ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠤᠨ᠎ᠤ ᠠᠷᠠᠳ᠎ᠤᠨ ᠵᠠᠰᠠᠭ᠎ᠤᠨ ᠣᠷᠳᠤᠨ᠎ᠠᠴᠠ 2007 ᠣᠨ᠂ 2009 ᠣᠨ᠂ 2011 ᠣᠨ᠂ 2013 ᠣᠨ᠂ 2015 ᠣᠨ ᠪᠣᠯᠤᠨ 2018 ᠣᠨ᠎ᠳᠤ ᠤᠷᠢᠳ ᠬᠤᠵᠢᠳ ᠵᠢᠷᠭᠤᠭᠠᠨ ᠪᠦᠯᠦᠭ ᠦᠪᠡᠷᠲᠡᠭᠡᠨ ᠵᠠᠰᠠᠬᠤ ᠣᠷᠤᠨ᠎ᠤ ᠪᠣᠳᠠᠰ᠎ᠤᠨ ᠪᠣᠰᠤ ᠰᠣᠶᠣᠯ᠎ᠤᠨ ᠦᠪ᠎ᠤᠨ ᠨᠡᠷᠡᠰ᠎ᠢ ᠨᠡᠢᠲᠡᠯᠡᠵᠦ᠍᠂ ᠨᠡᠢᠲᠡ 638 ᠲᠦᠷᠦᠯ ᠵᠦᠢᠯ ᠪᠣᠢ᠃ ᠡᠷᠡᠮᠡᠯᠵᠡᠨ ᠮᠡᠳᠡᠭᠦᠯᠦᠭ᠌ᠰᠡᠨ ᠭᠠᠵᠠᠷ ᠣᠷᠤᠨ ᠪᠣᠯᠤᠨ ᠨᠢᠭᠡᠴᠢ᠎ᠪᠠᠷ᠎ᠨᠢ ᠨᠠᠷᠢᠨ ᠪᠦᠷᠢᠳᠭᠡᠪᠡᠯ᠂ ᠪᠦᠭᠦᠳᠡ 822 ᠲᠦᠷᠦᠯ ᠵᠦᠢᠯ ᠪᠣᠯᠤᠭᠠᠳ ᠪᠠᠢᠨ᠎ᠠ᠃ ᠪᠣᠳᠠᠰ᠎ᠤᠨ ᠪᠣᠰᠤ ᠰᠣᠶᠣᠯ᠎ᠤᠨ ᠦᠪ᠎ᠢ ᠠᠷᠪᠠᠨ ᠶᠡᠭᠡ ᠲᠦᠷᠦᠯ ᠬᠤᠪᠢᠶᠠᠵᠡᠢ᠂ ᠳᠠᠷᠤᠢ ᠠᠷᠠᠳ᠎ᠤᠨ ᠠᠮᠠᠨ ᠵᠣᠬᠢᠶᠠᠯ᠂ ᠤᠯᠠᠮᠵᠢᠯᠠᠯᠲᠤ ᠳᠠᠭᠤᠤ ᠬᠦᠭ᠌ᠵᠢᠮ᠂ ᠤᠯᠠᠮᠵᠢᠯᠠᠯᠲᠤ ᠪᠦᠵᠢᠭ᠂ ᠣᠯᠠᠮᠵᠢᠯᠠᠯᠲᠤ ᠰᠢ ᠵᠦᠴᠦᠭᠡ᠂ ᠲᠠᠭᠤᠤᠷᠢᠯᠢᠭ᠂ ᠤᠯᠠᠮᠵᠢᠯᠠᠯᠲᠤ ᠪᠡᠶ᠎ᠡ ᠲᠠᠮᠢᠷ᠂ ᠨᠠᠭᠠᠳᠤᠮ ᠪᠣᠯᠤᠨ ᠼᠢᠷᠺ᠂ ᠤᠯᠠᠮᠵᠢᠯᠠᠯᠲᠤ ᠵᠢᠷᠤᠭ ᠤᠷᠠᠯᠠᠯ᠂ ᠤᠯᠠᠮᠵᠢᠯᠠᠯᠲᠤ ᠮᠡᠷᠭᠡᠵᠢᠯ᠂ ᠤᠯᠠᠮᠵᠢᠯᠠᠯᠲᠤ ᠡᠮ ᠡᠮᠨᠡᠯᠭᠡ ᠪᠣᠯᠤᠨ ᠠᠷᠠᠳ᠎ᠤᠨ ᠵᠠᠩ ᠦᠢᠯᠡ ᠵᠡᠷᠭᠡ ᠪᠠᠢᠨ᠎ᠠ᠃
ᠡᠯ᠎ᠡ ᠠᠢᠮᠠᠭ ᠬᠤᠲᠠ ᠪᠣᠯᠤᠨ ᠦᠪᠡᠷᠲᠡᠭᠡᠨ ᠵᠠᠰᠠᠬᠤ ᠣᠷᠤᠨ᠎ᠤ ᠬᠠᠷᠢᠶ᠎ᠠ ᠨᠢᠭᠡᠴᠢ᠎ᠶ᠋ᠢᠨ ᠪᠣᠳᠠᠰ᠎ᠤᠨ ᠪᠣᠰᠤ ᠰᠣᠶᠣᠯ᠎ᠤᠨ ᠦᠪ᠎ᠤᠨ ᠲᠦᠷᠦᠯ ᠵᠦᠢᠯ ᠬᠡᠪᠠᠯ᠂ ᠱᠢᠯᠢ᠎ᠶ᠋ᠢᠨ ᠭᠤᠣᠯ ᠠᠢᠮᠠᠭ᠎ᠤᠨ ᠦᠪᠡᠷᠲᠡᠭᠡᠨ ᠵᠠᠰᠠᠬᠤ ᠣᠷᠤᠨ᠎ᠤ ᠪᠣᠳᠠᠰ᠎ᠤᠨ ᠪᠣᠰᠤ ᠰᠣᠶᠣᠯ᠎ᠤᠨ ᠦᠪ ᠬᠠᠮᠤᠭ ᠣᠯᠠᠨ ᠪᠠᠢᠵᠤ ᠨᠠᠢᠳᠠ 141 ᠲᠦᠷᠦᠯ ᠵᠦᠢᠯ ᠪᠣᠯᠤᠭ᠍ᠰᠠᠠ ᠪᠠᠢᠨ᠎ᠠ᠃ ᠬᠦᠯᠦᠨ ᠪᠤᠢᠷ ᠬᠤᠲᠠ 117 ᠲᠦᠷᠦᠯ ᠵᠦᠢᠯ᠂ ᠣᠷᠳᠤᠰ ᠬᠤᠲᠠ 98᠂ ᠬᠦᠬᠡᠬᠤᠲᠠ ᠪᠣᠯᠤᠨ ᠤᠯᠠᠭᠠᠨᠬᠠᠳᠠ ᠬᠤᠲᠠ ᠲᠤᠰ ᠪᠦᠷᠢ 66᠂ ᠲᠦᠩᠯᠢᠶᠣᠣ ᠬᠤᠲᠠ 59᠂ ᠠᠯᠠᠱᠨ ᠠᠢᠮᠠᠭ 57᠂ ᠬᠢᠩᠭᠠᠨ ᠠᠢᠮᠠᠭ 56᠂ ᠪᠠᠶᠠᠨᠨᠠᠭᠤᠷ ᠬᠤᠲᠠ 38᠂ ᠪᠤᠭᠤᠲᠤ ᠬᠤᠲᠠ 30᠂ ᠤᠯᠠᠭᠠᠨᠴᠠᠪ ᠬᠤᠲᠠ 18᠂ ᠦᠬᠠᠢ ᠬᠤᠲᠠ 6 ᠲᠦᠷᠦᠯ ᠵᠦᠢᠯ ᠪᠤᠢ᠃ ᠬᠦᠮᠦᠠ ᠨᠢᠬᠡᠪᠤᠷᠢ᠎ᠳᠤ ᠨᠤᠭ᠍ᠳᠠᠵᠥ᠍ ᠪᠠᠢᠭ᠎ᠠ ᠪᠠᠢᠳᠠᠯ᠎ᠠᠴᠠ ᠦᠵᠡᠪᠠᠯ᠂ ᠠᠯᠠᠱᠨ ᠠᠢᠮᠠᠭ᠎ᠤᠨ ᠲᠦᠮᠡᠨ ᠬᠦᠮᠦᠨ ᠪᠦᠷᠢ᠎ᠳᠤ ᠦᠪᠡᠷᠲᠡᠭᠡᠨ ᠵᠠᠰᠠᠬᠤ ᠣᠷᠤᠨ᠎ᠤ ᠪᠣᠳᠠᠰ᠎ᠤᠨ ᠪᠣᠰᠤ ᠰᠣᠶᠣᠯ᠎ᠤᠨ ᠦᠪ᠎ᠤᠨ ᠲᠦᠷᠦᠯ ᠵᠦᠢᠯ 2.18 ᠨᠣᠭ᠍ᠳᠠᠵᠤ᠂ ᠱᠢᠯᠢ᠎ᠶ᠋ᠢᠨ ᠭᠤᠣᠯ ᠠᠢᠮᠠᠭ 1.27᠂ ᠬᠦᠯᠦᠨ ᠪᠤᠢᠷ ᠬᠤᠲᠠ 0.52᠂ ᠣᠷᠳᠤᠰ ᠬᠤᠲᠠ 0.46᠂ ᠬᠢᠩᠭᠠᠨ ᠠᠢᠮᠠᠭ 0.40᠂ ᠪᠠᠶᠠᠨᠨᠠᠭᠤᠷ ᠬᠤᠲᠠ 0.25᠂ ᠲᠦᠩᠯᠢᠶᠣᠣ ᠬᠤᠲᠠ 0.21᠂ ᠤᠯᠠᠭᠠᠨᠬᠠᠳᠠ ᠬᠤᠲᠠ 0.16᠂ ᠪᠣᠭᠤᠲᠤ᠌᠂ ᠤᠯᠠᠭᠠᠨᠴᠠᠪ ᠪᠣᠯᠤᠨ ᠦᠬᠠᠢ ᠬᠤᠲᠠ ᠲᠤᠰ ᠪᠦᠷᠢ 0.11 ᠨᠤᠬ᠍ᠳᠠᠵᠥ᠍ ᠪᠠᠢᠨ᠎ᠠ᠃
ᠳᠡᠭᠡᠷᠡᠬᠢ ᠵᠢᠭ᠍ᠰᠠᠭᠠᠯᠲᠠ᠎ᠠᠴᠠ ᠦᠵᠡᠪᠡᠯ᠂ ᠠᠯᠠᠱᠨ᠂ ᠱᠢᠯᠢ᠎ᠶ᠋ᠢᠨ ᠭᠤᠣᠯ᠂ ᠬᠦᠯᠦᠨ ᠪᠤᠢᠷ᠂ ᠣᠷᠳᠤᠰ ᠪᠣᠯᠤᠨ ᠬᠢᠩᠭᠠᠨ ᠵᠡᠷᠭᠡ ᠠᠢᠮᠠᠭ ᠬᠤᠲᠠ᠎ᠶ᠋ᠢᠨ ᠪᠣᠳᠠᠰ᠎ᠤᠨ ᠪᠣᠰᠤ ᠰᠣᠶᠣᠯ᠎ᠤᠨ ᠦᠪ᠎ᠢ ᠬᠠᠮᠠᠭᠠᠯᠠᠬᠤ ᠠᠵᠢᠯ ᠨᠡᠯᠢᠶᠡᠳ ᠰᠠᠢᠨ ᠠᠮᠵᠢᠯᠲᠠ᠎ᠲᠠᠢ ᠪᠠᠢᠨ᠎ᠠ᠃ ᠡᠨᠡ᠎ᠨᠢ ᠪᠦᠷ ᠨᠠᠮ ᠵᠠᠰᠠᠬ᠎ᠠᠴᠠ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠨ ᠦᠵᠡᠵᠦ᠍᠂ ᠪᠣᠳᠠᠰ᠎ᠤᠨ ᠪᠣᠰᠤ ᠰᠣᠶᠣᠯ᠎ᠤᠨ ᠦᠪ᠎ᠢ ᠬᠠᠮᠠᠭᠠᠯᠠᠬᠤ ᠠᠵᠢᠯᠲᠠᠳ᠎ᠠᠴᠠ ᠴᠢᠷᠮᠠᠢᠨ ᠠᠵᠢᠯᠯᠠᠵᠤ᠂ ᠪᠣᠳᠠᠰ᠎ᠤᠨ ᠪᠣᠰᠤ ᠰᠣᠶᠣᠯ᠎ᠤᠨ ᠦᠪ᠎ᠤᠨ ᠲᠦᠯᠦᠭᠡᠯᠡᠬᠦ᠌ ᠴᠢᠨᠠᠷᠲᠠᠢ ᠤᠯᠠᠮᠵᠢᠯᠠᠭ᠍ᠴᠢ ᠨᠠᠷ᠎ᠤᠨ ᠢᠳᠡᠪᠬᠢᠯᠡᠨ ᠣᠷᠤᠯᠴᠠᠭ᠍ᠰᠠᠨᠤ ᠠᠴᠢ ᠪᠤᠯᠬᠤ ᠶᠤᠮ᠃