ᠤᠷᠤᠯᠳᠤᠭᠠᠨ ᠡᠨᠡᠦᠬᠡᠨ᠎ᠢᠶᠠᠷ ᠲᠠᠭᠤᠰᠭᠤ ᠦᠬᠡᠢ ᠲᠠᠮᠢᠷᠴᠢᠳ ᠮᠢᠨᠢ!
2021-10-11 09:55:49
ᠵᠣᠬᠢᠶᠠᠭ᠍ᠴᠢ᠄
ᠱᠢᠨᠡᠪᠢᠯᠢᠭ
ᠣᠩᠱᠢᠭ᠍ᠰᠠᠨ ᠣᠳᠠᠭ᠎ᠠ᠄
★★★☆☆

ᠲᠠᠮᠢᠷᠴᠢᠳ ᠮᠠᠨᠢ ᠲᠤᠤᠺᠢᠣ᠋᠎ᠶ᠋ᠢᠨ ᠤᠯᠢᠮᠫᠢᠺ᠎ᠤᠨ ᠲᠠᠮᠢᠷ᠎ᠤᠨ ᠴᠤᠬ᠍ᠯᠠᠭᠠᠨ᠎ᠢᠶᠠᠷ ᠶᠡᠭᠡ ᠤᠯᠠᠨ ᠶᠠᠭᠤᠮ᠎ᠠ᠎ᠶ᠋ᠢ ᠦᠵᠡᠵᠦ᠍ ᠦᠩᠬᠡᠷᠡᠬᠦᠯᠦᠯ᠎ᠡ᠃ ᠤᠷᠠᠨ ᠰᠠ ᠵᠢᠬᠠᠨ ᠮᠦᠷᠦ ᠵᠢᠴᠡᠭᠡᠨ᠎ᠢᠶᠠᠷ᠎ᠢᠶᠠᠨ ᠠᠮᠵᠢᠯᠳᠠ ᠤᠯᠵᠤ ᠦᠵᠡᠯ᠎ᠡ᠃ ᠲᠡᠯᠡᠬᠡᠢ᠎ᠶ᠋ᠢᠨ ᠠᠪᠤᠷᠭᠤ᠎ᠨᠤᠭᠤᠳ᠎ᠲᠠᠢ ᠨᠢᠬᠡᠨ ᠲᠠᠯᠠᠪᠠᠢ᠎ᠳᠤ ᠬᠦᠴᠦ᠎ᠪᠠᠨ ᠰᠤᠷᠢᠵᠤ ᠦᠵᠡᠯ᠎ᠡ᠃ ᠬᠠᠮᠤᠬ᠎ᠤᠨ ᠭᠤᠤᠯ᠎ᠨᠢ ᠪᠤᠯ᠂ ᠤᠯᠢᠮᠫᠢᠺ᠎ᠤᠨ ᠠᠯᠳᠠᠨ ᠮᠧᠳᠡᠯ᠂ ᠭᠠ ᠵᠢᠬᠠᠮ᠎ᠠ ᠠᠮᠵᠢᠯᠳᠠ ᠮᠠᠨ᠎ᠠᠴᠠ ᠲᠡ ᠵᠢᠮᠦ᠍ ᠴᠤ᠌ ᠬᠤᠯᠠ ᠪᠢᠰᠢ ᠬᠡᠳᠡᠭ᠎ᠢ ᠪᠡᠶ᠎ᠡ᠎ᠪᠠᠷ᠎ᠢᠶᠠᠨ ᠮᠡᠳᠡᠷᠡᠯ᠎ᠡ᠃ 

ᠪᠤᠤᠺᠰᠴᠢᠨ ᠯᠢ ᠴᠢᠶᠠᠨ 8 ᠰᠠᠷ᠎ᠠ᠎ᠶ᠋ᠢᠨ 8 ᠎ᠤ ᠡᠳᠦᠷ ᠶᠠᠪᠤᠬ᠍ᠳᠠᠬ᠍ᠰᠠᠨ ᠡᠮᠡᠭ᠌ᠳᠡᠢ᠎ᠶ᠋ᠢᠨ ᠪᠤᠤᠺᠰ᠎ᠤᠨ 69 — 75 ᠺᠢᠯᠦᠭ᠌ᠷᠡᠮ᠎ᠤᠨ ᠲᠡᠰ᠎ᠤᠨ ᠱᠢᠢᠳᠪᠦᠷᠢᠳᠦ ᠤᠷᠤᠯᠳᠤᠭᠠᠨ᠎ᠳᠤ᠂ ᠠᠩᠭ᠌ᠯᠢ᠎ᠶ᠋ᠢᠨ ᠲᠠᠮᠢᠷᠴᠢᠨ ᠫᠦᠯᠠ ᠵᠢᠰ᠎ᠲᠤ 0᠄ 5 ᠎ᠶ᠋ᠢᠨ ᠬᠤᠪᠢ᠎ᠪᠠᠷ ᠬᠠᠷᠠᠮᠰᠠᠯᠳᠠᠢ᠎ᠪᠠᠷ ᠢᠯᠠᠬ᠍ᠳᠠᠵᠤ᠂ ᠮᠦᠩᠬᠦᠨ ᠮᠧᠳᠡᠯ ᠭᠠᠷᠳᠠᠯ᠎ᠠ᠃ ᠬᠤᠷᠢᠨ ᠲᠠᠪᠤᠳᠠᠢ ᠵᠠᠯᠠᠭᠤ ᠲᠠᠮᠢᠷᠴᠢᠨ ᠶᠠᠩ ᠵᠢᠶᠠ ᠢᠤᠢ 8 ᠰᠠᠷ᠎ᠠ᠎ᠶ᠋ᠢᠨ 6 ᠎ᠤ ᠡᠳᠦᠷ ᠪᠤᠯᠤᠬ᠍ᠰᠠᠨ ᠡᠮᠡᠭ᠌ᠳᠡᠢ᠎ᠶ᠋ᠢᠨ 20 ᠺᠢᠯᠤᠮᠸ᠋ᠲᠷ᠎ᠤᠨ ᠠᠯᠬᠤᠭ᠎ᠠ ᠤᠷᠤᠯᠳᠤᠭᠠᠨ᠎ᠳᠤ ᠬᠢᠴᠢᠶᠡᠮᠵᠢ ᠦᠬᠡᠢ᠎ᠠᠴᠠ ᠪᠤᠯᠵᠤ 2 ᠮᠢᠨᠦ᠋ᠲ ᠤᠷᠤᠯᠳᠤᠭᠠᠨ᠎ᠢᠶᠠᠨ ᠵᠤᠬ᠍ᠰᠤᠭᠠᠬᠤ ᠲᠤᠷᠭᠠᠭᠤᠯᠢ ᠤᠯᠵᠤ᠂ ᠮᠧᠳᠡᠯ ᠠᠪᠴᠤ᠌ ᠴᠢᠳᠠᠬ᠍ᠰᠠᠨ ᠦᠬᠡᠢ᠃ ᠬᠤᠷᠴᠢᠨ ᠨᠤᠳᠤᠬ᠎ᠲᠤ ᠦᠰᠴᠦ᠍ ᠲᠦᠷᠦᠭ᠌ᠰᠡᠨ ᠡᠦ ᡁᠢ ᠴᠢᠶᠠᠩ ᠨᠠᠷ ᠡᠷᠡᠭ᠌ᠳᠡᠢ᠎ᠶ᠋ᠢᠨ 4 × 100 ᠮᠧᠲᠷ᠎ᠤᠨ ᠪᠤᠤᠬᠢᠶ᠎ᠠ ᠤᠷᠤᠯᠳᠤᠭᠠᠨ᠎ᠤ ᠱᠢᠢᠳᠪᠦᠷᠢᠳᠦ ᠤᠷᠤᠯᠳᠤᠭᠠᠨ᠎ᠳᠤ ᠲᠦᠷᠪᠡᠳᠦᠬᠡᠷ᠎ᠲᠤ ᠬᠦᠶᠦᠵᠦ᠍᠂ ᠭᠠ ᠵᠢᠬᠠᠮ᠎ᠠ ᠲᠦᠷᠬᠡᠨ ᠬᠦᠶᠦᠭ᠌ᠰᠡᠨ ᠴᠤ᠌ ᠬᠡᠰᠡᠨ ᠱᠠᠩᠨᠠᠯ ᠤᠯᠭᠤᠬᠤ ᠲᠠ ᠵᠢᠰᠠᠨ᠎ᠠ ᠭᠠᠷᠴᠤ᠌ ᠴᠢᠳᠠᠬ᠍ᠰᠠᠨ ᠦᠬᠡᠢ᠃ ᠬᠡᠬᠦ᠌᠎ᠳᠡᠭᠡᠨ᠂ ᠬᠦᠮᠦᠨ ᠲᠦᠷᠦᠯᠬᠢᠳᠡᠨ᠎ᠤ ᠨᠠᠭᠠᠳᠤᠮ — ᠤᠯᠢᠮᠫᠢᠺ᠎ᠤᠨ ᠲᠠᠮᠢᠷ᠎ᠤᠨ ᠴᠤᠬ᠍ᠯᠠᠭᠠᠨ᠎ᠳᠤ ᠬᠦᠴᠦ᠍ ᠲᠠᠮᠢᠷ ᠤᠷ᠎ᠠ ᠤᠬᠠᠭᠠᠨ᠎ᠢᠶᠠᠨ ᠰᠤᠷᠢᠬ᠍ᠰᠠᠨ ᠡᠳᠡᠬᠡᠷ ᠤᠷᠤᠯᠳᠤᠭᠠᠨ ᠮᠦᠷᠦ ᠵᠢᠴᠡᠭᠡᠨ᠎ᠨᠢ ᠲᠠᠮᠢᠷᠴᠢᠳ᠎ᠲᠤ ᠮᠢᠨᠢ ᠨᠠᠨᠳᠢᠨ ᠲᠤᠷᠱᠢᠯᠭ᠎ᠠ᠂ ᠲᠠᠷᠠᠭᠠᠴᠢ᠎ᠶ᠋ᠢᠨ ᠤᠷᠤᠯᠳᠤᠭᠠᠨ᠎ᠳᠤ ᠢᠯᠠᠨ ᠲᠡ ᠵᠢᠯᠬᠦ᠌ ᠢᠳᠡᠬᠡᠯ ᠵᠤᠷᠢᠬ᠎ᠢ ᠤᠯᠭᠤᠬ᠍ᠰᠠᠨ᠎ᠨᠢ ᠭᠠᠷᠴᠠᠭ᠎ᠠ ᠦᠬᠡᠢ᠃

ᠶᠠᠭᠤ ᠴᠤ᠌ ᠬᠡᠰᠡᠨ᠂ ᠲᠠᠮᠢᠷᠴᠢᠳ ᠮᠠᠨᠢ ᠬᠤᠭᠤᠷᠠᠵᠤ ᠨᠤᠭᠤᠷᠠᠬᠤ ᠦᠬᠡᠢ ᠵᠤᠷᠢᠬ ᠰᠦᠰᠦ᠎ᠲᠠᠢ᠂ ᠲᠠ ᠵᠢᠴᠢᠨ ᠵᠤᠷᠢᠮᠠᠬ ᠰᠠ᠊ ᠎ᠶ᠋ᠢᠨ ᠬᠦᠳᠡᠯᠬᠡᠬᠡᠨ᠎ᠲᠠᠢ᠂ ᠰᠠᠷᠠᠭᠤᠯ ᠢᠷᠡᠬᠡᠳᠦᠢ᠎ᠲᠠᠢ ᠪᠠ ᠵᠢᠬᠤ᠎ᠪᠠᠨ ᠬᠦᠮᠦᠰ᠎ᠲᠤ ᠬᠦᠢᠴᠡᠳ ᠬᠠᠷᠠᠭᠤᠯᠵᠤ ᠴᠢᠳᠠᠯ᠎ᠠ᠃ ᠶᠠᠩ ᠵᠢᠶᠠ ᠢᠤᠢ 2 ᠮᠢᠨᠦ᠋ᠲ ᠤᠷᠤᠯᠳᠤᠭᠠᠨ᠎ᠢᠶᠠᠨ ᠵᠤᠬ᠍ᠰᠤᠭᠠᠬᠤ᠎ᠪᠠᠷ ᠲᠤᠷᠭᠠᠬ᠍ᠳᠠᠬ᠍ᠰᠠᠨ ᠴᠤ᠌ ᠬᠡᠰᠡᠨ᠂ 1 ᠴᠠᠬ 31 ᠮᠢᠨᠦ᠋ᠲ 54 ᠰᠧᠺᠦ᠋ᠨ᠋ᠳ᠋᠎ᠤᠨ ᠱᠢᠯᠢᠳᠡᠭ ᠬᠢᠷᠢ ᠪᠦᠳᠦᠮᠵᠢ ᠤᠯᠵᠤ᠂ ᠠᠷᠪᠠᠨ ᠬᠤᠶᠠᠳᠤᠭᠠᠷ᠎ᠲᠤ ᠤᠷᠤᠪᠠ᠃ ᠡᠦ ᡁᠢ ᠴᠢᠶᠠᠩ ᠨᠠᠷ᠎ᠤᠨ ᠲᠤᠮᠳᠠᠳᠤ ᠤᠯᠤᠰ᠎ᠤᠨ ᠡᠷᠡᠭ᠌ᠳᠡᠢ᠎ᠶ᠋ᠢᠨ ᠪᠤᠤᠬᠢᠶ᠎ᠠ ᠤᠷᠤᠯᠳᠤᠭᠠᠨ᠎ᠤ ᠪᠠᠬ ᠬᠡᠳᠤᠢ᠎ᠪᠠᠷ ᠮᠧᠳᠡᠯ ᠠᠪᠴᠤ᠌ ᠴᠢᠳᠠᠭ᠎ᠠ ᠦᠬᠡᠢ ᠪᠤᠯᠪᠠᠴᠤ᠌ ᠪᠦᠬᠦ᠌ ᠤᠯᠤᠰ᠎ᠤᠨ ᠬᠠᠮᠤᠬ᠎ᠤᠨ ᠰᠠ᠊ ᠎ᠶ᠋ᠢᠨ ᠬᠢᠷᠢ ᠪᠦᠳᠦᠮᠵᠢ᠎ᠶ᠋ᠢ ᠲᠠᠬᠢᠨ ᠤᠯᠤᠬ᠍ᠰᠠᠨ᠎ᠤ ᠵᠡᠷᠬᠡ᠎ᠪᠠᠷ᠂ ᠪᠠᠰᠠ ᠲᠤᠮᠳᠠᠳᠤ ᠤᠯᠤᠰ᠎ᠤᠨ ᠡᠷᠡᠭ᠌ᠳᠡᠢ᠎ᠶ᠋ᠢᠨ ᠪᠤᠤᠬᠢᠶ᠎ᠠ ᠤᠷᠤᠯᠳᠤᠭᠠᠨ᠎ᠤ ᠠᠩᠬᠢ᠎ᠶ᠋ᠢᠨ ᠤᠯᠢᠮᠫᠢᠺ᠎ᠤᠨ ᠲᠠᠮᠢᠷ᠎ᠤᠨ ᠴᠤᠬ᠍ᠯᠠᠭᠠᠨ᠎ᠳᠤ ᠤᠷᠤᠯᠴᠠᠬ᠍ᠰᠠᠨ ᠲᠡᠦᠬᠡ᠎ᠶ᠋ᠢᠨ ᠬᠠᠮᠤᠬ᠎ᠤᠨ ᠱᠢᠯᠢᠳᠡᠭ ᠬᠢᠷᠢ ᠪᠦᠳᠦᠮᠵᠢ᠎ᠶ᠋ᠢ ᠡᠬᠦᠳᠪᠡ᠃ ᠲᠠᠮᠢᠷᠴᠢᠳ ᠮᠢᠨᠢ ᠡᠨᠡ ᠤᠳᠠᠭᠠᠨ᠎ᠤ ᠤᠷᠤᠯᠳᠤᠭᠠᠨ᠎ᠤ ᠠᠯᠳᠠᠬ᠍ᠰᠠᠨ ᠤᠯᠤᠬ᠍ᠰᠠᠨ᠎ᠢᠶᠠᠨ ᠰᠠ᠊ ᠎ᠶ᠋ᠢᠨ ᠳ᠋ᠦᠩᠨᠡᠵᠦ᠍᠂ ᠦᠪᠡᠷ᠎ᠢ᠎ᠪᠠᠨ ᠲᠠᠪᠠᠭ᠍ᠤ᠎ᠪᠠᠷ ᠴᠢᠷᠮᠠ ᠵᠢᠵᠤ᠂ ᠲᠤᠷᠱᠢᠯᠭ᠎ᠠ᠎ᠪᠠᠨ ᠪᠠᠶᠠᠯᠢᠬ᠍ᠵᠢᠭᠤᠯᠵᠤ᠂ ᠮᠡᠷᠬᠡᠵᠢᠯ᠎ᠢᠶᠠᠨ ᠲᠡᠭᠡᠭ᠌ᠰᠢᠯᠡᠬᠦᠯᠵᠦ᠍᠂ ᠪᠡᠯᠡᠳᠭᠡᠯ ᠪᠤᠯᠪᠠᠰᠤᠷᠠᠯ᠎ᠢᠶᠠᠨ ᠰᠠ᠊ ᠎ᠶ᠋ᠢᠨ ᠬᠢᠪᠡᠯ᠂ ᠤᠯᠢᠮᠫᠢᠺ᠎ᠤᠨ ᠲᠠᠮᠢᠷ᠎ᠤᠨ ᠴᠤᠬ᠍ᠯᠠᠭᠠᠨ᠎ᠤ ᠠᠯᠳᠠᠨ ᠮᠧᠳᠡᠯ ᠤ ᠵᠢᠷᠠᠬᠠᠨ ᠪᠠ ᠵᠢᠨ᠎ᠠ᠃ ᠭᠤᠷᠪᠠᠭ᠍ᠠᠨ ᠵᠢᠯ᠎ᠤᠨ ᠲᠠᠷᠠᠭ᠎ᠠ ᠤᠯᠢᠮᠫᠢᠺ᠎ᠤᠨ ᠲᠠᠮᠢᠷ᠎ᠤᠨ ᠴᠤᠬ᠍ᠯᠠᠭᠠᠨ ᠲᠠᠬᠢᠭᠠᠳ ᠯᠡ ᠶᠠᠪᠤᠬ᠍ᠳᠠᠨ᠎ᠠ᠃ ᠲᠠᠮᠢᠷᠴᠢᠳ᠎ᠤᠨ᠎ᠢᠶᠠᠨ 2024 ᠤᠨ᠎ᠤ ᠤᠯᠢᠮᠫᠢᠺ᠎ᠤᠨ ᠲᠠᠮᠢᠷ᠎ᠤᠨ ᠴᠤᠬ᠍ᠯᠠᠭᠠᠨ᠎ᠳᠤ ᠲᠠᠬᠢᠨᠳᠠ ᠤᠷᠤᠯᠴᠠᠬᠤ᠎ᠶ᠋ᠢ ᠬᠠᠷᠠᠨ ᠰᠠᠭᠤᠵᠤ᠂ ᠲᠡᠷᠡ ᠦᠶ᠎ᠡ᠎ᠳᠤᠨᠢ ᠦᠵᠡᠭ᠌ᠴᠢᠳ ᠪᠤᠯᠤᠬ᠍ᠰᠠᠨ ᠪᠢᠳᠡ ᠨᠡᠷ ᠤᠷᠢᠶ᠎ᠠ ᠬᠠᠰᠭᠢᠷᠴᠤ᠌ ᠬᠦᠴᠦ᠍ ᠨᠡᠮᠡᠵᠦ᠍ ᠦᠭ᠌ᠬᠦᠶ᠎ᠡ ᠳ᠋ᠧ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号