ᠲᠠᠬᠢᠶ᠎ᠠ ᠳᠤᠤᠭᠠᠷᠴ᠊᠂ ᠠᠷᠤ ᠬᠤᠷᠴᠢᠨ ᠬᠤᠱᠢᠭᠤᠨ᠎ᠤ ᠪᠠᠶᠠᠨᠬᠤᠸᠠ ᠪᠠᠯᠭᠠᠰᠤᠨ᠎ᠤ ᠱᠧᠩ ᠯᠢ ᠲᠣᠰᠭᠤᠨ᠎ᠤ ᠨᠠᠮ ᠭᠦᠮ ᠪᠠᠢᠳᠠᠯ᠎ᠢ ᠡᠪᠳᠡᠪᠡ᠃ ᠦᠦᠷ᠎ᠤᠨ ᠲᠤᠶᠠᠭᠠᠨ᠎ᠳᠤ ᠴᠡᠪᠡᠷ ᠲᠡᠭ᠌ᠰᠢᠭᠡᠨ ᠱᠦᠢᠨᠢ ᠵᠠᠮ᠂ ᠵᠢᠭ᠌ᠳᠡ ᠵᠢᠭ᠍ᠰᠠᠭ᠍ᠰᠠᠨ ᠤᠯᠠᠭᠠᠨ ᠸᠠᠭᠠᠷ᠎ᠤᠨ ᠭᠡᠷ ᠪᠠᠢᠱᠢᠩ ᠤᠨᠴᠠᠭᠠᠢ ᠭᠤᠶᠤ ᠬᠠᠷᠠᠭ᠍ᠳᠠᠨ᠎ᠠ᠃
ᠦᠦᠷ ᠴᠠᠢᠬᠤ᠎ᠠᠴᠠ ᠡᠮᠦᠨ᠎ᠡ ᠡᠷᠲᠡᠯᠡᠨ ᠪᠤᠰᠤᠭ᠍ᠰᠠᠨ ᠦᠨᠠᠨᠪᠤᠶᠠᠨ ᠦᠬᠡᠷ ᠬᠤᠨᠢ᠎ᠪᠠᠨ ᠡᠪᠡᠰᠦᠯᠡᠵᠦ᠍ ᠤᠰᠤᠯᠠᠨ ᠡᠳᠦᠷ᠎ᠤᠨ ᠠᠵᠢᠯ᠎ᠢᠶᠠᠨ ᠡᠬᠢᠯᠡᠭᠦᠯᠪᠡ᠃ 《ᠤᠳᠤ ᠡᠢᠮᠦ᠍ ᠰᠠᠢᠬᠠᠨ ᠠᠮᠢᠳᠤᠷᠠᠨ᠎ᠠ ᠭᠡᠳᠡᠭ᠎ᠢ ᠵᠡᠭᠦᠳᠦᠯᠡᠭᠡ ᠴᠤ᠌ ᠦᠭᠡᠢ᠂ ᠬᠦᠷᠢᠶ᠎ᠡ ᠬᠠᠱᠢᠶ᠎ᠡ ᠭᠡᠵᠦ᠍ ᠪᠤᠬᠢᠷ ᠡᠪᠡᠰᠦᠨ᠎ᠳᠤ ᠳᠠᠷᠤᠭ᠍ᠳᠠᠭᠠᠳ ᠡᠯᠦᠢ ᠬᠤᠯᠤᠢ ᠪᠠᠢᠵᠠᠢ᠃ ᠪᠤᠰᠤᠳ᠎ᠤᠨ ᠬᠦᠷᠢᠶ᠎ᠡ ᠳᠦᠭᠦᠷᠡᠩ ᠦᠬᠡᠷ ᠬᠤᠨᠢ᠎ᠶ᠋ᠢ ᠬᠠᠷᠠᠭᠠᠳ ᠦᠨᠡᠬᠡᠷ ᠪᠠᠭ᠍ᠠᠷᠬᠠᠵᠤ ᠪᠠᠢᠯ᠎ᠠ᠂ ᠤᠳᠤ ᠥᠪᠡᠷ᠎ᠢᠶᠠᠨ ᠪᠠᠰᠠ ᠬᠤᠨᠢ ᠭᠠᠭ᠍ᠠᠢ ᠲᠡᠵᠢᠭᠡᠭᠡᠳ ᠠᠮᠢᠳᠤᠷᠠᠯ ᠤᠯᠠᠮ᠎ᠠᠴᠠ ᠤᠯᠠᠮ ᠰᠠᠢᠵᠢᠷᠠᠵᠤ ᠪᠠᠢᠨ᠎ᠠ》 ᠭᠡᠵᠦ᠍ ᠶᠠᠷᠢᠬᠤ᠎ᠳᠤ ᠦᠨᠡᠨᠪᠤᠶᠠᠨᠤ ᠴᠢᠷᠠᠶ᠎ᠳᠤ ᠪᠠᠶᠠᠷ᠎ᠤᠨ ᠮᠥᠱᠢᠶᠡᠳᠦ ᠲᠣᠳᠣᠷᠠᠨ᠎ᠠ᠃ ᠭᠠᠭ᠍ᠠᠢ ᠪᠤᠷᠳᠤᠬᠤ᠂ ᠬᠤᠨᠢ ᠡᠪᠡᠰᠦᠯᠡᠬᠦ᠂ ᠲᠠᠬᠢᠶ᠎ᠠ ᠨᠤᠭᠤᠰᠤ ᠲᠡᠵᠢᠭᠡᠬᠦ᠌ ᠬᠡᠮᠡᠨ ᠦᠨᠡᠨᠪᠤᠶᠠᠨ ᠦᠷᠯᠦᠭᠡ᠎ᠠᠴᠠ ᠤᠷᠤᠢ ᠤᠨᠲᠠᠬᠤ ᠪᠤᠯᠲᠠᠯ᠎ᠠ ᠠᠮᠢᠰᠭᠤᠭ᠎ᠠ ᠠᠪᠬᠤ ᠴᠠᠭ ᠦᠭᠡᠢ ᠶᠠᠭᠠᠷᠠᠳᠠᠭ᠃ ᠭᠡᠬᠦ᠌᠎ᠳᠤ ᠡᠳᠡᠭᠡᠷ᠎ᠨᠢ ᠶᠠᠭ ᠦᠨᠡᠨᠪᠤᠶᠠᠨᠤ ᠵᠢᠷᠭᠠᠯᠲᠤ ᠠᠮᠢᠳᠤᠷᠠᠯ᠎ᠢᠶᠠᠨ ᠴᠤᠭ᠍ᠴᠠᠯᠠᠨ ᠦᠨᠳᠡᠢᠨ ᠪᠤᠰᠤᠭ᠍ᠰᠠᠨ ᠡᠬᠢ ᠪᠤᠯᠠᠭ ᠪᠤᠯᠤᠨ᠎ᠠ᠃
ᠦᠨᠡᠨᠪᠤᠶᠠᠨ ᠵᠠᠯᠠᠭᠤ᠎ᠳᠠᠭᠠᠨ ᠳᠤᠮᠳᠠ ᠴᠢᠮᠥᠭᠡᠨ ᠶᠠᠰᠤ ᠦᠬᠦᠵᠢᠬᠦ᠌ ᠡᠪᠡᠤᠡᠴᠢᠨ᠎ᠳᠤ ᠨᠡᠷᠪᠡᠭ᠌ᠳᠡᠵᠤ᠂ ᠬᠦᠨᠳᠦ ᠠᠵᠢᠯ ᠬᠢᠵᠦ᠍ ᠳᠡᠢᠯᠬᠦ᠌ ᠦᠭᠡᠢ᠂ ᠵᠥᠪᠬᠡᠨ 20 ᠭᠠᠷᠤᠢ ᠮᠦ᠍ ᠭᠠᠵᠠᠷ᠎ᠢᠶᠠᠨ ᠳᠦᠷᠢᠶᠡᠰᠦᠯᠡᠭᠦᠯᠦᠭ᠌ᠰᠡᠨ ᠵᠤᠭᠤᠰ ᠪᠣᠯᠤᠨ ᠬᠤᠶᠠᠷ ᠭᠠᠭ᠍ᠠᠢ ᠲᠡᠵᠢᠭᠡᠭ᠌ᠰᠡᠨ ᠥᠴᠦᠬᠡᠨ ᠣᠷᠣᠯᠭ᠎ᠠ᠎ᠪᠠᠷ᠎ᠢᠶᠠᠨ ᠬᠡᠦᠬᠡᠳ᠎ᠢᠶᠠᠨ ᠪᠢᠴᠢᠭ ᠦᠵᠡᠭᠦᠯᠵᠦ᠍᠂ ᠠᠮᠢᠳᠤᠷᠠᠯ᠎ᠢᠶᠠᠨ ᠠᠷᠭᠠᠴᠠᠭᠠᠵᠤ ᠪᠠᠢᠵᠠᠢ᠃ 2015 ᠣᠨ᠎ᠳᠤ᠂ ᠪᠦᠰᠡᠭᠦᠢ᠎ᠨᠢ ᠭᠡᠨᠡᠳᠲᠡ ᠲᠡᠷᠭᠡᠨ ᠠᠳᠡᠯ ᠭᠠᠷᠴᠤ᠌ ᠬᠦᠯ᠎ᠨᠢ ᠬᠦᠨᠳᠦ ᠱᠢᠷᠬᠠᠲᠤᠭ᠍ᠰᠠᠨ᠎ᠨᠢ ᠲᠡᠳᠡᠨᠦᠰ᠎ᠤᠨ ᠡᠨᠡ ᠬᠦ᠌ ᠴᠢᠨᠡᠭᠡᠯᠢᠭ ᠪᠤᠰᠤ ᠭᠡᠷ ᠪᠦᠯᠢ᠎ᠳᠤ ᠬᠦᠨᠳᠦ ᠴᠤᠬᠢᠯᠲᠠ ᠪᠤᠯᠵᠠᠢ᠃ ᠡᠭᠦᠨ᠎ᠤ ᠳᠡᠭᠡᠷ᠎ᠡ᠂ ᠦᠨᠳᠦᠷ ᠳᠤᠮᠳᠠᠳᠤ᠎ᠳᠤ ᠰᠤᠷᠤᠯᠴᠠᠵᠤ ᠪᠠᠢᠭ᠎ᠠ ᠬᠦᠦ᠎ᠨᠢ ᠪᠠᠰᠠ ᠤᠳᠠᠯ ᠦᠭᠡᠶ ᠶᠡᠭᠡ ᠰᠤᠷᠭᠠᠭᠤᠯᠢ᠎ᠳᠤ ᠣᠷᠣᠬᠤ ᠭᠡᠵᠦ᠍ ᠪᠠᠢᠭ᠎ᠠ ᠲᠤᠯᠠ ᠬᠡᠦᠬᠡᠳ᠎ᠤᠨ ᠰᠤᠷᠤᠯᠭ᠎ᠠ᠎ᠶ᠋ᠢᠨ ᠰᠦᠢᠳᠭᠡᠯ᠂ ᠠᠮᠢᠳᠤᠷᠠᠯ᠎ᠤᠨ ᠵᠠᠷᠤᠳᠠᠯ ᠵᠡᠷᠭᠡ᠎ᠨᠢ ᠦᠨᠡᠨᠪᠤᠶᠠᠨᠳᠤ ᠰᠡᠳᠭᠢᠯ᠎ᠤᠨ ᠨᠦᠰᠡᠷ ᠳᠠᠷᠤᠭᠠᠰᠤ ᠪᠤᠯᠵᠤ᠂ ᠡᠳᠦᠷᠵᠢᠨ ᠤᠷᠮ᠎ᠠ ᠬᠠᠷᠢᠵᠤ ᠤᠷᠤᠭᠤ ᠴᠢᠷᠠᠢᠯᠠᠵᠤ ᠶᠠᠪᠤᠳᠠᠭ ᠪᠤᠯᠵᠠᠢ᠃
2019 ᠣᠨ᠎ᠳᠤ᠂ ᠦᠨᠡᠨᠪᠤᠶᠠᠨᠤᠬᠢᠨ ᠡᠪᠡᠳᠴᠢᠨ᠎ᠠᠴᠠ ᠪᠣᠯᠵᠣ ᠶᠠᠳᠠᠭᠤᠷᠠᠭ᠍ᠰᠠᠨ ᠶᠠᠳᠠᠭᠤ ᠬᠦᠴᠢᠷᠳᠡᠯᠲᠡᠶ ᠡᠷᠦᠬᠡ᠎ᠪᠠᠷ ᠢᠯᠭᠠᠨ ᠲᠤᠳᠤᠯᠠᠬ᠍ᠳᠠᠵᠠᠢ᠃ ᠲᠥᠷᠥ᠎ᠶ᠋ᠢᠨ ᠪᠣᠳᠣᠯᠭ᠎ᠠ᠎ᠶ᠋ᠢᠨ ᠳᠡᠮᠵᠢᠯᠭᠡ ᠪᠠ ᠠᠵᠢᠯᠯᠠᠬᠤ ᠠᠩᠭᠢ᠎ᠶ᠋ᠢᠨ ᠬᠠᠪᠰᠤᠷᠤᠯᠭ᠎ᠠ ᠳᠣᠤᠷ᠎ᠠ᠂ ᠨᠠᠭᠠᠳᠤ ᠵᠠᠬ᠎ᠠ᠎ᠶ᠋ᠢᠨ ᠠᠮᠢᠳᠤᠷᠠᠯ᠎ᠤᠨ ᠪᠠᠲᠤᠯᠠᠭ᠎ᠠ ᠪᠠ ᠬᠤᠲᠠ ᠬᠥᠳᠡᠭᠡ᠎ᠶ᠋ᠢᠨ ᠰᠠᠭᠤᠭᠠᠯᠢ ᠠᠷᠠᠳ᠎ᠤᠨ ᠡᠮ ᠡᠮᠨᠡᠯᠭᠡ᠎ᠶ᠋ᠢᠨ ᠳᠠᠭᠠᠤᠡᠬᠠᠯᠢ ᠭᠥᠷᠳᠡᠭ᠌ᠰᠡᠨ᠎ᠠᠴᠠ ᠲᠡᠳᠡᠨᠤᠬᠢᠨᠤ ᠠᠮᠢᠳᠤᠷᠠᠯ ᠦᠨᠳᠦᠰᠦᠨ ᠪᠠᠲᠤᠯᠠᠭ᠎ᠠ᠎ᠲᠠᠢ ᠪᠣᠯᠪᠠ᠃ 《ᠬᠤᠭᠤᠯᠠ ᠵᠠᠬᠢᠶᠠᠯᠠᠬᠤ ᠬᠡᠯᠪᠡᠷᠢ》 ᠶ᠋ᠢᠨ ᠶᠠᠳᠠᠭᠤ᠎ᠶ᠋ᠢ ᠲᠡᠤᠡᠬᠦᠬᠦ᠌ ᠲᠥᠷᠥᠯ ᠵᠦᠶᠯ᠎ᠢᠶᠠᠷ ᠳᠡᠮᠵᠢᠨ᠂ ᠦᠨᠡᠨᠪᠤᠶᠠᠨ 16 ᠬᠤᠨᠢ ᠬᠤᠳᠠᠯᠳᠤᠨ ᠠᠪᠴᠡᠢ᠃ ᠬᠤᠨᠢ ᠲᠡᠵᠢᠭᠡᠭ᠌ᠰᠡᠨ᠎ᠠᠴᠠ ᠰᠡᠭᠦᠯᠡᠷ ᠦᠨᠡᠨᠪᠤᠶᠠᠨ ᠦᠷᠯᠦᠭᠡ ᠪᠦᠷᠢ ᠦᠦᠷ᠎ᠤᠨ ᠲᠤᠶᠠᠭ᠎ᠠ᠎ᠲᠠᠢ ᠤᠷᠤᠯᠳᠤᠨ ᠪᠤᠰᠴᠤ᠌᠂ ᠬᠤᠨᠢ᠎ᠪᠠᠨ ᠡᠪᠡᠰᠦᠯᠡᠵᠦ᠍ ᠤᠰᠤᠯᠠᠬᠤ᠂ ᠡᠪᠡᠰᠦ ᠪᠤᠷᠳᠤᠭ᠎ᠠ ᠨᠡᠮᠡᠬᠦ᠂ ᠬᠠᠱᠢᠶ᠎ᠠ ᠰᠠᠷᠠᠪᠴᠢ᠎ᠪᠠᠨ ᠴᠡᠪᠡᠷᠯᠡᠬᠦ᠌ ᠬᠡᠮᠡᠨ ᠲᠤᠯᠤᠭᠠᠢ ᠦᠨᠳᠡᠢᠯ ᠦᠭᠡᠢ ᠠᠵᠢᠯᠯᠠᠵᠤ᠂ ᠬᠡᠨ᠎ᠠᠴᠠ ᠴᠤ᠌ ᠶᠠᠭᠠᠷᠠᠤ ᠪᠤᠯᠪᠠ᠃
ᠴᠢᠷᠮᠠᠢᠯᠭ᠎ᠠ ᠬᠦᠮᠦᠨ᠎ᠢ ᠭᠤᠮᠤᠳᠠᠭᠠᠬᠤ ᠦᠭᠡᠢ ᠭᠡᠳᠡᠭ᠎ᠢᠶᠠᠷ ᠡᠨᠡ ᠵᠢᠯ ᠲᠡᠭᠦᠨ᠎ᠤ ᠬᠤᠨᠢ᠎ᠨᠢ ᠦᠷᠡᠵᠢᠭᠡᠳ 30 ᠭᠠᠷᠤᠶ ᠪᠤᠯᠵᠠᠢ᠃ 《ᠰᠠᠢᠬᠠᠨ ᠠᠮᠢᠳᠤᠷᠠᠶ᠎ᠠ ᠭᠡᠪᠡᠯ ᠵᠥᠪᠬᠡᠨ ᠤᠯᠤᠰ᠎ᠤᠨ ᠲᠦᠷᠦ᠎ᠶ᠋ᠢᠨ ᠪᠤᠳᠤᠯᠭ᠎ᠠ᠎ᠶ᠋ᠢ ᠲᠦᠱᠢᠭᠡᠳ ᠪᠣᠯᠬᠤ ᠦᠭᠡᠢ᠂ ᠠᠵᠢᠯᠴᠢ ᠬᠤᠶᠠᠷ ᠭᠠᠷ᠎ᠢᠶᠠᠷ᠎ᠢᠶᠠᠨ ᠠᠮᠢᠳᠤᠷᠠᠯ᠎ᠢᠶᠠᠨ ᠴᠤᠭ᠍ᠴᠠᠯᠠᠬᠤ᠎ᠨᠢ ᠰᠠᠶᠢ ᠬᠠᠮᠤᠭ᠎ᠤᠨ ᠢᠷᠠᠭᠤ ᠠᠯᠳᠠᠷᠲᠠᠢ》 ᠭᠡᠵᠦ᠍ ᠠᠮᠢᠳᠤᠷᠠᠯ᠎ᠳᠠᠭᠠᠨ ᠢᠲᠡᠭᠡᠯ ᠳᠦᠭᠦᠷᠡᠩ ᠪᠤᠯᠤᠭ᠍ᠰᠠᠨ ᠦᠨᠡᠨᠪᠤᠶᠠᠨ ᠤᠯᠤᠯᠲᠠ ᠲᠦᠷᠦᠭ᠌ᠳᠡᠯ᠎ᠢᠶᠠᠨ ᠬᠤᠪᠢᠶᠠᠯᠴᠠᠨ᠎ᠠ᠃ 2020 ᠤᠨ᠎ᠳᠤ᠂ ᠲᠣᠰᠭᠤᠨ᠎ᠳᠤ ᠰᠠᠭᠤᠭ᠎ᠠ ᠠᠵᠢᠯᠯᠠᠬᠤ ᠠᠩᠭᠢ ᠪᠣᠯᠤᠨ ᠭᠠᠴᠠᠭᠠᠨ᠎ᠤ ᠺᠠᠳ᠋ᠷᠴᠤᠳ᠎ᠤᠨ ᠬᠠᠪᠰᠤᠷᠤᠯᠭ᠎ᠠ ᠳᠣᠤᠷ᠎ᠠ᠂ ᠦᠨᠡᠨᠪᠤᠶᠠᠨ ᠪᠠᠰᠠ 110 ᠮᠥ᠍ ᠲᠠᠷᠢᠶᠠᠨ ᠭᠠᠵᠠᠷ᠎ᠢ ᠳᠠᠭᠠᠭᠠᠴᠢᠯᠠᠨ ᠡᠷᠳᠡᠨᠢ ᠱᠢᠰᠢ ᠳᠠᠷᠢᠵᠤ᠂ 6 ᠲᠦᠮᠡᠨ ᠲᠥᠭᠦᠷᠢᠭ᠎ᠤᠨ ᠤᠷᠤᠯᠭ᠎ᠠ ᠤᠯᠵᠠᠢ᠃ ᠡᠭᠦᠨ᠎ᠤ ᠳᠠᠭᠡᠷ᠎ᠡ᠂ ᠡᠨᠡ ᠬᠤᠶᠠᠷ ᠵᠢᠯ᠎ᠳᠤ ᠭᠠᠭ᠍ᠠᠶ᠎ᠶ᠋ᠢᠨ ᠦᠨ᠎ᠡ ᠬᠠᠩᠰᠢ ᠦᠰᠦᠭᠡᠳ᠂ 2020 ᠤᠨ᠎ᠳᠤ ᠲᠡᠳᠡᠨ᠎ᠤ᠎ᠬᠢᠨ 10 ᠭᠠᠭ᠍ᠠᠶ᠎ᠶ᠋ᠢᠨ ᠲᠣᠷᠣᠢ᠎ᠪᠠᠨ ᠬᠤᠳᠠᠯᠳᠤᠭᠠᠳ 1 ᠲᠦᠮᠡᠨ ᠲᠥᠭᠦᠷᠢᠭ᠎ᠤᠨ ᠣᠷᠣᠯᠭ᠎ᠠ ᠣᠯᠪᠠ᠃ ᠤᠳᠤ᠂ ᠦᠨᠡᠨᠪᠤᠶᠠᠨᠤᠬᠢᠨ ᠬᠥᠮᠦᠨ ᠳᠤᠮᠳᠠᠴᠢ᠎ᠶ᠋ᠢᠨ ᠴᠡᠪᠡᠷ ᠣᠷᠣᠯᠭ᠎ᠠ 1.4 ᠲᠦᠮᠡᠨ ᠲᠥᠭᠦᠷᠢᠭ᠎ᠲᠤ ᠬᠦᠷᠴᠦ᠍᠂ 《ᠶᠠᠳᠠᠭᠤ ᠮᠠᠯᠠᠭᠠᠢ》 ᠪᠠᠨ ᠲᠠᠶᠠᠭ᠍ᠳᠠᠨ ᠪᠠᠶᠠᠵᠢᠯ᠎ᠤᠨ ᠵᠠᠮ᠎ᠢᠶᠠᠨ ᠡᠯᠭᠦᠯ᠎ᠡ᠃
2020 ᠤᠨ᠎ᠤ ᠨᠠᠮᠤᠷ᠂ ᠦᠨᠡᠨᠪᠤᠶᠠᠨᠤ ᠬᠦᠦ᠎ᠨᠢ ᠱᠢᠯᠢᠳᠡᠭ ᠬᠢᠷᠢ ᠪᠦᠲᠦᠮᠵᠢ᠎ᠪᠠᠷ ᠶᠡᠭᠡ ᠰᠤᠷᠭᠠᠭᠤᠯᠢ᠎ᠳᠤ ᠱᠢᠯᠭᠠᠨ ᠣᠷᠣᠭᠠᠳ ᠤᠯᠤᠰ᠎ᠤᠨ ᠰᠤᠷᠭᠠᠨ ᠬᠥᠮᠦᠵᠢᠯ᠎ᠢᠶᠠᠷ ᠶᠠᠳᠠᠭᠤ᠎ᠶ᠋ᠢ ᠲᠡᠳᠬᠦᠬᠦ᠌ ᠲᠥᠷᠥᠯ ᠵᠦᠢᠯ᠎ᠤᠨ ᠳᠡᠮᠵᠢᠯᠭᠡ᠎ᠶ᠋ᠢ ᠭᠥᠷᠳᠡᠭᠡᠳ ᠪᠠᠶᠠᠷ ᠳᠡᠭᠡᠷ᠎ᠡ ᠪᠠᠶᠠᠷ ᠪᠤᠯᠵᠠᠢ᠃ ᠶᠠᠳᠠᠭᠤ ᠬᠦᠴᠢᠷᠳᠡᠯᠲᠡᠢ ᠪᠠᠢᠭ᠍ᠰᠠᠨ᠎ᠠᠴᠠ᠎ᠪᠠᠨ ᠪᠠᠶᠠᠨ ᠴᠢᠨᠡᠭᠡᠯᠢᠭ ᠪᠤᠯᠤᠭ᠍ᠰᠠᠨ ᠦᠨᠡᠨᠪᠤᠶᠠᠨᠤᠬᠢᠨ ᠬᠦᠷᠢᠶ᠎ᠡ ᠬᠠᠱᠢᠶ᠎ᠠ᠎ᠨᠢ ᠶᠠᠪᠤᠬᠤ ᠳᠤᠳᠤᠮ ᠬᠦᠭ᠌ᠵᠢᠶᠡᠨ ᠨᠠᠷᠭᠢᠶᠠᠨ᠎ᠲᠠᠢ ᠪᠤᠯᠵᠤ᠂ ᠠᠮᠢᠳᠤᠷᠠᠯ᠎ᠨᠢ ᠶᠠᠪᠤᠬᠤ ᠲᠤᠲᠤᠮ ᠰᠠᠢᠵᠢᠷᠠᠨ᠂ ᠡᠬᠡᠨᠡᠷ᠎ᠲᠠᠢ᠎ᠪᠠᠨ ᠬᠤᠶᠠᠭᠤᠯᠠ ᠰᠠᠨᠠᠭ᠎ᠠ ᠤᠨᠤᠭ᠎ᠠ ᠨᠡᠢᠯᠡᠨ᠂ ᠵᠢᠷᠭᠠᠯᠲᠤ ᠠᠮᠢᠳᠤᠷᠠᠯ᠎ᠢᠶᠠᠨ ᠨᠡᠩ ᠢᠲᠡᠭᠡᠯ᠎ᠲᠠᠢ ᠴᠤᠭ᠍ᠴᠠᠯᠠᠵᠤ ᠶᠠᠪᠤᠨ᠎ᠠ᠃ 《ᠥᠩᠭᠡᠷᠡᠭ᠌ᠰᠡᠨ᠎ᠳᠤ ᠮᠠᠨ᠎ᠤ᠎ᠬᠢᠨ ᠶᠠᠳᠠᠭᠤ ᠪᠠᠢᠭ᠍ᠰᠠᠨ ᠳᠡᠭᠡᠷ᠎ᠡ ᠡᠪᠡᠳᠴᠢᠨ ᠡᠮᠭᠡᠭ᠎ᠲᠤ ᠳᠠᠷᠤᠭ᠍ᠳᠠᠨ ᠡᠳᠦᠷᠵᠢᠨ ᠵᠤᠪᠠᠵᠤ ᠰᠠᠭᠤᠳᠠᠭ ᠪᠠᠢᠵᠠᠢ᠂ ᠤᠳᠤ ᠢᠳᠡᠵᠦ᠍ ᠡᠮᠦᠰᠭᠦ᠎ᠳᠡᠭᠡᠨ ᠵᠣᠪᠠᠭ᠍ᠤ ᠦᠭᠡᠢ᠂ ᠤᠷᠤᠯᠭ᠎ᠠ ᠨᠡᠮᠡᠭ᠌ᠳᠡᠨ ᠵᠠᠷᠤᠯᠭ᠎ᠠ ᠪᠠᠭᠠᠰᠴᠤ᠌᠂ ᠠᠮᠢᠳᠤᠷᠠᠯ ᠴᠤ᠌ ᠶᠠᠪᠤᠬᠤ ᠲᠤᠳᠤᠮ ᠦᠭᠡᠳᠡᠯᠡᠨ ᠳᠡᠭ᠌ᠵᠢᠷᠡᠵᠤ ᠪᠠᠢᠨ᠎ᠠ》 ᠭᠡᠵᠦ᠍ ᠦᠨᠡᠨᠪᠤᠶᠠᠨ ᠪᠠᠶᠠᠷᠯᠠᠨ᠎ᠠ᠃