ᠬᠦᠬᠡ ᠲᠡᠭ᠌ᠷᠢ᠎ᠳᠤ ᠲᠡᠬᠦᠯᠢᠨ ᠬᠦᠰᠡᠯ ᠵᠡᠬᠦᠳᠤ᠎ᠪᠠᠨ ᠲᠡᠷᠬᠡᠯᠱᠢᠬᠦᠯᠦᠯ᠎ᠠ
2021-10-17 10:22:43
ᠵᠣᠬᠢᠶᠠᠭ᠍ᠴᠢ᠄
ᠯᠢ ᠱᠢᠶᠠ ᠸᠠᠩ ᠯᠸᠢ
ᠣᠩᠱᠢᠭ᠍ᠰᠠᠨ ᠣᠳᠠᠭ᠎ᠠ᠄
★★★☆☆

— ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠤᠴᠠ᠎ᠶ᠋ᠢ ᠲᠡᠭᠦᠰ ᠠᠮᠵᠢᠯᠲᠠᠳᠠᠢ ᠬᠠᠷᠪᠤᠪᠠ


10 ᠰᠠᠷ᠎ᠠ᠎ᠶ᠋ᠢᠨ 15 ᠎ᠤ ᠡᠳᠦᠷ᠎ᠤᠨ 21 ᠴᠠᠭ 40 ᠮᠢᠨᠦ᠋ᠲ᠎ᠤᠨ ᠦᠶ᠎ᠡ᠎ᠪᠠᠷ᠂ ᠳ᠋ᠦᠩᠹᠧᠩ ᠰᠠᠨᠰᠠᠷ᠎ᠤᠨ ᠠᠶᠠᠯᠠᠯ᠎ᠤᠨ ᠬᠤᠳᠠ᠎ᠶ᠋ᠢᠨ ᠸᠧᠨ ᠲᠢᠶᠠᠨ ᠭᠧ ᠠᠭᠤᠳᠠᠮ ᠲᠠᠯᠠᠪᠠᠢ᠎ᠳᠤ᠂ 《ᠶᠡᠷᠦᠩᠬᠡᠢ ᠵᠢᠯᠤᠭᠤᠳᠤᠬ᠍ᠴᠢ ᠨᠥᠬᠦᠷ ᠡ᠂ ᠪᠢᠳᠡ ᠵᠠᠷᠯᠢᠭ᠎ᠢᠶᠠᠷ ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠬᠦ᠍ᠮᠦᠨ ᠰᠠᠭᠤᠯᠭᠠᠭ᠍ᠰᠠᠨ ᠰᠠᠨᠰᠠᠷ᠎ᠤᠨ ᠠᠶᠠᠯᠠᠯ᠎ᠤᠨ ᠨᠢᠰᠦᠯᠲᠡ᠎ᠶ᠋ᠢᠨ ᠡᠭᠦᠷᠭᠡ᠎ᠶ᠋ᠢ ᠭᠦᠢᠴᠡᠳᠭᠡᠬᠦ᠌᠎ᠪᠠᠷ ᠪᠤᠯᠪᠠ᠂ ᠪᠡᠯᠡᠳᠭᠡᠯ ᠠᠵᠢᠯ ᠳᠠᠭᠤᠰᠴᠠᠢ᠂ ᠲᠠ ᠵᠢᠭᠠᠪᠤᠷᠢ ᠦᠭ᠌ᠭᠦᠬᠡᠷᠡᠢ᠂ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ᠌ ᠴᠡᠷᠢᠭ᠎ᠤᠨ ᠰᠠᠨᠰᠠᠷᠴᠢᠨ᠎ᠤ ᠶᠡᠭᠡ ᠠᠩᠬᠢ᠎ᠶ᠋ᠢᠨ ᠰᠠᠨᠰᠠᠷᠴᠢᠨ ᠵᠠᠢ ᡁᠢ ᠭᠠᠩ》᠂ 《ᠰᠠᠨᠰᠠᠷᠴᠢᠨ ᠸᠠᠩ ᠶᠠ ᠫᠢᠩ》᠂ 《ᠰᠠᠨᠰᠠᠷᠴᠢᠨ ᠶᠧ ᠭᠤᠸᠠᠩ ᠹᠦ᠋》᠂ 《ᠮᠣᠷᠳᠠᠭᠠᠷᠠᠢ!》᠂ 《ᠵᠢᠭᠠᠪᠤᠷᠢ᠎ᠶ᠋ᠢ ᠤᠯᠤᠯ᠎ᠠ!》᠂ 《ᠶᠣᠰᠣᠯᠠ!》 3 ᠰᠠᠨᠰᠠᠷᠴᠢᠨ ᠵᠠᠷᠯᠢᠭ᠎ᠢᠶᠠᠷ ᠮᠣᠷᠳᠠᠪᠠ! ᠦᠳᠡᠨ ᠮᠣᠷᠳᠠᠭᠤᠯᠬᠤ ᠡᠩᠨᠡᠭᠡ 《ᠰᠠᠨᠰᠠᠷᠴᠢᠨ᠎ᠠᠴᠠ ᠰᠤᠷᠤᠯᠴᠠᠵᠤ᠂ ᠰᠠᠨᠰᠠᠷᠴᠢᠨ᠎ᠳᠤ ᠬᠦᠨᠳᠦᠳᠭᠡᠯ ᠳᠡᠪᠱᠢᠭᠦᠯᠦᠶ᠎ᠡ》 ᠭᠡᠵᠦ᠍ ᠥᠨᠳᠥᠷ ᠲᠠᠭᠤᠨ᠎ᠢᠶᠠᠷ ᠬᠠᠰᠭᠢᠷᠴᠤ᠌᠂ 《ᠡᠬᠡ ᠤᠯᠤᠰ᠎ᠢᠶᠠᠨ ᠮᠠᠭ᠍ᠲᠠᠨ ᠳᠠᠭᠤᠯᠠᠶ᠎ᠠ》 ᠭᠡᠬᠦ᠌ ᠳᠠᠭᠤᠤ᠎ᠶ᠋ᠢ ᠬᠠᠮᠲᠤ᠎ᠪᠠᠷ ᠳᠠᠭᠤᠯᠠᠵᠤ ᠰᠠᠨᠰᠠᠷᠴᠢᠳ᠎ᠢᠶᠠᠨ ᠦᠳᠡᠨ ᠮᠣᠷᠳᠠᠭᠤᠯᠪᠠ᠃

10 ᠰᠠᠷ᠎ᠠ᠎ᠶ᠋ᠢᠨ 15 ᠎ᠤ ᠡᠳᠦᠷ᠎ᠤᠨ 23 ᠴᠠᠭ᠎ᠤᠨ ᠦᠶ᠎ᠡ᠎ᠪᠠᠷ᠂ ᠳ᠋ᠦᠩᠹᠧᠩ ᠰᠠᠨᠰᠠᠷ᠎ᠤᠨ ᠠᠶᠠᠯᠠᠯ᠎ᠤᠨ ᠬᠤᠳᠠ᠎ᠶ᠋ᠢᠨ ᠬᠥᠮᠦᠨ ᠰᠠᠭᠤᠯᠭᠠᠭ᠍ᠰᠠᠨ ᠰᠠᠨᠰᠠᠷ᠎ᠤᠨ ᠠᠶᠠᠯᠠᠯ᠎ᠤᠨ ᠬᠠᠷᠪᠤᠯᠲᠠ᠎ᠶ᠋ᠢᠨ ᠲᠠᠯᠠᠪᠠᠢ᠎ᠶ᠋ᠢᠨ ᠵᠠᠭᠤᠴᠢᠯᠠᠭᠤᠷ᠎ᠤᠨ ᠲᠣᠭᠤᠷᠢᠭ᠎ᠲᠤ᠌᠂ 9001 ᠦᠢᠯᠡᠳᠪᠦᠷᠢ᠎ᠶ᠋ᠢᠨ ᠪᠠᠢᠱᠢᠩ᠎ᠤᠨ ᠡᠮᠦᠨ᠎ᠡ᠂ ᠬᠠᠷᠪᠤᠯᠲᠠ᠎ᠶ᠋ᠢᠨ ᠴᠠᠮᠬᠠᠭ᠎ᠠᠴᠠ 1500 ᠮᠸ᠋ᠲᠷ ᠵᠠᠢᠲᠠᠢ ᠭᠠᠵᠠᠷ᠎ᠲᠤ ᠵᠠᠭᠤᠴᠢᠯᠠᠭᠤᠷ᠎ᠤᠨ ᠰᠤᠷᠪᠤᠯᠵᠢᠯᠠᠭ᠍ᠴᠢ᠎ᠶ᠋ᠢᠨ ᠰᠡᠬᠦᠳᠡᠷᠯᠡᠬᠦ᠌ ᠮᠠᠱᠢᠨ ᠳᠠᠪᠬᠤᠷ ᠳᠠᠪᠬᠤᠷ ᠪᠠᠢᠷᠢᠯᠠᠵᠤ᠂ ᠤᠳᠠᠭᠠᠨ ᠭᠦᠶᠦᠬᠦ᠌᠎ᠨᠢ ᠠᠯᠢ ᠡᠷᠲᠡ ᠰᠠ᠊ ᠎ᠶ᠋ᠢᠨ ᠪᠠᠢᠷᠢ ᠦᠭᠡᠢ ᠪᠣᠯᠪᠠ᠃ ᠵᠠᠷᠢᠮ ᠬᠥᠮᠦᠨ ᠥᠨᠳᠥᠷ ᠵᠢᠶᠠᠰᠠ ᠳᠠᠯᠪᠢᠵᠦ᠍᠂ ᠵᠠᠷᠢᠮ ᠬᠥᠮᠦᠨ ᠵᠢᠵᠢᠭ ᠰᠠᠨᠳᠠᠯᠢ ᠭᠠᠷᠭᠠᠵᠤ᠂ ᠥᠪᠡᠷ ᠥᠪᠡᠷ᠎ᠤᠨ ᠠᠪᠢᠶᠠᠰ ᠴᠢᠳᠠᠪᠤᠷᠢ᠎ᠪᠠᠨ ᠢᠯᠡᠷᠡᠭᠦᠯᠤᠨ᠎ᠠ᠃

ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠤᠴᠠ᠎ᠶ᠋ᠢ ᠪᠡᠭᠡᠵᠢᠩ᠎ᠤᠨ ᠴᠠᠭ᠎ᠢᠶᠠᠷ 10 ᠰᠠᠷ᠎ᠠ᠎ᠶ᠋ᠢᠨ 16 ᠎ᠤ ᠡᠳᠦᠷ᠎ᠤᠨ 0 ᠴᠠᠭ 23 ᠮᠢᠨᠦ᠋ᠲ᠎ᠲᠤ ᠬᠠᠷᠪᠤᠬᠤ ᠪᠤᠯᠪᠠ᠃ ᠬᠠᠷᠪᠤᠯᠲᠠ᠎ᠶ᠋ᠢᠨ ᠴᠠᠮᠬᠠᠭ᠎ᠤᠨ ᠡᠷᠭᠢᠯᠲᠡ᠎ᠶ᠋ᠢᠨ ᠲᠠᠪᠴᠠᠩ᠎ᠤᠨ ᠳᠠᠪᠬᠤᠷ ᠳᠠᠪᠬᠤᠷ ᠨᠡᠭᠡᠭᠡᠭ᠌ᠳᠡᠬᠦ᠌᠎ᠶ᠋ᠢ ᠳᠠᠭᠠᠯᠳᠤᠨ᠂ ᠬᠥᠮᠦᠰ ᠤᠯᠠᠮ᠎ᠠᠴᠠ ᠤᠯᠠᠮ ᠨᠠᠮ ᠵᠢᠮ ᠪᠣᠯᠵᠣ᠂ ᠣᠯᠠᠨ᠎ᠢᠶᠠᠷ᠎ᠢᠶᠠᠨ ᠠᠮᠢᠰᠭᠤᠭ᠎ᠠ᠎ᠪᠠᠨ ᠳᠠᠷᠤᠵᠤ ᠴᠠᠬ ᠳᠤᠯᠬᠤ᠎ᠶ᠋ᠢ ᠬᠦᠯᠢᠶᠡᠵᠦ᠍ ᠪᠠᠢᠯ᠎ᠠ᠃

《10᠂ 9᠂ 8᠂ 7᠂ 6᠂ 5᠂ 4᠂ 3᠂ 2᠂ 1᠂ ᠬᠠᠷᠪᠤ!》 ᠨᠢᠬᠡ ᠪᠦᠯᠦᠭ ᠬᠥᠮᠦᠰ ᠤᠷᠢᠳᠴᠢᠯᠠᠨ ᠲᠣᠭ᠍ᠲᠠᠭ᠍ᠰᠠᠨ ᠴᠠᠭ᠎ᠲᠤ ᠵᠠᠷᠯᠢᠭ᠎ᠢ ᠬᠠᠰᠭᠢᠷᠴᠤ᠌᠂ ᠬᠠᠮᠲᠤ᠎ᠪᠠᠷ 0 ᠨᠣᠮᠧᠷᠲᠤ ᠵᠢᠯᠤᠭᠤᠳᠤᠭ᠍ᠴᠢ ᠪᠣᠯᠤᠭ᠍ᠰᠠᠨ ᠱᠢᠭ᠋ ᠪᠠᠢᠯ᠎ᠠ! ᠵᠦᠷᠵᠢ᠎ᠶ᠋ᠢᠨ ᠤᠯᠠᠭᠠᠨ ᠥᠩᠭᠡᠲᠡᠶ ᠲᠦᠯᠦ᠍ ᠬᠤᠶᠠᠷ ᠲᠠᠯ᠎ᠠ᠎ᠠᠴᠠ ᠰᠦᠷᠴᠢᠭ᠌ᠳᠡᠨ ᠭᠠᠷᠴᠤ᠌ ᠢᠷᠡᠪᠡ᠂ ᠡᠭᠦᠨ᠎ᠢ ᠳᠠᠭᠠᠯᠳᠤᠨ᠂ ᠲᠡ ᠵᠢᠷᠦᠯᠳᠦ ᠰᠤᠮᠤ᠎ᠶ᠋ᠢᠨ ᠢᠷᠣᠭᠠᠷ᠎ᠤᠨ ᠬᠡᠰᠡᠭ᠎ᠠᠴᠠ ᠭᠠᠯ ᠰᠦᠷᠴᠢᠵᠦ᠍᠂ ᠭᠠᠵᠠᠷ ᠳᠤᠯᠬᠢᠰᠴᠤ᠌᠂ ᠵᠢᠷᠦᠬᠡ ᠴᠦ᠍ ᠳᠠᠭᠠᠯᠳᠤᠨ ᠴᠡᠴᠡᠷᠬᠢᠯᠡᠪᠡ! ᠣᠩᠭᠤᠴᠠ ᠵᠡᠪᠡ᠎ᠶ᠋ᠢᠨ ᠨᠡᠢᠯᠡᠮᠡᠯ ᠴᠣᠭ᠍ᠴᠠ ᠬᠤᠷᠴᠠ ᠱᠢᠷᠦᠭᠦᠨ ᠬᠦᠩᠭᠢᠨᠡᠮ᠎ᠡ ᠲᠡᠭᠤᠠ᠎ᠤ ᠳᠤᠮᠳᠠ ᠵᠦᠷᠵᠢ᠎ᠶ᠋ᠢᠨ ᠤᠯᠠᠭᠠᠨ ᠤᠢᠩᠭᠡ᠎ᠲᠠᠢ ᠰᠡᠬᠦᠯ᠎ᠢᠶᠠᠨ ᠴᠢᠷᠴᠦ᠍ ᠰᠥᠨᠢ᠎ᠶ᠋ᠢᠨ ᠤᠬ᠍ᠳᠠᠷᠭᠤᠢ᠎ᠳᠤ ᠰᠤᠮᠤᠳᠠᠨ ᠭᠠᠷᠪᠠ!

《ᠡᠬᠡ ᠣᠯᠤᠰ ᠮᠠᠨᠳᠤᠲᠤᠭᠠᠢ!》 ᠭᠡᠵᠦ᠍ ᠵᠠᠷᠢᠮ᠎ᠨᠢ ᠰᠡᠳᠭᠢᠯ ᠳᠤᠭ᠍ᠳᠤᠯᠤᠨ ᠬᠠᠰᠭᠢᠷᠴᠤ᠌ ᠪᠠ ᠵᠢᠪᠠ᠃

《ᠡᠨᠡ ᠴᠢᠨᠢ ᠳᠠᠩᠴᠤ᠌ ᠰᠦᠷᠡᠬᠡᠢ ᠪᠠᠢᠨ᠎ᠠ!》 《ᠡᠨᠡ ᠳᠠᠭᠤ ᠦᠨᠡᠬᠡᠷ ᠬᠥᠮᠦᠨ᠎ᠢ ᠰᠣᠴᠢᠭᠠᠮ᠎ᠠ!》 ᠬᠥᠮᠦᠰ᠎ᠤᠨ ᠰᠣᠴᠢᠨ ᠭᠠᠢᠬᠠᠬᠤ᠂ ᠪᠠᠶᠠᠷᠯᠠᠨ ᠬᠠᠰᠭᠢᠷᠤᠯᠳᠤᠬᠤ ᠳᠠᠭᠤᠨ ᠪᠠ᠊ ᠎ᠶ᠋ᠢᠨ ᠳᠠᠬᠢᠨ ᠰᠤᠨᠤᠰᠳᠠᠨ᠎ᠠ!

ᠬᠦᠷᠴᠢᠭᠢᠨᠡᠨ ᠳᠤᠤᠭᠠᠷᠬᠤ᠎ᠠᠴᠠ ᠠᠪᠤᠭᠠᠳ ᠰᠡᠭᠦᠯ᠎ᠢᠶᠠᠨ ᠴᠢᠷᠦᠭ᠌ᠰᠡᠨ ᠤᠯᠠᠭᠠᠨ ᠳᠦᠯᠦ᠍᠂ ᠤᠯᠠᠭᠠᠨ ᠦᠩᠬᠡᠳᠡᠢ 《ᠵᠢᠵᠢᠭ ᠨᠠᠷᠠ》᠂ ᠴᠠᠭᠠᠨ ᠦᠩᠬᠡᠳᠡᠢ 《ᠵᠢᠵᠢᠭ ᠰᠠᠷᠠ》᠂ ᠭᠡᠷᠡᠯ ᠰᠠᠴᠤᠷᠠᠭ᠍ᠰᠠᠨ 《ᠵᠢᠵᠢᠭ ᠣᠳᠣ》 ᠪᠣᠯᠤᠨ ᠬᠤᠪᠢᠷᠠᠵᠤ᠂ ᠪᠠᠷ᠎ᠠ ᠰᠤᠷᠠᠭ ᠦᠭᠡᠶ ᠪᠣᠯᠬᠤ ᠬᠦᠷᠲᠡᠯ᠎ᠡ᠂ ᠰᠤᠷᠪᠤᠯᠵᠢᠯᠠᠭ᠍ᠴᠢ᠎ᠶ᠋ᠢᠨ ᠭᠠᠷ ᠤᠲᠠᠰᠤ 6 ᠮᠢᠨᠦ᠋ᠲ ᠭᠠᠷᠤᠶ ᠮᠥᠷᠳᠡᠨ ᠰᠡᠭᠦᠳᠡᠷᠯᠡᠭ᠌ᠰᠡᠨ ᠶᠤᠮ᠃

ᠤᠳᠠᠭ᠍ᠰᠠᠨ ᠦᠭᠡᠢ᠂ ᠬᠠᠷᠪᠤᠯᠲᠠ᠎ᠶ᠋ᠢᠨ ᠲᠠᠯᠠᠪᠠᠢ᠎ᠠᠴᠠ ᠴᠢᠮᠡᠭᠡ ᠢᠷᠡᠭᠦᠯᠪᠡ᠃ ᠪᠡᠭᠡᠵᠢᠩ᠎ᠤᠨ ᠴᠠᠭ᠎ᠢᠶᠠᠷ 2021 ᠣᠨ᠎ᠤ 10 ᠰᠠᠷ᠎ᠠ᠎ᠶ᠋ᠢᠨ 16 ᠎ᠤ ᠡᠳᠦᠷ᠎ᠤᠨ 0 ᠴᠠᠭ 23 ᠮᠢᠨᠦ᠋ᠲ᠎ᠲᠤ᠌᠂ ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠤᠴᠠ᠎ᠶ᠋ᠢ ᠠᠴᠢᠶᠠᠯᠠᠭ᠍ᠰᠠᠨ ᠴᠠᠩ ᠵᠧᠩ ᠬᠤᠶᠠᠳᠤᠭᠠᠷ F ᠠᠯᠤᠰ ᠡᠵᠡᠮᠱᠢᠯᠳᠦ ᠠᠷᠪᠠᠨ ᠭᠤᠷᠪᠠᠳᠤᠭᠠᠷ ᠬᠥᠯᠭᠡ ᠲᠡ ᠵᠢᠷᠦᠯᠳᠦ ᠰᠤᠮᠤ᠎ᠶ᠋ᠢ ᠤᠷᠢᠳᠴᠢᠯᠠᠨ ᠲᠣᠭ᠍ᠲᠠᠭ᠍ᠰᠠᠨ ᠴᠠᠭ᠎ᠲᠠᠭᠠᠨ ᠣᠨᠣᠪᠴᠢᠲᠠᠢ ᠬᠠᠷᠪᠤᠪᠠ᠂ ᠪᠠᠷᠤᠭ 582 ᠰᠧᠺᠦ᠋ᠨ᠋ᠳ᠋᠎ᠤᠨ ᠲᠠᠷᠠᠭ᠎ᠠ᠂ ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠤᠴᠠ ᠲᠡ ᠵᠢᠷᠦᠯᠳᠦ ᠰᠤᠮᠤ᠎ᠠᠴᠠ ᠠᠮᠵᠢᠯᠲᠠ᠎ᠲᠠᠢ ᠰᠠᠯᠵᠤ᠂ ᠤᠷᠢᠳᠴᠢᠯᠠᠨ ᠲᠣᠭ᠍ᠲᠠᠭ᠍ᠰᠠᠨ ᠲᠣᠭᠤᠷᠢᠯᠲᠠ᠎ᠶ᠋ᠢᠨ ᠵᠠᠮ᠎ᠳᠠᠭᠠᠨ ᠣᠷᠣᠵᠤ᠂ ᠵᠠᠢ ᡁᠢ ᠭᠠᠩ᠂ ᠸᠠᠩ ᠶᠠ ᠫᠢᠩ᠂ ᠶᠧ ᠭᠤᠸᠠᠩ ᠹᠦ᠋ 3 ᠰᠠᠨᠰᠠᠷᠴᠢᠨ᠎ᠢ ᠤᠷᠤᠭ᠍ᠰᠢᠲᠠᠢ᠎ᠪᠠᠷ ᠰᠠᠨᠰᠠᠷ᠎ᠲᠤ ᠬᠦᠷᠭᠡᠵᠤ᠂ ᠨᠢᠰᠦᠯᠲᠡ᠎ᠶ᠋ᠢᠨ ᠳᠤᠭᠤᠢᠯᠠᠩ᠎ᠤᠨ ᠪᠠᠢᠳᠠᠯ ᠮᠠᠰᠢ ᠰᠠ᠊ ᠎ᠶ᠋ᠢᠨ ᠪᠠ ᠵᠢᠵᠤ᠂ ᠬᠠᠷᠪᠤᠯᠲᠠ ᠲᠡᠭᠦᠰ ᠠᠮᠵᠢᠯᠲᠠ ᠣᠯᠵᠠᠢ᠃

ᠳ᠋ᠦᠩᠹᠧᠩ ᠮᠡᠳᠡᠭᠡ᠎ᠶ᠋ᠢ ᠣᠯᠪᠠ᠂ ᠬᠤᠸᠠ ᠱᠠᠨ ᠮᠡᠳᠡᠭᠡ᠎ᠶ᠋ᠢ ᠣᠯᠪᠠ᠂ ᠵᠢᠶᠠᠩ ᠶᠢᠨ ᠮᠡᠳᠡᠭᠡ᠎ᠶ᠋ᠢ ᠤᠯᠪᠠ ᠁ ᠬᠠᠷᠪᠤᠯᠲᠠ᠎ᠶ᠋ᠢᠨ ᠲᠠᠯᠠᠪᠠᠢ᠎ᠳᠤ ᠬᠢᠨᠠᠨ ᠬᠡᠮᠵᠢᠯᠳᠡ᠎ᠶ᠋ᠢᠨ ᠵᠠᠷᠯᠢᠭ᠎ᠢ ᠲᠣᠳᠣᠷᠬᠠᠶ ᠣᠯᠵᠤ ᠰᠣᠨᠣᠰᠴᠤ᠌ ᠪᠠ ᠵᠢᠯ᠎ᠠ᠃ ᠰᠤᠷᠪᠤᠯᠵᠢᠯᠠᠭ᠍ᠴᠢ᠎ᠶ᠋ᠢᠨ ᠰᠡᠳᠭᠢᠯᠭᠡ ᠡᠭᠦᠨ᠎ᠢ ᠳᠠᠭᠠᠯᠳᠤᠨ ᠪᠠᠴᠢᠮᠳᠠᠵᠤ᠂ ᠳᠣᠭ᠍ᠳᠣᠯᠵᠤ᠂ ᠬᠥᠭ᠌ᠰᠡᠨ᠎ᠡ!

ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠨᠢᠰᠦᠯᠲᠡ᠎ᠶ᠋ᠢᠨ ᠡᠭᠦᠷᠭᠡ ᠪᠣᠯ ᠣᠭ᠍ᠲᠠᠷᠭᠤᠢ᠎ᠶ᠋ᠢᠨ ᠦᠷᠳᠡᠭᠡ᠎ᠶ᠋ᠢᠨ ᠱᠠᠲᠤᠨ᠎ᠤ ᠬᠤᠶᠠᠳᠤᠭᠠᠷ ᠤᠳᠠᠭ᠎ᠠ᠎ᠶ᠋ᠢᠨ ᠬᠥᠮᠦᠨ ᠰᠠᠭᠤᠯᠭᠠᠭ᠍ᠰᠠᠨ ᠨᠢᠰᠦᠯᠲᠡ ᠪᠣᠯᠤᠨ᠎ᠠ᠂ ᠲᠤᠰ ᠤᠳᠠᠭ᠎ᠠ᠎ᠶ᠋ᠢᠨ ᠨᠢᠰᠦᠯᠲᠡ᠎ᠶ᠋ᠢᠨ ᠡᠭᠦᠷᠭᠡ᠎ᠶ᠋ᠢᠨ ᠭᠤᠣᠯ ᠬᠠᠷᠠᠯᠳᠠ ᠪᠤᠯ ᠨᠢᠭᠡ᠎ᠳᠤ᠂ ᠮᠧᠬᠠᠨᠢᠭ ᠭᠠᠷ᠎ᠢᠶᠠᠷ ᠦᠷᠦᠬᠡ᠎ᠶ᠋ᠢ ᠱᠢᠯᠵᠢᠭᠦᠯᠬᠦ᠌᠎ᠳᠤ ᠲᠤᠰᠠᠯᠠᠨ᠎ᠠ᠂ ᠭᠠᠷ ᠡᠵᠡᠮᠱᠢᠯ ᠪᠠ ᠠᠯᠤᠰ ᠡᠵᠡᠮᠱᠢᠯ ᠵᠡᠷᠭᠡ ᠣᠭ᠍ᠲᠠᠷᠭᠤᠢ᠎ᠶ᠋ᠢᠨ ᠦᠷᠳᠡᠭᠡ᠎ᠶ᠋ᠢ ᠤᠭ᠍ᠰᠠᠷᠠᠵᠤ ᠪᠠ ᠵᠢᠭᠤᠯᠬᠤ ᠵᠠᠩᠭᠢᠯᠠᠭ᠎ᠠ᠎ᠶ᠋ᠢᠨ ᠮᠡᠷᠭᠡᠵᠢᠯ᠎ᠤᠨ ᠲᠤᠷᠱᠢᠯᠲᠠ᠎ᠶ᠋ᠢ ᠥᠷᠨᠢᠭᠦᠯᠦᠨ᠎ᠡ; ᠬᠤᠶᠠᠷ᠎ᠲᠤ᠌᠂ 2 — 3 ᠤᠳᠠᠭ᠎ᠠ ᠦᠷᠦᠭᠡᠨ᠎ᠠᠴᠠ ᠭᠠᠷᠴᠤ᠌᠂ ᠶᠡᠭᠡ ᠪᠠᠭ᠎ᠠ ᠮᠧᠬᠠᠨᠢᠭ ᠭᠠᠷ᠎ᠢ ᠬᠠᠮᠳᠤᠷᠠᠯᠴᠠᠭᠤᠯᠤᠨ ᠲᠤᠨᠤᠭ᠎ᠢ ᠱᠢᠯᠵᠢᠭᠦᠯᠦᠨ ᠵᠠᠯᠭᠠᠬᠤ ᠵᠢᠴᠢ ᠲᠦᠬᠦᠭᠡᠷᠤᠮᠵᠢ ᠤᠭ᠍ᠰᠠᠷᠠᠵᠤ᠂ ᠲᠠᠷᠠᠭᠠᠴᠢ᠎ᠶ᠋ᠢᠨ ᠣᠭ᠍ᠲᠠᠷᠭᠤᠶ᠎ᠶ᠋ᠢᠨ ᠥᠷᠲᠡᠭᠡ ᠪᠠᠢᠭᠤᠯᠬᠤ ᠡᠭᠦᠷᠭᠡ᠎ᠳᠤ ᠪᠡᠯᠡᠳᠭᠡᠯ ᠬᠢᠨ᠎ᠠ; ᠭᠤᠷᠪᠠ᠎ᠳᠤ᠂ ᠰᠠᠨᠰᠠᠷᠴᠢᠨ᠎ᠤ ᠲᠣᠭᠤᠷᠢᠯᠲᠠ᠎ᠶ᠋ᠢᠨ ᠵᠠᠮ᠎ᠳᠤ 6 ᠰᠠᠷ᠎ᠠ ᠰᠠᠭᠤᠬᠤ ᠦᠶ᠎ᠠ᠎ᠶ᠋ᠢᠨ ᠡᠷᠡᠭᠦᠯ ᠮᠡᠨᠳᠦ᠂ ᠠᠮᠢᠳᠤᠷᠠᠯ ᠪᠠ ᠠᠵᠢᠯ᠎ᠤᠨ ᠪᠠᠲᠤᠯᠠᠭ᠎ᠠ᠎ᠶ᠋ᠢᠨ ᠮᠡᠷᠭᠡᠵᠢᠯ᠎ᠢ ᠤᠯᠠᠮ ᠴᠢᠨᠠᠭ᠍ᠰᠢᠳᠠ ᠱᠢᠯᠭᠠᠨ ᠪᠠᠲᠤᠯᠠᠨ᠎ᠠ; ᠳᠥᠷᠪᠡ᠎ᠳᠤ᠂ ᠰᠠᠨᠰᠠᠷ᠎ᠤᠨ ᠠᠶᠠᠯᠠᠯ᠎ᠤᠨ ᠠᠨᠠᠭᠠᠬᠤ ᠤᠬᠠᠭᠠᠨ᠂ ᠪᠢᠴᠢᠯ ᠬᠦᠨᠳᠦ᠎ᠶ᠋ᠢᠨ ᠬᠦᠴᠦᠨ᠎ᠤ ᠹᠢᠽᠢᠺ᠎ᠤᠨ ᠬᠦᠷᠢᠶ᠎ᠡ ᠵᠡᠷᠭᠡ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠲᠤᠷᠱᠢᠯᠲᠠ ᠪᠠ ᠬᠡᠷᠡᠭ᠌ᠯᠡᠯᠲᠡ᠎ᠶ᠋ᠢ ᠬᠢᠵᠦ᠍᠂ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ ᠣᠯᠠᠨ ᠶᠠᠩᠵᠤ᠎ᠶ᠋ᠢᠨ ᠬᠥᠮᠦᠵᠢᠯ᠎ᠤᠨ ᠠᠵᠢᠯᠯᠠᠭ᠎ᠠ ᠥᠷᠨᠢᠭᠦᠯᠦᠨ᠎ᠡ; ᠲᠠᠪᠤ᠎ᠳᠤ᠂ ᠢᠨᠵᠧᠨᠧᠷᠢᠩ᠎ᠤᠨ ᠡᠯ᠎ᠡ ᠱᠢᠰᠲ᠋ᠧᠮ᠎ᠤᠨ ᠰᠠᠨᠰᠠᠷ᠎ᠤᠨ ᠥᠷᠲᠡᠭᠡ᠎ᠶ᠋ᠢᠨ ᠡᠭᠦᠷᠭᠡ᠎ᠶ᠋ᠢ ᠭᠦᠶ᠋ᠴᠡᠳᠭᠡᠬᠦ᠌ ᠦᠶ᠎ᠠ᠎ᠶ᠋ᠢᠨ ᠴᠢᠳᠠᠮᠵᠢ ᠵᠢᠴᠢ ᠱᠢᠰᠲ᠋ᠧᠮ᠎ᠤᠨ ᠬᠤᠭᠤᠷᠣᠨᠳᠣᠬᠢ ᠵᠣᠬᠢᠴᠠᠯᠳᠤᠬᠤ ᠴᠢᠨᠠᠷ᠎ᠢ ᠪᠥᠬᠦ᠌ ᠲᠠᠯ᠎ᠠ᠎ᠪᠠᠷ ᠬᠢᠨᠠᠨ ᠱᠢᠯᠭᠠᠨ᠎ᠠ᠃

ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠤᠴᠠ᠎ᠨᠢ ᠰᠠᠨᠰᠠᠷ᠎ᠤᠨ ᠦᠷᠳᠡᠭᠡ᠎ᠲᠠᠢ ᠪᠡᠶ᠎ᠡ᠎ᠪᠠᠨ ᠳᠠᠭᠠᠭᠠᠵᠤ ᠲᠦᠷᠭᠡᠨ ᠬᠤᠷᠳᠤᠴᠠ᠎ᠪᠠᠷ ᠵᠣᠯᠭᠠᠯᠴᠠᠭ᠍ᠰᠠᠨ᠎ᠤ ᠳᠠᠷᠠᠭ᠎ᠠ ᠳᠤᠮᠳᠠᠳᠤ ᠤᠯᠤᠰ᠎ᠤᠨ ᠰᠠᠨᠰᠠᠷ᠎ᠤᠨ ᠦᠷᠳᠡᠭᠡ᠎ᠶ᠋ᠢᠨ ᠭᠤᠣᠯ ᠦᠷᠦᠬᠡ᠂ 2 ᠪᠠᠷᠠᠭ᠎ᠠ ᠲᠡᠭᠡᠭᠡᠪᠦᠷᠢᠯᠡᠬᠦ᠌ ᠨᠢᠰᠭᠦ ᠣᠩᠭᠤᠴᠠ᠂ 1 ᠬᠥᠮᠦᠨ ᠰᠠᠭᠤᠯᠭᠠᠭ᠍ᠰᠠᠨ ᠨᠢᠰᠭᠦ ᠣᠩᠭᠤᠴᠠ ᠵᠡᠷᠭᠡ 4 ᠨᠢᠰᠦᠭᠦᠷ᠎ᠢ ᠨᠡᠢᠯᠡᠭᠦᠯᠦᠨ ᠠᠵᠢᠯᠯᠠᠭᠤᠯᠬᠤ ᠪᠣᠯᠤᠨ᠎ᠠ᠃ ᠪᠡᠶ᠎ᠡ᠎ᠪᠠᠨ ᠳᠠᠭᠠᠭᠠᠵᠤ ᠲᠦᠷᠭᠡᠨ ᠵᠤᠯᠭᠠᠯᠴᠠᠬᠤ᠎ᠳᠤ ᠪᠠᠷᠤᠭ 6.5 ᠴᠠᠭ ᠬᠡᠷᠡᠭ᠌ᠰᠡᠨ᠎ᠡ᠂ ᠡᠢᠮᠦ᠎ᠠᠴᠠ 16 ᠎ᠤ ᠥᠷᠯᠥᠭᠡ ᠣᠯᠠᠩᠬᠢ ᠬᠥᠮᠦᠰ ᠪᠣᠰᠭᠤ ᠦᠶ᠎ᠡ᠎ᠳᠤ᠂ 3 ᠰᠠᠨᠰᠠᠷᠴᠢᠨ ᠨᠢᠭᠡᠨᠲᠡ ᠰᠠᠨᠰᠠᠷ᠎ᠤᠨ ᠥᠷᠲᠡᠭᠡᠨ᠎ᠤ ᠲᠢᠶᠠᠨ ᠾᠧ ᠭᠤᠣᠯ ᠥᠷᠥᠭᠡᠨ᠎ᠳᠤ ᠣᠷᠣᠵᠤ ᠰᠠᠭᠤᠭ᠍ᠰᠠᠨ᠎ᠢ ᠣᠯᠵᠤ ᠬᠠᠷᠠᠬᠤ ᠪᠣᠯᠤᠨ᠎ᠠ᠃

ᠬᠤᠪᠢᠯᠭᠠᠨ ᠣᠩᠭᠤᠴᠠ ᠠᠷᠪᠠᠨ ᠭᠤᠷᠪᠠᠳᠤᠭᠠᠷ᠎ᠤᠨ ᠰᠠᠨᠰᠠᠷᠴᠢᠨ ᠠᠩᠬ᠎ᠠ ᠤᠳᠠᠭ᠎ᠠ ᠲᠣᠭᠤᠷᠢᠯᠲᠠ᠎ᠶ᠋ᠢᠨ ᠵᠠᠮ᠎ᠳᠤ 6 ᠰᠠᠷ᠎ᠠ ᠰᠠᠭᠤᠬᠤ ᠪᠣᠯᠤᠨ᠎ᠠ᠂ ᠡᠨᠡ᠎ᠨᠢ ᠮᠥᠨ ᠴᠦ᠍ ᠰᠠᠨᠰᠠᠷ᠎ᠤᠨ ᠥᠷᠲᠡᠭᠡ᠎ᠶ᠋ᠢᠨ ᠡᠵᠡᠩᠨᠡᠯᠲᠡ᠎ᠶ᠋ᠢᠨ ᠬᠤᠭᠤᠴᠠᠭᠠᠨ᠎ᠳᠤ ᠰᠠᠨᠰᠠᠷᠴᠢᠨ᠎ᠤ ᠳᠤᠭᠤᠢᠯᠠᠩ᠎ᠤᠨ ᠪᠠᠢᠩᠭᠤ ᠰᠠᠭᠤᠬᠤ ᠦᠶᠡᠯᠡᠯ ᠪᠣᠯᠤᠨ᠎ᠠ᠃ ᠲᠣᠰ ᠤᠳᠠᠭᠠᠨ᠎ᠤ ᠨᠢᠰᠦᠯᠲᠡ᠎ᠶ᠋ᠢᠨ ᠡᠭᠦᠷᠭᠡ᠎ᠳᠤ ᠳᠤᠮᠳᠠᠳᠤ ᠤᠯᠤᠰ᠎ᠤᠨ ᠡᠮᠡᠭ᠌ᠲᠡᠶ ᠰᠠᠨᠰᠠᠷᠴᠢᠨ ᠠᠩᠬ᠎ᠠ ᠤᠳᠠᠭ᠎ᠠ ᠳᠤᠮᠳᠠᠳᠤ ᠤᠯᠤᠰ᠎ᠤᠨ ᠰᠠᠨᠰᠠᠷ᠎ᠤᠨ ᠥᠷᠲᠡᠭᠡ᠎ᠳᠤ ᠣᠷᠣᠵᠤ ᠰᠠᠭᠤᠨ᠎ᠠ᠂ ᠰᠠᠨᠰᠠᠷᠴᠢᠨ ᠸᠠᠩ ᠶᠠ ᠫᠢᠩ ᠴᠦ᠍ ᠳᠤᠮᠳᠠᠳᠤ ᠤᠯᠤᠰ᠎ᠤᠨ ᠠᠩᠬᠠᠳᠠᠭ᠍ᠴᠢ ᠥᠷᠥᠭᠡ᠎ᠠᠴᠠ ᠭᠠᠷᠬᠤ ᠠᠵᠢᠯᠯᠠᠭ᠎ᠠ ᠬᠢᠭ᠌ᠰᠡᠨ ᠡᠮᠡᠭ᠌ᠲᠡᠶ ᠰᠠᠨᠰᠠᠷᠴᠢᠨ ᠪᠣᠯᠬᠤ ᠪᠣᠯᠤᠨ᠎ᠠ᠃ ᠵᠠᠶ ᡁᠢ ᠭᠠᠩ ᠪᠣᠯ ᠬᠤᠪᠢᠯᠭᠠᠨ ᠣᠩᠭᠤᠴᠠ ᠳᠣᠯᠣᠳᠤᠭᠠᠷ᠎ᠤᠨ ᠨᠢᠰᠦᠯᠲᠡ᠎ᠶ᠋ᠢᠨ ᠡᠭᠦᠷᠭᠡ᠎ᠳᠤ ᠳᠤᠮᠳᠠᠳᠤ ᠤᠯᠤᠰ᠎ᠤᠨ ᠠᠩᠬᠠᠳᠠᠭ᠍ᠴᠢ ᠥᠷᠥᠭᠡ᠎ᠠᠴᠠ ᠭᠠᠷᠤᠭ᠍ᠰᠠᠨ ᠰᠠᠨᠰᠠᠷᠴᠢᠨ ᠶᠤᠮ᠃ ᠡᠭᠦᠨ᠎ᠠᠴᠠ ᠬᠤᠪᠢᠯᠭᠠᠨ ᠣᠩᠭᠤᠴᠠ ᠠᠷᠪᠠᠨ ᠭᠤᠷᠪᠠᠳᠤᠭᠠᠷ᠎ᠤᠨ ᠨᠢᠰᠦᠯᠳᠡ᠎ᠶ᠋ᠢᠨ ᠳᠤᠭᠤᠢᠯᠠᠩ᠎ᠨᠢ ᠳᠤᠮᠳᠠᠳᠤ ᠤᠯᠤᠰ᠎ᠤᠨ ᠠᠩᠬ᠎ᠠ ᠤᠳᠠᠭ᠎ᠠ ᠥᠷᠥᠭᠡᠨ᠎ᠠᠴᠠ ᠭᠠᠷᠤᠭ᠍ᠰᠠᠨ ᠡᠷᠡᠭ᠌ᠲᠡᠶ ᠡᠮᠡᠭ᠌ᠲᠡᠶ ᠰᠠᠨᠰᠠᠷᠴᠢᠨ᠎ᠢ ᠪᠠᠭ᠍ᠲᠠᠭᠠᠭ᠍ᠰᠠᠨ ᠨᠢᠰᠦᠯᠳᠡ᠎ᠶ᠋ᠢᠨ ᠳᠤᠭᠤᠢᠯᠠᠩ ᠪᠤᠯᠵᠠᠢ᠃ ᠪᠠᠰᠠ ᠳᠤᠮᠳᠠᠳᠤ ᠤᠯᠤᠰ᠎ᠤᠨ ᠰᠠᠨᠰᠠᠷᠴᠢᠨ ᠲᠩᠷᠢ᠎ᠶ᠋ᠢᠨ ᠣᠷᠳᠣᠨ᠎ᠳᠤ ᠴᠠᠭᠠᠨ ᠰᠠᠷ᠎ᠠ᠎ᠶ᠋ᠢ ᠦᠩᠭᠡᠷᠡᠭᠦᠯᠬᠦ᠌ ᠲᠡᠦᠬᠡ᠎ᠶ᠋ᠢ ᠡᠭᠦᠳᠬᠦ᠌ ᠪᠣᠯᠤᠨ᠎ᠠ᠃ ᠰᠦᠯᠵᠢᠶᠡᠨ ᠠᠨᠳᠠ ᠨᠠᠷ ᠠᠯᠢ ᠡᠷᠲᠡ᠎ᠠᠴᠠ ᠰᠠᠨᠰᠠᠷᠴᠢᠳ᠎ᠲᠤ ᠱᠢᠨ᠎ᠡ ᠵᠢᠯ᠎ᠤᠨ ᠬᠦᠳᠡᠯᠭᠡᠭᠡᠨ 《ᠲᠣᠬᠢᠷᠠᠭᠤᠯᠤᠨ》 ᠦᠭ᠌ᠴᠠᠢ᠃ ᠪᠠᠩᠰᠢ ᠢᠳᠡᠬᠦ᠂ ᠱᠢᠨ᠎ᠡ ᠵᠢᠯ᠎ᠤᠨ ᠵᠣᠯᠭᠠᠯᠲᠠ ᠬᠢᠬᠦ᠌ ᠁ ᠵᠡᠷᠭᠡ ᠠᠯᠢ ᠤᠯᠠᠨ ᠰᠣᠨᠢᠷᠬᠠᠯ᠎ᠲᠠᠢ ᠵᠦᠢᠯ ᠪᠠ ᠵᠢᠵᠤ ᠮᠡᠳᠡᠨ᠎ᠠ᠃

ᠲᠩᠷᠢ ᠭᠠᠵᠠᠷ᠎ᠤᠨ ᠬᠤᠭᠤᠷᠣᠨᠳᠣ ᠪᠠᠰᠠ ᠶᠠᠮᠠᠷ ᠬᠥᠳᠡᠯᠭᠡᠭᠡᠨ ᠪᠠ ᠵᠢᠳᠠᠭ ᠪᠤᠯ᠂ ᠰᠦᠯᠵᠢᠶᠡᠨ ᠠᠨᠳᠠ ᠨᠠᠷ ᠦᠪᠡᠷ ᠦᠪᠡᠷ᠎ᠤᠨ᠎ᠢᠶᠠᠷ᠎ᠢᠶᠠᠨ ᠳᠦᠰᠦᠭᠡᠯᠡᠵᠦ᠍ ᠪᠠ ᠵᠢᠯ᠎ᠠ᠃ ᠰᠠᠨᠰᠠᠷᠴᠢᠨ᠎ᠤ ᠱᠢᠰᠲ᠋ᠧᠮ᠎ᠤᠨ ᠶᠡᠷᠦᠩᠬᠡᠢ ᠲᠥᠯᠥᠪᠯᠡᠭ᠌ᠴᠢ ᠬᠤᠸᠠᠩ ᠸᠧᠢ ᠹᠧᠨ᠂ ᠠᠵᠢᠯᠯᠠᠭ᠎ᠠ᠎ᠨᠢ ᠬᠤᠪᠢᠯᠭᠠᠨ ᠣᠩᠭᠤᠴᠠ ᠠᠷᠪᠠᠨ ᠬᠤᠶᠠᠳᠤᠭᠠᠷ᠎ᠠᠴᠠ ᠨᠡᠩ ᠤᠯᠠᠨ ᠪᠣᠯᠬᠤ᠎ᠨᠢ ᠯᠠᠪᠲᠠᠢ ᠭᠡᠵᠦ᠍ ᠬᠡᠯᠡᠪᠡ᠃ ᠬᠠᠮᠤᠭ᠎ᠤᠨ ᠭᠠ ᠵᠢᠬᠠᠮᠱᠢᠭ᠎ᠲᠠᠢ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌ ᠪᠦᠯᠬᠦᠮ ᠪᠣᠯᠤᠭ᠍ᠰᠠᠨ᠎ᠤ ᠬᠤᠪᠢ᠎ᠳᠤ᠂ ᠸᠠᠩ ᠶᠠ ᠫᠢᠩ ᠬᠤᠶᠠᠳᠠᠬᠢ ᠤᠳᠠᠭ᠎ᠠ ᠰᠠᠨᠰᠠᠷ᠎ᠠᠴᠠ ᠬᠢᠴᠢᠶᠡᠯ ᠵᠢᠭᠠᠵᠤ ᠮᠡᠳᠡᠨ᠎ᠠ᠃ ᠤᠷᠠᠨ ᠰᠠ ᠵᠢᠬᠠᠨ ᠱᠢᠯᠦᠭ᠌ᠯᠢᠭ ᠲᠠᠭᠠᠮᠠᠭ᠍ᠯᠠᠯ ᠢᠯᠡᠭᠦᠳᠡᠬᠦ᠌ ᠦᠭᠡᠢ᠃ ᠤᠴᠢᠷ᠎ᠨᠢ ᠳᠤᠮᠳᠠᠳᠤ ᠤᠯᠤᠰ᠎ᠤᠨ ᠰᠠᠨᠰᠠᠷᠴᠢᠳ ᠰᠠᠨᠰᠠᠷ᠎ᠲᠤ 《ᠱᠢᠯᠦᠭ ᠪᠢᠴᠢᠬᠦ᠌》 ᠎ᠳᠡᠭᠡᠨ ᠮᠠᠰᠢ ᠴᠢᠳᠠᠮᠠᠭᠠᠶ ᠶᠤᠮ᠃

ᠰᠠᠨᠰᠠᠷᠴᠢᠳ᠎ᠢ ᠦᠳᠡᠨ ᠮᠣᠷᠳᠠᠭᠤᠯᠵᠤ ᠪᠠᠢᠭ᠎ᠠ ᠬᠥᠮᠦᠰ᠎ᠤᠨ ᠳᠤᠮᠳᠠ ᠴᠤ᠌ ᠲᠦᠰᠦᠭ᠌ᠯᠡᠨ ᠪᠤᠳᠤᠬᠤ ᠴᠢᠳᠠᠪᠤᠷᠢ᠎ᠪᠠᠷ ᠪᠢᠯᠬᠠᠮ᠎ᠠ ᠦᠵᠡᠭ᠌ᠴᠢᠳ ᠮᠤᠩ ᠥᠬᠡᠶ ᠣᠯᠠᠨ ᠪᠣᠶ᠃ ᠨᠠᠮ᠎ᠤᠨ ᠠᠷᠪᠠ ᠶᠢᠰᠦᠳᠦᠭᠡᠷ ᠶᠡᠭᠡ ᠬᠤᠷᠠᠯ᠎ᠤᠨ ᠲᠥᠯᠥᠭᠡᠯᠡᠭ᠌ᠴᠢ ᠤᠶᠤᠨᠰᠤᠶᠤᠯ ᠭᠤᠷᠪᠠᠳᠠᠬᠢ ᠤᠳᠠᠭ᠎ᠠ ᠦᠳᠡᠨ ᠮᠣᠷᠳᠠᠭᠤᠯᠬᠤ ᠠᠵᠢᠯᠯᠠᠭ᠎ᠠ᠎ᠳᠤ ᠣᠷᠣᠯᠴᠠᠵᠤ ᠪᠤᠢ᠂ ᠲᠡᠷᠡ ᠰᠡᠳᠭᠢᠯ ᠳᠣᠭ᠍ᠳᠣᠯᠤᠨ᠄ 《ᠬᠤᠪᠢᠯᠭᠠᠨ ᠤᠩᠭᠤᠴᠠ ᠠᠷᠪᠠᠨ ᠬᠤᠶᠠᠳᠤᠭᠠᠷ ᠨᠢᠰᠭᠦ ᠤᠩᠭᠤᠴᠠ᠎ᠶ᠋ᠢᠨ ᠪᠤᠴᠠᠬᠤ ᠦᠷᠦᠭᠡ᠎ᠨᠢ ᠮᠢᠨᠦ᠍ ᠠᠪᠤ ᠡᠵᠢ᠎ᠶ᠋ᠢᠨ ᠦᠯᠡᠳᠡᠭᠡᠭ᠌ᠰᠡᠨ ᠨᠤᠲᠤᠭ ᠪᠡᠯᠴᠢᠭᠡᠷ᠎ᠲᠤ ᠪᠠᠭᠤᠵᠠᠢ᠂ ᠠᠯᠠᠱᠠ ᠠᠢᠮᠠᠭ᠎ᠤᠨ ᠡᠵᠡᠨ᠎ᠡ ᠬᠤᠱᠢᠭᠤᠨ᠎ᠤ ᠰᠠᠢᠬᠠᠨᠳᠤᠤᠷᠠᠢ ᠰᠤᠮᠤ᠎ᠶ᠋ᠢᠨ ᠮᠦᠩᠬᠡᠲᠦ ᠭᠠᠴᠠᠭ᠎ᠠ᠎ᠳᠤ ᠪᠤᠢ᠂ ᠤᠳᠤ ᠲᠡᠷᠡ ᠬᠡᠰᠡᠭ ᠨᠤᠲᠤᠭ ᠪᠡᠯᠴᠢᠭᠡᠷ᠎ᠢ ᠮᠢᠨᠦ᠍ ᠳᠡᠭᠦᠦ ᠡᠵᠡᠩᠨᠡᠵᠦ᠍ ᠪᠠ ᠵᠢᠨ᠎ᠠ᠂ ᠬᠤᠪᠢᠯᠭᠠᠨ ᠤᠩᠭᠤᠴᠠ ᠠᠷᠪᠠᠨ ᠭᠤᠷᠪᠠᠳᠤᠭᠠᠷ ᠨᠢᠰᠭᠦ ᠤᠩᠭᠤᠴᠠ᠎ᠶ᠋ᠢᠨ ᠪᠤᠴᠠᠬᠤ ᠦᠷᠤᠬᠡ ᠲᠤᠬᠠᠢ᠎ᠶ᠋ᠢᠨ ᠦᠶ᠎ᠡ᠎ᠳᠤ ᠮᠢᠨᠦ᠍ ᠨᠤᠲᠤᠭ ᠪᠡᠯᠴᠢᠭᠡᠷ ᠳᠡᠭᠡᠷ᠎ᠡ ᠪᠠᠭᠤᠬᠤ᠎ᠶ᠋ᠢ ᠲᠠᠬᠢᠨᠳᠠ ᠬᠦᠰᠡᠵᠦ᠍ ᠪᠠᠢᠨ᠎ᠠ》 ᠭᠡᠪᠡ᠃

ᠡᠨᠡᠬᠦ᠌ ᠪᠣᠷᠣᠭ᠍ᠵᠢᠭᠤᠨ ᠬᠦᠰᠡᠯ ᠪᠤᠳᠤᠯ ᠪᠤᠯ ᠲᠡᠦᠬᠡ᠎ᠶ᠋ᠢᠨ ᠤᠯᠠᠮᠵᠢᠯᠠᠯ᠂ ᠪᠢᠳᠡ ᠲᠡᠦᠬᠡ᠎ᠶ᠋ᠢᠨ ᠴᠤᠤᠷᠢᠶ᠎ᠠ᠎ᠶ᠋ᠢ ᠣᠯᠵᠤ ᠰᠣᠨᠣᠰᠤᠭ᠍ᠰᠠᠨ ᠱᠢᠭ᠍᠃ ᠤᠳᠤ᠎ᠶ᠋ᠢᠨ ᠳ᠋ᠦᠩᠹᠧᠩ ᠰᠠᠨᠰᠠᠷ᠎ᠤᠨ ᠠᠶᠠᠯᠠᠯ᠎ᠤᠨ ᠬᠤᠳᠠ ᠪᠣᠯ ᠤᠤᠯ᠎ᠤᠨ ᠡᠵᠡᠨ᠎ᠡ ᠬᠤᠱᠢᠭᠤᠨ᠎ᠤ ᠵᠠᠰᠠᠭ᠎ᠤᠨ ᠣᠷᠳᠣᠨ ᠪᠣᠷᠣᠠᠠᠭᠤᠯᠠ᠎ᠶ᠋ᠢᠨ ᠪᠠ ᠵᠢᠭ᠍ᠰᠠᠨ ᠭᠠᠵᠠᠷ ᠶᠤᠮ᠃ 1958 ᠣᠨ᠎ᠳᠤ᠂ ᠡᠬᠡ ᠤᠯᠤᠰ᠎ᠤᠨ ᠪᠠᠲᠤᠯᠠᠨ ᠬᠠᠮᠠᠭᠠᠯᠠᠯᠲᠠ ᠪᠠ ᠰᠠᠨᠰᠠᠷ᠎ᠤᠨ ᠠᠶᠠᠯᠠᠯ᠎ᠤᠨ ᠦᠢᠯᠡᠰ᠎ᠤᠨ ᠲᠥᠯᠥᠭᠡ᠂ ᠡᠵᠡᠨ᠎ᠡ ᠬᠤᠱᠢᠭᠤᠨ᠎ᠤ᠎ᠬᠢᠨ ᠬᠤᠱᠢᠭᠤᠨ ᠲᠦᠪ᠎ᠢᠶᠠᠨ ᠭᠤᠷᠪᠠᠨᠳᠠ ᠨᠡᠬᠦᠯᠬᠡᠵᠤ᠂ ᠡᠬᠡ ᠤᠯᠤᠰ᠎ᠲᠠᠭᠠᠨ ᠡᠨᠡ ᠬᠦ᠌ ᠬᠠᠮᠤᠭ᠎ᠤᠨ ᠰᠠ᠊ ᠎ᠶ᠋ᠢᠨ ᠨᠤᠲᠤᠭ ᠪᠡᠯᠴᠢᠭᠡᠷ᠎ᠢᠶᠠᠨ ᠵᠣᠷᠢᠭᠤᠯᠪᠠ᠃ ᠡᠳᠦᠭᠡ᠂ ᠡᠵᠡᠨ᠎ᠡ ᠬᠤᠱᠢᠭᠤᠨ᠎ᠤ ᠠᠷᠠᠳ ᠲᠦᠮᠡᠨ ᠮᠥᠨ ᠬᠦ᠌ ᠥᠪᠡᠷ᠎ᠤᠨ ᠨᠤᠲᠤᠭ ᠪᠡᠯᠴᠢᠭᠡᠷ᠎ᠢᠶᠠᠨ ᠨᠥᠬᠦᠴᠡᠯ ᠥᠬᠡᠶ᠎ᠪᠠᠷ ᠨᠡᠮᠡᠷᠢᠯᠠᠨ ᠡᠬᠡ ᠤᠯᠤᠰ᠎ᠤᠨ ᠰᠠᠨᠰᠠᠷ᠎ᠤᠨ ᠠᠶᠠᠯᠠᠯ᠎ᠤᠨ ᠦᠶ᠋ᠯᠡᠰ᠎ᠢ ᠳᠡᠮᠵᠢᠬᠦ᠌᠎ᠪᠠᠷ ᠪᠠᠢᠨ᠎ᠠ᠃

ᠬᠤᠪᠢᠯᠭᠠᠨ ᠣᠩᠭᠤᠴᠠ ᠠᠷᠪᠠᠨ ᠬᠤᠶᠠᠳᠤᠭᠠᠷ ᠨᠢᠰᠭᠦ ᠤᠩᠭᠤᠴᠠ᠎ᠶ᠋ᠢᠨ ᠪᠤᠴᠠᠬᠤ ᠦᠷᠦᠭᠡ᠎ᠶ᠋ᠢ ᠪᠤᠴᠠᠭᠠᠨ ᠠᠪᠬᠤ᠎ᠳᠤ᠂ ᠡᠵᠡᠨ᠎ᠡ ᠬᠤᠱᠢᠭᠤᠨ᠎ᠤ ᠨᠠᠮ ᠵᠠᠰᠠᠭ ᠴᠡᠷᠢᠭ ᠴᠠᠭ᠍ᠳᠠᠭ᠎ᠠ ᠠᠷᠠᠳ 2 ᠲᠦᠮᠡ ᠭᠠᠷᠤᠢ ᠬᠥᠮᠦᠨ ᠣᠷᠣᠯᠴᠠᠭ᠍ᠰᠠᠨ ᠶᠤᠮ᠃ ᠳ᠋ᠦᠩᠹᠧᠩ ᠰᠠᠨᠰᠠᠷ᠎ᠤᠨ ᠠᠶᠠᠯᠠᠯ᠎ᠤᠨ ᠬᠤᠳᠠ᠎ᠳᠤ ᠣᠷᠣᠬᠤ᠎ᠠᠴᠠ ᠡᠮᠦᠨ᠎ᠡ᠂ ᠪᠢᠳᠡ 10 ᠰᠠᠷ᠎ᠠ᠎ᠶ᠋ᠢᠨ 12 ᠎ᠤᠨ ᠡᠳᠦᠷ ᠡᠵᠡᠨ᠎ᠡ ᠬᠤᠱᠢᠭᠤᠨ᠎ᠤ ᠵᠠᠰᠠᠭ᠎ᠤᠨ ᠣᠷᠳᠣᠨ᠎ᠤ ᠪᠠᠢᠭ᠎ᠠ ᠲᠠᠯᠠ ᠵᠢᠬᠦ᠋ᠪ ᠪᠠᠯᠭᠠᠰᠤ᠎ᠠᠴᠠ 150 ᠺᠢᠯᠤᠮᠲᠸ᠋ᠷ ᠵᠠᠢᠲᠠᠢ ᠬᠤᠪᠢᠯᠭᠠᠨ ᠣᠩᠭᠤᠴᠠ ᠠᠷᠪᠠᠨ ᠬᠤᠶᠠᠳᠤᠭᠠᠷ ᠨᠢᠰᠭᠦ ᠣᠩᠭᠤᠴᠠ᠎ᠶ᠋ᠢᠨ ᠪᠤᠴᠠᠬᠤ ᠦᠷᠦᠭᠡ᠎ᠶ᠋ᠢᠨ ᠲᠤᠰᠤᠯᠲᠠ᠎ᠶ᠋ᠢᠨ ᠴᠡᠭ᠎ᠲᠤ ᠬᠦᠷᠴᠦ᠍ ᠰᠤᠷᠪᠤᠯᠵᠢᠯᠠᠪᠠ᠃ ᠪᠠᠭᠤᠬ᠍ᠰᠠᠨ ᠭᠠᠵᠠᠷ᠎ᠲᠤ᠌᠂ ᠲᠡᠷᠭᠡ ᠤᠨᠤᠭ᠎ᠠ ᠰᠦᠯᠵᠢᠯᠳᠦᠨ᠂ ᠨᠤᠲᠤᠭ ᠪᠡᠯᠴᠢᠭᠡᠷ ᠲᠠᠯᠬᠠᠬ᠍ᠳᠠᠬ᠍ᠰᠠᠨ ᠪᠣᠯᠪᠠᠴᠤ᠌᠂ ᠨᠤᠲᠤᠭ᠎ᠤᠨ ᠡᠵᠡᠨ᠎ᠨᠢ ᠬᠠᠷᠢᠨ ᠪᠤᠴᠠᠬᠤ ᠦᠷᠦᠭᠡ ᠥᠪᠡᠷ᠎ᠤᠨ ᠨᠤᠲᠤᠭ ᠪᠡᠯᠴᠢᠭᠡᠷ ᠲᠡᠭᠡᠷ᠎ᠠ᠎ᠨᠢ ᠪᠠᠭᠤᠬ᠍ᠰᠠᠨ᠎ᠳᠤ ᠬᠢᠵᠠᠭᠠᠯᠠᠰᠢ ᠦᠭᠡᠢ ᠣᠮᠣᠭ᠍ᠰᠢᠵᠤ ᠪᠠᠢᠯ᠎ᠠ᠃ ᠡᠨᠡ ᠪᠣᠯ ᠳᠤᠮᠳᠠᠳᠤ ᠤᠯᠤᠰ᠎ᠤᠨ ᠰᠠᠨᠰᠠᠷ᠎ᠤᠨ ᠠᠶᠠᠯᠠᠯ᠎ᠤᠨ ᠦᠢᠯᠡᠰ᠎ᠤᠨ ᠣᠮᠣᠭ᠍ᠰᠢᠯ ᠮᠥᠨ᠂ ᠬᠠᠮᠤᠭ᠎ᠤᠨ ᠭᠦᠨ ᠵᠤᠵᠠᠭᠠᠨ ᠠᠷᠠᠳ ᠲᠦᠮᠡᠨ᠎ᠤ ᠰᠠᠭᠤᠷᠢ᠎ᠲᠠᠢ ᠪᠠ ᠵᠢᠭ᠎ᠠ ᠶᠤᠮ᠃ ᠡᠵᠡᠨ᠎ᠡ ᠬᠤᠱᠢᠭᠤ᠎ᠨᠢ ᠵᠠᠯᠭ᠎ᠠ᠎ᠪᠠᠷ ᠵᠢᠷᠭᠤᠭ᠎ᠠ ᠤᠳᠠᠭ᠎ᠠ ᠪᠥᠬᠦ᠌ ᠤᠯᠤᠰ᠎ᠤᠨ ᠬᠤᠶᠠᠷ᠎ᠢ ᠬᠦᠷᠢᠶᠡᠯᠡᠬᠦ᠌ ᠵᠢᠱ᠌ᠢᠶᠡᠴᠢ ᠬᠤᠱᠢᠭᠤ᠎ᠶ᠋ᠢᠨ ᠴᠤᠯᠠ᠎ᠶ᠋ᠢ ᠬᠦᠷᠳᠡᠭ᠌ᠰᠡᠨ ᠶᠤᠮ᠃ ᠬᠤᠪᠢᠯᠭᠠᠨ ᠣᠩᠭᠤᠴᠠ ᠠᠷᠪᠠᠨ ᠬᠤᠶᠠᠳᠤᠭᠠᠷ ᠨᠢᠰᠭᠦ ᠤᠩᠭᠤᠴᠠ᠎ᠶ᠋ᠢ ᠪᠤᠴᠠᠭᠠᠨ ᠠᠪᠤᠭ᠍ᠰᠠᠨ᠎ᠤ ᠲᠠᠷᠠᠭ᠎ᠠ᠂ ᠬᠠᠷᠪᠤᠯᠲᠠ᠎ᠶ᠋ᠢᠨ ᠰᠠᠭᠤᠷᠢᠨ᠎ᠠᠴᠠ ᠲᠤᠰ ᠲᠤᠰ ᠠᠯᠠᠱᠠ ᠠᠢᠮᠠᠭ ᠪᠣᠯᠤᠨ ᠡᠵᠡᠨ᠎ᠡ ᠬᠤᠱᠢᠭᠤᠨ᠎ᠳᠤ᠄ 《ᠲᠡᠭ᠌ᠷᠢ ᠭᠠᠵᠠᠷ᠎ᠲᠤ ᠵᠢᠬ᠍ᠰᠠᠭᠠᠯ ᠪᠠ ᠵᠢᠭᠤᠯᠤᠨ ᠪᠠᠭᠠᠲᠤᠷ ᠡᠷ᠎ᠡ᠎ᠶ᠋ᠢᠨ ᠪᠤᠴᠠᠵᠤ ᠢᠷᠡᠬᠦ᠌᠎ᠶ᠋ᠢ ᠤᠭ᠍ᠲᠤᠨ᠂ ᠬᠤᠪᠢᠯᠭᠠᠨ ᠣᠩᠭᠤᠴᠠᠨ᠎ᠳᠤ ᠬᠦᠴᠤ᠌ ᠨᠡᠮᠡᠷᠢᠯᠠᠨ ᠰᠠᠨᠰᠠᠷ᠎ᠤᠨ ᠠᠶᠠᠯᠠᠯ᠎ᠤᠨ ᠬᠦᠴᠦᠷᠬᠡᠭ ᠤᠯᠤᠰ᠎ᠢ ᠬᠠᠮᠳᠤᠪᠡᠷ ᠴᠣᠭ᠍ᠴᠠᠯᠠᠨᠠᠮ!》 ᠬᠡᠬᠦ᠌ ᠬᠡᠮᠡᠷᠯᠢᠭ ᠲᠤᠭ ᠬᠦᠷᠭᠡᠵᠠᠢ᠃ ᠬᠡᠮᠡᠷᠯᠢᠭ ᠲᠤᠭ᠎ᠤᠨ ᠠᠭᠤᠯᠭ᠎ᠠ ᠣᠮᠣᠭ᠍ᠯᠠᠩ ᠮᠦᠷᠳᠡᠭᠡᠨ ᠱᠢᠯᠦᠭ᠌ᠯᠢᠭ ᠪᠠ ᠵᠢᠯ᠎ᠠ!

ᠡᠨᠡ ᠬᠦ᠌ ᠤᠯᠠᠷᠢᠯ ᠪᠣᠯ ᠰᠠᠨᠰᠠᠷ᠎ᠤᠨ ᠠᠶᠠᠯᠠᠯ᠎ᠤᠨ ᠬᠤᠳᠠ᠎ᠶ᠋ᠢᠨ ᠬᠠᠮᠤᠭ ᠭᠤᠶᠤ᠂ ᠬᠠᠮᠤᠭ ᠱᠢᠯᠦᠭ᠌ᠯᠢᠭ ᠤᠯᠠᠷᠢᠯ ᠪᠣᠯᠤᠨ᠎ᠠ᠃ ᠱᠢᠵᠢᠷ ᠠᠯᠲᠠᠨ ᠲᠤᠤᠷᠠᠢ ᠰᠠᠨᠰᠠᠷᠴᠢᠳ᠎ᠤᠨ ᠭᠤ ᠵᠢᠳᠠ ᠷᠣᠮᠠᠨᠲ᠋ᠢᠭ᠎ᠢ ᠶᠠᠷᠢᠭᠠᠳ ᠪᠠ ᠵᠢᠭ᠎ᠠ ᠴᠤ᠌ ᠱᠢᠭ᠃

ᠤᠯᠤᠰ᠎ᠤᠨ ᠪᠠᠶᠠᠷ᠎ᠤᠨ ᠬᠤᠭᠤᠴᠠᠭᠠᠨ᠎ᠳᠤ᠂ ᠳ᠋ᠦᠩᠹᠧᠩ ᠰᠠᠨᠰᠠᠷ᠎ᠤᠨ ᠠᠶᠠᠯᠠᠯ᠎ᠤᠨ ᠬᠤᠳᠠ᠎ᠳᠤ ᠬᠠᠮᠲᠤ᠎ᠶ᠋ᠢᠨ ᠬᠤᠷᠢᠮ ᠬᠢᠭ᠌ᠰᠡᠨ᠎ᠨᠢ ᠬᠥᠮᠦᠰ᠎ᠢ ᠭᠠ ᠵᠢᠬᠠᠯ ᠰᠤᠴᠢᠯ᠎ᠢ ᠳᠦᠷᠦᠬᠦᠯᠵᠠᠢ᠃ ᠱᠢᠨ᠎ᠡ ᠬᠥᠮᠦᠰ ᠬᠠᠷᠪᠤᠯᠲᠠ᠎ᠶ᠋ᠢᠨ ᠰᠤᠪᠤᠷᠭ᠎ᠠ᠎ᠶ᠋ᠢᠨ ᠳᠣᠣᠷ᠎ᠠ ᠵᠢᠷᠦᠬᠡᠨ ᠬᠡᠯᠪᠡᠷᠢ᠎ᠲᠠᠢ᠎ᠪᠠᠷ ᠵᠢᠬ᠍ᠰᠠᠵᠦ᠍᠂ ᠬᠤᠪᠢᠯᠭᠠᠨ ᠤᠩᠭᠤᠴᠠ ᠠᠷᠪᠠᠨ ᠬᠤᠶᠠᠳᠤᠭᠠᠷ᠎ᠤᠨ ᠬᠠᠷᠪᠤᠯᠲᠠ᠎ᠶ᠋ᠢᠨ ᠡᠭᠦᠷᠭᠡ᠎ᠶ᠋ᠢ ᠭᠦᠶ᠋ᠴᠡᠳᠭᠡᠵᠦ᠍ ᠪᠠᠢᠭ᠎ᠠ ᠰᠠᠨᠰᠠᠷᠴᠢᠨ ᠴᠤ᠌ ᠰᠠᠨᠰᠠᠷ᠎ᠠᠴᠠ ᠢᠷᠡᠭ᠌ᠰᠡᠨ ᠰᠠᠢᠨ ᠰᠠᠢᠬᠠᠨ ᠢᠷᠤᠬᠡᠯ ᠵᠥᠩᠨᠡᠯ᠎ᠢ ᠲᠠᠮᠵᠢᠭᠤᠯᠵᠠᠢ᠃

ᠳᠤᠮᠳᠠᠳᠤ ᠤᠯᠤᠰ᠎ᠤᠨ ᠰᠠᠨᠰᠠᠷᠴᠢᠨ᠎ᠤ ᠷᠣᠮᠠᠨᠲ᠋ᠢᠭ᠎ᠨᠢ ᠲᠠᠯ᠎ᠠ ᠪᠣᠯᠭᠠᠨ᠎ᠳᠤ ᠢᠯᠡᠷᠡᠵᠦ᠍ ᠪᠠ ᠵᠢᠳᠠᠭ᠃ ᠬᠠᠷᠪᠤᠬᠤ ᠪᠠ ᠬᠤᠷᠢᠶᠠᠬᠤ ᠦᠶ᠎ᠡ᠎ᠶ᠋ᠢᠨ ᠠᠮᠠᠨ ᠳᠣᠬᠢᠶ᠎ᠠ᠎ᠶ᠋ᠢ ᠳᠣᠷᠣᠨ᠎ᠠ᠎ᠶ᠋ᠢᠨ ᠰᠠᠯᠬᠢ᠂ ᠪᠡᠭᠡᠵᠢᠩ᠂ ᠪᠦᠷᠭᠦᠳ᠂ ᠳᠣᠭ᠍ᠰᠢᠨ ᠪᠠᠭᠠᠲᠤᠷ᠎ᠢᠶᠠᠷ ᠨᠡᠷᠡ ᠵᠢᠳᠴᠤ᠌᠂ ᠲᠩᠷᠢ ᠭᠠᠵᠠᠷ᠎ᠤᠨ ᠬᠤᠭᠤᠷᠣᠨᠳᠣᠬᠢ ᠳᠡᠮᠵᠢᠯᠭᠡ᠎ᠶ᠋ᠢᠨ ᠱᠢᠰᠲ᠋ᠧᠮ᠎ᠢ ᠪᠠᠭ᠍ᠲᠠᠭᠠᠵᠠᠢ; ᠰᠠᠨᠰᠠᠷ᠎ᠤᠨ ᠨᠢᠰᠦᠭᠦᠷ᠎ᠢ ᠬᠤᠪᠢᠯᠭᠠᠨ ᠣᠩᠭᠤᠴᠠ᠂ ᠲᠩᠷᠢ᠎ᠶ᠋ᠢᠨ ᠵᠠᠪᠢ᠂ ᠲᠩᠷᠢ᠎ᠶ᠋ᠢᠨ ᠣᠷᠳᠣᠨ᠂ ᠲᠢᠶᠠᠨ ᠸᠧᠨ᠂ ᠴᠠᠩ ᠧ᠂ ᠵᠦ᠍ ᠷᠦᠩ᠂ ᠰᠢ ᠾᠧ ᠭᠡᠵᠦ᠍ ᠨᠡᠷᠡᠯᠡᠵᠦ᠍᠂ ᠳᠤᠮᠳᠠᠳᠤᠴᠤᠳ᠎ᠤᠨ ᠬᠡᠳᠤᠨ ᠮᠢᠩᠭᠠᠨ ᠵᠢᠯ᠎ᠤᠨ ᠰᠠᠨᠰᠠᠷ᠎ᠲᠤ ᠳᠡᠭᠦᠯᠢᠬᠦ᠌ ᠬᠦᠰᠡᠯ ᠵᠡᠭᠦᠳᠦ᠎ᠶ᠋ᠢ ᠳᠤᠰᠭᠠᠭ᠍ᠰᠠᠨ ᠪᠠ ᠵᠢᠨ᠎ᠠ; ᠳ᠋ᠦᠩ ᠹᠧᠩ ᠰᠠᠨᠰᠠᠷ᠎ᠤᠨ ᠠᠶᠠᠯᠠᠯ᠎ᠤᠨ ᠬᠤᠲᠠ᠎ᠶ᠋ᠢᠨ ᠵᠡᠭᠡᠯᠢ ᠭᠤᠳᠤᠮᠵᠢ ᠪᠠ ᠪᠠᠷᠢᠯᠭ᠎ᠠ᠎ᠳᠤ ᠸᠧᠨ ᠲᠢᠶᠠᠨ ᠭᠧ ᠲᠠᠭ᠍ᠲᠤ᠂ ᠳ᠋ᠦᠩ ᠹᠧᠩ ᠪᠠᠭ᠎ᠠ ᠰᠤᠷᠭᠠᠭᠤᠯᠢ᠂ ᠢᠦᠶ ᠬᠠᠩ ᠵᠠᠮ᠂ ᠾᠧ ᠫᠢᠩ ᠵᠠᠮ᠂ ᠴᠠᠩ ᠵᠧᠩ ᠵᠠᠮ᠂ ᠬᠤ᠌ ᠶᠠᠩ ᠵᠠᠮ ᠭᠡᠵᠦ᠍ ᠪᠠᠢᠳᠠᠭ; ᠬᠤᠪᠢᠯᠭᠠᠨ ᠣᠩᠭᠤᠴᠠ ᠠᠷᠪᠠᠨ ᠬᠤᠶᠠᠳᠤᠭᠠᠷ ᠠᠷᠪᠠᠨ ᠭᠤᠷᠪᠠᠳᠤᠭᠠᠷ᠎ᠢ ᠬᠠᠷᠪᠤᠭ᠍ᠰᠠᠨ ᠴᠠᠭ᠎ᠨᠢ ᠲᠤᠰ ᠲᠤᠰ ᠳᠤᠮᠳᠠᠳᠤ ᠤᠯᠤᠰ᠎ᠤᠨ ᠠᠩᠬᠠᠳᠠᠭ᠍ᠴᠢ ᠤᠰᠤᠲᠥ᠋ᠷᠥᠭ᠌ᠴᠢ ᠪᠥᠮᠪᠦᠭᠡ ᠪᠣᠯᠤᠨ ᠠᠲ᠋ᠣᠮ᠎ᠤᠨ ᠪᠥᠮᠪᠦᠭᠡ᠎ᠶ᠋ᠢ ᠳᠡᠯᠪᠡᠷᠡᠬᠦᠯᠦᠭᠡᠳ ᠠᠮᠵᠢᠯᠲᠠ ᠣᠯᠤᠭ᠍ᠰᠠᠨ ᠳᠤᠷᠠᠰᠭᠠᠯ᠎ᠤᠨ ᠡᠳᠦᠷ ᠪᠣᠯᠤᠨ᠎ᠠ᠃

ᠤᠯᠤᠰ᠎ᠤᠨ ᠪᠠᠶᠠᠷ᠎ᠤᠨ ᠬᠤᠭᠤᠴᠠᠭᠠᠨ᠎ᠳᠤ᠂ ᠬᠥᠬᠡᠬᠤᠲᠠ᠎ᠳᠤ ᠪᠠᠢᠷᠢᠯᠠᠵᠤ ᠪᠠᠢᠭ᠎ᠠ ᠳᠤᠮᠳᠠᠳᠤ ᠤᠯᠤᠰ᠎ᠤᠨ ᠰᠠᠨᠰᠠᠷ᠎ᠤᠨ ᠠᠶᠠᠯᠠᠯ᠎ᠤᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠤᠨ ᠠᠵᠤ ᠦᠢᠯᠡᠳᠪᠦᠷᠢ᠎ᠶ᠋ᠢᠨ ᠵᠢᠷᠭᠤᠳᠤᠭᠠᠷ ᠬᠦᠷᠢᠶᠡᠯᠡᠩ᠎ᠠᠴᠠ ᠦᠵᠡᠮᠵᠢ ᠠᠪᠤᠬ᠍ᠰᠠᠨ 《ᠪᠢ ᠠᠮᠠᠬᠠᠳ ᠦᠶ᠎ᠠ᠎ᠶ᠋ᠢᠨ᠎ᠬᠢ᠎ᠲᠠᠢ᠎ᠪᠠᠨ》 《ᠱᠢᠯᠦᠭ》 ᠎ᠠᠴᠠ ᠰᠠᠨᠰᠠᠷ᠎ᠤᠨ ᠠᠶᠠᠯᠠᠯ᠎ᠤᠨ ᠬᠥᠮᠦᠰ᠎ᠤᠨ ᠲᠦᠢᠯ᠎ᠤᠨ ᠷᠣᠮᠠᠨᠲ᠋ᠢᠭ᠎ᠢ ᠤᠯᠵᠤ ᠬᠠᠷᠠᠵᠤ᠂ ᠪᠠᠰᠠ ᠴᠤ᠌ ᠳᠤᠮᠳᠠᠳᠤᠴᠤᠳ᠎ᠤᠨ ᠤᠬ᠍ᠳᠠᠷᠭᠤᠢ᠎ᠳᠤ ᠲᠡᠬᠦᠯᠢᠬᠦ᠌ ᠬᠦᠰᠡᠯ ᠵᠡᠬᠦᠳᠤ᠂ ᠰᠠᠨᠰᠠᠷ᠎ᠲᠤ ᠱᠢᠯᠦᠭ᠌ᠯᠡᠬᠦ᠌ ᠡᠷᠡᠰ ᠵᠣᠷᠢᠭ᠎ᠢ ᠣᠯᠵᠤ ᠬᠠᠷᠠᠪᠠ᠃

10 ᠰᠠᠷ᠎ᠠ᠎ᠶ᠋ᠢᠨ 15 ᠎ᠤ ᠡᠳᠦᠷ᠎ᠤᠨ ᠦᠳᠡ᠎ᠶ᠋ᠢᠨ ᠬᠤᠢᠨ᠎ᠠ᠂ ᠳ᠋ᠦᠩᠹᠧᠩ ᠰᠠᠨᠰᠠᠷ᠎ᠤᠨ ᠠᠶᠠᠯᠠᠯ᠎ᠤᠨ ᠬᠤᠲᠠ᠎ᠶ᠋ᠢᠨ ᠠᠷᠤ ᠲᠠᠯ᠎ᠠ᠎ᠶ᠋ᠢᠨ ᠦᠶ᠋ᠯᠡᠴᠢᠯᠡᠭᠡᠨ᠎ᠤ ᠪᠠᠲᠤᠯᠠᠭ᠎ᠠ᠎ᠶ᠋ᠢᠨ ᠰᠠᠯᠠᠭ᠎ᠠ ᠮᠥᠴᠢᠷ ᠪᠤᠤᠰᠠ ᠬᠢᠵᠦ᠍᠂ 6 ᠵᠦᠶ᠋ᠯ᠎ᠤᠨ ᠢᠳᠡᠭᠡ᠎ᠪᠠᠷ 6 ᠶᠠᠩᠵᠤ᠎ᠶ᠋ᠢᠨ ᠶᠤᠭ᠍ᠳᠠ ᠤᠳᠭ᠎ᠠ᠎ᠶ᠋ᠢ ᠢᠯᠡᠳᠭᠡᠪᠡ᠄ 《ᠤᠮᠤᠭ ᠳᠡᠬᠦᠯᠳᠡᠷ》 ᠪᠤᠤᠰᠠ ᠬᠤ᠌ ᠯᠤᠤᠪᠠᠩ ᠦᠬᠡᠷ᠎ᠤᠨ ᠮᠢᠬ᠎ᠠ᠎ᠶ᠋ᠢᠨ ᠢᠳᠡᠭᠡ᠎ᠲᠠᠢ)᠂ 《ᠲᠠᠪᠱᠢᠭ᠍ᠰᠠᠨ ᠲᠡᠭᠡᠷ᠎ᠡ᠎ᠪᠠᠨ ᠲᠠᠪᠱᠢᠬᠤ》 ᠪᠤᠤᠰᠠ (ᠴᠠᠭᠠᠨ ᠨᠣᠭᠤᠭ᠎ᠠ ᠦᠨᠦᠷᠲᠦ ᠮᠥᠭᠦ᠌ ᠭᠠᠭ᠍ᠠᠶ᠎ᠶ᠋ᠢᠨ ᠮᠢᠬ᠎ᠠ᠎ᠶ᠋ᠢᠨ ᠢᠳᠡᠭᠡ᠎ᠲᠠᠢ)᠂ 《ᠡᠴᠦᠰ᠎ᠲᠤᠨᠢ ᠲᠤᠯᠲᠠᠯ᠎ᠠ ᠬᠢᠬᠦ᠌》 ᠪᠤᠤᠰᠠ (ᠱᠢᠨ᠎ᠡ ᠮᠢᠬ᠎ᠠ ᠰᠣᠩᠭᠢᠨ᠎ᠠ᠎ᠶ᠋ᠢᠨ ᠢᠳᠡᠭᠡ᠎ᠲᠠᠢ)᠂ 《ᠭᠤᠷᠪᠠ᠎ᠶ᠋ᠢ ᠴᠡᠪᠡᠷᠯᠡᠵᠦ᠍ ᠨᠢᠭᠡ᠎ᠶ᠋ᠢ ᠬᠥᠳᠡᠯᠭᠡᠬᠦ᠌》 ᠪᠤᠤᠰᠠ (ᠬᠤ᠌ ᠯᠤᠤᠪᠠᠩ ᠳᠡᠯᠳᠡᠦ ᠳ᠋ᠧᠦᠹᠦ᠋᠎ᠶ᠋ᠢᠨ ᠢᠳᠡᠭᠡ᠎ᠲᠠᠢ)᠂ 《ᠥᠴᠦᠬᠡᠨ ᠴᠦ᠍ ᠣᠰᠣᠯᠳᠠᠬᠤ ᠥᠬᠡᠶ》 ᠪᠤᠤᠰᠠ (ᠪᠦᠭᠡᠷᠡᠩᠬᠡᠢ ᠡᠱᠢᠲᠦ ᠨᠤᠭᠤᠭ᠎ᠠ ᠹᠧᠨᠲ᠋ᠢᠶᠤᠤᠷ᠎ᠤᠨ ᠢᠳᠡᠭᠡ᠎ᠲᠠᠢ)᠂ 《ᠲᠡᠭᠦᠰ ᠠᠮᠵᠢᠯᠲᠠ᠎ᠲᠠᠢ》 ᠪᠤᠤᠰᠠ (ᠱᠢᠬᠤᠯᠤ ᠲᠠᠬᠢᠶᠠᠨ ᠦᠨᠳᠡᠭᠡ᠎ᠶ᠋ᠢᠨ ᠢᠳᠡᠭᠡ᠎ᠲᠠᠢ)᠃ ᠨᠢᠭᠡ ᠬᠥᠮᠦᠨ 6 ᠪᠤᠤᠰᠠ᠂ ᠪᠦᠷᠢᠨ ᠲᠡᠭᠦᠰ ᠤᠳᠭ᠎ᠠ ᠠᠭᠤᠯᠭ᠎ᠠ᠎ᠲᠠᠢ᠂ ᠠᠮᠵᠢᠯᠲᠠ ᠣᠯᠬᠤ᠎ᠶ᠋ᠢ ᠪᠡᠯᠭᠡᠳᠡᠪᠡ! ᠬᠤᠪᠢᠯᠭᠠᠨ ᠤᠩᠭᠤᠴᠠ ᠠᠷᠪᠠᠨ ᠭᠤᠷᠪᠠᠳᠤᠭᠠᠷ᠎ᠤᠨ ᠬᠠᠷᠪᠤᠯᠲᠠ ᠲᠡᠭᠦᠰ ᠠᠮᠵᠢᠯᠲᠠ ᠣᠯᠵᠤ᠂ ᠡᠨᠡ ᠬᠦ᠌ ᠱᠢᠯᠦᠭ᠎ᠢ ᠲᠡᠭᠦᠰ ᠰᠠᠢᠬᠠᠨ ᠪᠢᠴᠢᠭ᠌ᠯᠡᠪᠡ!

ᠬᠠᠷᠪᠤᠯᠲᠠ᠎ᠶ᠋ᠢᠨ ᠲᠠᠯᠠᠪᠠᠢ᠎ᠳᠤ᠂ ᠾᠧᠪᠸᠢ ᠮᠤᠵᠢ᠎ᠶ᠋ᠢᠨ ᠲᠠᠩᠱᠠᠨ᠎ᠠᠴᠠ ᠮᠠᠱᠢᠨ ᠲᠡᠷᠭᠡ ᠵᠢᠯᠤᠭᠤᠳᠤᠨ ᠢᠷᠡᠭ᠌ᠰᠡᠨ ᠯᠢ ᠴᠢᠶᠠᠩ᠄ 《ᠲᠤᠬᠠᠢ᠎ᠶ᠋ᠢᠨ ᠲᠠᠯᠠᠪᠠᠢ᠎ᠨᠢ ᠦᠨᠡᠬᠡᠷ ᠭᠠᠢᠬᠠᠮᠱᠢᠭ᠍ᠲᠠᠢ! ᠮᠠᠨ᠎ᠤ ᠡᠴᠢᠭᠡ ᠦᠶ᠎ᠡ᠎ᠶ᠋ᠢᠨ᠎ᠬᠢᠨ ᠦᠨᠡᠬᠡᠷ ᠠᠮᠠᠷ ᠦᠭᠡᠢ᠂ ᠪᠢᠳᠡ ᠦᠷᠭᠦᠯᠵᠢᠯᠡᠨ ᠴᠢᠷᠮᠠᠢᠵᠤ᠂ ᠡᠬᠡ ᠤᠯᠤᠰ᠎ᠤᠨ᠎ᠢᠶᠠᠨ ᠲᠥᠯᠥᠭᠡ ᠥᠪᠡᠷ᠎ᠤᠨ ᠬᠤᠪᠢ ᠨᠡᠮᠡᠷᠢ᠎ᠪᠠᠨ ᠦᠵᠡᠭᠦᠯᠪᠡᠯ ᠵᠣᠬᠢᠨ᠎ᠠ! ᠪᠢ ᠮᠠᠨ᠎ᠤ ᠡᠬᠡ ᠤᠯᠤᠰ᠎ᠤᠨ᠎ᠢᠶᠠᠨ ᠬᠦᠴᠦᠷᠬᠡᠭ ᠶᠡᠭᠡ᠎ᠳᠤ ᠮᠠᠰᠢ ᠤᠮᠤᠭ᠍ᠰᠢᠵᠤ ᠪᠠ ᠵᠢᠨ᠎ᠠ!》 ᠭᠡᠵᠦ᠍ ᠶᠠᠷᠢᠪᠠ᠃

2003 ᠣᠨ᠎ᠤ 10 ᠰᠠᠷ᠎ᠠ᠎ᠶ᠋ᠢᠨ 15 ᠎ᠤ ᠡᠳᠦᠷ᠂ ᠳᠤᠮᠳᠠᠳᠤ ᠤᠯᠤᠰ᠎ᠤᠨ ᠠᠩᠬᠠᠳᠠᠭ᠍ᠴᠢ ᠰᠠᠨᠰᠠᠷᠴᠢᠨ ᠶᠠᠩ ᠯᠢ ᠸᠧᠢ ᠳ᠋ᠦᠩ ᠹᠧᠩ ᠰᠠᠨᠰᠠᠷ᠎ᠤᠨ ᠬᠤᠳᠠ᠎ᠠᠴᠠ ᠮᠣᠷᠳᠠᠵᠤ᠂ ᠳᠤᠮᠳᠠᠳᠤᠴᠤᠳ᠎ᠤᠨ ᠰᠠᠨᠰᠠᠷ ᠤᠭ᠍ᠳᠠᠷᠭᠤᠢ᠎ᠪᠠᠷ ᠠᠶᠠᠯᠠᠬᠤ ᠠᠩᠬᠠᠨ᠎ᠤ ᠠᠯᠬᠤᠮ᠎ᠢ ᠠᠯᠬᠤᠪᠠ᠃

2021 ᠣᠨ᠎ᠤ 10 ᠰᠠᠷ᠎ᠠ᠎ᠶ᠋ᠢᠨ 16 ᠎ᠤ ᠡᠳᠦᠷ᠂ ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠬᠥᠮᠦᠨ ᠰᠠᠭᠤᠯᠭᠠᠭ᠍ᠰᠠᠨ ᠨᠢᠰᠭᠦ ᠣᠩᠭᠤᠴᠠ ᠴᠠᠩ ᠵᠧᠩ ᠬᠤᠶᠠᠳᠤᠭᠠᠷ F ᠬᠥᠯᠭᠡ ᠲᠡ ᠵᠢᠷᠦᠯᠳᠦ ᠰᠤᠮᠤ᠎ᠪᠠᠷ ᠣᠭ᠍ᠲᠠᠷᠭᠤᠢ᠎ᠳᠤ ᠬᠠᠷᠪᠤᠭ᠍ᠳᠠᠵᠤ᠂ ᠲᠤᠮᠳᠠᠳᠤᠴᠤᠳ᠎ᠤᠨ ᠰᠠᠨᠰᠠᠷ ᠣᠭ᠍ᠲᠠᠷᠭᠤᠢ᠎ᠶ᠋ᠢ ᠬᠠᠢᠨ ᠰᠦᠪᠡᠭ᠌ᠴᠢᠯᠡᠬᠦ᠌ ᠪᠠᠰᠠ ᠨᠢᠭᠡ ᠤᠳᠠᠭ᠎ᠠ᠎ᠶ᠋ᠢᠨ ᠠᠤᠭ᠎ᠠ ᠠᠵᠢᠯᠯᠠᠭ᠎ᠠ᠎ᠶ᠋ᠢ ᠡᠬᠢᠯᠡᠭᠦᠯᠵᠡᠢ᠃

18 ᠵᠢᠯ᠎ᠳᠤ᠂ ᠬᠤᠪᠢᠯᠭᠠᠨ ᠣᠩᠭᠤᠴᠠ ᠲᠠᠪᠤᠳᠤᠭᠠᠷ᠎ᠠᠴᠠ ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠬᠦᠷᠲᠡᠯ᠎ᠡ᠂ ᠨᠢᠭᠡ ᠬᠥᠮᠦᠨ᠎ᠤ ᠨᠢᠭᠡ ᠡᠳᠦᠷ᠎ᠠᠴᠠ ᠭᠤᠷᠪᠠᠨ ᠬᠥᠮᠦᠨ᠎ᠤ ᠬᠠᠭᠠᠰ ᠵᠢᠯ ᠪᠣᠯᠲᠠᠯ᠎ᠠ᠂ ᠳᠤᠮᠳᠠᠳᠤᠴᠤᠳ ᠤᠳᠤᠨ ᠮᠡᠴᠢᠳ᠎ᠤᠨ ᠲᠠᠯᠠᠢ᠎ᠳᠤ ᠬᠦᠷᠬᠦ᠌ ᠠᠯᠬᠤᠭ᠎ᠠ᠎ᠪᠠᠨ ᠶᠡᠷᠦ᠎ᠠᠴᠠ ᠵᠣᠭ᠍ᠰᠣᠭ᠍ᠰᠠᠨ ᠦᠭᠡᠢ᠃

ᠬᠠᠭᠠᠰ ᠵᠠᠭᠤᠨ ᠭᠠᠷᠤᠢ᠎ᠠᠴᠠ ᠡᠮᠦᠨ᠎ᠡ᠂ 《ᠲᠤᠷᠤᠨ᠎ᠠ ᠵᠦᠭ ᠲᠤᠶᠠᠭᠠᠷᠠᠯ᠎ᠠ》 ᠭᠡᠬᠦ᠌ ᠳᠠᠭᠤᠤ ᠰᠠᠨᠰᠠᠷ ᠤᠭ᠍ᠳᠠᠷᠭᠤᠢ᠎ᠳᠤ ᠳᠠᠭᠤᠷᠢᠰᠪᠠ᠃ ᠡᠳᠦᠭᠡ᠂ ᠳᠤᠮᠳᠠᠳᠤ ᠤᠯᠤᠰ᠎ᠤᠨ ᠭᠠᠯ ᠤᠯᠠᠭᠠᠨ ᠣᠭ᠍ᠲᠠᠷᠭᠤᠢ᠎ᠶ᠋ᠢ ᠭᠡᠢᠭᠦᠯᠦᠨ᠎ᠡ᠃ 《ᠬᠤᠶᠠᠷ ᠪᠥᠮᠪᠦᠭᠡ ᠨᠢᠭᠡ ᠤᠳᠤ》 ᠎ᠠᠴᠠ 《ᠬᠥᠮᠦᠨ ᠰᠠᠭᠤᠯᠭᠠᠭ᠍ᠰᠠᠨ ᠰᠠᠨᠰᠠᠷ᠎ᠤᠨ ᠠᠶᠠᠯᠠᠯ》 ᠬᠦᠷᠳᠡᠯ᠎ᠡ᠂ 《ᠰᠠᠨᠰᠠᠷ᠎ᠤᠨ ᠠᠶᠠᠯᠠᠯ᠎ᠤᠨ ᠵᠡᠭᠦᠳᠦ》 ᠎ᠠᠴᠠ 《ᠳᠤᠮᠳᠠᠳᠤ᠎ᠶ᠋ᠢᠨ ᠵᠡᠭᠦᠳᠦ》 ᠬᠦᠷᠲᠡᠯ᠎ᠡ᠂ ᠲᠦᠢᠯ᠎ᠤᠨ ᠷᠣᠮᠠᠨᠲ᠋ᠢᠭ᠃ ᠳᠤᠮᠳᠠᠳᠤ᠎ᠶ᠋ᠢᠨ ᠬᠥᠮᠦᠨ᠂ ᠴᠢᠩᠭ᠎ᠠ ᠬᠦᠴᠦᠷᠭᠡᠭ᠎ᠪᠠᠷ ᠬᠦᠰᠡᠯ ᠵᠡᠭᠦᠳᠦ᠎ᠪᠠᠨ ᠬᠥᠭᠡᠭᠡᠴᠡᠯᠳᠦᠨ᠎ᠡ᠃

《ᠴᠠᠩ ᠧ》 ᠰᠠᠷᠠᠨ᠎ᠳᠤ ᠭᠠᠷᠴᠤ᠌᠂ 《ᠳᠣᠬᠢᠭᠤᠷ ᠲᠤᠯᠤᠭᠠᠨ ᠤᠳᠤ》 ᠵᠠᠮ ᠵᠢᠭᠠᠵᠤ᠂ 《ᠲᠢᠶᠠᠨ ᠸᠧᠨ》 ᠲᠩᠷᠢ᠎ᠠᠴᠠ ᠠᠰᠠᠭᠤᠵᠤ᠂ 《ᠲᠩᠷᠢ᠎ᠶ᠋ᠢᠨ ᠣᠷᠳᠣᠨ》 ᠢᠯᠠᠯᠲᠠ ᠣᠯᠵᠤ᠂ 《ᠬᠠᠰ ᠲᠠᠤᠯᠠᠢ》 ᠰᠠᠷᠠ᠎ᠶ᠋ᠢ ᠬᠠᠢᠵᠤ᠂ 《ᠵᠦ᠍ ᠷᠦᠩ》 ᠭᠠᠯ᠎ᠢ ᠬᠠᠢᠵᠤ᠂ 《ᠰᠢ ᠡᡁᠧ》 ᠨᠠᠷᠠ᠎ᠶ᠋ᠢ ᠬᠠᠢᠵᠤ ᠁ ᠨᠢᠭᠡ ᠨᠢᠭᠡᠳ᠎ᠨᠢ ᠳᠤᠮᠳᠠᠳᠤ᠎ᠶ᠋ᠢᠨ ᠦᠨᠳᠦᠰᠦᠲᠡᠨ᠎ᠤ ᠭᠦᠨ ᠵᠤᠵᠠᠭᠠᠨ ᠰᠣᠶᠣᠯ᠎ᠤᠨ ᠠᠭᠤᠯᠤᠭ᠍ᠳᠠᠬᠤᠨ ᠪᠣᠯᠤᠨ ᠰᠣᠶᠣᠯ᠎ᠤᠨ ᠤᠯᠠᠮᠵᠢᠯᠠᠯ᠎ᠤᠨ ᠡᠭᠦᠷᠭᠡ᠎ᠶ᠋ᠢ ᠠᠭᠤᠯᠵᠤ᠂ ᠳᠤᠮᠳᠠᠳᠤ᠎ᠶ᠋ᠢᠨ ᠦᠨᠳᠦᠰᠦᠲᠡᠨ᠎ᠤ ᠬᠦᠪᠡᠭᠡ ᠬᠢᠵᠠᠭᠠᠷ ᠦᠭᠡᠢ ᠰᠠᠨᠰᠠᠷ ᠣᠷᠴᠢᠯᠠᠩ᠎ᠢ ᠬᠠᠢᠨ ᠰᠦᠪᠡᠭ᠌ᠴᠢᠯᠡᠬᠦ᠌ ᠶᠠᠪᠤᠳᠠᠯ ᠥᠨᠢᠳᠡ ᠵᠤᠭ᠍ᠰᠤᠰᠢ ᠦᠭᠡᠢ ᠪᠠ ᠵᠢᠳᠠᠭ᠃

ᠰᠠᠨᠰᠠᠷ ᠤᠭ᠍ᠳᠠᠷᠭᠤᠢ᠎ᠳᠤ ᠬᠦᠰᠡᠯ ᠵᠡᠭᠦᠳᠦ᠎ᠪᠠᠨ ᠲᠠᠬᠢᠨᠳᠠ ᠬᠦᠭᠡᠭᠡᠴᠡᠯᠳᠦᠵᠦ᠍᠂ ᠤᠯᠤᠰ ᠣᠷᠣᠨ᠎ᠢᠶᠠᠨ ᠬᠦᠴᠦᠷᠬᠡᠭ᠌ᠵᠢᠭᠦᠯᠬᠦ᠌ ᠠᠶᠠᠨ ᠱᠢᠨ᠎ᠡ᠎ᠪᠠᠷ ᠡᠬᠢᠯᠡᠯ᠎ᠡ᠂ ᠪᠠᠰᠠ ᠨᠢᠭᠡᠨ ᠠᠯᠲᠠᠨ ᠨᠠᠮᠤᠷ᠎ᠤᠨ ᠠᠷᠪᠠᠨ ᠰᠠᠷ᠎ᠠ᠂ ᠪᠠᠰᠠ ᠨᠢᠭᠡᠨ ᠤᠯᠤᠰ ᠣᠷᠣᠨ᠎ᠤ ᠬᠦᠰᠡᠯ ᠵᠡᠭᠦᠳᠦ ᠲᠡᠷᠭᠡᠯᠱᠢᠪᠡ᠃ ᠡᠨᠡ ᠤᠳᠠᠭᠠᠨ᠎ᠤ ᠰᠠᠨᠰᠠᠷ᠎ᠤᠨ ᠠᠶᠠᠯᠠᠯ᠎ᠳᠤ᠂ ᠰᠠᠨᠰᠠᠷᠴᠢᠨ ᠰᠠᠨᠰᠠᠷ᠎ᠤᠨ ᠦᠷᠳᠡᠭᠡ᠎ᠳᠤ ᠴᠠᠭᠠᠨ ᠰᠠᠷ᠎ᠠ᠎ᠪᠠᠨ ᠥᠩᠭᠡᠷᠡᠭᠦᠯᠬᠦ᠌ ᠪᠣᠯᠬᠤᠷ᠂ ᠳᠤᠮᠳᠠᠳᠤᠴᠤᠳ᠎ᠤᠨ ᠰᠠᠨᠰᠠᠷ᠎ᠲᠤ ᠰᠠᠭᠠᠲᠠᠭ᠍ᠰᠠᠨ ᠴᠠᠭ᠎ᠤᠨ ᠲᠡᠮᠳᠡᠭ᠌ᠯᠡᠯ᠎ᠢ ᠡᠭᠦᠳᠬᠦ᠌᠎ᠪᠠᠷ ᠪᠠᠷᠠᠬᠤ ᠦᠭᠡᠢ᠂ ᠪᠠᠰᠠ ᠳᠤᠮᠳᠠᠳᠤ ᠤᠯᠤᠰ᠎ᠤᠨ ᠠᠷᠠᠳ ᠨᠡᠢᠲᠡ᠎ᠪᠠᠷ᠎ᠢᠶᠠᠨ ᠱᠢᠨᠵᠢᠯᠡᠬᠦ᠌ ᠤᠬᠠᠭᠠᠨ᠎ᠢ ᠲᠦᠭᠡᠮᠡᠯᠵᠢᠭᠦᠯᠬᠦ᠌᠎ᠳᠤ ᠣᠷᠣᠯᠴᠠᠬᠤ ᠱᠢᠨ᠎ᠡ ᠡᠷᠡᠨ᠎ᠢ ᠨᠡᠭᠡᠭᠡᠵᠦ᠍᠂ ᠤᠯᠠᠨ᠎ᠢᠶᠠᠷ᠎ᠢᠶᠠᠨ ᠠᠳᠠᠯᠢ ᠪᠤᠰᠤ ᠰᠠᠨᠰᠠᠷ᠎ᠤᠨ ᠠᠮᠢᠳᠤᠷᠠᠯ᠎ᠤᠨ ᠬᠠᠪᠤ ᠴᠡᠩᠭᠡᠯ᠎ᠢ ᠪᠡᠶᠡᠴᠢᠯᠡᠨ ᠣᠢᠯᠠᠭᠠᠵᠤ ᠪᠣᠯᠤᠨ᠎ᠠ᠃

《ᠨᠢᠰᠭᠦ ᠵᠡᠭᠦᠳᠦ ᠬᠡᠵᠢᠶᠡᠳᠡ ᠬᠦᠨᠳᠦ᠎ᠪᠠᠨ ᠠᠯᠳᠠᠬᠤ ᠦᠭᠡᠢ᠂ ᠱᠢᠨᠵᠢᠯᠡᠬᠦ᠌ ᠤᠬᠠᠭᠠᠨ᠎ᠤ ᠵᠡᠭᠦᠳᠦ ᠬᠡᠵᠢᠶᠡᠳᠡ ᠬᠢᠵᠠᠭᠠᠯᠠᠰᠢ ᠦᠭᠡᠢ》᠃ ᠶᠠᠭ ᠡᠮᠡᠭ᠌ᠲᠡᠶ ᠰᠠᠨᠰᠠᠷᠴᠢᠨ ᠸᠠᠩ ᠶᠠ ᠫᠢᠩ᠎ᠤᠨ ᠲᠡᠢᠨ᠎ᠳᠤ ᠮᠣᠷᠳᠠᠬᠤ᠎ᠠᠴᠠ᠎ᠪᠠᠨ ᠡᠮᠦᠨ᠎ᠡ ᠬᠡᠯᠡᠭ᠌ᠰᠡᠨᠴᠢᠯᠡᠨ᠂ ᠭᠠᠭ᠍ᠴᠠᠬᠦ᠌ ᠬᠦᠰᠡᠯ ᠵᠡᠭᠦᠳᠦ᠎ᠲᠠᠢ᠂ ᠵᠣᠷᠢᠭ᠍ᠲᠠᠶ᠎ᠪᠠᠷ ᠬᠦᠰᠡᠯ ᠵᠡᠭᠦᠳᠦ᠎ᠪᠠᠨ ᠬᠥᠭᠡᠭᠡᠴᠡᠯᠳᠦᠵᠦ᠍᠂ ᠣᠶᠤᠨ ᠤᠬᠠᠭᠠᠨ ᠪᠠ ᠬᠦᠴᠦ᠍ ᠬᠥᠯᠥᠰᠥ᠎ᠪᠠᠷ᠎ᠢᠶᠠᠨ ᠥᠪᠡᠷ᠎ᠤᠨ ᠬᠦᠰᠡᠯ ᠵᠡᠭᠦᠳᠦ᠎ᠶ᠋ᠢᠨ᠎ᠢᠶᠠᠨ ᠨᠢᠰᠭᠦ ᠣᠩᠭᠤᠴᠠ᠎ᠶ᠋ᠢ ᠴᠣᠭ᠍ᠴᠠᠯᠠᠪᠠᠯ᠂ ᠰᠠᠶᠢ ᠥᠪᠡᠷ᠎ᠤᠨ ᠬᠦᠰᠡᠯ ᠵᠡᠭᠦᠳᠦ᠎ᠶ᠋ᠢᠨ᠎ᠢᠶᠠᠨ ᠬᠠᠷᠪᠤᠯᠲᠠ᠎ᠶ᠋ᠢᠨ ᠴᠠᠭ ᠮᠥᠴᠡ᠎ᠶ᠋ᠢ ᠤᠭ᠍ᠲᠤᠨ ᠠᠪᠴᠤ᠌᠂ ᠦᠪᠡᠷ᠎ᠤᠨ ᠪᠡᠶ᠎ᠡ᠎ᠳᠤ ᠬᠠᠷᠢᠶᠠᠯᠠᠭ᠍ᠳᠠᠬᠤ ᠥᠷᠭᠡᠨ ᠠᠭᠤᠳᠠᠮ ᠣᠳᠣᠨ ᠣᠭ᠍ᠲᠠᠷᠭᠤᠶ᠎ᠳᠤ ᠨᠢᠰᠴᠦ᠍ ᠴᠢᠳᠠᠬᠤ ᠶᠤᠮ!

ᠪᠢᠳᠡ ᠬᠤᠪᠢᠯᠭᠠᠨ ᠣᠩᠭᠤᠴᠠ ᠠᠷᠪᠠᠨ ᠭᠤᠷᠪᠠᠳᠤᠭᠠᠷ᠎ᠤᠨ ᠨᠢᠰᠭᠦ ᠳᠤᠭᠤᠢᠯᠠᠩ᠎ᠤᠨ ᠨᠡᠯᠦᠭᠡᠷ ᠠᠭᠤᠳᠠᠮ ᠣᠭ᠍ᠲᠠᠷᠭᠤᠢ᠎ᠳᠤ ᠳᠠᠬᠢᠨᠲᠠ ᠱᠢᠨ᠎ᠡ ᠭᠠᠪᠢᠶ᠎ᠠ ᠪᠠᠢᠭᠤᠯᠵᠤ᠂ ᠳᠤᠮᠳᠠᠳᠤ ᠤᠯᠤᠰ᠎ᠲᠤ ᠬᠠᠷᠢᠶᠠᠯᠠᠭ᠍ᠳᠠᠬᠤ ᠰᠠᠨᠰᠠᠷ᠎ᠤᠨ ᠬᠠᠢᠯᠲᠠ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠬᠦ᠌᠎ᠶ᠋ᠢ ᠬᠠᠮᠲᠤ᠎ᠪᠠᠷ ᠬᠦᠰᠡᠨ ᠬᠦᠯᠢᠶᠡᠶ᠎ᠡ᠃ ᠳᠤᠮᠳᠠᠳᠤ ᠤᠯᠤᠰ᠎ᠤᠨ ᠰᠠᠨᠰᠠᠷᠴᠢᠳ ᠲᠩᠷᠢ ᠭᠠᠵᠠᠷ᠎ᠤᠨ ᠬᠤᠭᠤᠷᠣᠨᠳᠣ ᠨᠡᠩ ᠰᠦᠷᠯᠢᠭ ᠰᠠᠢᠬᠠᠨ ᠱᠢᠯᠦᠭ ᠪᠢᠴᠢᠭ᠌ᠯᠡᠬᠦ᠌᠎ᠶ᠋ᠢ ᠬᠦᠰᠡᠵᠦ᠍ ᠪᠠᠢᠨ᠎ᠠ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠱᠢᠨᠬᠤᠸᠠ ᠬᠤᠷᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号