ᠱᠢᠯᠤᠭᠤᠨ ᠬᠦᠪᠡᠭᠡᠳᠤ ᠴᠠᠭᠠᠨ ᠬᠤᠱᠢᠭᠤ 《ᠪᠡᠭᠡᠵᠢᠩ ᠦᠪᠤᠷ ᠮᠤᠩᠭᠤᠯ᠎ᠤᠨ ᠬᠠᠮᠳᠤᠷᠠᠯᠴᠠᠭ᠎ᠠ》 ᠎ᠶ᠋ᠢᠨ ᠲᠤᠰᠭᠠᠢ ᠠᠵᠢᠯᠳᠠᠨ ᠡᠯᠰᠡᠬᠦ᠌ ᠠᠵᠢᠯᠯᠠᠭ᠎ᠠ ᠦᠷᠨᠢᠬᠦᠯᠪᠡ
2021-10-17 10:27:05
ᠵᠣᠬᠢᠶᠠᠭ᠍ᠴᠢ᠄
ᠤᠳᠤᠩᠭᠤᠸ᠎ᠠ
ᠣᠩᠱᠢᠭ᠍ᠰᠠᠨ ᠣᠳᠠᠭ᠎ᠠ᠄
★★★☆☆

ᠮᠢᠩᠭᠠᠳᠤ᠎ᠶ᠋ᠢᠨ ᠮᠡᠳᠡᠭᠡ ᠦᠢᠷ᠎ᠡ᠎ᠳᠤ᠂ ᠱᠢᠯᠤᠭᠤᠨ ᠬᠦᠪᠡᠭᠡᠳᠤ ᠴᠠᠭᠠᠨ ᠬᠤᠱᠢᠭᠤ 《ᠱᠢᠯᠤᠭᠤᠨ ᠬᠦᠪᠡᠭᠡᠳᠤ ᠴᠠᠭᠠᠨ ᠬᠤᠱᠢᠭᠤᠨ᠎ᠤ ᠪᠡᠭᠡᠵᠢᠩ ᠦᠪᠤᠷ ᠮᠤᠩᠭᠤᠯ᠎ᠤᠨ ᠬᠠᠮᠳᠤᠷᠴᠠᠯᠭ᠎ᠠ》 ᠎ᠶ᠋ᠢᠨ ᠲᠤᠰᠭᠠᠢ ᠠᠵᠢᠯᠳᠠᠨ ᠡᠯᠰᠡᠬᠦ᠌ ᠠᠵᠢᠯᠯᠠᠭ᠎ᠠ ᠊ᠦᠷᠨᠢᠬᠦᠯᠵᠤ᠂ ᠤᠯᠠᠨ ᠲᠦᠮᠡᠨ᠎ᠤ ᠭᠡᠷᠡᠭ᠌ᠴᠡᠭᠡ ᠱᠠᠭᠠᠷᠳᠠᠯᠭ᠎ᠠ᠎ᠶ᠋ᠢ ᠬᠠᠨᠭ᠌ᠭᠠᠵᠤ ᠪᠤᠢ᠃ 

ᠲᠤᠰ ᠤᠳᠠᠭ᠎ᠠ᠎ᠶ᠋ᠢᠨ ᠠᠵᠢᠯᠯᠠᠭ᠎ᠠ᠎ᠨᠢ ᠪᠡᠭᠡᠵᠢᠩ ᠦᠪᠤᠷ ᠮᠤᠩᠭᠤᠯ᠎ᠤᠨ ᠮᠤᠵᠢ ᠠᠯᠤᠰᠯᠠᠭ᠍ᠰᠠᠨ ᠬᠦᠳᠡᠯᠮᠤᠷᠢ ᠬᠦᠴᠦᠨ᠎ᠤ ᠬᠠᠮᠳᠤᠷᠠᠯᠴᠠᠭ᠎ᠠ᠎ᠶ᠋ᠢ ᠴᠢᠩᠭᠠᠤᠡᠬᠠᠨ᠂ ᠠᠵᠤ ᠠᠬᠤᠢᠯᠠᠯ᠎ᠤᠨ ᠬᠦᠭ᠌ᠵᠢᠯᠳᠡ᠎ᠳᠤ ᠲᠤᠰᠠᠯᠠᠮᠵᠢ ᠪᠤᠯᠵᠤ᠂ ᠠᠵᠢᠯ ᠤᠯᠭᠤᠯᠳᠠ᠎ᠶ᠋ᠢᠨ ᠲᠦᠷᠦ᠎ᠶ᠋ᠢᠨ ᠪᠤᠳᠤᠯᠭ᠎ᠠ᠎ᠶ᠋ᠢᠨ ᠱᠠᠭᠠᠷᠳᠠᠯᠭ᠎ᠠ᠎ᠶ᠋ᠢ ᠪᠦᠬᠦ᠌ ᠲᠠᠯ᠎ᠠ᠎ᠪᠠᠷ ᠨᠠᠢᠳᠠᠪᠤᠷᠢᠵᠢᠭᠤᠯᠤᠨ᠂ ᠲᠠᠩᠰᠠ ᠺᠠᠷᠲ ᠪᠠᠢᠭᠤᠯᠤᠭ᠍ᠰᠠᠨ ᠬᠦᠴᠢᠷᠳᠡᠢ ᠬᠦᠳᠡᠯᠮᠤᠷᠢ ᠬᠦᠴᠦ᠍᠂ ᠴᠡᠷᠢᠭ᠎ᠠᠴᠠ ᠬᠠᠯᠠᠭ᠍ᠳᠠᠭ᠍ᠰᠠᠳ᠂ ᠶᠡᠭᠡ ᠲᠡᠭᠡᠳᠤ ᠰᠤᠷᠭᠠᠭᠤᠯᠢ ᠲᠡᠬᠦᠰᠦᠭ᠌ᠰᠡᠨ ᠰᠤᠷᠤᠭ᠍ᠴᠢ ᠪᠠ ᠠᠵᠢᠯ ᠤᠯᠬᠤ ᠰᠠᠨᠠᠮᠵᠢ᠎ᠲᠠᠢ ᠬᠦᠴᠢᠷᠳᠡᠯᠳᠡᠢ ᠤᠯᠠᠨ ᠲᠦᠮᠡᠨ᠎ᠢ ᠱᠢᠯᠵᠢᠬᠦᠯᠦᠨ ᠠᠵᠢᠯ ᠤᠯᠭᠤᠬᠤ᠎ᠶ᠋ᠢ ᠠᠬᠢᠭᠤᠯᠤᠨ᠂ ᠠᠵᠤ ᠠᠬᠤᠢᠯᠠᠯ᠎ᠤᠨ ᠬᠦᠮᠦᠨ ᠭᠡᠷᠡᠭ᠌ᠯᠡᠬᠦ᠌ ᠭᠡᠷᠡᠭ᠌ᠴᠡᠭᠡ᠎ᠶ᠋ᠢ ᠬᠠᠩᠭᠠᠨ᠂ ᠠᠵᠤ ᠠᠬᠤᠢᠯᠠᠯ᠎ᠤᠨ ᠠᠵᠢᠯ ᠰᠡᠷᠬᠦᠭᠡᠨ ᠦᠢᠯᠡᠳᠪᠤᠷᠢᠯᠡᠯ ᠡᠬᠢᠯᠡᠬᠦ᠌᠎ᠳᠤ ᠬᠠᠪᠰᠤᠷᠤᠮᠵᠢ ᠪᠤᠯᠭᠠᠬᠤ᠎ᠪᠠᠷ ᠵᠤᠷᠢᠯᠭ᠎ᠠ᠎ᠪᠠᠨ ᠪᠤᠯᠭᠠᠵᠠᠢ᠃ 

ᠠᠵᠢᠯᠯᠠᠭ᠎ᠠ᠎ᠶ᠋ᠢ ᠪᠡᠭᠡᠵᠢᠩ ᠬᠤᠳᠠ᠎ᠶ᠋ᠢᠨ ᠳ᠋ᠠ ᠱᠢᠩ ᠲᠤᠭᠤᠷᠢᠭ᠎ᠤᠨ ᠬᠦᠮᠦᠨ᠎ᠤ ᠬᠦᠴᠦᠨ᠎ᠤ ᠡᠬᠢ ᠪᠠᠶᠠᠯᠢᠭ ᠬᠢᠭᠡᠳ ᠨᠡᠢᠭᠡᠮ᠎ᠤᠨ ᠪᠠᠳᠤᠯᠠᠭ᠎ᠠ᠎ᠶ᠋ᠢᠨ ᠲᠤᠪᠴᠢᠶ᠎ᠠ᠂ ᠪᠡᠭᠡᠵᠢᠩ ᠬᠤᠳᠠ᠎ᠶ᠋ᠢᠨ ᠳ᠋ᠠ ᠱᠢᠩ ᠲᠤᠭᠤᠷᠢᠭ᠎ᠤᠨ ᠵᠡᠮᠳᠡᠭ᠌ᠴᠦᠳ᠎ᠤᠨ ᠬᠤᠯᠪᠤᠭ᠎ᠠ᠂ ᠱᠢᠯᠤᠭᠤᠨ ᠬᠦᠪᠡᠭᠡᠳᠣ ᠴᠠᠭᠠᠨ ᠬᠤᠱᠢᠭᠤᠨ᠎ᠤ ᠬᠦᠮᠦᠨ᠎ᠤ ᠬᠦᠴᠦᠨ᠎ᠤ ᠡᠬᠢ ᠪᠠᠶᠠᠯᠢᠭ ᠬᠢᠭᠡᠳ ᠨᠡᠢᠭᠡᠮ᠎ᠤᠨ ᠪᠠᠳᠤᠯᠠᠭ᠎ᠠ᠎ᠶ᠋ᠢᠨ ᠲᠤᠪᠴᠢᠶ᠎ᠠ᠂ ᠱᠢᠯᠤᠭᠤᠨ ᠬᠦᠪᠡᠭᠡᠳᠤ ᠴᠠᠭᠠᠨ ᠬᠤᠱᠢᠭᠤᠨ᠎ᠤ ᠵᠡᠮᠳᠡᠭ᠌ᠴᠦᠳ᠎ᠤᠨ ᠬᠤᠯᠪᠤᠭ᠎ᠠ᠂ ᠦᠪᠤᠷ ᠮᠤᠩᠭᠤᠯ᠎ᠤᠨ ᠮᠧᠩ ᠴᠢ ᠬᠠᠩ ᠬᠦᠮᠦᠨ᠎ᠤ ᠬᠦᠴᠦᠨ᠎ᠤ ᠡᠬᠢ ᠪᠠᠶᠠᠯᠢᠭ᠎ᠤᠨ ᠦᠢᠯᠡᠴᠢᠯᠡᠭᠡᠨ᠎ᠤ ᠬᠢᠵᠠᠭᠠᠷᠳᠤ ᠺᠤᠮᠫᠠᠨᠢ ᠵᠡᠷᠭᠡ ᠪᠠᠢᠭᠤᠯᠭ᠎ᠠ ᠨᠢᠭᠡᠴᠢ᠎ᠠᠴᠠ ᠲᠠᠭᠠᠭᠠᠴᠢᠯᠠᠨ ᠡᠷᠬᠢᠯᠡᠵᠤ᠂ ᠠᠵᠢᠯᠯᠠᠭ᠎ᠠ᠎ᠨᠢ ᠱᠢᠯᠤᠭᠤᠨ ᠬᠦᠪᠡᠭᠡᠳᠤ ᠴᠠᠭᠠᠨ ᠬᠤᠱᠢᠭᠤᠨ᠎ᠤ ᠴᠠᠭᠠᠠᠨᠠᠭᠤᠷ ᠠᠭᠤᠳᠠᠮ ᠲᠠᠯᠠᠪᠠᠢ᠎ᠳᠤ ᠦᠪᠡᠳᠡᠭ᠌ᠰᠢ ᠶᠡᠭᠡ᠎ᠪᠠᠷ ᠶᠠᠪᠤᠭ᠍ᠳᠠᠪᠡ᠃ 

ᠠᠵᠢᠯᠯᠠᠭ᠎ᠠ᠎ᠳᠤ᠂ ᠪᠡᠭᠡᠵᠢᠩ ᠬᠤᠳᠠ᠎ᠶ᠋ᠢᠨ ᠰᠤᠶᠤᠯ ᠵᠢᠭᠤᠯᠴᠢᠯᠠᠯ᠂ ᠡᠯᠧᠺᠳ᠋ᠷᠣᠨ ᠮᠡᠳᠡᠭᠡ ᠵᠠᠩᠬᠢ᠂ ᠪᠠᠭᠤᠳᠠᠯ ᠢᠳᠡᠭᠡᠨ ᠤᠮᠳᠠᠭᠠᠨ ᠵᠡᠷᠭᠡ ᠤᠯᠠᠨ ᠬᠦᠷᠢᠶᠡᠨ᠎ᠤ 11 ᠠᠵᠤ ᠠᠬᠤᠢᠯᠠᠯ ᠬᠦᠮᠦᠨ ᠭᠡᠷᠡᠭ᠌ᠯᠡᠬᠦ᠌ ᠠᠵᠢᠯ᠎ᠤᠨ ᠪᠠᠢᠷᠢ᠎ᠶ᠋ᠢ ᠨᠡᠢᠳᠡ 200 ᠭᠠᠷᠤᠢ ᠬᠠᠩᠭᠠᠵᠦ᠍᠂ 1500 ᠭᠠᠷᠤᠢ ᠬᠤᠪᠢ ᠤᠬᠠᠭᠤᠯᠬᠤ ᠮᠠᠲ᠋ᠧᠷᠢᠶᠠᠯ ᠲᠠᠷᠬᠠᠭᠠᠨ᠂ ᠲᠤᠬᠠᠢ᠎ᠶ᠋ᠢᠨ ᠲᠠᠯᠠᠪᠤᠷ᠎ᠲᠤ ᠠᠵᠢᠯᠳᠠᠨ ᠡᠯᠰᠡᠬᠦ᠌᠎ᠪᠠᠷ ᠲᠠᠮᠵᠢᠨ ᠠᠩᠬ᠎ᠠ ᠠᠯᠬᠤᠮ 100 ᠱᠢᠬᠠᠮ ᠬᠦᠮᠦᠨ ᠭᠡᠷᠡᠭ᠌ᠯᠡᠬᠦ᠌ ᠰᠠᠨᠠᠮᠵᠢ᠎ᠶ᠋ᠢᠨ ᠪᠢᠴᠢᠭ᠎ᠢ ᠲᠤᠭ᠍ᠳᠠᠨ᠂ ᠠᠵᠤ ᠠᠬᠤᠢᠯᠠᠯ ᠪᠤᠯᠤᠨ ᠠᠵᠢᠯ ᠡᠷᠢᠭ᠌ᠴᠢ᠎ᠳᠤ ᠲᠦᠷᠦ᠎ᠶ᠋ᠢᠨ ᠪᠤᠳᠤᠯᠭ᠎ᠠ ᠬᠦᠷᠭᠡᠨ᠂ ᠠᠵᠢᠯ᠎ᠤᠨ ᠪᠠᠢᠷᠢ ᠬᠦᠷᠭᠡᠨ᠂ ᠦᠢᠯᠡᠴᠢᠯᠡᠭᠡ ᠬᠦ᠍ᠷᠭᠡᠬᠦ᠌᠎ᠶ᠋ᠢ ᠦᠨᠡᠨ ᠬᠦ᠌ ᠪᠡᠶᠡᠯᠡᠬᠦᠯᠦᠭ᠌ᠰᠡᠨ ᠪᠠᠢᠨ᠎ᠠ᠃ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号