢᠯ᠎ᠢ ᠯᠠᠪᠳᠠᠭᠤᠨ ᠪᠠᠲᠤᠲᠠᠶ ᠥᠷᠨᠢᠭᠦᠯᠵᠦ᠍ ᠢᠷᠡᠪᠡ᠃ 2014 ᠤᠨ᠎ᠳᠤ ᠠᠵᠠᠳᠠᠢ ᠰᠤᠪᠢᠯᠠᠯᠳᠠ᠎ᠶ᠋ᠢᠨ ᠬᠦᠷᠢᠶᠡᠯᠡᠩ᠎ᠢ ᠪᠠᠢᠭᠤᠯᠵᠤ᠂ 2016 ᠤᠨ᠎ᠠᠴᠠ ᠡᠮᠴᠢᠯᠡᠭᠡ ᠰᠤᠪᠢᠯᠠᠯᠳᠠ᠎ᠶ᠋ᠢ ᠤᠶᠠᠯᠳᠤᠭᠤᠯᠬᠤ᠎ᠶ᠋ᠢ ᠲᠤᠷᠱᠢᠨ ᠬᠡᠷᠡᠭ᠌ᠵᠢᠬᠦᠯᠵᠦ᠍᠂ 2017 ᠤᠨ᠎ᠠᠴᠠ ᠬᠤᠱᠢᠭᠤᠨ᠎ᠤ ᠮᠤᠩᠭᠤᠯ ᠡᠮᠨᠡᠯᠭᠡ᠎ᠶ᠋ᠢᠨ ᠬᠤᠷᠢᠶᠠᠨ᠎ᠤ ᠮᠤᠩᠭᠤᠯ ᠡᠮᠨᠡᠯᠭᠡ᠎ᠶ᠋ᠢᠨ ᠪᠡᠶ᠎ᠡ ᠰᠡᠳᠭᠢᠴᠠ ᠬᠠᠷᠢᠯᠴᠠᠨ ᠦᠢᠯᠡᠳᠦᠯᠴᠡᠬᠦ᠌ ᠵᠠᠰᠠᠯ᠎ᠤᠨ ᠰᠠᠯᠠᠭᠠᠨ᠎ᠤ 9 ᠡᠮᠴᠢ ᠰᠤᠪᠢᠯᠠᠭ᠍ᠴᠢ᠎ᠶ᠋ᠢ ᠲᠤᠮᠢᠯᠠᠨ ᠰᠠᠭᠤᠯᠭᠠᠵᠤ᠂ ᠡᠮᠴᠢᠯᠡᠭᠡ ᠰᠤᠪᠢᠯᠠᠯᠳᠠ᠎ᠶ᠋ᠢᠨ ᠤᠶᠠᠯᠳᠤᠯ᠎ᠢ ᠦᠨᠡᠨ ᠬᠦ᠌ ᠪᠡᠶᠡᠯᠡᠬᠦᠯᠵᠡᠢ᠃

ᠠᠭᠠᠷ᠎ᠨᠢ ᠴᠡᠯᠮᠡᠭ᠂ ᠤᠰᠤ᠎ᠨᠢ ᠲᠤᠩᠭᠠᠯᠠᠭ᠂ ᠲᠠᠯ᠎ᠠ᠎ᠨᠢ ᠲᠡᠨᠢᠭᠡᠷ ᠡᠭᠡ ᠪᠠᠢᠭᠠᠯᠢ᠎ᠶ᠋ᠢᠨ ᠰᠤᠶᠤᠷᠬᠠᠭ᠍ᠰᠠᠨ ᠬᠡᠱᠢᠭ᠎ᠢ ᠬᠥᠷᠲᠡᠭ᠌ᠰᠡᠨ ᠠᠵᠠᠲᠠᠢ ᠰᠤᠪᠢᠯᠠᠯᠲᠠ᠎ᠶ᠋ᠢᠨ ᠬᠦᠷᠢᠶᠡᠯᠡᠩ᠎ᠨᠢ ᠮᠤᠩᠭᠤᠯ ᠡᠮᠨᠡᠯᠭᠡ᠎ᠶ᠋ᠢᠨ ᠪᠡᠶ᠎ᠡ ᠰᠡᠳᠭᠢᠴᠠ ᠬᠠᠷᠢᠯᠴᠠᠨ ᠦᠢᠯᠡᠳᠦᠯᠴᠡᠬᠦ᠌ ᠵᠠᠰᠠᠯ᠎ᠢᠶᠠᠷ ᠲᠤᠯᠭᠠᠭᠤᠷᠢᠯᠠᠵᠤ᠂ ᠲᠥᠪᠯᠡᠷᠡᠩᠭᠦᠶ ᠨᠠᠰᠤᠵᠢᠯ᠎ᠤᠨ ᠠᠰᠠᠷᠠᠮᠵᠢ ᠪᠠ ᠪᠡᠶ᠎ᠡ ᠰᠡᠳᠭᠢᠴᠠ᠎ᠶ᠋ᠢᠨ ᠡᠷᠡᠬᠦᠯᠵᠢᠯ᠎ᠤᠨ ᠰᠤᠪᠢᠯᠠᠯᠳᠠ᠎ᠪᠠᠷ ᠰᠠᠭᠤᠷᠢ ᠪᠣᠯᠭᠠᠵᠤ᠂ ᠣᠨᠣᠱᠢᠯᠠᠨ ᠵᠠᠰᠠᠬᠤ ᠦᠶᠯᠡᠴᠢᠯᠡᠭᠡ᠂ ᠬᠦᠨᠳᠦ ᠡᠪᠡᠳᠴᠢᠳᠡᠨ᠎ᠢ ᠡᠷᠡᠭᠦᠯᠵᠢᠭᠦᠯᠬᠦ᠌ ᠦᠶᠯᠡᠴᠢᠯᠡᠭᠡ᠂ ᠰᠡᠳᠭᠢᠴᠡ᠎ᠶ᠋ᠢᠨ ᠵᠥᠪᠯᠡᠯᠭᠡ᠂ ᠰᠡᠳᠭᠢᠴᠡ᠎ᠶ᠋ᠢᠨ ᠡᠮᠴᠢᠯᠡᠭᠡ ᠪᠠ ᠨᠠᠰᠤᠳᠠᠨ᠎ᠤ ᠠᠰᠠᠷᠠᠮᠵᠢ᠂ ᠨᠠᠰᠤ ᠨᠥᠭ᠌ᠴᠢᠬᠦ᠌ ᠦᠶ᠎ᠡ᠎ᠶ᠋ᠢᠨ ᠬᠠᠯᠠᠮᠵᠢᠯᠠᠯ᠎ᠤᠨ ᠦᠶᠯᠡᠴᠢᠯᠡᠭᠡ᠎ᠪᠠᠷ ᠭᠤᠤᠯ ᠪᠤᠯᠭᠠᠵᠤ᠂ ᠠᠷᠠᠳ ᠤᠯᠠᠨ᠎ᠳᠤ ᠡᠷᠡᠬᠦᠯ ᠮᠡᠨᠳᠦ ᠵᠤᠯ ᠵᠢᠷᠭᠠᠯ ᠪᠠᠶᠠᠷ ᠪᠠᠶᠠᠰᠤᠯ᠎ᠢ ᠬᠦᠷᠭᠡᠨᠡᠮ᠃

《ᠤᠳᠤᠬᠠᠨ᠎ᠳᠤ᠂ ᠠᠰᠠᠷᠠᠮᠵᠢ᠎ᠶ᠋ᠢᠨ ᠬᠦᠷᠢᠶᠡᠯᠡᠩ᠎ᠳᠤ 690 ᠤᠷᠤ᠎ᠲᠠᠢ᠂ ᠬᠢᠵᠢᠭ᠎ᠤᠨ ᠪᠠᠢᠳᠠᠯ᠎ᠤᠨ ᠨᠦᠯᠦᠭᠡ᠎ᠠᠴᠠ ᠪᠤᠯᠵᠤ ᠵᠦᠪᠬᠡᠨ 300 ᠭᠠᠷᠤᠢ ᠬᠦᠮᠦᠨ᠎ᠢᠶᠠᠷ ᠬᠢᠵᠠᠭᠠᠷᠯᠠᠵᠤ ᠪᠠᠢᠨ᠎ᠠ》 ᠬᠡᠵᠦ᠍ ᠠᠵᠠᠲᠠᠢ ᠰᠤᠪᠢᠯᠠᠯᠲᠠ᠎ᠶ᠋ᠢᠨ ᠬᠦᠷᠢᠶᠡᠯᠡᠩ᠎ᠤᠨ ᠬᠠᠷᠢᠭᠤᠴᠠᠯᠭᠠᠲᠠᠨ ᠬᠠᠩᠭᠠᠢ ᠮᠠᠨ᠎ᠤ ᠰᠤᠷᠪᠤᠯᠵᠢᠯᠠᠭ᠎ᠠ᠎ᠶ᠋ᠢ ᠬᠦᠯᠢᠶᠡᠬᠦ᠌᠎ᠳᠡᠭᠡᠨ ᠬᠡᠯᠡᠵᠦ᠍ ᠪᠠᠢᠯ᠎ᠠ᠃

ᠦᠤᠱᠢᠨ ᠬᠤᠱᠢᠭᠤᠨ᠎ᠤ ᠲᠤᠬ ᠪᠠᠯᠭᠠᠰᠦ᠎ᠶ᠋ᠢᠨ ᠬᠤᠧᠠᠲᠤᠯᠤᠭᠠᠢ ᠭᠠᠴᠠᠭᠠᠨ᠎ᠤ ᠠᠵᠢᠯ᠎ᠠᠴᠠ᠎ᠪᠠᠨ ᠠᠮᠠᠷᠠᠬ᠍ᠰᠠᠨ ᠪᠠᠭ᠍ᠰᠢ ᠬᠠᠰᠭᠡᠷᠡᠯᠲᠤ᠌᠄ 《2017 ᠤᠨ᠎ᠳᠤ ᠲᠠᠷᠢᠬᠢᠨ᠎ᠳᠤ ᠴᠢᠰᠦ ᠬᠠᠷᠪᠤᠵᠤ᠂ ᠲᠠᠯ᠎ᠠ ᠪᠡᠶ᠎ᠡ ᠲᠠᠮᠪᠠᠷᠠᠭ᠍ᠰᠠᠨ᠎ᠠᠴᠠ ᠪᠤᠯᠵᠤ ᠬᠤᠯᠠ ᠤᠢ᠍ᠢᠷ᠎ᠠ᠎ᠳᠠᠭᠠᠨ ᠠᠯᠳᠠᠷᠱᠢᠭ᠍ᠰᠠᠨ ᠠᠵᠠᠳᠠᠢ ᠰᠤᠪᠢᠯᠠᠯᠳᠠ᠎ᠶ᠋ᠢᠨ ᠬᠦᠷᠢᠶᠡᠯᠡᠩ᠎ᠳᠤ ᠢᠷᠡᠭ᠌ᠰᠡᠨ ᠶᠤᠮ᠃ ᠲᠤᠬᠠᠢ᠎ᠶ᠋ᠢᠨ ᠦᠶ᠎ᠡ᠎ᠳᠤ ᠬᠡᠪᠳᠡᠵᠦ᠍ ᠴᠦ᠍ ᠴᠢᠳᠠᠬᠤ ᠦᠭᠡᠢ ᠪᠤᠰᠴᠤ᠌ ᠴᠦ᠍ ᠲᠡᠢᠯᠬᠦ᠌ ᠦᠭᠡᠢ ᠪᠠᠢᠭ᠍ᠰᠠᠨ ᠪᠤᠯᠬᠤᠷ ᠶᠤᠰᠤᠲᠠᠢ ᠦᠭᠦᠶ᠎ᠡ ᠬᠡᠬᠦ᠌ ᠪᠤᠳᠤᠯ ᠤᠷᠤᠵᠤ ᠪᠠᠢᠭ᠍ᠰᠠᠨ᠃ ᠲᠦᠷᠪᠡᠨ ᠵᠢᠯ ᠲᠠᠷᠠᠭᠠᠯᠠᠨ ᠠᠳᠡ ᠢᠷᠡᠵᠦ᠍ ᠵᠤᠬᠢᠬᠤ ᠬᠤᠭᠤᠴᠠᠭᠠᠨ᠎ᠤ ᠡᠮᠴᠢᠯᠡᠭᠡ ᠰᠤᠪᠢᠯᠠᠯᠳᠠ᠎ᠶ᠋ᠢ ᠬᠦᠷᠳᠡᠭ᠌ᠰᠡᠨ᠎ᠤ ᠠᠴᠢ᠎ᠪᠠᠷ ᠤᠳᠤ ᠦᠪᠡᠷ᠎ᠢᠶᠠᠨ ᠶᠠᠪᠤᠵᠤ ᠰᠠᠭᠤᠵᠤ ᠲᠡᠢᠯᠬᠦ᠌ ᠪᠤᠯᠵᠤ᠂ ᠡᠳᠦᠷ᠎ᠠᠴᠠ ᠡᠳᠦᠷ ᠡᠷᠡᠬᠦᠯᠱᠢᠵᠦ᠍ ᠪᠠᠢᠨ᠎ᠠ᠃ ᠠᠳᠡᠬᠢ ᠵᠠᠷᠤᠳᠠᠯ ᠪᠠᠭ᠎ᠠ᠂ ᠦᠢᠯᠡᠴᠢᠯᠡᠭᠡ ᠰᠠᠢᠨ᠃ ᠵᠢᠯ ᠪᠤᠯᠭᠠᠨ ᠠᠳᠡ ᠢᠷᠡᠵᠦ᠍ ᠲᠤᠭ᠍ᠳᠠᠭ᠍ᠰᠠᠨ ᠬᠤᠭᠤᠴᠠᠭ᠎ᠠ᠎ᠲᠠᠢ ᠡᠷᠡᠬᠦᠯᠵᠢᠯ᠎ᠤᠨ ᠰᠤᠪᠢᠯᠠᠯᠳᠠ ᠬᠢᠬᠦ᠌ ᠪᠤᠶᠤ ᠡᠷᠡᠬᠦᠯ ᠮᠡᠨᠳᠦ᠎ᠶ᠋ᠢᠨ ᠵᠢᠭᠤᠯᠴᠢᠯᠠᠯ᠎ᠳᠤ ᠤᠷᠤᠯᠴᠠᠨ ᠡᠷᠡᠬᠦᠯ ᠮᠡᠨᠳᠦ᠎ᠪᠠᠨ ᠪᠠᠳᠤᠳᠭᠠᠨ᠎ᠠ》 ᠬᠡᠵᠦ᠍ ᠰᠡᠳᠭᠢᠯ ᠲᠤᠬ᠍ᠳᠤᠯᠤᠩᠭᠤᠢ ᠶᠠᠷᠢᠵᠤ ᠪᠠᠢᠯ᠎ᠠ᠃

ᠡᠷᠡᠬᠦᠯ ᠮᠡᠨᠳᠦ᠎ᠶ᠋ᠢᠨ ᠬᠢᠴᠢᠶᠡᠯ ᠲᠠᠢᠯᠤᠮᠵᠢ ᠰᠤᠨᠤᠰᠭᠤ᠂ ᠡᠷᠡᠬᠦᠯᠵᠢᠯ᠎ᠤᠨ ᠡᠮᠴᠢᠯᠡᠭᠡ ᠵᠠᠰᠠᠯ ᠬᠦᠷᠳᠡᠬᠦ᠂ ᠪᠡᠶ᠎ᠡ᠎ᠶ᠋ᠢᠨ ᠲᠠᠮᠢᠷ ᠤᠷᠠᠨ ᠰᠠᠢᠬᠠᠨ᠎ᠤ ᠠᠵᠢᠯᠯᠠᠭ᠎ᠠ᠎ᠠᠴᠠ ᠭᠠᠳᠠᠨ᠎ᠠ᠂ ᠡᠷᠡᠬᠦᠯ ᠮᠡᠨᠳᠦ᠎ᠶ᠋ᠢᠨ ᠵᠢᠭᠤᠯᠴᠢᠯᠠᠯ ᠪᠤᠯ ᠠᠵᠠᠳᠠᠢ ᠰᠤᠪᠢᠯᠠᠯᠳᠠ᠎ᠶ᠋ᠢᠨ ᠬᠦᠷᠢᠶᠡᠯᠡᠩ᠎ᠤᠨ ᠪᠠᠰᠠ ᠨᠢᠭᠡᠨ ᠤᠨᠴᠠᠯᠢᠬ᠍ᠳᠤ ᠦᠢᠯᠡᠴᠢᠯᠡᠭᠡ ᠪᠤᠯᠤᠨ᠎ᠠ᠃ 《ᠪᠢᠳᠡ ᠵᠢᠯ᠎ᠳᠡᠭᠡᠨ 5 — 6 ᠤᠳᠠᠭᠠᠨ᠎ᠤ ᠡᠷᠡᠭᠦᠯ ᠮᠡᠨᠲᠤ᠎ᠶ᠋ᠢᠨ ᠵᠢᠭᠤᠯᠴᠢᠯᠠᠯ᠎ᠤᠨ ᠠᠵᠢᠯᠯᠠᠭ᠎ᠠ ᠦᠷᠨᠢᠭᠦᠯᠳᠡᠭ᠃ ᠤᠷᠤᠯᠴᠠᠭ᠍ᠴᠢ᠎ᠶ᠋ᠢᠨ ᠨᠠᠰᠤᠨ᠎ᠤ ᠪᠠᠢᠳᠠᠯ᠂ ᠡᠷᠡᠬᠦᠯ ᠮᠡᠨᠳᠦ᠎ᠶ᠋ᠢᠨ ᠪᠠᠢᠳᠠᠯ᠎ᠢ ᠦᠨᠳᠦᠰᠦᠯᠡᠨ ᠵᠢᠭᠤᠯᠴᠢᠯᠠᠯ᠎ᠤᠨ ᠵᠠᠮ ᠱᠤᠭᠤᠮ᠎ᠢᠶᠠᠨ ᠲᠤᠬ᠍ᠳᠠᠭᠠᠨ᠎ᠠ᠂ ᠬᠦᠮᠦᠰ ᠵᠠᠮ ᠲᠠᠭᠠᠤ ᠪᠠᠢᠭᠠᠯᠢ᠎ᠶ᠋ᠢᠨ ᠦᠩᠭᠡ ᠦᠵᠡᠮᠵᠢ ᠲᠡᠦᠭᠡ ᠰᠤᠶᠤᠯ ᠢᠷᠭᠡᠨᠱᠢᠯ᠎ᠢ ᠰᠤᠨᠢᠷᠬᠠᠬᠤ᠎ᠶ᠋ᠢᠨ ᠬᠠᠮᠲᠤ ᠡᠷᠡᠭᠦᠯ ᠮᠡᠨᠲᠤ᠎ᠶ᠋ᠢᠨ ᠲᠤᠬᠠᠢ ᠬᠢᠴᠢᠶᠡᠯ ᠲᠠᠢᠯᠤᠮᠵᠢ ᠰᠤᠨᠤᠰᠴᠤ᠌ ᠪᠡᠶ᠎ᠡ ᠰᠡᠳᠭᠢᠯ᠎ᠤᠨ ᠲᠠᠢᠪᠤᠱᠢᠷᠠᠯ᠎ᠢ ᠤᠯᠵᠤ ᠡᠷᠡᠬᠦᠯᠵᠢᠳᠡᠭ》 ᠭᠡᠵᠦ᠍ ᠬᠠᠩᠭᠠᠢ ᠲᠠᠨᠢᠯᠴᠠᠭᠤᠯᠤᠯ᠎ᠠ᠃

ᠠᠵᠠᠳᠠᠢ ᠰᠤᠪᠢᠯᠠᠯᠳᠠ᠎ᠶ᠋ᠢᠨ ᠬᠦᠷᠢᠶᠡᠯᠡᠩ 2017 ᠤᠨ᠎ᠤ 1 ᠰᠠᠷ᠎ᠠ᠎ᠠᠴᠠ 2018 ᠤᠨ᠎ᠤ 7 ᠰᠠᠷ᠎ᠠ ᠪᠤᠯᠳᠠᠯ᠎ᠠ 18.9 ᠲᠦᠮᠡ ᠱᠢᠬᠠᠮ ᠬᠦᠮᠦᠨ ᠤᠳᠠᠭ᠎ᠠ᠎ᠳᠤ ᠡᠷᠡᠬᠦᠯ ᠮᠡᠨᠳᠦ᠎ᠶ᠋ᠢᠨ ᠦᠢᠯᠡᠴᠢᠯᠡᠭᠡ ᠰᠤᠪᠢᠯᠠᠯᠳᠠ ᠬᠠᠩᠭᠠᠵᠠᠢ᠃ ᠤᠲᠤᠬ᠎ᠤᠨ ᠡᠮᠦᠨᠡᠲᠤ ᠬᠤᠱᠢᠭᠤᠨ᠎ᠤ ᠪᠤᠷᠤᠪᠠᠯᠭᠠᠰᠦ᠎ᠶ᠋ᠢᠨ ᠬᠢᠵᠤᠤᠷ ᠭᠠᠴᠠᠭ᠎ᠠ᠎ᠶ᠋ᠢᠨ ᠨᠠᠶᠠᠨ ᠨᠠᠰᠤᠨ᠎ᠤ ᠦᠨᠳᠦᠷ ᠬᠤᠳᠤᠭ᠎ᠢ ᠵᠤᠭᠤᠭ᠍ᠯᠠᠵᠤ ᠶᠠᠪᠤᠭ᠎ᠠ ᠴᠤᠬ᠍ᠵᠢᠨᠴᠢᠮᠡᠭ ᠨᠠᠰᠤᠲᠠᠨ ᠡᠪᠦᠬᠡᠨ᠎ᠲᠠᠢ᠎ᠪᠠᠨ ᠬᠠᠮᠲᠤ ᠴᠡᠪᠡᠷ ᠲᠤᠬᠢᠯᠢᠭ ᠰᠤᠪᠢᠯᠠᠯᠲᠠ᠎ᠶ᠋ᠢᠨ ᠦᠷᠦᠭᠡᠨ᠎ᠳᠡᠭᠡᠨ ᠲᠠᠪᠠᠲᠠᠢ ᠰᠠᠢᠬᠠᠨ ᠰᠠᠭᠤᠵᠤ ᠪᠠᠢᠯ᠎ᠠ᠃ ᠨᠠᠰᠤᠲᠠᠨ᠎ᠤ ᠵᠢᠷᠦᠭᠡ᠎ᠨᠢ ᠮᠠᠭᠤ᠂ ᠲᠤᠯᠤᠭᠠᠢ᠎ᠨᠢ ᠲᠦᠨᠡᠷᠡᠭᠡᠳ ᠪᠠᠢᠳᠠᠬ ᠭᠡᠨ᠎ᠡ᠃ ᠡᠪᠦᠭᠡᠨ᠎ᠤ ᠬᠢᠨᠢ ᠬᠦᠯ᠎ᠨᠢ ᠮᠠᠭᠤ᠂ ᠦᠪᠡᠷ᠎ᠢᠶᠠᠨ ᠶᠠᠪᠤᠵᠤ ᠰᠠᠭᠤᠵᠤ ᠲᠡᠢᠯᠬᠦ᠌ ᠦᠭᠡᠢ ᠪᠠᠢᠯ᠎ᠠ᠃ 《ᠬᠤᠶᠠᠷ ᠰᠠᠷ᠎ᠠ ᠱᠢᠬᠠᠮ᠎ᠤᠨ ᠰᠤᠪᠢᠯᠠᠯᠳᠠ᠎ᠪᠠᠷ ᠲᠠᠮᠵᠢᠭᠠᠳ ᠬᠦᠯ ᠭᠠᠷ ᠨᠡᠯᠢᠶᠡᠳ ᠬᠦᠩᠬᠡᠷᠡᠴᠢᠭᠡᠯ᠎ᠡ᠃ ᠠᠳᠡᠬᠢ ᠦᠢᠯᠡᠴᠢᠯᠡᠭᠡ ᠮᠠᠰᠢ ᠰᠠᠢᠨ᠂ ᠡᠪᠦᠭᠡᠨ᠎ᠢ ᠮᠠᠨᠢ ᠵᠢᠳᠭᠦᠭᠦᠷ ᠲᠡᠷᠭᠡ᠎ᠪᠠᠷ ᠨᠠᠭᠠᠰᠢ ᠴᠠᠭᠠᠰᠢ ᠵᠦᠭᠡᠭᠡᠵᠦ᠍᠂ ᠡᠷᠡᠬᠦᠯᠵᠢᠯ᠎ᠤᠨ ᠪᠤᠯᠪᠠᠰᠤᠷᠠᠯ᠂ ᠡᠷᠡᠬᠦᠯ ᠮᠡᠨᠳᠦ᠎ᠶ᠋ᠢᠨ ᠬᠢᠴᠢᠶᠡᠯ ᠲᠠᠢᠯᠤᠮᠵᠢ᠎ᠳᠤ ᠤᠷᠤᠭᠤᠯᠤᠨ᠎ᠠ᠂ ᠬᠤᠪᠴᠠᠰᠦ ᠬᠤᠨᠠᠷ᠎ᠢ ᠪᠠᠰᠠ ᠤᠬᠢᠶᠠᠵᠤ ᠦᠭ᠌ᠬᠦᠨ᠎ᠡ᠂ ᠴᠠᠢ ᠪᠤᠳᠠᠭ᠎ᠠ᠎ᠶ᠋ᠢ ᠴᠠᠭ᠎ᠲᠠᠭᠠᠨ ᠬᠦᠷᠭᠡᠭᠡᠳ ᠢᠷᠡᠨ᠎ᠡ ᠁ ᠠᠳᠡ ᠢᠷᠡᠭ᠌ᠰᠡᠭᠡᠷ ᠰᠠᠨᠠᠭ᠎ᠠ ᠰᠡᠳᠭᠢᠯ ᠲᠠᠢᠪᠤᠱᠢᠷᠠᠭᠠᠳ ᠪᠠᠶ᠎ᠠ ᠶᠡᠭᠡ ᠴᠢᠩᠭ᠎ᠠ ᠪᠤᠯᠴᠢᠬᠠᠳᠠᠬ》 ᠬᠡᠵᠤ ᠨᠠᠰᠤᠲᠠᠨ ᠪᠠᠶᠠᠷᠳᠠᠢ ᠶᠠᠷᠢᠨ᠎ᠠ᠃

ᠡᠮᠴᠢᠯᠡᠭᠡ ᠰᠤᠪᠢᠯᠠᠯᠳᠠ᠎ᠶ᠋ᠢ ᠤᠶᠠᠯᠳᠤᠭᠤᠯᠬᠤ ᠪᠤᠯ ᠱᠢᠨ᠎ᠡ ᠮᠠᠶᠢᠭ᠎ᠤᠨ ᠨᠠᠰᠤᠵᠢᠯ᠎ᠤᠨ ᠠᠰᠠᠷᠠᠮᠵᠢ᠎ᠶ᠋ᠢᠨ ᠵᠠᠭ᠍ᠪᠤᠷ ᠮᠦᠨ᠂ ᠡᠷᠡᠬᠦᠯ ᠡᠩᠭᠡ ᠲᠤᠮᠳᠠᠳᠤ ᠤᠯᠤᠰ᠎ᠢ ᠪᠠᠢᠭᠤᠯᠬᠤ ᠦᠨᠳᠦᠰᠦᠨ ᠪᠣᠳᠣᠯᠭ᠎ᠠ ᠴᠢᠭ᠌ᠯᠡᠯᠲᠡ ᠮᠥᠨ᠃ ᠠᠵᠠᠲᠠᠢ ᠰᠤᠪᠢᠯᠠᠯᠲᠠ᠎ᠶ᠋ᠢᠨ ᠬᠦᠷᠢᠶᠡᠯᠡᠩ ᠡᠷᠡᠭᠦᠯ ᠮᠡᠨᠳᠦ᠎ᠶ᠋ᠢᠨ ᠬᠥᠮᠦᠵᠢᠯ᠂ ᠪᠡᠶ᠎ᠡ ᠰᠤᠪᠢᠯᠠᠯᠲᠠ᠎ᠶ᠋ᠢᠨ ᠮᠡᠳᠡᠯᠭᠡ᠎ᠶ᠋ᠢ ᠳᠡᠯᠭᠡᠷᠡᠭᠦᠯᠬᠦ᠌᠎ᠪᠠᠷ ᠳᠠᠮᠵᠢᠭᠤᠯᠤᠨ᠂ ᠪᠦᠬᠦ᠌ ᠠᠷᠠᠳ᠎ᠤᠨ ᠪᠡᠶ᠎ᠡ ᠰᠡᠳᠭᠢᠯ᠎ᠤᠨ ᠡᠷᠡᠭᠦᠯ ᠮᠡᠨᠳᠦ᠎ᠶ᠋ᠢᠨ ᠬᠡᠪ ᠪᠤᠯᠪᠠᠰᠤᠷᠠᠯ᠎ᠢ ᠳᠡᠭᠡᠭ᠌ᠰᠢᠯᠡᠭᠦᠯᠵᠦ᠍᠂ ᠥᠷᠭᠡᠨ ᠣᠯᠠᠨ ᠲᠦᠮᠡᠨ᠎ᠤ ᠢᠲᠡᠭᠡᠯ ᠬᠦᠨᠳᠦᠳᠭᠡᠯ᠎ᠢ ᠣᠯᠵᠤ᠂ ᠤᠷᠤᠨ ᠨᠤᠳᠤᠭ᠎ᠤᠨ ᠣᠨᠴᠠᠯᠢᠭ᠎ᠲᠠᠢ ᠡᠮᠴᠢᠯᠡᠭᠡ ᠰᠤᠪᠢᠯᠠᠯᠲᠠ᠎ᠶ᠋ᠢ ᠤᠶᠠᠯᠳᠤᠭᠤᠯᠬᠤ ᠵᠠᠭ᠍ᠪᠤᠷ᠎ᠢ ᠠᠯᠬᠤᠮ ᠠᠯᠬᠤᠮ᠎ᠢᠶᠠᠷ ᠪᠦᠷᠢᠯᠳᠦᠭᠦᠯᠵᠦ᠍᠂ 2016 ᠤᠨ᠎ᠳᠤ ᠤᠯᠤᠰ᠎ᠤᠨ ᠬᠢᠲᠠᠳ ᠡᠮ ᠡᠮᠨᠡᠯᠭᠡ᠎ᠶ᠋ᠢᠨ ᠡᠷᠡᠭᠦᠯ ᠮᠡᠨᠳᠦ᠎ᠶ᠋ᠢᠨ ᠵᠢᠭᠤᠯᠴᠢᠯᠠᠯ᠎ᠤᠨ ᠵᠢᠱ᠌ᠢᠶ᠎ᠡ ᠦᠵᠡᠭᠦᠯᠬᠦ᠌ ᠰᠠᠭᠤᠷᠢᠨ᠎ᠢᠶᠠᠷ ᠰᠣᠩᠭᠤᠭ᠍ᠳᠠᠵᠦ᠍᠂ 2017 ᠣᠨ᠎ᠳᠤ ᠥᠪᠡᠷᠲᠡᠭᠡᠨ ᠵᠠᠰᠠᠬᠤ ᠣᠷᠣᠨ᠎ᠤ ᠠᠩᠬᠠᠳᠠᠭ᠍ᠴᠢ ᠪᠦᠯᠦᠭ ᠡᠮᠴᠢᠯᠡᠭᠡ ᠰᠤᠪᠢᠯᠠᠯᠳᠠ᠎ᠶ᠋ᠢ ᠤᠶᠠᠯᠳᠤᠭᠤᠯᠤᠭ᠍ᠰᠠᠨ ᠵᠢᠱ᠌ᠢᠶ᠎ᠡ ᠦᠵᠡᠭᠦᠯᠬᠦ᠌ ᠰᠠᠭᠤᠷᠢᠨ᠎ᠢᠶᠠᠷ ᠦᠨᠡᠯᠡᠭ᠌ᠳᠡᠵᠡᠢ᠃

ᠦᠩᠭᠡᠷᠡᠭ᠌ᠰᠡᠨ᠎ᠢᠶᠠᠨ ᠡᠷᠬᠢᠴᠡᠬᠦᠯᠵᠦ᠍ ᠢᠷᠡᠭᠡᠳᠦᠢ᠎ᠪᠠᠨ ᠪᠠᠷᠠᠯᠠᠬᠤᠶ᠎ᠠ᠂ ᠬᠦᠰᠡᠯ ᠬᠦᠪᠦᠷᠡᠵᠦ᠍ ᠢᠳᠡᠭᠡᠯ ᠨᠡᠮᠡᠭ᠌ᠳᠡᠨ᠎ᠡ᠃ ᠨᠢᠭᠡ ᠯᠡ ᠲᠡᠭᠡᠷ᠎ᠡ 1600 ᠭᠠᠷᠤᠢ ᠬᠦᠮᠦᠨ᠎ᠢ ᠬᠦᠯᠢᠶᠡᠨ ᠠᠪᠴᠤ᠌ ᠲᠡᠢᠯᠬᠦ᠌ ᠠᠵᠠᠳᠠᠢ ᠰᠤᠪᠢᠯᠠᠯᠳᠠ᠎ᠶ᠋ᠢᠨ ᠬᠦᠷᠢᠶᠡᠯᠡᠩ᠎ᠤᠨ ᠬᠤᠶᠠᠳᠤᠭᠠᠷ ᠬᠤᠭᠤᠴᠠᠭᠠᠨ᠎ᠤ ᠪᠦᠳᠦᠭᠡᠨ ᠪᠠᠢᠭᠤᠯᠤᠯᠳᠠ ᠦᠨᠳᠦᠰᠦᠨ᠎ᠳᠡᠭᠡᠨ ᠲᠠᠭᠤᠰᠴᠤ᠌ ᠤᠳᠠᠯ ᠦᠭᠡᠢ ᠠᠱᠢᠬ᠍ᠯᠠᠯᠳᠠ᠎ᠳᠤ ᠤᠷᠤᠬᠤ᠎ᠪᠠᠷ ᠪᠠᠢᠭ᠎ᠠ᠂ ᠢᠯᠠᠩᠭᠤᠶ᠎ᠠ ᠠᠵᠠᠳᠠᠢ ᠰᠤᠪᠢᠯᠠᠯᠳᠠ᠎ᠶ᠋ᠢᠨ ᠬᠦᠷᠢᠶᠡᠯᠡᠩ᠎ᠯᠦᠭᠡ ᠨᠢᠭᠡᠭᠡᠨ ᠬᠡᠷᠡᠮ ᠠᠯᠤᠰᠯᠠᠨ ᠰᠦᠨᠳᠡᠷᠯᠡᠭ᠌ᠰᠡᠨ ᠤᠷᠳᠤᠰ ᠬᠤᠳᠠ᠎ᠶ᠋ᠢᠨ ᠮᠤᠩᠭᠤᠯ ᠡᠮᠨᠡᠯᠭᠡ᠎ᠶ᠋ᠢᠨ ᠬᠤᠷᠢᠶ᠎ᠠ᠎ᠶ᠋ᠢᠨ ᠱᠢᠨ᠎ᠡ ᠪᠠᠭᠤᠴᠠ ᠱᠢᠨ᠎ᠡ ᠤᠨ᠎ᠢ ᠤᠭ᠍ᠳᠤᠨ ᠠᠱᠢᠬ᠍ᠯᠠᠯᠳᠠ᠎ᠳᠤ ᠤᠷᠤᠬᠤ᠎ᠪᠠᠷ ᠪᠠᠢᠭ᠎ᠠ᠎ᠨᠢ ᠤᠳᠤᠭ᠎ᠤᠨ ᠡᠮᠦᠨᠡᠳᠦ ᠬᠤᠱᠢᠭᠤᠨ᠎ᠤ ᠡᠮᠴᠢᠯᠡᠭᠡ ᠰᠤᠪᠢᠯᠠᠯᠳᠠ᠎ᠶ᠋ᠢ ᠤᠶᠠᠯᠳᠤᠭᠤᠯᠤᠨ ᠬᠦᠭ᠌ᠵᠢᠬᠦᠯᠬᠦ᠌᠎ᠳᠤ ᠨᠡᠩ ᠠᠱᠢᠭ᠍ᠳᠠᠢ ᠨᠦᠬᠦᠴᠡᠯ᠎ᠢ ᠪᠦᠷᠢᠯᠳᠦᠬᠦᠯᠦᠨ ᠦᠭ᠌ᠴᠦ᠂ ᠡᠷᠡᠭᠦᠯ ᠡᠩᠭᠡ ᠲᠤᠮᠳᠠᠳᠤ ᠤᠯᠤᠰ᠎ᠤᠨ ᠪᠠᠢᠭᠤᠯᠤᠯᠲᠠ᠎ᠳᠤ 《ᠤᠨᠴᠠᠯᠢᠬ᠍ᠲᠤ ᠵᠤᠷ》 ᠬᠠᠩᠭᠠᠬᠤ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠪᠣᠣ ᠮᠧᠢ ᠷᠥᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号