ᠡᠪᠤᠬᠡᠨ ᠱᠦᠵᠢ᠎ᠶ᠋ᠢᠨ ᠡᠳᠦᠷ᠎ᠤᠨ ᠲᠡᠮᠳᠡᠭ᠌ᠯᠠᠯ
2021-10-11 10:14:28
ᠵᠣᠬᠢᠶᠠᠭ᠍ᠴᠢ᠄
ᠬᠦᠰᠡᠯ
ᠣᠩᠱᠢᠭ᠍ᠰᠠᠨ ᠣᠳᠠᠭ᠎ᠠ᠄
★★★☆☆

ᠡᠪᠡᠰᠤᠨ ᠲᠤᠯᠤᠭᠠᠢ ᠬᠠᠯᠢᠭᠤᠷᠠᠬ᠍ᠰᠠᠨ ᠱᠢᠷᠭᠠᠯ ᠨᠠᠮᠤᠷ᠎ᠤᠨ ᠨᠢᠭᠡᠨ ᠡᠳᠦᠷ᠂ ᠤᠷᠠᠳ᠎ᠤᠨ ᠲᠤᠮᠳᠠᠳᠦ ᠬᠤᠱᠢᠭᠤᠨ᠎ᠤ ᠴᠤᠩᠵᠢ ᠰᠤᠮᠤ᠎ᠶ᠋ᠢᠨ ᠰᠠᠷᠠᠭᠤᠯᠳᠠᠯ᠎ᠠ ᠭᠠᠴᠠᠭᠠᠨ᠎ᠤ ᠠᠬᠠᠮᠠᠳ ᠨᠠᠮ᠎ᠤᠨ ᠡᠬᠦᠷ᠎ᠤᠨ ᠱᠦᠵᠢ ᠶᠤᠷᠬᠤᠳᠠᠢ ᠭᠤᠸᠠᠢ᠎ᠶ᠋ᠢᠨ᠎ᠬᠢ᠎ᠶ᠋ᠢ ᠵᠤᠷᠢᠬ᠍ᠰᠠᠨ ᠶᠤᠮ᠃ ᠬᠦᠳᠦᠯ᠎ᠤᠨ ᠦᠨᠳᠤᠷ ᠬᠡᠬᠦ᠌ ᠭᠠᠵᠠᠷ᠎ᠤᠨ ᠴᠠᠷᠳᠠᠮᠠᠯ ᠵᠠᠮ᠎ᠤᠨ ᠬᠠᠵᠠᠭᠤ᠎ᠳᠤ ᠰᠠᠭᠤᠷᠢᠱᠢᠬ᠍ᠰᠠᠨ ᠡᠳᠠᠨ᠎ᠤ᠎ᠬᠢ ᠰᠤᠮᠤ᠎ᠠᠴᠠ᠎ᠪᠠᠨ ᠨᠢᠭᠡᠯᠡ ᠺᠢᠯᠣᠮᠧᠲᠷ ᠵᠠᠢᠳᠠᠢ ᠪᠠᠢᠳᠠᠭ ᠪᠤᠯᠬᠤᠷ ᠵᠠᠮ ᠬᠠᠷᠢᠯᠴᠠᠭ᠎ᠠ ᠴᠢᠮᠡᠭᠡ ᠬᠤᠯᠪᠤᠭ᠎ᠠ ᠲᠦᠬᠦᠮ᠂ ᠦᠨᠳᠤᠷ ᠬᠦᠴᠦᠳᠠᠯᠳᠦ ᠴᠠᠬᠢᠯᠭᠠᠨ᠎ᠲᠠᠢ᠂ ᠮᠠᠱᠢᠨ ᠬᠤᠳᠳᠤᠭ᠎ᠲᠠᠢ᠂ ᠤᠳᠤᠬᠢ ᠠᠮᠢᠳᠤᠷᠠᠯ᠎ᠤᠨ ᠬᠡᠷᠡᠭ᠌ᠰᠡᠯ ᠪᠦᠷᠢᠨ᠂ ᠴᠢᠨᠡᠭᠡᠯᠢᠭ ᠠᠢᠯ᠎ᠤᠨ ᠱᠢᠨᠵᠢ ᠢᠯᠡᠬᠡᠨ ᠬᠠᠷᠠᠬ᠍ᠳᠠᠨ᠎ᠠ᠃


QQ截图20211008094859.png

ᠶᠤᠷᠬᠤᠳᠠᠢ ᠭᠤᠸᠠᠢ ᠪᠤᠯ ᠡᠬᠡ ᠤᠯᠤᠰ᠎ᠲᠠᠢ᠎ᠪᠠᠨ ᠨᠠᠰᠦ ᠰᠠᠴᠠᠭᠤ᠂ ᠨᠠᠮ᠎ᠳᠤ ᠡᠯᠰᠡᠭ᠌ᠳᠡᠭᠡᠳ 45 ᠵᠢᠯ ᠪᠤᠯᠵᠦ᠍ ᠪᠠᠢᠭ᠎ᠠ ᠠᠬᠠᠮᠠᠳ ᠨᠠᠮ᠎ᠤᠨ ᠬᠡᠱᠢᠬᠦᠨ᠂ ᠠᠷᠠᠳ ᠤᠯᠠᠨ᠎ᠳᠠᠭᠠᠨ ᠢᠳᠡᠭᠡᠯ ᠬᠦᠨᠳᠦ᠎ᠲᠠᠢ᠂ ᠭᠠᠴᠠᠭᠠᠨ᠎ᠤ᠎ᠪᠠᠨ ᠨᠠᠮ᠎ᠤᠨ ᠡᠬᠦᠷ᠎ᠤᠨ ᠱᠦᠵᠢ᠎ᠶ᠋ᠢᠨ ᠠᠵᠢᠯ᠎ᠢ ᠬᠤᠷᠢ ᠱᠢᠬᠠᠮ ᠵᠢᠯ ᠡᠬᠦᠷᠭᠡᠯᠡᠨ ᠬᠢᠭ᠌ᠰᠡᠨ ᠨᠤᠲᠤᠭ ᠤᠰᠤᠨ᠎ᠤ᠎ᠪᠠᠨ ᠨᠡᠷ᠎ᠡ ᠬᠦᠨᠲᠦᠲᠡᠢ ᠬᠦᠮᠦᠨ ᠮᠦᠨ᠃ 1958 ᠤᠨ᠎ᠠᠴᠠ 1964 ᠤᠨ ᠪᠤᠯᠳᠠᠯ᠎ᠠ ᠴᠤᠩᠵᠢ ᠰᠤᠮᠤᠨ᠎ᠤ ᠪᠠᠭ᠎ᠠ ᠰᠤᠷᠭᠠᠭᠤᠯᠢ᠎ᠳᠤ ᠵᠢᠷᠭᠤᠭᠠᠨ ᠵᠢᠯ ᠪᠢᠴᠢᠭ ᠦᠵᠡᠭ᠌ᠰᠡᠨ᠎ᠢᠶᠠᠨ ᠠᠷᠦ᠍ ᠬᠡᠷ᠎ᠲᠡᠭᠡᠨ ᠬᠠᠷᠢᠭᠠᠳ ᠠᠳᠤᠭᠤᠴᠢᠨ ᠪᠤᠯᠵᠦ᠍᠂ ᠠᠬ᠍ᠳᠠ᠎ᠶ᠋ᠢᠨ ᠲᠤᠭᠤᠰᠤᠨ᠎ᠳᠤ ᠬᠡᠢᠮᠤᠷᠢ ᠰᠦᠯᠳᠠ᠎ᠪᠠᠨ ᠪᠠᠳᠠᠷᠠᠭᠤᠯᠵᠦ᠍᠂ ᠨᠢᠭᠡᠳᠤᠯ᠎ᠤᠨ᠎ᠢᠶᠠᠨ ᠠᠳᠤᠭᠤᠨ ᠰᠦᠷᠦᠭ᠎ᠢ ᠦᠨᠦᠴᠢᠨ ᠤᠨᠠᠭ᠎ᠠ ᠬᠤᠷᠤᠬ᠍ᠳᠠᠭᠤᠯᠤᠯ ᠦᠭᠡᠢ ᠦᠨᠢᠷ ᠦᠰᠭᠡᠵᠦ᠍ ᠶᠠᠪᠤᠬ᠍ᠰᠠᠨ ᠶᠤᠮ᠃ 1976 ᠤᠨ᠎ᠠᠴᠠ ᠭᠠᠴᠠᠭᠠᠨ᠎ᠤ᠎ᠪᠠᠨ ᠨᠢᠬ᠍ᠳᠠᠯᠠᠨ ᠪᠤᠳᠤᠬ᠍ᠴᠢ ᠪᠤᠯᠵᠦ᠍᠂ ᠲᠤᠰ ᠵᠢᠯ᠎ᠤᠨ ᠬᠢᠨᠢ 4 ᠰᠠᠷ᠎ᠠ᠎ᠶ᠋ᠢᠨ 1 ᠎ᠤ ᠡᠳᠦᠷ ᠢᠷᠠᠭᠤ ᠠᠯᠳᠠᠷᠳᠠᠢ᠎ᠪᠠᠷ ᠡᠪ ᠬᠠᠮᠳᠦ ᠨᠠᠮ᠎ᠳᠤ ᠡᠯᠰᠡᠭ᠌ᠳᠠᠵᠠᠢ᠃ 1979 ᠤᠨ᠎ᠳᠤ ᠭᠠᠴᠠᠭᠠᠨ ᠲᠠᠷᠤᠭ᠎ᠠ᠎ᠶ᠋ᠢᠨ ᠲᠤᠱᠢᠶᠠᠯ᠎ᠢ ᠨᠢᠭᠡ ᠵᠢᠯ ᠬᠠᠷᠢᠭᠤᠴᠠᠵᠦ᠍ ᠪᠠᠢᠬ᠍ᠰᠨᠨ᠎ᠢᠶᠠᠨ 1980 ᠤᠨ᠎ᠠᠴᠠ 1997 ᠤᠨ ᠪᠤᠯᠳᠠᠯ᠎ᠠ ᠭᠠᠴᠠᠭᠠᠨ᠎ᠤ᠎ᠪᠠᠨ ᠨᠠᠮ᠎ᠤᠨ ᠡᠬᠦᠷ᠎ᠤᠨ ᠱᠦᠵᠢ᠎ᠶ᠋ᠢᠨ ᠲᠤᠱᠢᠶᠠᠯ᠎ᠢ 17 ᠵᠢᠯ ᠬᠠᠷᠢᠭᠤᠴᠠᠵᠦ᠍ ᠶᠠᠪᠤᠵᠠᠢ᠃ ᠠᠩᠬ᠎ᠠ ᠠᠭᠤᠯᠵᠠᠨ ᠵᠤᠯᠭᠠᠵᠦ᠍ ᠪᠠᠢᠭ᠎ᠠ᠎ᠠᠴᠠ ᠪᠤᠯᠪᠠᠤ ᠪᠤᠤ ᠮᠡᠳᠠ᠂ ᠡᠪᠤᠬᠡᠨ ᠭᠤᠸᠠᠢ ᠦᠭᠡ ᠲᠠᠭᠤ ᠴᠦᠬᠡᠨᠳᠠᠢ᠃ ᠲᠤᠷᠠᠳᠤᠬ᠍ᠰᠠᠨ ᠬᠡᠳᠤᠨ ᠠᠰᠠᠭᠤᠯᠳᠠ᠎ᠠᠴᠠ᠎ᠪᠠᠨ ᠬᠠᠨᠤᠮᠵᠢᠳᠠᠢ ᠬᠠᠷᠢᠭᠤᠯᠳᠠ ᠤᠯᠵᠦ᠍ ᠴᠢᠳᠠᠭ᠎ᠠ ᠦᠭᠡᠢ ᠭᠠᠷ ᠨᠤᠬᠤᠯᠠᠨ ᠰᠠᠭᠤᠳᠠᠯ᠎ᠠ᠂ ᠪᠠᠷᠠᠭᠤᠨ ᠬᠡᠷ᠎ᠠᠴᠠ᠎ᠪᠠᠨ ᠬᠠᠷ᠎ᠠ ᠠᠷᠠᠰᠤᠨ ᠪᠤᠬ᠍ᠴᠦ᠂ ᠵᠢᠵᠢᠭ᠌ᠭᠡᠨ ᠤᠯᠠᠭᠠᠨ ᠬᠤᠷᠭᠤ ᠲᠠᠪᠠᠷᠢᠨ ᠭᠠᠷᠴᠦ᠍ ᠢᠷᠡᠯ᠎ᠠ᠃


QQ截图20211008094921.png


ᠦᠩᠭᠡᠭ᠌ᠳᠡᠵᠦ᠍ ᠬᠠᠭᠤᠴᠢᠷᠠᠬ᠍ᠰᠠᠨ ᠲᠡᠮᠳᠡᠭ᠌ᠯᠠᠯ᠎ᠤᠳ ᠴᠠᠭ ᠦᠶ᠎ᠠ᠎ᠶ᠋ᠢᠨ ᠦᠦᠬᠡ ᠲᠡᠤᠬᠡ᠎ᠶ᠋ᠢ ᠬᠦᠤᠷᠨᠢᠵᠦ᠍᠂ ᠬᠤᠪᠤᠷ ᠨᠠᠨᠳᠢᠨ ᠠᠭᠤᠯᠭ᠎ᠠ᠎ᠠᠴᠠ᠎ᠨᠢ ᠮᠠᠨ᠎ᠤ ᠤᠯᠤᠰ᠎ᠤᠨ ᠦᠭᠡᠷᠡᠴᠢᠯᠠᠯᠳᠠ ᠨᠡᠭᠡᠭᠡᠯᠳᠠ᠂ ᠬᠢᠯᠢ ᠬᠢᠵᠠᠭᠠᠷ ᠤᠷᠤᠨ᠎ᠤ ᠮᠠᠯᠴᠢᠳ᠎ᠤᠨ ᠠᠮᠢᠳᠤᠷᠠᠯ᠎ᠤᠨ ᠬᠤᠪᠢᠷᠠᠯᠳᠠ᠎ᠶ᠋ᠢ ᠪᠦᠷᠢᠨ ᠬᠠᠷᠠᠵᠦ᠍ ᠪᠤᠯᠬᠤ᠎ᠪᠠᠷ ᠪᠠᠢᠯ᠎ᠠ᠃ ᠡᠪᠤᠬᠡᠨ ᠱᠦᠵᠢ ᠨᠢᠭᠡ ᠨᠠᠰᠦ᠎ᠪᠠᠷ᠎ᠢᠶᠠᠨ ᠭᠤᠷᠪᠠᠨ ᠦᠷ᠎ᠠ᠎ᠪᠠᠨ ᠡᠷᠳᠠᠮ ᠰᠤᠶᠤᠯ᠎ᠲᠠᠢ ᠬᠦᠮᠦᠨ ᠪᠤᠯᠭᠠᠬᠤ᠎ᠪᠠᠷ ᠮᠠᠷᠡᠢᠨ ᠴᠢᠷᠮᠠᠢᠵᠦ᠍᠂ ᠭᠠᠩ᠎ᠲᠠᠢ ᠵᠤᠳ᠎ᠲᠠᠢ ᠵᠢᠯ᠎ᠤᠳ᠎ᠲᠤ ᠦᠪᠠᠷ᠎ᠢᠶᠠᠨ ᠬᠤᠭᠤᠰᠤᠨ ᠴᠦ᠍ ᠦᠷ᠎ᠠ ᠬᠡᠤᠬᠡᠳ᠎ᠢᠶᠠᠨ ᠦᠭ᠌ᠬᠢᠶᠠᠮᠤᠷ ᠲᠠᠩᠰᠤᠭ ᠰᠤᠷᠤᠯᠴᠠᠭᠤᠯᠤᠨ᠂ ᠭᠤᠷᠪᠠᠭᠤᠯᠠ᠎ᠶ᠋ᠢ᠎ᠨᠢ ᠶᠡᠭᠡ ᠰᠤᠷᠭᠠᠭᠤᠯᠢ᠎ᠶ᠋ᠢᠨ ᠤᠶᠤᠳᠠᠨ ᠪᠤᠯᠭᠠᠨ ᠬᠦᠮᠦᠵᠢᠬᠦᠯᠵᠦ᠍᠂ ᠠᠷᠠᠳ᠎ᠤᠨ ᠪᠠᠭ᠍ᠰᠢ᠂ ᠰᠤᠷᠪᠤᠯᠵᠢᠯᠠᠬ᠍ᠴᠢ᠂ ᠠᠯᠪᠠᠳᠠᠨ ᠪᠤᠯᠭᠠᠵᠦ᠍᠂ ᠭᠠᠷ᠎ᠢ᠎ᠨᠢ ᠭᠠᠨᠵᠤᠭᠠᠨ᠎ᠳᠤ ᠬᠦᠯ᠎ᠢ᠎ᠨᠢ ᠲᠦᠷᠦᠭᠡᠨ᠎ᠳᠤ ᠬᠦᠷᠬᠡᠵᠠᠢ᠃ ᠨᠠᠰᠦ᠎ᠪᠠᠷ᠎ᠢᠶᠠᠨ ᠮᠠᠯ᠎ᠤᠨ ᠪᠠᠷ᠎ᠠ ᠬᠠᠷᠠᠵᠦ᠍ ᠠᠷᠠᠳ᠎ᠤᠨ ᠵᠤᠭᠤᠰ᠎ᠢ᠎ᠨᠢ ᠠᠳᠭᠤ ᠠᠳᠭᠤ᠎ᠪᠠᠷ ᠬᠠᠳᠠᠭᠠᠯᠠᠵᠦ᠍ ᠲᠠᠢᠯᠦᠭ᠌ᠰᠡᠨ ᠦᠭᠡᠢ ᠴᠦ᠍ ᠬᠠᠷᠢᠨ ᠡᠳᠡᠭᠡᠷ ᠲᠡᠮᠳᠡᠭ᠌ᠯᠠᠯ᠎ᠢᠶᠠᠨ ᠪᠤᠯ ᠶᠡᠷᠦ᠎ᠨᠢ ᠬᠡᠭᠡᠵᠦ᠍ ᠤᠷᠬᠢᠭ᠎ᠠ ᠦᠭᠡᠢ ᠬᠠᠳᠠᠭᠠᠯᠠᠬ᠍ᠰᠠᠭᠠᠷ ᠢᠷᠡᠵᠠᠢ᠃ ᠤᠯᠠᠨ ᠵᠢᠯ᠎ᠤᠨ ᠲᠤᠷᠰᠢ ᠬᠤᠪᠢᠨ᠎ᠤ ᠰᠦᠢᠳᠭᠡᠯ᠎ᠢᠶᠠᠷ᠎ᠢᠶᠠᠨ ᠨᠤᠮ ᠰᠡᠳᠬᠦᠯ ᠵᠠᠬᠢᠶᠠᠯᠠᠨ ᠤᠩᠱᠢᠵᠦ᠍᠂ ᠲᠦᠷᠦ᠎ᠶ᠋ᠢᠨ ᠪᠤᠳᠤᠯᠭ᠎ᠠ᠎ᠶ᠋ᠢᠨ ᠲᠤᠬᠠᠢ ᠴᠠᠬ ᠠᠯᠳᠠᠯ ᠦᠭᠡᠢ ᠰᠤᠷᠤᠯᠴᠠᠵᠦ᠍ ᠢᠷᠡᠭ᠌ᠰᠡᠨ᠎ᠨᠢ ᠨᠡᠩ ᠪᠢᠱᠢᠷᠡᠬᠦᠱᠢᠳᠠᠢ᠃

ᠱᠦᠵᠢ᠎ᠪᠠᠷ ᠠᠵᠢᠯᠯᠠᠵᠦ᠍ ᠪᠠᠢᠭ᠍ᠰᠠᠨ ᠬᠤᠭᠤᠴᠠᠭᠠᠨ᠎ᠳᠠᠬᠢ ᠬᠢᠵᠦ᠍ ᠪᠦᠲᠦᠭᠡᠭ᠌ᠰᠡᠨ᠎ᠢ᠎ᠨᠢ ᠤᠬᠤᠴᠢᠯᠠᠬᠤ᠎ᠳᠤ᠂ ᠨᠠᠮ᠎ᠤᠨ᠎ᠢᠶᠠᠨ ᠵᠢᠭᠠᠪᠤᠷᠢ᠎ᠶ᠋ᠢ ᠯᠡ ᠲᠠᠭᠠᠵᠦ᠍ ᠮᠠᠯᠵᠢᠬᠤ ᠤᠷᠤᠨ᠎ᠤ᠎ᠪᠠᠨ ᠪᠤᠳᠠᠳᠠᠢ᠎ᠳᠤ ᠨᠡᠢᠴᠡᠭ᠌ᠰᠡᠨ ᠪᠤᠳᠤᠯᠭ᠎ᠠ᠎ᠶ᠋ᠢ ᠬᠡᠷᠡᠭ᠌ᠵᠢᠬᠦᠯᠦᠨ ᠠᠵᠢᠯᠯᠠᠵᠦ᠍ ᠪᠠᠢᠬ᠍ᠰᠠᠨ ᠬᠡᠵᠦ᠍ ᠲᠦᠬᠦᠮᠭᠡᠨ ᠬᠠᠷᠢᠭᠤᠯᠳᠠ ᠦᠭ᠌ᠪᠠ᠃ ᠦᠪᠠᠷ᠎ᠢᠶᠠᠨ ᠡᠪ ᠬᠠᠮᠳᠦ ᠨᠠᠮ᠎ᠳᠤ ᠭᠤᠷᠪᠠ ᠲᠦᠷᠪᠡᠨ ᠵᠢᠯ ᠭᠤᠶᠤᠴᠢᠯᠠᠯ ᠪᠢᠴᠢᠵᠦ᠍ ᠪᠠᠢᠮᠠᠨ ᠡᠯᠰᠡᠭ᠌ᠳᠡᠭ᠌ᠰᠡᠨ᠎ᠠᠴᠠ ᠨᠠᠮ᠎ᠳᠠᠭᠠᠨ ᠴᠢᠩ ᠦᠨᠡᠨᠴᠢ᠎ᠪᠠᠷ ᠵᠢᠳᠬᠦᠵᠦ᠍᠂ ᠤᠳᠦ ᠲᠠᠯᠠ᠎ᠶ᠋ᠢᠨ ᠲᠠᠪᠠᠭ᠎ᠠ᠎ᠶ᠋ᠢ ᠲᠠᠪᠠᠭ᠍ᠰᠠᠨ ᠴᠦ᠍ ᠠᠯᠢ ᠴᠤ᠌ ᠤᠳᠠᠭᠠᠨ᠎ᠤ ᠬᠤᠷᠠᠯ ᠰᠤᠷᠤᠯᠴᠠᠯᠭ᠎ᠠ᠎ᠠᠴᠠ ᠬᠤᠵᠢᠬ᠍ᠳᠠᠯ ᠦᠭᠡᠢ ᠵᠠᠯᠠᠭᠤ ᠬᠤᠢᠴᠢ ᠦᠶ᠎ᠠ᠎ᠶ᠋ᠢᠨ᠎ᠢᠶᠠᠨ ᠲᠠᠭᠤᠷᠢᠶᠠᠯ ᠪᠤᠯᠵᠦ᠍ ᠪᠠᠢᠨ᠎ᠠ᠃ ᠮᠠᠨ᠎ᠤ ᠠᠬᠠᠮᠠᠳ ᠱᠦᠵᠢ ᠭᠤᠸᠠᠢ ᠲᠠᠯᠠ ᠭᠠᠷᠤᠬ᠍ᠰᠠᠨ ᠴᠦ᠍ ᠬᠤᠷᠠᠯ ᠰᠤᠷᠤᠯᠴᠠᠯᠭ᠎ᠠ᠎ᠠᠴᠠ ᠶᠡᠷᠦ᠎ᠨᠢ ᠬᠤᠴᠤᠷᠬᠤ ᠦᠭᠡᠢ ᠪᠦᠭᠡᠳ ᠭᠠᠴᠠᠭᠠᠨ᠎ᠤ ᠬᠦᠭ᠌ᠵᠢᠯᠳᠠ᠎ᠳᠤ ᠦᠪᠠᠷ᠎ᠤᠨ ᠡᠷᠭᠢᠮ ᠨᠠᠨᠳᠢᠨ ᠰᠠᠨᠠᠯ᠎ᠢᠶᠠᠨ ᠬᠠᠷᠠᠮ ᠦᠭᠡᠢ ᠲᠡᠪᠱᠢᠬᠦᠯᠳᠡᠭ ᠬᠡᠵᠦ᠍ ᠤᠶᠤᠳᠠᠨ ᠱᠦᠵᠢ ᠤᠶᠠᠩᠭ᠎ᠠ ᠶᠠᠷᠢᠵᠦ᠍ ᠪᠠᠢᠯ᠎ᠠ᠃

ᠦᠭᠡᠷᠡᠴᠢᠯᠠᠯᠳᠠ ᠨᠡᠭᠡᠭᠡᠯᠳᠠ ᠬᠢᠭ᠌ᠰᠡᠨ ᠠᠩᠬᠠᠨ᠎ᠤ ᠵᠢᠯ᠎ᠤᠳ᠎ᠲᠤ᠌᠂ ᠭᠠᠴᠠᠭᠠᠨ᠎ᠤ ᠬᠡᠱᠢᠬᠦᠳ᠎ᠲᠠᠢ᠎ᠪᠠᠨ ᠡᠪᠡᠰᠤᠨ ᠬᠦᠷᠢᠶ᠎ᠠ ᠭᠠᠷᠭᠠᠵᠦ᠍᠂ ᠰᠤᠪᠠᠭ ᠮᠠᠯᠳᠠᠵᠤ ᠬᠦᠷᠢᠶᠠᠯᠠᠨ᠂ ᠵᠢᠯ ᠪᠦᠷᠢ 10 ᠬᠡᠳᠦᠨ ᠲᠦᠮᠡᠨ ᠵᠢᠩ ᠡᠪᠡᠰᠦ ᠬᠠᠳᠤᠵᠦ᠍ ᠬᠤᠷᠢᠶᠠᠨ ᠮᠠᠯᠴᠢᠳ᠎ᠲᠠᠭᠠᠨ ᠬᠤᠪᠢᠶᠠᠵᠦ᠍᠂ ᠬᠤᠤᠰ ᠲᠠᠭᠠᠭᠠᠴᠢᠯᠠᠯᠳᠠ᠎ᠶ᠋ᠢᠨ ᠦᠶ᠎ᠠ᠎ᠳᠤ ᠬᠦᠮᠦᠨ ᠪᠦᠷᠢ᠎ᠳᠤ 16 ᠲᠤᠯᠤᠭᠠᠢ ᠪᠤᠬ ᠮᠠᠯ᠂ 0.5 ᠪᠤᠳᠠ ᠮᠠᠯ ᠬᠤᠪᠢᠶᠠᠵᠤ ᠪᠠᠢᠬ᠍ᠰᠠᠨ ᠬᠡᠬᠦ᠌ ᠪᠤᠳᠠᠳᠠᠢ ᠲᠤᠭ᠎ᠠ ᠪᠠᠷᠢᠮᠳᠠ᠎ᠨᠢ ᠨᠢᠭᠡ ᠭᠠᠴᠠᠭᠠᠨ᠎ᠤ ᠬᠦᠭ᠌ᠵᠢᠯᠳᠠ ᠬᠤᠪᠢᠷᠠᠯᠳᠠ᠎ᠶ᠋ᠢ ᠲᠡᠤᠬᠡ᠎ᠶ᠋ᠢᠨ ᠬᠠᠭᠤᠳᠠᠰᠤᠨ᠎ᠠ ᠮᠦᠩᠭᠡᠯᠡᠨ ᠦᠯᠡᠳᠡᠭᠡᠭ᠌ᠰᠡᠨ ᠪᠠᠢᠯ᠎ᠠ᠃

ᠡᠪᠤᠬᠡᠨ ᠱᠦᠵᠢ᠎ᠶ᠋ᠢᠨ ᠡᠳᠦᠷ᠎ᠤᠨ ᠲᠡᠮᠳᠡᠭ᠌ᠯᠠᠯ ᠠᠷᠠᠳ᠎ᠤᠨ᠎ᠢᠶᠠᠨ ᠲᠦᠯᠦᠭᠡ ᠵᠢᠳᠬᠦᠵᠦ᠍ ᠶᠠᠪᠤᠬ᠍ᠰᠠᠨ ᠠᠷᠢᠭᠤᠨ ᠬᠦᠳᠡᠯᠮᠦᠷᠢ᠎ᠶ᠋ᠢᠨ ᠬᠢᠨᠢ ᠭᠡᠷᠡᠴᠢᠯᠡᠯ ᠪᠢᠯᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号