《ᠠᠷᠪᠠᠨ ᠭᠤᠷᠪᠠᠳᠤᠭᠠᠷ ᠲᠠᠪᠤᠨ ᠵᠢᠯ 》 ᠤᠨ ᠲᠦᠯᠦᠪᠵᠢᠭᠦᠯᠭᠡ᠎ᠶ᠋ᠢᠨ ᠬᠤᠭᠤᠴᠠᠭᠠᠨ᠎ᠳᠤ᠂ ᠤᠯᠠᠭᠠᠨᠴᠠᠪ ᠬᠤᠲᠠ ᠤᠭ ᠰᠠᠨᠠᠭ᠎ᠠ᠎ᠪᠠᠨ ᠦᠯᠦ᠍ ᠮᠠᠷᠳᠠᠨ᠂ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠥ᠍᠂ ᠨᠠᠮ᠎ᠤᠨ ᠲᠦᠪ ᠬᠤᠷᠢᠶ᠎ᠠ᠂ ᠦᠪᠡᠷᠲᠡᠭᠡᠨ ᠵᠠᠰᠠᠬᠤ ᠤᠷᠤᠨ᠎ᠤ ᠱᠢᠢᠳᠪᠤᠷᠢᠳᠤ ᠪᠤᠳᠤᠯᠭ᠎ᠠ ᠪᠠᠢᠷᠢᠯᠠᠭᠤᠯᠤᠯᠲᠠ᠎ᠶ᠋ᠢ ᠬᠢᠨᠠᠮᠠᠭᠠᠢ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠦᠷᠭᠡᠨ ᠤᠯᠠᠨ ᠺᠠᠳ᠋ᠷ ᠤᠯᠠᠨ ᠲᠦᠮᠨ᠎ᠨᠢ ᠪᠦᠯᠬᠦᠮᠳᠡᠭᠦᠯᠦᠨ ᠲᠠᠢᠴᠢᠯᠠᠵᠤ᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠱᠢᠪᠲᠤᠯᠬᠤ ᠲᠠᠢᠯᠠᠯᠳᠤᠭᠠᠨ᠎ᠢ ᠡᠷᠴᠢᠮᠳᠡᠢ ᠰᠠᠢᠨ ᠬᠢᠭ᠌ᠰᠡᠨ᠎ᠢᠶᠠᠷ ᠠᠵᠤ ᠠᠬᠤᠢ᠎ᠶ᠋ᠢᠨ ᠪᠤᠳᠠᠳᠤ ᠬᠦᠴᠦᠨ ᠴᠢᠩᠭᠠᠷᠠᠵᠤ᠂ ᠨᠡᠢᠬᠡᠮ᠎ᠤᠨ ᠠᠵᠤ ᠦᠢᠯᠡᠰ ᠪᠦᠬᠦ᠌ ᠲᠠᠯ᠎ᠠ᠎ᠪᠠᠷ ᠠᠬᠢᠭ᠍ᠰᠠᠨ ᠪᠠᠢᠨ᠎ᠠ᠃
ᠤᠷᠤᠨ ᠨᠤᠲᠤᠭ᠎ᠤᠨ ᠤᠢ᠍ᠢᠯᠡᠳᠪᠤᠷᠢᠯᠠᠯᠤᠨ ᠶᠠᠷᠤᠩᠬᠡᠢ ᠦᠷᠳᠡᠭ ᠵᠢᠯ ᠲᠤᠮᠳᠠᠴᠢ᠎ᠪᠠᠷ 5% ᠤᠷᠴᠢᠮ ᠨᠡᠮᠡᠭ᠌ᠳᠡᠵᠤ᠂ ᠠᠵᠤ ᠠᠬᠤᠢ᠎ᠶ᠋ᠢᠨ ᠨᠡᠮᠡᠭ᠌ᠳᠡᠯ᠎ᠨᠢ ᠲᠡᠭᠡᠳᠤ ᠬᠤᠷᠳᠤᠴᠠ᠎ᠪᠠᠷ ᠨᠡᠮᠡᠭ᠌ᠳᠡᠵᠤ ᠪᠠᠢᠭ᠍ᠰᠠᠨ᠎ᠠᠴᠠ ᠴᠢᠨᠡᠷ ᠰᠠᠢᠲᠠᠢ ᠨᠡᠮᠡᠭ᠌ᠳᠡᠯ ᠲᠡᠢᠰᠢ ᠬᠤᠪᠢᠷᠠᠪᠠ᠃ ᠠᠵᠤ ᠤᠢ᠍ᠢᠯᠡᠰ᠎ᠤᠨ ᠪᠦᠲᠦᠴᠡ᠎ᠶ᠋ᠢᠨ ᠲᠤᠬᠢᠷᠠᠭᠤᠯᠤᠯᠳᠠ ᠤᠷᠤᠭ᠍ᠰᠢᠲᠠᠢ ᠶᠠᠪᠤᠭ᠍ᠳᠠᠵᠤ᠂ ᠲᠠᠷᠢᠶᠠᠯᠡᠩ᠂ ᠠᠵᠤ ᠤᠢ᠍ᠢᠯᠡᠳᠪᠤᠷᠢ᠂ ᠤᠢ᠍ᠢᠯᠠᠴᠢᠯᠡᠭᠡᠨᠤ ᠤᠢ᠍ᠢᠯᠠᠰ ᠵᠡᠷᠬᠡ ᠭᠤᠷᠪᠠᠨ ᠠᠵᠤ ᠤᠢ᠍ᠢᠯᠡᠰ᠎ᠤᠨ ᠪᠦᠲᠦᠴᠡ᠎ᠶ᠋ᠢᠨ ᠬᠠᠷᠢᠴᠡᠯ ᠤᠤᠯ᠎ᠤᠨ 21.4᠄ 39.6᠄ 39 ᠪᠠᠢᠭ᠍ᠰᠠᠨ᠎ᠠᠴᠠ ᠡᠨᠡ ᠵᠢᠯ ᠵᠢᠱ᠌ᠢᠯᠲᠡ᠎ᠪᠠᠷ 17.4᠄ 39.6᠄ 43 ᠪᠤᠯᠵᠤ᠂ ᠨᠢᠭᠡᠳᠤᠭᠡᠷ ᠠᠵᠤ ᠤᠢ᠍ᠢᠯᠡᠰ᠎ᠤᠨ ᠡᠵᠡᠯᠡᠭᠦ᠌ ᠬᠠᠷᠢᠴᠠᠯ ᠵᠢᠯ ᠲᠠᠷᠠᠭᠠᠯᠠᠨ ᠲᠤᠷᠤᠭ᠍ᠰᠢᠯᠠᠵᠤ᠂ ᠭᠤᠷᠪᠠᠳᠤᠭᠠᠷ ᠠᠵᠤ ᠤᠢ᠍ᠢᠯᠡᠰ᠎ᠤᠨ ᠡᠵᠡᠯᠡᠬᠦ᠌ ᠬᠠᠷᠢᠴᠠᠯ ᠵᠢᠯ ᠲᠠᠷᠠᠭᠠᠯᠠᠨ ᠨᠡᠮᠡᠭ᠌ᠳᠡᠭ᠌ᠰᠡᠡ ᠪᠠᠢᠨ᠎ᠠ᠃
ᠪᠠᠢᠯᠳᠤᠬᠤ ᠪᠤᠳᠤᠯᠭ᠎ᠠ᠎ᠶ᠋ᠢᠨ ᠴᠢᠨᠡᠷ᠎ᠲᠠᠢ ᠱᠢᠨ᠎ᠠ᠎ᠪᠠᠷ ᠮᠠᠨᠳᠤᠭ᠍ᠰᠠᠨ ᠠᠵᠤ ᠤᠢ᠍ᠢᠯᠡᠰ ᠦᠳᠲᠡᠷ ᠲᠦᠷᠭᠡᠨ ᠬᠦᠭ᠌ᠵᠢᠵᠤ᠂ ᠪᠤᠬᠢᠷᠳᠤᠯ ᠦᠭᠡᠢ ᠠᠵᠤ ᠠᠬᠤᠢ᠂ ᠲᠤᠭᠠᠴᠢᠯᠠᠭ᠍ᠰᠠᠨ ᠠᠵᠤ ᠠᠬᠤᠢ᠂ ᠵᠠᠮ ᠬᠠᠷᠢᠯᠴᠠᠭᠠᠨ᠎ᠤ ᠬᠦᠢᠰᠦ ᠪᠤᠯᠬᠤ ᠠᠵᠤ ᠠᠬᠤᠢ᠂ ᠤᠷᠤᠨ ᠪᠦᠰᠡ᠎ᠶ᠋ᠢᠨ ᠠᠵᠤ ᠠᠬᠤᠢ᠂ ᠤᠳᠤ ᠦᠶ ᠠ᠎ᠶ᠋ᠢᠨ ᠡᠨᠧᠷᠬᠢ᠎ᠶ᠋ᠢᠨ ᠠᠵᠤ ᠠᠬᠤᠢ ᠬᠠᠷᠢᠯᠴᠠᠨ ᠬᠤᠯᠪᠤᠯᠳᠤᠨ ᠬᠦᠭ᠌ᠵᠢᠬᠦ᠌ ᠱᠢᠨ᠎ᠠ ᠪᠠᠢᠷᠢᠱᠢᠯ᠎ᠢ ᠪᠤᠢ ᠪᠤᠯᠭᠠᠪᠠ᠃ ᠨᠢᠬᠡ᠎ᠳᠤ᠂ ᠪᠤᠬᠢᠷᠳᠤᠯ ᠦᠭᠡᠢ ᠠᠵᠤ ᠠᠬᠤᠢ᠎ᠶ᠋ᠢ ᠬᠦᠭ᠌ᠵᠢᠭᠦᠯᠵᠥ᠍᠂ ᠤᠰᠤ᠂ ᠨᠤᠲᠤᠭ ᠪᠡᠯᠴᠢᠭᠡᠷ᠎ᠤᠨ ᠬᠠᠮᠠᠭᠠᠯᠠᠯᠲᠠ᠂ ᠪᠤᠬᠢᠷᠳᠤᠯ ᠦᠭᠡᠢ ᠠᠵᠤ ᠤᠢ᠍ᠢᠯᠡᠰ ᠵᠡᠷᠭᠡ ᠭᠤᠷᠪᠠᠨ ᠴᠢᠬᠤᠯᠠ ᠶᠠᠪᠤᠳᠠᠯ᠎ᠢ ᠭᠤᠤᠯᠳᠠᠯᠭ᠎ᠠ᠎ᠲᠠᠢ ᠰᠠᠢᠳᠦᠷ ᠬᠢᠵᠡᠢ᠃ ᠲᠠᠭ᠎ᠠ᠎ᠶ᠋ᠢᠨ ᠨᠠᠭᠤᠷ᠎ᠤᠨ ᠤᠰᠤᠨ᠎ᠤ ᠠᠮᠢ ᠠᠬᠤᠢ᠎ᠶ᠋ᠢᠨ ᠶᠠᠷᠤᠩᠬᠡᠢᠯᠡᠭ᠌ᠰᠡᠨ ᠵᠠᠰᠠᠯᠲᠠ ᠢᠯᠡᠳᠲᠡ ᠦᠷ᠎ᠠ ᠪᠦᠲᠦᠮᠵᠢ ᠤᠯᠵᠤ᠂ ᠰᠦᠷᠴᠢᠨ ᠤᠰᠤᠯᠠᠬᠤ ᠲᠠᠷᠢᠶᠠᠨ ᠭᠠᠵᠠᠷ᠎ᠤᠨ ᠲᠠᠯᠠᠪᠠᠢ᠎ᠶ᠋ᠢ ᠶᠡᠭᠡ᠎ᠪᠠᠷ ᠪᠠᠭᠠᠰᠭᠠᠵᠤ᠂ ᠬᠤᠲᠠ᠎ᠶ᠋ᠢᠨ ᠤᠰᠤ᠎ᠶ᠋ᠢ ᠲᠠᠬᠢᠨ ᠠᠱᠢᠬ᠍ᠯᠠᠬᠤ ᠨᠤᠷᠮ᠎ᠠ 70.44% ᠳᠤ ᠬᠦᠷᠴᠠᠢ᠃ ᠠᠵᠤ ᠤᠢ᠍ᠢᠯᠡᠰ᠎ᠤᠨ ᠪᠦᠲᠦᠴᠡ᠎ᠳᠤ ᠲᠤᠬᠢᠷᠠᠭᠤᠯᠤᠯᠲᠠ ᠬᠢᠵᠥ᠍᠂ ᠬᠦᠢᠲᠡᠨ ᠰᠡᠷᠢᠬᠦᠨ ᠢᠳᠡᠱᠢᠨ ᠨᠤᠭᠤᠭ᠎ᠠ᠎ᠶ᠋ᠢᠨ ᠲᠠᠷᠢᠬᠤ ᠲᠠᠯᠠᠪᠠᠢ᠎ᠶ᠋ᠢ ᠨᠡᠮᠡᠭ᠌ᠳᠡᠬᠦᠯᠥᠨ᠂ ᠱᠢᠯᠢᠳᠡᠭ ᠡᠭᠦᠯᠳᠡᠷ᠎ᠤᠨ ᠲᠦᠮᠦᠰᠤ᠂ ᠲᠤᠰᠭᠠᠢ ᠬᠡᠷᠡᠭ᠌ᠯᠡᠭᠡᠨ᠎ᠤ ᠲᠦᠮᠦᠰᠤ᠎ᠶ᠋ᠢᠨ ᠬᠠᠷᠢᠴᠠᠯ 70% ᠶ᠋ᠢ ᠲᠠᠪᠠᠵᠠᠢ᠃ ᠮᠠᠯ᠎ᠤᠨ ᠲᠤᠭ᠎ᠠ 698.6 ᠲᠦᠮᠡ ᠬᠦᠷᠴᠤ᠌᠂ ᠵᠢᠯ᠎ᠳᠤ 22 ᠲᠦᠮᠡᠨ ᠲᠤᠨ ᠮᠢᠬ᠎ᠠ᠂ 20 ᠲᠦᠮᠡᠨ ᠲᠤᠨ ᠰᠦ ᠤᠢ᠍ᠢᠯᠡᠳᠪᠤᠷᠢᠯᠡᠵᠤ ᠪᠠᠢᠨ᠎ᠠ᠃ ᠠᠵᠤ ᠤᠢ᠍ᠢᠯᠡᠰ᠎ᠤᠨ ᠬᠡᠯᠬᠢᠶ᠎ᠠ᠎ᠶ᠋ᠢ ᠬᠦᠴᠦᠯᠡᠨ ᠤᠷᠳᠤᠳᠭᠠᠭ᠍ᠰᠠᠨᠢᠶᠠᠷ ᠵᠢᠯ᠎ᠤᠨ ᠪᠤᠷᠤᠯᠠᠭᠤᠯᠭ᠎ᠠ᠎ᠶ᠋ᠢᠨ ᠤᠷᠤᠯᠭ᠎ᠠ 500 ᠲᠦᠮᠡᠨ ᠲᠦᠭᠦᠷᠢᠭ᠎ᠠᠴᠠ ᠲᠡᠭᠡᠭ᠌ᠰᠢ ᠮᠠᠯ᠎ᠤᠨ ᠠᠱᠢᠭ ᠱᠢᠮ᠎ᠠ ᠲᠠᠷᠢᠶᠠᠯᠡᠩ᠎ᠤᠨ ᠪᠦᠲᠦᠭᠡᠭ᠌ᠳᠡᠬᠦᠨ᠎ᠢ ᠡᠳ᠋ᠱᠢᠭᠦᠯᠬᠦ᠌ ᠠᠵᠤ ᠠᠬᠤᠢ᠍ᠢᠯᠠᠯ 92 ᠪᠤᠯᠵᠤ᠂ ᠬᠡᠷᠡᠴᠢᠯᠡᠭ᠌ᠳᠡᠭ᠌ᠰᠡᠨ ᠪᠤᠬᠢᠷᠳᠤᠯ ᠦᠭᠡᠢ ᠮᠠᠯ᠎ᠤᠨ ᠠᠱᠢᠭ ᠱᠢᠮ᠎ᠠ ᠲᠠᠷᠢᠶᠡᠯᠡᠩ᠎ᠤᠨ ᠪᠦᠲᠦᠭᠡᠭ᠌ᠳᠡᠬᠦᠨ 227᠂ ᠭᠠᠵᠠᠷ ᠵᠦᠢ᠎ᠶ᠋ᠢᠨ ᠢᠯᠡᠷᠬᠡᠢᠯᠡᠯ᠎ᠲᠤ ᠲᠠᠷᠢᠶᠠᠯᠠᠩ᠎ᠤᠨ ᠪᠦᠲᠦᠭᠡᠭ᠌ᠳᠡᠭᠦᠨ 9 ᠪᠤᠯᠵᠠᠢ᠃ ᠬᠤᠶᠡᠷᠲᠤ᠌᠂ ᠲᠤᠭᠠᠴᠢᠯᠠᠭ᠍ᠰᠠᠨ ᠠᠵᠤ ᠠᠬᠤᠢ᠎ᠶ᠋ᠢ ᠬᠦᠭ᠌ᠵᠢᠭᠦᠯᠵᠥ᠍᠂ 492 ᠳ᠋ᠦᠡᠭ᠌ᠰᠢᠭᠤᠷ ᠲᠦᠭᠦᠷᠢᠭ᠎ᠤᠨ ᠪᠠᠯᠠ ᠤᠷᠤᠭᠤᠯᠤᠭ᠍ᠰᠠᠨ ᠳ᠋ᠠᠢᠲ᠋ᠠ᠎ᠶ᠋ᠢᠨ ᠲᠦᠪ᠎ᠤᠨ 11 ᠲᠦᠷᠦᠯ ᠵᠦᠢᠯ ᠯᠠᠪᠳᠠᠭᠤᠨ ᠠᠬᠢᠯᠲᠠ᠎ᠲᠠᠢ ᠪᠤᠯᠵᠤ᠂ ᠦᠢᠯᠡᠴᠢᠯᠡᠭᠦᠷ᠎ᠤᠨ ᠬᠡᠪᠴᠢᠶ᠎ᠠ 190 ᠲᠦᠮᠡ᠎ᠳᠤ ᠬᠦᠷᠪᠡ᠃ ᠲᠦᠡᠭ ᠹᠠᠨᠭ᠌ ᠱᠢᠨᠵᠢᠯᠡᠬᠦ᠌ ᠤᠬᠠᠭᠠᠠ ᠲᠧᠭ᠌ᠨᠢᠭ ᠮᠡᠷᠭᠡᠵᠢᠯ᠎ᠤᠨ ᠺᠤᠮᠫᠠᠨᠢ᠎ᠶ᠋ᠢᠨ ᠤᠢ᠍ᠢᠯᠡᠴᠢᠯᠡᠭᠦᠷ ᠤᠢ᠍ᠢᠯᠡᠳᠪᠤᠷᠢᠯᠡᠬᠦ᠌ ᠲᠦᠷᠦᠯ ᠵᠦᠢᠯ ᠵᠡᠷᠬᠡ ᠬᠡᠳᠦᠨ ᠲᠤᠮᠤ ᠲᠦᠷᠦᠯ ᠵᠥᠢᠯ᠎ᠢ ᠵᠢᠩᠬᠢᠨᠢ᠎ᠪᠠᠷ ᠠᠱᠢᠬ᠍ᠯᠠᠯᠳᠠ᠎ᠳᠤ ᠤᠷᠤᠭᠤᠯᠤᠭ᠍ᠰᠠᠨ᠎ᠢᠶᠠᠷ᠂ ᠲᠤᠰ ᠬᠤᠲᠠ ᠳ᠋ᠠᠢᠲ᠋ᠠ᠎ᠶ᠋ᠢᠨ ᠬᠦᠢᠲᠡᠨ ᠬᠠᠯᠠᠭᠤᠨ ᠬᠠᠳᠠᠭᠠᠯᠠᠯᠲᠠ᠎ᠶ᠋ᠢᠨ ᠲᠦᠪ ᠪᠦᠷᠢᠨ ᠪᠠᠢᠭ᠎ᠠ ᠬᠤᠲᠠ ᠪᠤᠯᠵᠤ᠂ ᠪᠦᠬᠦ᠌ ᠤᠯᠤᠰ᠎ᠤᠨ 《ᠳ᠋ᠠᠢᠲ᠋ᠠ᠎ᠶ᠋ᠢᠨ ᠲᠦᠪ᠎ᠤᠨ ᠠᠵᠤ ᠤᠢ᠍ᠢᠯᠡᠰ᠎ᠢ ᠬᠦᠭ᠌ᠵᠢᠭᠦᠯᠬᠦ᠌ ᠵᠢᠱ᠌ᠢᠶ᠎ᠠ ᠦᠵᠡᠭᠦᠯᠬᠦ᠌ ᠬᠤᠲᠠ》 ᠪᠠᠷ ᠨᠠᠷᠡᠢᠳᠦᠭ᠌ᠳᠡᠪᠡ᠃ ᠭᠤᠷᠪᠠ᠎ᠳᠤ᠂ ᠵᠠᠮ ᠬᠠᠷᠢᠯᠴᠠᠭᠠᠨ᠎ᠤ ᠬᠦᠢᠰᠤ ᠪᠤᠯᠬᠤ ᠲᠠᠪᠠᠭᠤᠯᠢᠭ᠎ᠢᠶᠠᠨ ᠬᠦᠢᠴᠡᠳ ᠪᠠᠳᠠᠷᠠᠭᠤᠯᠵᠤ᠂ ᠠᠵᠤ ᠠᠬᠤᠢ᠎ᠶ᠋ᠢᠨ ᠬᠦᠭ᠌ᠵᠢᠯᠳᠡ᠎ᠪᠠᠨ ᠲᠦᠷᠬᠡᠳᠭᠡᠪᠡ᠃ ᠤᠮᠠᠷᠠᠲᠤ᠎ᠶ᠋ᠢᠨ ᠯᠦ᠍ ᠭᠠᠨᠭ᠌ ᠤᠯᠠᠨ ᠤᠯᠤᠰ᠎ᠤᠨ ᠪᠠᠷᠠᠭᠠᠨ᠎ᠤ ᠬᠦᠢᠯᠭᠡᠭᠡᠨ᠎ᠤ ᠬᠦᠷᠢᠶᠡᠯᠡᠩ TIR ᠵᠦᠪᠱᠢᠶᠠᠷᠡᠯ ᠤᠯᠵᠤ᠂ 《ᠤᠯᠠᠭᠠᠨᠴᠠᠪ — ᠤᠯᠠᠭᠠᠨᠪᠠᠭᠠᠳᠤᠷ — ᠤᠯᠠᠭᠠᠨ ᠡᠭᠦᠳᠡ》 ᠤᠯᠠᠨ ᠤᠯᠤᠰ᠎ᠤᠨ ᠵᠠᠰᠠᠮᠠᠯ ᠵᠠᠮ᠎ᠢ ᠨᠠᠪᠲᠡᠷᠡᠭᠦᠯᠵᠠᠢ᠃ ᠲᠡᠮᠤᠷ ᠵᠠᠮ᠎ᠤᠨ ᠭᠠᠷᠠᠮ᠂ ᠵᠠᠰᠠᠮᠠᠯ ᠵᠠᠮ᠎ᠤᠨ ᠭᠠᠷᠠᠮ᠂ ᠠᠭᠠᠷ ᠠᠶᠠᠯᠠᠯ᠎ᠤᠨ ᠭᠠᠷᠠᠮ᠎ᠢ ᠨᠢᠭᠡ ᠴᠤᠭ᠍ᠴᠠᠵᠢᠭᠤᠯᠤᠭ᠍ᠰᠠᠨ ᠨᠡᠭᠡᠭᠡᠯᠳᠡᠳᠤ ᠬᠦᠭ᠌ᠵᠢᠯᠲᠡ᠎ᠶ᠋ᠢᠨ ᠱᠢᠨ᠎ᠠ ᠪᠠᠢᠷᠢᠱᠢᠯ᠎ᠢ ᠠᠩᠬ᠎ᠠ ᠠᠯᠬᠤᠮ ᠪᠦᠷᠢᠯᠳᠦᠭᠦᠯᠪᠠ᠃ ᠲᠦᠷᠪᠡ᠎ᠳᠤ᠂ ᠤᠷᠤᠨ ᠪᠦᠰᠡ᠎ᠶ᠋ᠢᠨ ᠠᠵᠤ ᠠᠬᠤᠢ᠎ᠶ᠋ᠢ ᠶᠡᠭᠡ᠎ᠪᠠᠷ ᠬᠦᠭ᠌ᠵᠢᠬᠦᠯᠵᠠᠢ᠃ ᠨᠡᠢᠰᠯᠠᠯᠳᠤ ᠤᠢ᠍ᠢᠯᠡᠴᠢᠯᠡᠨ᠂ ᠤᠷᠤᠨ᠎ᠤ ᠲᠦᠪ᠎ᠤᠨ ᠬᠦᠭ᠌ᠵᠢᠯᠳᠡ᠎ᠳᠤ ᠠᠭᠤᠰᠤᠨ᠂ ᠬᠠᠷᠢᠯᠴᠠᠨ ᠬᠦᠳᠡᠯᠦᠯᠴᠡᠨ ᠬᠦᠭ᠌ᠵᠢᠬᠦ᠌ ᠤᠷᠤᠨ ᠪᠦᠰᠡ᠎ᠶ᠋ᠢᠨ ᠠᠵᠤ ᠠᠬᠤᠢ᠎ᠶ᠋ᠢᠨ ᠭᠦᠭ᠌ᠵᠢᠯᠲᠡᠶ᠋ᠢᠨ ᠰᠡᠳᠭᠢᠴᠡ᠎ᠪᠠᠷ ᠤᠷᠤᠨ ᠪᠦᠰᠡ᠎ᠶ᠋ᠢᠨ ᠴᠢᠨᠠᠷᠲᠠᠢ ᠵᠢᠭᠤᠯᠴᠢᠯᠡᠯ᠎ᠤᠨ ᠲᠠᠷᠬᠠᠨ ᠤᠷᠤᠨ ᠪᠠ ᠡᠷᠡᠭᠦᠯᠵᠢᠯ ᠪᠠᠶ᠎ᠠ ᠰᠤᠪᠢᠯᠠᠯᠲᠠ᠎ᠶ᠋ᠢᠨ ᠤᠷᠤᠨ᠎ᠢ ᠪᠦᠬᠦ᠌ ᠬᠦᠴᠦᠨ᠎ᠢᠶᠠᠷ ᠴᠤᠭ᠍ᠴᠠᠯᠠᠭ᠍ᠰᠠᠨ᠎ᠢᠶᠠᠷ ᠵᠢᠭᠤᠯᠴᠢᠯᠠᠯ᠎ᠤᠨ ᠤᠷᠤᠯᠭ᠎ᠠ ᠲᠦᠷᠬᠡᠨ ᠨᠡᠮᠡᠭ᠌ᠳᠡᠵᠠᠢ᠃ ᠲᠠᠪᠤ᠎ᠳᠤ᠂ ᠤᠳᠤ ᠦᠶ᠎ᠠ᠎ᠶ᠋ᠢᠨ ᠡᠨᠧᠷᠬᠢ᠎ᠶ᠋ᠢᠨ ᠠᠵᠤ ᠠᠬᠤᠢ᠎ᠶ᠋ᠢ ᠶᠡᠭᠡ᠎ᠪᠠᠷ ᠬᠦᠭ᠌ᠵᠢᠭᠦᠯᠪᠡ᠃ ᠲᠤᠰ ᠬᠤᠲᠠ᠎ᠶ᠋ᠢᠨ ᠴᠠᠬᠢᠯᠭᠠᠨ᠎ᠤ ᠶᠠᠷᠤᠩᠬᠡᠢ ᠮᠠᠱᠢᠨ ᠴᠤᠭ᠍ᠴᠠᠯᠠᠪᠤᠷᠢ 1447 ᠲᠦᠮᠡᠨ ᠺᠢᠯᠦᠸᠠᠲ ᠬᠦᠷᠴᠤ᠌᠂ ᠲᠡᠯᠡᠭᠡᠢ᠎ᠶ᠋ᠢᠨ ᠬᠠᠭᠤᠷᠠᠢ ᠲᠡᠭᠡᠷᠡᠬᠢ ᠬᠠᠮᠤᠭ ᠲᠤᠮᠤ 600 ᠲᠦᠮᠡᠨ ᠺᠢᠯᠦᠸᠠᠲ ᠰᠠᠯᠬᠢᠨ ᠴᠠᠬᠢᠯᠭᠠᠨ᠎ᠤ ᠰᠠᠭᠤᠷᠢᠨ᠎ᠤ ᠲᠦᠷᠦᠯ ᠵᠦᠢᠯ ᠬᠡᠷᠡᠭ᠌ᠵᠢᠭᠦᠯᠦᠭ᠌ᠳᠡᠵᠤ᠂ ᠨᠢᠩ ᠵᠢᠩ 2*66 ᠲᠦᠮᠠᠨ ᠺᠢᠯᠦᠸᠠᠲ ᠢᠯᠴᠢ ᠪᠠ ᠰᠠᠯᠬᠢᠨ ᠬᠦᠴᠦᠠᠤ ᠴᠡᠬᠢᠯᠭᠠᠨᠢ ᠵᠡᠷᠭᠡᠴᠡᠭᠦᠯᠦᠭ᠌ᠰᠡᠨ ᠴᠠᠬᠢᠯᠭᠠᠨ ᠭᠠᠷᠭᠠᠬᠤ ᠲᠦᠷᠦᠯ ᠵᠦᠢᠯ᠂ ᠵᠦᠸᠧᠽᠢ᠎ᠶ᠋ᠢᠨ ᠨᠡᠩ ᠵᠢᠶᠠᠨ ᠲᠸᠤ ᠺᠤᠮᠫᠠᠨᠢ᠎ᠶ᠋ᠢᠨ 2*35 ᠲᠦᠮᠡᠨ ᠺᠢᠯᠦᠸᠠᠲ ᠢᠯᠴᠢ᠎ᠶ᠋ᠢᠨ ᠴᠠᠬᠢᠯᠭᠠᠨ᠎ᠤ ᠲᠦᠷᠦᠯ ᠵᠦᠢᠯ ᠨᠢᠭᠡᠨᠲᠡ ᠪᠠᠷᠢᠯᠭ᠎ᠠ᠎ᠪᠠᠨ ᠡᠬᠢᠯᠡᠭᠦᠯᠪᠠ᠃ ᠮᠠᠱᠢᠨ ᠴᠤᠭ᠍ᠴᠠᠯᠠᠪᠤᠷᠢ 310 ᠲᠦᠮᠡᠨ ᠺᠢᠯᠦᠸᠠᠲ ᠬᠦᠷᠬᠦ᠌ 《ᠴᠠᠬᠢᠯᠭᠠᠨ᠎ᠤ ᠡᠬᠢ ᠰᠤᠷᠪᠤᠯᠵᠢ᠂ ᠴᠠᠬᠢᠯᠭᠠᠨ ᠲᠤᠤᠷ᠂ ᠲᠠᠭᠠᠭᠠᠴᠠ᠂ ᠬᠠᠳᠠᠭᠠᠯᠠᠯᠲᠠ᠎ᠶ᠋ᠢ ᠨᠢᠭᠡ ᠴᠤᠭ᠍ᠴᠠᠵᠢᠭᠤᠯᠤᠭ᠍ᠰᠠᠨ ᠠᠵᠢᠯᠯᠠᠭᠠᠨ᠎ᠤ ᠬᠡᠯᠪᠡᠷᠢ》 ᠶ᠋ᠢᠨ ᠤᠯᠤᠰ᠎ᠤᠨ ᠲᠡᠰ᠎ᠤᠨ ᠵᠢᠱ᠌ᠢᠶ᠎ᠠ ᠦᠵᠡᠭᠦᠯᠬᠦ᠌ ᠲᠦᠷᠦᠯ ᠵᠦᠢᠯ ᠪᠠᠷᠢᠯᠭ᠎ᠠ᠎ᠪᠠᠨ ᠡᠬᠢᠯᠡᠭᠦᠯᠪᠡ᠃ ᠱᠢᠨ᠎ᠠ ᠡᠨᠧᠷᠬᠢ᠎ᠶ᠋ᠢᠨ ᠠᠵᠤ ᠤᠢ᠍ᠢᠯᠡᠰ᠎ᠤᠨ ᠬᠦᠭ᠌ᠵᠢᠯᠲᠡ᠎ᠳᠤ ᠰᠠᠭᠤᠷᠢᠯᠠᠨ᠂ ᠦᠯᠢᠶᠡᠭᠦᠷ ᠮᠠᠱᠢᠨ᠂ ᠰᠠᠯᠬᠢᠨ ᠬᠦᠷᠳᠤᠨᠤ ᠲᠠᠯᠪᠢ ᠪᠠ ᠬᠡᠷᠡᠯᠴᠢ ᠴᠡᠨᠡᠭ᠎ᠤᠨ ᠬᠠᠮᠢᠶ᠎ᠠ ᠪᠦᠬᠦᠢ ᠲᠤᠨᠤᠭ᠎ᠢ ᠤᠢ᠍ᠢᠯᠡᠳᠬᠦ᠌ ᠤᠢ᠍ᠢᠯᠡᠰ᠎ᠤᠨ ᠬᠦᠭ᠌ᠵᠢᠯᠲᠡ᠎ᠶ᠋ᠢ ᠲᠠᠢᠴᠢᠯᠡᠨ᠂ ᠲᠡᠭᠡᠳᠤ ᠲᠡᠰ᠎ᠤᠨ ᠲᠤᠨᠤᠭ ᠲᠦᠭᠦᠭᠡᠷᠤᠮᠵᠢ᠎ᠶ᠋ᠢ ᠤᠢ᠍ᠢᠯᠡᠳᠪᠤᠷᠢᠯᠡᠬᠦ᠌ ᠵᠢᠱ᠌ᠢᠶ᠎ᠠ ᠦᠵᠡᠭᠦᠯᠬᠦ᠌ ᠬᠡᠷᠡᠭ᠌ᠯᠡᠬᠦ᠌ ᠰᠠᠭᠤᠷᠢᠨ᠎ᠢ ᠴᠤᠭ᠍ᠴᠠᠯᠠᠵᠤ ᠪᠤᠢ᠃
ᠭᠤᠷᠪᠠᠨ ᠶᠡᠭᠡ ᠪᠤᠭᠤᠮᠳᠠ ᠱᠢᠪᠲᠤᠯᠬᠤ ᠲᠠᠢᠯᠠᠯᠳᠤᠭᠠᠨ ᠢᠯᠡᠳᠲᠡ ᠦᠷ᠎ᠠ ᠪᠦᠲᠦᠮᠵᠢ ᠤᠯᠵᠤ᠂ ᠲᠠᠩᠰᠠᠯᠠᠵᠥ᠍ ᠺᠠᠷᠳ᠋ᠯᠠᠭ᠍ᠰᠠᠨ ᠶᠠᠳᠠᠭᠤ ᠬᠦᠴᠢᠷᠳᠠᠯ᠎ᠲᠠᠢ ᠬᠦᠮᠦᠨ ᠠᠮᠠ ᠪᠦᠬᠦᠨ᠎ᠢᠶᠠᠷ᠎ᠢᠶᠠᠨ ᠶᠠᠳᠠᠭᠤ᠎ᠠᠴᠠ᠎ᠪᠠᠨ ᠠᠩᠬᠢᠵᠢᠷᠠᠪᠠ᠃ ᠬᠠᠮᠤᠭ ᠴᠢᠩᠭ᠎ᠠ ᠠᠮᠢ ᠠᠬᠤᠢ᠎ᠶ᠋ᠢᠨ ᠬᠠᠮᠠᠭᠠᠯᠠᠯᠲᠠ᠎ᠶ᠋ᠢᠨ ᠲᠦᠷᠢᠮ᠎ᠢ ᠬᠡᠷᠡᠭ᠌ᠵᠢᠭᠦᠯᠵᠤ᠂ 《ᠤᠯᠠᠭᠠᠨᠴᠠᠪ ᠬᠤᠲᠠ᠎ᠶ᠋ᠢᠨ ᠠᠮᠢ ᠠᠬᠤᠢ᠎ᠶ᠋ᠢᠨ ᠪᠤᠯᠪᠠᠰᠤᠨ᠎ᠤ ᠪᠠᠢᠭᠤᠯᠤᠯᠲᠠ᠎ᠶ᠋ᠢᠨ ᠲᠦᠯᠦᠪᠵᠢᠭᠦᠯᠭᠡ》 ᠶ᠋ᠢ ᠲᠤᠭᠤᠷᠪᠢᠨ᠂ ᠠᠭᠤᠯᠠ ᠤᠰᠤ ᠤᠢ ᠮᠤᠳᠤ ᠭᠠᠵᠠᠷ ᠲᠠᠷᠢᠶ᠎ᠠ ᠨᠠᠭᠤᠷ ᠪᠦᠷᠢ᠎ᠳᠤ ᠨᠤᠳᠤᠭ ᠪᠡᠯᠴᠢᠭᠡᠷ᠎ᠢ ᠱᠢᠰᠲ᠋ᠧᠮ᠎ᠲᠠᠢ ᠵᠠᠰᠠᠬᠤ᠎ᠶ᠋ᠢ ᠬᠠᠮᠲᠤᠳᠤᠨᠢ ᠬᠠᠷᠠᠭᠠᠯᠵᠠᠠ ᠠᠬᠢᠭᠤᠯᠵᠤ᠂ ᠲᠦᠪ᠎ᠤᠨ ᠤᠷᠴᠢᠨ ᠲᠤᠭᠤᠷᠢᠨ᠎ᠤ ᠬᠠᠮᠠᠭᠠᠯᠠᠯᠲᠠ᠎ᠶ᠋ᠢᠨ ᠱᠠᠯᠠᠪᠳᠠᠭᠤᠯᠤᠨ ᠪᠠᠢᠴᠠᠭᠠᠯᠲᠠ ᠪᠠ ᠲᠦᠪ᠎ᠤᠨ ᠤᠷᠴᠢᠨ ᠲᠤᠭᠤᠷᠢᠨ᠎ᠤ ᠬᠠᠮᠠᠭᠠᠯᠠᠯᠲᠠ᠎ᠶ᠋ᠢᠨ ᠱᠠᠯᠠᠪᠳᠠᠭᠤᠯᠤᠨ ᠪᠠᠢᠴᠠᠭᠠᠯᠲᠠ᠎ᠶ᠋ᠢᠨ 《ᠡᠷᠬᠢᠨ ᠬᠠᠷᠠᠬᠤ》 ᠶᠠᠪᠤᠴᠠ᠎ᠳᠤ ᠲᠤᠰᠭᠠᠭ᠍ᠰᠠᠨ ᠠᠰᠠᠭᠤᠳᠠᠯ ᠪᠦᠬᠦᠨ᠎ᠢ ᠴᠡᠭ᠌ᠴᠡᠯᠡᠨ ᠰᠠᠢᠵᠢᠷᠠᠭᠤᠯᠪᠠ᠃ ᠨᠠᠢᠭᠡᠮ᠎ᠤᠨ ᠠᠵᠤ ᠤᠢ᠍ᠢᠯᠡᠰ ᠪᠦᠬᠦ᠌ ᠲᠠᠯ᠎ᠠ᠎ᠪᠠᠷ ᠲᠠᠪᠱᠢᠵᠤ᠂ ᠨᠠᠮ᠎ᠤᠨ ᠪᠠᠢᠭᠤᠯᠤᠯᠲᠠ ᠴᠢᠩᠭᠠᠷᠠᠵᠤ᠂ ᠠᠷᠠᠳ᠎ᠤᠨ ᠠᠮᠢᠳᠤᠷᠠᠯ ᠲᠠᠰᠤᠷᠠᠯᠲᠠ ᠦᠭᠡᠢ ᠰᠠᠢᠵᠢᠷᠠᠠ᠂ ᠬᠤᠲᠠ ᠪᠠᠯᠭᠠᠰᠤᠨ᠎ᠤ ᠬᠦᠮᠦᠨ ᠲᠤᠮᠳᠠᠴᠢ᠎ᠶ᠋ᠢᠨ ᠡᠵᠡᠮᠳᠡᠵᠤ ᠪᠤᠯᠬᠤ ᠤᠷᠤᠯᠭ᠎ᠠ ᠵᠢᠯ ᠪᠦᠷᠢ 6.7% ᠤᠷᠴᠢᠮ ᠨᠡᠮᠡᠭ᠌ᠳᠡᠵᠤ᠂ ᠮᠠᠯᠴᠢᠨ ᠲᠠᠷᠢᠶᠠᠴᠢᠨ᠎ᠤ ᠬᠦᠮᠦᠨ ᠲᠤᠮᠳᠠᠴᠢ᠎ᠶ᠋ᠢᠨ ᠡᠵᠡᠮᠳᠡᠵᠤ ᠪᠤᠯᠬᠤ ᠤᠷᠤᠯᠭ᠎ᠠ ᠵᠢᠯ ᠪᠦᠷᠢ 8.9% ᠤᠷᠴᠢᠮ ᠨᠡᠮᠡᠭ᠌ᠳᠡᠭ᠌ᠰᠡᠡ ᠪᠠᠢᠨ᠎ᠠ᠃